8 ᠰᠠᠷ᠎ᠠ᠎ᠶᠢᠨ 8 ᠤ᠋ ᠤᠷᠤᠢ᠂ ᠪᠤᠭᠤᠳᠤ ᠵᠢᠨ ᠣᠯᠢᠮᠫᠢᠺ᠎ᠤᠨ ᠪᠠᠶ᠎ᠠ ᠵᠢᠨ ᠲᠠᠮᠢᠷ᠎ᠤᠨ ᠲᠥᠪ᠎ᠲᠦ᠍ ᠥᠩᠭᠡᠲᠦ᠍ ᠳ᠋ᠧᠩ ᠳᠤᠸᠠᠯᠠᠵᠤ᠂ ᠠᠶᠠᠯᠭᠤ ᠬᠦᠭᠵᠢᠮ ᠬᠠᠩᠭᠢᠨᠠᠨ᠎ᠠ᠃ 《ᠠᠷᠪᠠᠨ ᠵᠢᠷᠭᠤᠳᠤᠭᠠᠷ ᠬᠤᠭᠤᠴᠠᠭᠠᠨ᠎ᠤ ᠪᠡᠶ᠎ᠡ ᠵᠢᠨ ᠲᠠᠮᠢᠷ᠎ᠤᠨ ᠴᠤᠭᠯᠠᠭᠠᠨ ᠤ᠋ ᠪᠠᠬᠠᠳᠤᠯ ᠢ᠋ ᠡᠳ᠋ᠯᠡᠵᠤ᠂ ᠪᠠᠶᠠᠷ ᠪᠠᠶᠠᠰᠬᠤᠯᠠᠩᠳᠤ ᠰᠢᠨ᠎ᠡ ᠪᠤᠭᠤᠲᠤ ᠳ᠋ᠤ ᠤᠷᠤᠯᠳᠤᠨ᠂ ᠥᠪᠥᠷ ᠮᠣᠩᠭᠣᠯ ᠳ᠋ᠤ ᠬᠦᠰᠡᠯ ᠵᠡᠭᠦᠳᠦ ᠪᠠᠨ ᠲᠡᠷᠭᠡᠯᠰᠢᠭᠦᠯᠦᠶᠠ》 ᠬᠡᠬᠦ ᠪᠡᠷ ᠭᠣᠣᠯ ᠰᠡᠳᠦᠪ ᠪᠣᠯᠭᠠᠭᠰᠠᠨ ᠡᠬᠢᠯᠡᠯᠲᠡ᠎ᠶᠢᠨ ᠶᠣᠰᠣᠯᠠᠯ ᠡᠬᠢᠯᠡᠪᠡ᠃
20 ᠴᠠᠭ᠎ᠲᠤ᠌᠂ ᠲᠠᠪᠤᠨ ᠣᠳᠣᠲᠤ᠌ ᠤᠯᠠᠭᠠᠨ ᠲᠤᠭ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠡᠶ᠎ᠡ᠎ᠶᠢᠨ ᠲᠠᠮᠢᠷ᠎ᠤᠨ ᠴᠤᠭᠯᠠᠭᠠᠨ᠎ᠤ ᠲᠤᠭ ᠪᠣᠯᠤᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠵᠢᠷᠭᠤᠳᠤᠭᠠᠷ ᠬᠤᠭᠤᠴᠠᠭᠠᠨ᠎ᠤ ᠪᠡᠶ᠎ᠡ᠎ᠶᠢᠨ ᠲᠠᠮᠢᠷ᠎ᠤᠨ ᠴᠤᠭᠯᠠᠭᠠᠨ᠎ᠤ ᠲᠤᠭ ᠲᠠᠯᠠᠪᠠᠢ᠎ᠳᠤ ᠣᠷᠣᠪᠠ᠃
ᠲᠠᠮᠢᠷᠴᠢᠳ ᠲᠠᠯᠠᠪᠠᠢ᠎ᠳᠤ ᠣᠷᠣᠬᠤ ᠭᠣᠭᠴᠣᠭ᠎ᠠ᠎ᠳᠤ᠂ 12 ᠠᠶ᠋ᠢᠮᠠᠭ ᠬᠤᠳᠠ᠎ᠶᠢᠨ ᠤᠷᠤᠯᠳᠤᠭᠠᠨ᠎ᠳᠤ ᠣᠷᠣᠯᠴᠠᠬᠤ ᠲᠥᠯᠥᠭᠡᠯᠡᠭᠴᠢᠳ᠎ᠦᠨ ᠪᠦᠯᠬᠦᠮ ᠢᠳᠡᠷᠡᠭᠦᠨ ᠠᠯᠬᠤᠭ᠎ᠠ᠎ᠪᠠᠷ᠂ ᠴᠤᠭ ᠵᠢᠪᠬᠤᠭ᠎ᠠ ᠲᠡᠭᠦᠯᠳᠡᠷ᠎ᠢᠶᠡᠷ ᠲᠡᠷᠢᠭᠦᠯᠡᠭᠴᠢ᠎ᠶᠢᠨ ᠲᠠᠶ᠋ᠢᠰᠠᠨ ᠤ᠋ ᠡᠮᠦᠨᠡᠭᠦᠷ ᠠᠯᠬᠤᠨ ᠥᠩᠭᠡᠷᠡᠪᠡ᠃ ᠲᠠᠮᠢᠷᠴᠢᠳ᠎ᠤᠨ ᠴᠢᠷᠠᠢ ᠲᠡᠭᠡᠷ᠎ᠡ ᠵᠠᠯᠠᠭᠤ ᠨᠠᠰᠤᠨ᠎ᠤ ᠢᠲᠡᠭᠡᠯ ᠪᠠ ᠬᠦᠰᠡᠯ ᠡᠷᠡᠮᠡᠯᠵᠡᠯ ᠲᠤᠳᠤᠷᠠᠵᠤ᠂ ᠥᠪᠥᠷ ᠮᠣᠩᠭᠣᠯ᠎ᠤᠨ ᠲᠠᠮᠢᠷᠴᠢᠳ ᠤ᠋ᠨ ᠡᠷᠡᠯᠬᠡᠭᠯᠡᠨ ᠲᠡᠮᠡᠴᠡᠵᠦ᠍᠂ ᠥᠭᠡᠳᠡᠯᠡᠨ ᠳᠠᠪᠰᠢᠬᠤ ᠴᠤᠭ ᠵᠢᠪᠬᠤᠭ᠎ᠠ ᠪᠠ ᠠᠮᠢᠵᠢᠷᠠᠯ᠎ᠤᠨ ᠬᠦᠴᠦᠨ᠎ᠢ ᠭᠦᠢᠴᠡᠳ ᠢᠯᠡᠷᠡᠭᠦᠯᠦᠨ᠎ᠠ᠃
ᠲᠡᠮᠢᠷ᠎ᠤᠨ ᠴᠤᠬᠯᠠᠭᠠᠨ᠎ᠢ ᠡᠷᠬᠢᠯᠡᠭᠴᠢ ᠪᠤᠭᠤᠲᠤ ᠬᠤᠳᠠ᠎ᠶᠢᠨ ᠲᠥᠯᠥᠭᠡᠯᠡᠭᠴᠢᠳ᠎ᠦᠨ ᠠᠩᠭᠢ ᠲᠠᠯᠠᠪᠠᠢ᠎ᠳᠤ ᠤᠷᠤᠬᠤ ᠦᠶᠡᠰ᠂ ᠲᠠᠮᠢᠷᠴᠢᠳ᠎ᠤᠨ ᠵᠢᠭᠰᠠᠭᠠᠯ ᠬᠡᠢ ᠪᠥᠮᠪᠥᠭᠡ᠎ᠪᠡᠷ ᠪᠦᠷᠢᠯᠳᠦᠭᠰᠡᠨ 《ᠪᠤᠭᠤᠲᠤ᠌ ᠬᠤᠳᠠ ᠲᠠᠨ᠎ᠢ ᠪᠠᠶᠠᠷᠯᠠᠨ ᠤᠭᠲᠤᠵᠤ ᠪᠠᠢᠨ᠎ᠠ》 ᠭᠡᠬᠦ ᠫᠠᠢᠰᠠ ᠵᠢ ᠡᠷᠬᠦᠨ ᠠᠯᠬᠤᠯᠠᠬᠤ᠎ᠳᠤ ᠲᠠᠯᠠᠪᠠᠢ ᠳᠠᠶᠠᠭᠠᠷ ᠨᠢᠵᠢᠭᠢᠨᠡᠲᠡᠯ᠎ᠡ ᠠᠯᠠᠭ᠎ᠠ ᠲᠠᠰᠢᠵᠠᠭᠠᠪᠠ᠃
20 ᠴᠠᠭ 28 ᠮᠢᠨᠦ᠋ᠲ᠎ᠲᠦ᠍᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠱᠦᠵᠢ ᠸᠠᠩ ᠸᠧᠢ ᠵᠦᠩ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠵᠢᠷᠭᠤᠳᠤᠭᠠᠷ ᠬᠤᠭᠤᠴᠠᠭᠠᠨ᠎ᠤ ᠪᠡᠶ᠎ᠠ ᠵᠢᠨ ᠲᠠᠮᠢᠷ᠎ᠤᠨ ᠴᠤᠭᠯᠠᠭᠠᠨ ᠡᠬᠢᠯᠡᠭᠰᠡᠨ᠎ᠢ ᠵᠠᠷᠯᠠᠪᠠ!
ᠲᠠᠯᠠᠪᠠᠢ ᠳᠠᠶᠠᠭᠠᠷ ᠪᠠᠶᠠᠷᠯᠠᠯᠳᠤᠨ ᠬᠦᠭᠡᠷᠡᠯᠳᠤᠵᠤ᠂ ᠬᠠᠯᠠᠭᠤᠨ ᠠᠯᠠᠭ᠎ᠠ ᠲᠠᠰᠢᠯᠳᠠ ᠵᠢᠨ ᠲᠠᠭᠤᠨ ᠤᠳᠠᠳᠠᠯ᠎ᠠ ᠴᠤᠤᠷᠢᠶᠠᠳᠤᠪᠠ᠃
《ᠪᠡᠶ᠎ᠡ᠎ᠶᠢᠨ ᠲᠠᠮᠢᠷ ᠬᠦᠴᠦᠷᠬᠡᠭᠵᠢᠪᠡᠯ ᠳᠤᠮᠳᠠᠳᠤ ᠤᠯᠤᠰ ᠬᠦᠴᠦᠷᠬᠡᠭᠵᠢᠵᠦ᠍᠂ ᠤᠯᠤᠰᠤᠷᠤᠨ ᠮᠠᠨᠳᠤᠪᠠᠯ ᠪᠡᠶ᠎ᠡ᠎ᠶᠢᠨ ᠲᠠᠮᠢᠷ ᠮᠠᠨᠳᠤᠨ᠎ᠠ》᠃ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠡᠶ᠎ᠡ᠎ᠶᠢᠨ ᠲᠠᠮᠢᠷ᠎ᠤᠨ ᠴᠤᠭᠯᠠᠭᠠᠨ ᠪᠣᠯ ᠪᠥᠬᠥ᠌ ᠣᠷᠣᠨ᠎ᠤ ᠬᠠᠮᠤᠭ᠎ᠤᠨ ᠥᠨᠳᠥᠷ ᠲᠠᠰ᠎ᠤᠨ ᠪᠡᠶ᠎ᠡ᠎ᠶᠢᠨ ᠲᠠᠮᠢᠷ᠎ᠤᠨ ᠴᠤᠭᠯᠠᠭᠠᠨ ᠮᠥᠨ᠂ ᠪᠥᠬᠥ᠌ ᠣᠷᠣᠨ᠎ᠤ ᠪᠡᠶ᠎ᠡ᠎ᠶᠢᠨ ᠲᠠᠮᠢᠷ᠎ᠤᠨ ᠦᠢᠯᠡᠰ᠎ᠦᠨ ᠬᠥᠭᠵᠢᠯᠲᠡ᠎ᠶᠢᠨ ᠬᠢᠷᠢ ᠲᠦᠪᠰᠢᠨ᠎ᠢ ᠢᠯᠡᠷᠡᠭᠦᠯᠬᠦ᠌᠂ ᠬᠥᠭᠵᠢᠯᠲᠡ᠎ᠶᠢᠨ ᠬᠦᠴᠦᠨ᠎ᠢ ᠨᠢᠭᠲᠠᠷᠠᠭᠤᠯᠬᠤ ᠴᠢᠬᠤᠯᠠ ᠲᠠᠪᠴᠠᠩ ᠮᠥᠨ᠃ ᠲᠤᠰ ᠬᠤᠭᠤᠴᠠᠭᠠᠨ᠎ᠤ ᠪᠡᠶ᠎ᠠ ᠵᠢᠨ ᠲᠠᠮᠢᠷ᠎ᠤᠨ ᠴᠤᠭᠯᠠᠭᠠᠨ᠎ᠳᠤ ᠦᠷᠢᠰᠦᠯᠳᠦᠭᠡᠨ᠎ᠳᠤ ᠤᠷᠤᠯᠳᠤᠭᠠᠨ᠎ᠤ ᠳᠤᠭᠤᠶ᠋ᠢᠯᠠᠩ᠂ ᠤᠯᠠᠨ ᠲᠦᠮᠡᠨ᠎ᠦ ᠳᠤᠭᠤᠶ᠋ᠢᠯᠠᠩ ᠬᠡᠵᠤ ᠬᠤᠪᠢᠶᠠᠨ ᠨᠡᠢ᠌ᠳᠡ 37 ᠶᠡᠬᠡ ᠲᠦᠷᠦᠯ᠂ 860 ᠪᠠᠭ᠎ᠠ ᠲᠦᠷᠦᠯ ᠲᠤᠬᠢᠷᠠᠭᠤᠯᠵᠤ᠂ ᠪᠦᠬᠦ᠌ ᠣᠷᠣᠨ᠎ᠤ 12 ᠠᠶ᠋ᠢᠮᠠᠭ ᠬᠤᠳᠠ ᠪᠦᠯᠬᠦᠮ ᠪᠠᠶ᠋ᠢᠭᠤᠯᠤᠨ ᠤᠷᠤᠯᠳᠤᠭᠠᠨ᠎ᠳᠤ ᠣᠷᠣᠯᠴᠠᠵᠤ᠂ ᠥᠪᠥᠷ ᠮᠣᠩᠭᠣᠯ᠎ᠤᠨ ᠪᠡᠶ᠎ᠡ᠎ᠶᠢᠨ ᠲᠠᠮᠢᠷ᠎ᠤᠨ ᠦᠢᠯᠡᠰ᠎ᠦᠨ ᠬᠥᠭᠵᠢᠯᠲᠡ᠎ᠶᠢᠨ ᠦᠷ᠎ᠡ ᠪᠦᠲᠦᠭᠡᠯ ᠪᠣᠯᠤᠨ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠴᠤᠭ ᠪᠠᠳᠠᠷᠠᠩᠭᠤᠢ ᠥᠭᠡᠳᠡᠯᠡᠨ ᠲᠠᠪᠰᠢᠬᠤ ᠤᠶᠤᠨ ᠰᠠᠨᠠᠭᠠᠨ᠎ᠤ ᠳᠦᠷᠰᠦ ᠪᠠᠶ᠋ᠢᠳᠠᠯ᠎ᠢ ᠲᠥᠪᠯᠡᠷᠡᠩᠭᠦᠢ ᠢᠯᠡᠷᠡᠭᠦᠯᠪᠡ᠃
ᠪᠤᠭᠤᠲᠤ᠌ ᠬᠤᠳᠠ ᠨᠢ ᠬᠠᠲᠤᠨ ᠭᠤᠤᠯ ᠤᠨ《ᠶᠡᠭᠡ ᠲᠤᠬᠤᠢ ᠭᠡᠰᠡᠭ》 ᠤ᠋ᠨ ᠣᠷᠣᠶ ᠵᠢᠨ ᠬᠡᠰᠡᠭ ᠲᠤ᠌ ᠪᠠᠶ᠋ᠢᠷᠢᠯᠠᠵᠤ᠂ ᠰᠣᠶᠣᠯ ᠪᠡᠶ᠎ᠡ ᠵᠢᠨ ᠲᠠᠮᠢᠷ᠎ᠤᠨ ᠦᠵᠡᠭᠦᠯᠭᠡ᠎ᠶᠢᠨ ᠲᠤᠬᠯᠠᠯᠳᠠ ᠵᠢᠨ ᠨᠢᠭᠡᠳᠦᠭᠡᠷ ᠪᠦᠯᠦᠭ᠎ᠢ ᠳᠠᠷᠤᠶ 《ᠬᠠᠳᠤᠨ ᠭᠤᠤᠯ ᠡᠷᠲᠡᠨ ᠡᠳᠦᠭᠡ᠎ᠶᠢ ᠬᠦᠦᠷᠨᠢᠬᠦᠢ》ᠬᠡᠵᠤ ᠨᠡᠷᠡᠢᠳᠪᠡ ᠃ ᠪᠤᠭᠤᠲᠤ᠌ ᠤᠷᠳᠤ ᠤᠳᠠᠭᠠᠨ ᠲᠡᠦᠬᠡ᠎ᠲᠡᠶ᠂ ᠰᠤᠶᠤᠯ ᠤ᠋ᠨ ᠦᠪ ᠤᠷᠳᠤ ᠤᠳᠠᠭᠠᠨ ᠦᠷᠬᠦᠯᠵᠢᠯᠠᠵᠤ᠂ ᠴᠢᠨ ᠤᠯᠤᠰ᠎ᠤᠨ ᠰᠢᠯᠤᠭᠤᠨ ᠵᠠᠮ ᠡᠨᠳᠡ᠎ᠡᠴᠡ ᠮᠤᠷᠤᠯᠵᠠᠨ ᠥᠩᠭᠡᠷᠡᠵᠦ᠍᠂ ᠲᠦᠮᠡᠨ ᠭᠠᠵᠠᠷ᠎ᠤᠨ ᠴᠠᠢ᠎ᠶᠢᠨ ᠵᠠᠮ ᠡᠨᠳᠡ ᠬᠥᠭᠵᠢᠨ ᠴᠡᠴᠡᠭᠯᠡᠪᠡ᠃ ᠡᠬᠢᠯᠡᠯᠲᠡ᠎ᠶᠢᠨ ᠶᠣᠰᠣᠯᠠᠯ᠎ᠤᠨ ᠶᠡᠷᠦᠩᠬᠡᠶ ᠤᠳᠤᠷᠢᠳᠤᠭᠠᠴᠢ ᠫᠠᠨ ᠢᠦᠶ ᠴᠧᠨ᠄《3D ᠮᠡᠷᠭᠡᠵᠢᠯ᠎ᠢ ᠪᠥᠬᠥ᠌ ᠡᠬᠢᠯᠡᠯᠲᠡ᠎ᠶᠢᠨ ᠶᠣᠰᠣᠯᠠᠯ ᠳᠡᠭᠡᠷ᠎ᠡ ᠣᠯᠠᠨ ᠤᠳᠠᠭ᠎ᠠ ᠬᠡᠷᠡᠭᠯᠡᠬᠦ᠌ ᠪᠣᠯᠤᠨ᠎ᠠ᠂ ᠨᠢᠭᠡᠳᠦᠭᠡᠷ ᠪᠦᠯᠦᠭᠲᠦ᠍᠂ ᠪᠢᠳᠡ ᠳᠡᠭᠡᠳᠦ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠠᠷᠭ᠎ᠠ ᠪᠠᠷᠢᠯ᠎ᠢᠶᠠᠷ ᠪᠤᠭᠤᠲᠤ᠎ᠶᠢᠨ ᠭᠦᠨ ᠵᠤᠵᠠᠭᠠᠨ ᠲᠡᠦᠬᠡ᠎ᠶᠢ ᠢᠯᠡᠷᠡᠭᠦᠯᠤᠨ᠎ᠠ》 ᠭᠡᠵᠤ ᠲᠠᠨᠢᠯᠴᠠᠭᠤᠯᠪᠠ᠃
ᠰᠣᠶᠣᠯ ᠪᠣᠯ ᠤᠶᠤᠨ ᠰᠠᠨᠠᠭ᠎ᠠ ᠪᠠ ᠬᠠᠶ᠋ᠢᠷ᠎ᠠ ᠰᠡᠳᠬᠢᠯᠭᠡ᠎ᠶᠢᠨ ᠣᠷᠣᠰᠢᠬᠤᠢ ᠮᠥᠨ᠃ ᠬᠡᠳᠦᠨ ᠮᠢᠩᠭᠠᠨ ᠤᠯᠠᠨ ᠲᠦᠮᠡᠨ ᠤ᠋ ᠲᠣᠭᠯᠠᠭᠴᠢ᠎ᠪᠠᠷ ᠪᠦᠷᠢᠯᠳᠦᠭᠰᠡᠨ ᠲᠣᠭᠯᠠᠯᠲᠠ᠎ᠶᠢᠨ ᠵᠢᠭᠰᠠᠭᠠᠯ᠎ᠤᠨ ᠬᠢᠨ ᠦᠨᠳᠦᠰᠦᠲᠡᠨ᠎ᠨᠦᠭᠦᠳ᠎ᠦᠨ ᠬᠤᠪᠴᠠᠰᠤ ᠵᠠᠰᠠᠯᠵᠢᠡᠷ ᠭᠤᠶᠤᠯᠠᠨ ᠲᠠᠯᠠᠪᠠᠢ᠎ᠳᠤ ᠣᠷᠣᠵᠤ᠂ ᠳᠠᠭᠤᠯᠠᠨ ᠪᠥᠵᠢᠭᠯᠡᠵᠦ᠍᠂ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠪᠦᠯᠬᠦᠮᠳᠡᠨ ᠭᠠᠷ ᠬᠣᠯᠪᠣᠯᠴᠠᠨ᠂ ᠦᠶ᠎ᠡ ᠵᠢᠨ ᠦᠶ᠎ᠡ ᠣᠷᠣᠰᠢᠨ ᠲᠣᠭᠲᠠᠨᠢᠬᠤ ᠰᠣᠶᠣᠯ᠎ᠤᠨ ᠬᠠᠭᠤᠳᠠᠰᠤ᠎ᠶᠢ ᠪᠢᠴᠢᠭᠯᠡᠵᠦ᠍᠂ ᠥᠪᠥᠷ ᠮᠣᠩᠭᠣᠯ᠎ᠤᠨ ᠦᠨᠳᠦᠰᠦᠲᠡᠨ᠎ᠨᠦᠭᠦᠳ᠎ᠦᠨ ᠬᠥᠪᠡᠭᠦᠳ ᠥᠬᠢᠳ᠎ᠦᠨ ᠬᠦᠰᠡᠯ ᠵᠡᠭᠦᠳᠦ᠎ᠪᠡᠨ ᠲᠡᠷᠭᠡᠯᠰᠢᠭᠦᠯᠬᠦ᠌ ᠤᠶᠤᠨ ᠰᠠᠨᠠᠭᠠᠨ᠎ᠤ ᠲᠦᠷᠰᠤ ᠪᠠᠢᠳᠠᠯ ᠢ᠋ ᠢᠯᠡᠷᠡᠬᠦᠯᠪᠠ᠃
《ᠬᠤᠪᠢᠰᠬᠠᠯ᠎ᠤᠨ ᠬᠡᠷᠡᠯ ᠬᠢᠯᠪᠠᠭ᠎ᠠ ᠠᠶᠠᠨ ᠵᠠᠮ᠎ᠢ ᠭᠡᠢᠭᠦᠯᠦᠨᠡᠮ》 ᠭᠡᠬᠦ ᠪᠦᠯᠦᠭ᠎ᠲᠤ᠂ ᠲᠠᠢᠯᠪᠤᠷᠢᠯᠠᠭ᠍ᠴᠢ ᠦᠵᠡᠭᠴᠢᠳ᠎ᠢ ᠳᠠᠭᠠᠭᠤᠯᠤᠨ ᠡᠨᠡᠬᠦ ᠬᠤᠪᠢᠰᠬᠠᠯ᠎ᠤᠨ ᠬᠤᠲᠠ — ᠪᠤᠭᠤᠲᠤ ᠬᠣᠲᠠ᠎ᠶᠢᠨ ᠭᠠᠢᠬᠠᠮᠰᠢᠭ᠍ᠲᠤ ᠣᠨ ᠰᠠᠷ᠎ᠠ᠎ᠶᠢ ᠡᠷᠭᠢᠴᠡᠭᠦᠯᠪᠡ᠃ 《ᠲᠠᠯ᠎ᠠ ᠨᠤᠲᠤᠭ᠎ᠤᠨ ᠥᠷᠯᠥᠭᠡ᠎ᠶᠢᠨ ᠤᠶᠠᠩᠭ᠎ᠠ》 ᠢ᠋ᠢᠨ ᠢᠷᠠᠭᠤ ᠠᠶᠠᠰ ᠴᠤᠤᠷᠢᠶᠠᠲᠤᠬᠤ᠎ᠳᠤ᠂ ᠪᠤᠭᠤᠲᠤ᠎ᠶᠢᠨ ᠪᠣᠯᠣᠳ ᠲᠡᠮᠦᠷ᠎ᠦᠨ ᠦᠢᠯᠡᠳᠪᠦᠷᠢ᠎ᠶᠢᠨ ᠬᠡᠳᠦᠨ ᠵᠠᠭᠤᠨ ᠠᠵᠢᠯᠴᠢᠨ ᠣᠮᠣᠭ ᠲᠡᠭᠦᠯᠳᠡᠷ᠎ᠢᠶᠡᠷ ᠪᠢᠳᠡᠨ᠎ᠦ ᠦᠬᠡᠳᠡ ᠡᠴᠡ ᠠᠢᠰᠤᠢ᠃
ᠳᠡᠭᠡᠷ᠎ᠡ ᠵᠠᠭᠤᠨ᠎ᠤ ᠲᠠᠪᠢᠭᠠᠳ ᠣᠨ᠎ᠤ ᠦᠶ᠎ᠡ᠎ᠳᠦ᠂ ᠪᠦᠬᠦ ᠤᠯᠤᠰ᠎ᠤᠨ ᠡᠯ᠎ᠡ ᠭᠠᠵᠠᠷ᠎ᠡᠴᠡ ᠢᠷᠡᠭᠰᠡᠨ ᠪᠦᠲᠦᠭᠡᠨ ᠪᠠᠢᠭᠤᠯᠤᠭ᠍ᠴᠢ ᠪᠣᠯᠣᠨ ᠥᠪᠥᠷ ᠮᠣᠩᠭᠣᠯ᠎ᠤᠨ ᠦᠨᠳᠦᠰᠦᠲᠡᠨ᠎ᠨᠦᠭᠦᠳ᠎ᠦᠨ ᠠᠷᠠᠳ ᠲᠦᠮᠡᠨ ᠰᠡᠳᠬᠢᠯ ᠨᠢᠭᠡᠳᠦᠨ ᠬᠦᠴᠦ᠎ᠪᠡᠨ ᠬᠠᠮᠲᠤᠳᠬᠠᠵᠤ ᠪᠤᠭᠤᠲᠤ᠎ᠶᠢᠨ ᠪᠣᠯᠣᠳ ᠲᠡᠮᠦᠷ᠎ᠦᠨ ᠦᠢᠯᠡᠳᠪᠦᠷᠢ᠎ᠶᠢ ᠪᠠᠢᠭᠤᠯᠵᠤ᠂ ᠥᠪᠥᠷ ᠮᠣᠩᠭᠣᠯ᠎ᠤᠨ 《ᠢᠮᠠᠬᠤ ᠲᠡᠮᠦᠷ ᠴᠤ᠌ ᠦᠢᠯᠡᠳᠪᠦᠷᠢᠯᠡᠵᠤ ᠲᠡᠢᠯᠬᠦ ᠦᠭᠡᠢ ᠪᠠᠢᠭᠰᠠᠨ》 ᠲᠡᠦᠬᠡ᠎ᠶᠢ ᠡᠴᠦᠰᠯᠡᠭᠦᠯᠵᠦ᠂ ᠰᠢᠨ᠎ᠡ ᠳᠤᠮᠳᠠᠳᠤ ᠤᠯᠤᠰ᠎ᠤᠨ ᠦᠨᠳᠦᠰᠦᠲᠡᠨ᠎ᠦ ᠭᠠᠵᠠᠷ ᠣᠷᠣᠨ᠎ᠤ ᠠᠵᠤ ᠦᠢᠯᠡᠳᠪᠦᠷᠢ᠎ᠶᠢᠨ ᠬᠥᠭᠵᠢᠯᠲᠡ᠎ᠶᠢᠨ ᠰᠢᠨ᠎ᠡ ᠬᠠᠭᠤᠳᠠᠰᠤ᠎ᠶᠢ ᠨᠡᠭᠡᠭᠡᠭᠰᠡᠨ᠎ᠢ ᠲᠡᠦᠬᠡ ᠮᠠᠷᠲᠠᠬᠤ ᠦᠭᠡᠢ ᠶᠤᠮ᠃ ᠬᠣᠶᠠᠳᠤᠭᠠᠷ ᠪᠦᠯᠦᠭ᠎ᠦᠨ ᠲᠤᠬᠯᠠᠯᠳᠠ ᠳ᠋ᠤ ᠤᠷᠤᠯᠴᠠᠬᠰᠠᠨ ᠲᠣᠭᠯᠠᠭ᠍ᠴᠢ᠎ᠶᠢᠨ ᠨᠢᠭᠡ ᠪᠣᠯᠬᠤ ᠪᠤᠭᠤᠲᠤ᠎ᠶᠢᠨ ᠠᠵᠢᠯ ᠮᠡᠷᠭᠡᠵᠢᠯ᠎ᠦᠨ ᠳᠡᠭᠡᠳᠦ ᠰᠤᠷᠭᠠᠭᠤᠯᠢ᠎ᠶᠢᠨ ᠰᠤᠷᠤᠭ᠍ᠴᠢ ᠮᠠ ᠰᠢᠨ ᠺᠸ᠄ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠵᠢᠷᠭᠤᠳᠤᠭᠠᠷ ᠬᠤᠭᠤᠴᠠᠭᠠᠨ᠎ᠤ ᠪᠡᠶ᠎ᠠ ᠵᠢᠨ ᠲᠠᠮᠢᠷ᠎ᠤᠨ ᠴᠤᠭᠯᠠᠭᠠᠨ᠎ᠤ ᠡᠬᠢᠯᠡᠯᠲᠡ᠎ᠶᠢᠨ ᠶᠣᠰᠣᠯᠠᠯ᠎ᠳᠤ ᠣᠷᠣᠯᠴᠠᠬᠤ ᠪᠤᠯᠤᠬᠰᠠᠨ ᠵᠢᠡᠨ ᠮᠡᠳᠡᠭᠡᠳ ᠪᠢ ᠬᠠᠮᠲᠤ ᠰᠤᠷᠤᠯᠭᠠᠲᠠᠳᠲᠠᠢᠪᠠᠨ ᠮᠠᠰᠢ ᠪᠠᠶᠠᠷᠯᠠᠪᠠ᠃ ᠮᠠᠨ᠎ᠤ ᠡᠨᠡᠬᠦ ᠲᠤᠭᠯᠠᠯᠲᠠ ᠨᠢ ᠣᠲᠣ᠌ ᠦᠶ᠎ᠡ᠎ᠶᠢᠨ ᠵᠠᠯᠠᠭᠤᠴᠤᠳ ᠪᠣᠯᠣᠨ ᠥᠪᠥᠷ ᠮᠣᠩᠭᠣᠯ᠎ᠤᠨ ᠦᠨᠳᠦᠰᠦᠲᠡᠨ᠎ᠨᠦᠭᠦᠳ᠎ᠦᠨ ᠬᠥᠪᠡᠭᠦᠳ ᠥᠬᠢᠳ᠎ᠦᠨ ᠴᠣᠭ ᠪᠠᠳᠠᠷᠠᠩᠭᠤᠢ ᠥᠭᠡᠳᠡᠯᠡᠨ ᠳᠠᠪᠰᠢᠬᠤ ᠣᠶᠤᠨ ᠰᠠᠨᠠᠭᠠᠨ᠎ᠤ ᠳᠦᠷᠰᠦ ᠪᠠᠢᠳᠠᠯ᠎ᠢ ᠢᠯᠡᠷᠡᠭᠦᠯᠬᠦ ᠪᠣᠯᠣᠨ᠎ᠠ》 ᠭᠡᠪᠡ᠃
ᠬᠠᠮᠤᠭ᠎ᠤᠨ ᠰᠡᠭᠦᠯᠴᠢ᠎ᠶᠢᠨ 《ᠰᠡᠳᠬᠢᠯ ᠨᠢᠭᠡᠳᠦᠨ ᠰᠢᠨ᠎ᠡ ᠬᠠᠭᠤᠳᠠᠰᠤ᠎ᠶᠢ ᠪᠢᠴᠢᠭᠯᠡᠨᠡᠮ》 ᠪᠦᠯᠦᠭ᠎ᠲᠦ᠂ ᠬᠡᠳᠦᠨ ᠵᠠᠭᠤᠨ ᠲᠣᠭᠯᠠᠭ᠍ᠴᠢ ᠪᠤᠭᠤᠲᠤ ᠬᠣᠲᠠ᠎ᠶᠢᠨ ᠬᠦᠰᠡᠯ ᠵᠡᠭᠦᠳᠦ᠎ᠪᠡᠨ ᠬᠥᠭᠡᠭᠡᠴᠡᠯᠳᠦᠬᠦ ᠴᠠᠭ ᠦᠶ᠎ᠡ᠎ᠶᠢᠨ ᠤᠷᠤᠰᠬᠠᠯ᠎ᠢ ᠲᠤᠭᠯᠠᠨ ᠦᠵᠡᠭᠦᠯᠵᠦ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠰᠢᠨ᠎ᠡ᠎ᠶᠢ ᠡᠭᠦᠳᠬᠦ ᠬᠠᠭᠤᠳᠠᠰᠤ᠎ᠶᠢᠨ ᠤᠷᠤᠭᠰᠢᠯᠠᠨ ᠳᠠᠪᠰᠢᠬᠤ ᠳᠦᠷᠢ ᠪᠠᠢᠳᠠᠯ᠎ᠢ ᠬᠠᠷᠠᠭᠤᠯᠪᠠ᠄ ᠬᠣᠪᠣᠷ ᠰᠢᠷᠣᠢ᠎ᠶᠢᠨ ᠰᠢᠨ᠎ᠡ ᠮᠠᠲᠧᠷᠢᠶᠠᠯ᠎ᠡᠴᠡ ᠪᠣᠬᠢᠷᠲᠤᠯ ᠦᠭᠡᠢ ᠪᠠᠭ᠎ᠠ ᠨᠡᠭᠦᠷᠡᠰᠦᠲᠥ᠋ᠷᠥᠭᠴᠢᠲᠦ ᠲᠡᠮᠦᠷᠯᠢᠭ ᠬᠠᠢᠯᠤᠭᠤᠯᠬᠤ ᠬᠦᠷᠲᠡᠯ᠎ᠡ᠂ ᠣᠶᠤᠨᠴᠢ ᠦᠢᠯᠡᠳᠬᠦ ᠦᠢᠯᠡᠰ᠎ᠡᠴᠡ ᠰᠢᠨ᠎ᠡ ᠡᠨᠧᠷᠭᠢ᠎ᠶᠢᠨ ᠠᠵᠤ ᠦᠢᠯᠡᠰ ᠬᠦᠷᠲᠡᠯ᠎ᠡ᠂ ᠲᠠᠯ᠎ᠠ ᠨᠤᠲᠤᠭ᠎ᠤᠨ ᠪᠣᠯᠣᠳ᠎ᠤᠨ ᠬᠣᠲᠠ᠎ᠶᠢᠨ ᠬᠢᠨ ᠶᠠᠭ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠰᠢᠨ᠎ᠡ᠎ᠶᠢ ᠡᠭᠦᠳᠬᠦ᠎ᠪᠡᠷ ᠳᠡᠮᠵᠢᠨ ᠠᠵᠤ ᠦᠢᠯᠡᠰ᠎ᠦᠨ ᠬᠡᠯᠪᠡᠷᠢ᠎ᠪᠡᠨ ᠬᠤᠪᠢᠷᠠᠭᠤᠯᠤᠨ ᠲᠠᠰ ᠳᠡᠪᠰᠢᠭᠦ ᠡᠷᠭᠢᠯᠲᠡ᠎ᠶᠢ ᠪᠡᠶᠡᠯᠡᠭᠦᠯᠵᠦ᠂ ᠴᠢᠨᠠᠷ ᠰᠠᠢᠲᠠᠢ ᠬᠥᠭᠵᠢᠯᠲᠡ᠎ᠶᠢᠨ ᠤᠷᠤᠯᠳᠤᠭᠠᠨ᠎ᠤ ᠵᠠᠮ ᠳᠡᠭᠡᠷ᠎ᠡ ᠬᠤᠷᠳᠤᠴᠠ᠎ᠪᠠᠨ ᠲᠦᠷᠭᠡᠳᠬᠡᠪᠡ᠃
ᠢᠷᠠᠭᠤ ᠰᠠᠢᠬᠠᠨ ᠠᠶ᠎ᠠ ᠳᠠᠭᠤᠤ ᠵᠢ ᠲᠠᠭᠠᠵᠤ᠂ ᠠᠮᠢᠵᠢᠷᠠᠯ᠎ᠤᠨ ᠬᠦᠴᠦᠨ᠎ᠢᠶᠡᠷ ᠪᠢᠯᠬᠠᠭᠰᠠᠨ ᠵᠠᠯᠠᠭᠤᠴᠤᠳ ᠪᠠᠭᠠᠴᠤᠳ ᠲᠠᠯᠠᠪᠠᠢ᠎ᠶᠢᠨ ᠲᠦᠪ᠎ᠲᠦ ᠭᠦᠶᠦᠨ ᠣᠷᠣᠵᠤ᠂ ᠬᠥᠯ ᠪᠥᠮᠪᠥᠭᠡ᠂ ᠮᠣᠷᠢᠨ ᠮᠡᠷᠭᠡᠵᠢᠯ᠂ ᠰᠠᠭᠰᠤᠨ ᠪᠥᠮᠪᠥᠭᠡ᠂ ᠮᠥᠰᠥ ᠴᠠᠰᠤᠨ᠎ᠤ ᠬᠥᠳᠡᠯᠭᠡᠭᠡᠨ ᠵᠡᠷᠭᠡ ᠤᠯᠠᠨ ᠲᠦᠮᠡᠨ᠎ᠦ ᠳᠤᠷ᠎ᠠ ᠪᠠᠬ᠎ᠠ᠎ᠶᠢ ᠲᠠᠲᠠᠭᠰᠠᠨ ᠲᠠᠮᠢᠷ᠎ᠤᠨ ᠬᠥᠳᠡᠯᠭᠡᠭᠡᠨ᠎ᠦ ᠲᠦᠷᠦᠯ ᠵᠦᠢᠯ᠎ᠢ ᠳᠡᠯᠭᠡᠨ ᠦᠵᠡᠭᠦᠯᠵᠦ᠂ 《ᠪᠦᠬᠦ ᠠᠷᠠᠳ᠎ᠤᠨ ᠪᠡᠶ᠎ᠡ ᠴᠢᠭᠢᠷᠠᠭᠵᠢᠭᠤᠯᠬᠤ》 ᠭᠡᠬᠦ ᠡᠨᠡᠬᠦ ᠪᠡᠶ᠎ᠡ᠎ᠶᠢᠨ ᠲᠠᠮᠢᠷ᠎ᠤᠨ ᠬᠦᠴᠦᠷᠬᠡᠭ ᠤᠯᠤᠰ᠎ᠤᠨ ᠪᠦᠲᠦᠭᠡᠨ ᠪᠠᠢᠭᠤᠯᠤᠯᠲᠠ᠎ᠶᠢᠨ ᠭᠦᠨ ᠵᠤᠵᠠᠭᠠᠨ ᠦᠨᠳᠦᠰᠦ ᠰᠠᠭᠤᠷᠢ᠎ᠶᠢ ᠠᠮᠢᠳᠤᠯᠢᠭ᠋᠎ᠢᠶᠠᠷ ᠲᠠᠢᠯᠪᠤᠷᠢᠯᠠᠪᠠ᠃
《ᠠᠷᠪᠠᠨ ᠵᠢᠷᠭᠤᠳᠤᠭᠠᠷ ᠬᠤᠭᠤᠴᠠᠭᠠᠨ᠎ᠤ ᠪᠡᠶ᠎ᠡ᠎ᠶᠢᠨ ᠲᠠᠮᠢᠷ᠎ᠤᠨ ᠴᠤᠭᠯᠠᠭᠠᠨ》 ᠤ᠋ ᠡᠬᠢᠯᠡᠯᠲᠡ᠎ᠶᠢᠨ ᠶᠣᠰᠣᠯᠠᠯ᠎ᠳᠤ ᠪᠤᠭᠤᠲᠤ᠌᠂ ᠬᠥᠬᠡᠬᠣᠲᠠ᠂ ᠤᠯᠠᠭᠠᠨᠴᠠᠪ ᠵᠡᠷᠭᠡ ᠣᠯᠠᠨ ᠠᠶ᠋ᠢᠮᠠᠭ ᠬᠣᠲᠠ᠎ᠶᠢᠨ ᠲᠣᠭᠯᠠᠭᠴᠢᠳᠢ ᠤᠷᠢᠵᠤ ᠣᠷᠣᠯᠴᠠᠭᠤᠯᠪᠠ᠃ ᠡᠨᠡ ᠨᠢ ᠡᠬᠢᠯᠡᠯᠲᠡ᠎ᠶᠢᠨ ᠶᠣᠰᠣᠯᠠᠯ ᠪᠣᠯᠬᠤ᠎ᠪᠠᠷ ᠪᠠᠷᠠᠬᠤ ᠦᠭᠡᠢ ᠨᠡᠩ ᠴᠤ᠌ ᠪᠦᠬᠦ᠌ ᠣᠷᠣᠨ᠎ᠤ ᠦᠨᠳᠦᠰᠦᠲᠡᠨ᠎ᠨᠦᠭᠦᠳ᠎ᠦᠨ ᠬᠥᠪᠡᠭᠦᠳ ᠥᠬᠢᠳ᠎ᠦᠨ ᠬᠠᠮᠲᠤ᠎ᠪᠠᠷ ᠣᠷᠣᠯᠴᠠᠭᠰᠠᠨ ᠦᠪᠡᠳᠡᠭᠰᠢ ᠴᠤᠭᠯᠠᠭᠠᠨ ᠪᠣᠯᠤᠨ᠎ᠠ᠃ ᠪᠠᠭᠠᠴᠤᠳ ᠬᠡᠦᠬᠡᠳ᠂ ᠠᠭᠤᠳᠠᠮ ᠲᠠᠯᠠᠪᠠᠶ᠎ᠶᠢᠨ ᠪᠥᠵᠢᠭ᠎ᠦᠨ ᠪᠠᠬᠠᠲᠠᠨ᠂ ᠨᠡᠷᠡᠭᠦᠶ ᠨᠢᠳᠤᠷᠭ᠎ᠠ᠎ᠶᠢᠨ ᠡᠩᠨᠡᠭᠡ᠂ ᠵᠡᠭᠡᠯᠢ᠎ᠶᠢᠨ ᠪᠥᠵᠢᠭ᠎ᠦᠨ ᠪᠦᠯᠬᠦᠮ ᠵᠢᠴᠢ ᠡᠩ᠎ᠦᠨ ᠣᠯᠠᠨ ᠲᠦᠮᠡᠨ ᠴᠦ᠍ ᠲᠠᠶ᠋ᠢᠰᠠᠨ᠎ᠳᠤ ᠭᠠᠷᠴᠤ᠌ ᠲᠣᠭᠯᠠᠯᠲᠠ᠎ᠳᠤ ᠣᠷᠣᠯᠴᠠᠵᠤ᠂ 《ᠪᠥᠬᠥ᠌ ᠠᠷᠠᠳ᠎ᠢᠶᠠᠷ᠎ᠢᠶᠠᠨ ᠬᠠᠮᠲᠤ᠎ᠪᠠᠷ ᠡᠳ᠋ᠯᠡᠬᠦ᠌》 ᠤᠷᠤᠯᠳᠤᠭᠠᠨ ᠡᠷᠭᠢᠯᠡᠬᠦ᠌ ᠣᠶ᠋ᠢᠯᠠᠭᠠᠭᠳᠠᠬᠤᠨ᠎ᠢ ᠢᠯᠡᠷᠡᠭᠦᠯᠪᠡ᠃
ᠲᠦᠭ ᠲᠦᠮᠡᠨ᠎ᠦ ᠬᠦᠰᠡᠨ ᠬᠦᠯᠢᠶᠡᠭᠰᠡᠨ ᠭᠣᠣᠯ ᠭᠠᠯ ᠪᠠᠮᠪᠠᠷ᠎ᠢ ᠨᠣᠴᠣᠭᠠᠬᠤ ᠭᠣᠭᠴᠣᠭ᠎ᠠ᠎ᠳᠤ᠂ ᠦᠨᠳᠦᠰᠦᠨ ᠱᠠᠲᠤᠨ᠎ᠤ ᠰᠤᠷᠭᠠᠨ ᠬᠥᠮᠦᠵᠢᠯ᠎ᠳᠦ ᠤᠳᠠᠭᠠᠨ ᠵᠢᠯ ᠵᠢᠳᠭᠦᠭᠰᠡᠨ ᠪᠤᠭᠤᠲᠤ᠎ᠶᠢᠨ ᠨᠢᠭᠡᠳᠦᠭᠡᠷ ᠳᠤᠮᠳᠠᠳᠤ ᠰᠤᠷᠭᠠᠭᠤᠯᠢ᠎ᠶᠢᠨ ᠡᠮᠡᠭᠲᠡᠢ᠎ᠶᠢᠨ ᠠᠯᠠᠭᠠᠳᠠᠬᠤ ᠪᠥᠮᠪᠥᠭᠡ᠎ᠶᠢᠨ ᠠᠩᠭᠢ᠎ᠶᠢᠨ ᠳᠠᠰᠬᠠᠯᠵᠢᠭᠤᠯᠤᠭᠴᠢ ᠬᠤᠤ ᠵᠧᠨ ᠱᠧᠩ᠂ ᠣᠯᠢᠮᠫᠢᠺ᠎ᠤᠨ ᠪᠡᠶ᠎ᠠ ᠵᠢᠨ ᠲᠠᠮᠢᠷ᠎ᠤᠨ ᠴᠤᠭᠯᠠᠭᠠᠨ᠎ᠤ ᠮᠠᠩᠯᠠᠢ᠂ ᠥᠪᠥᠷ ᠮᠣᠩᠭᠣᠯ᠎ᠤᠨ ᠫᠢᠩᠫᠠᠩ ᠪᠥᠮᠪᠥᠭᠡ᠎ᠶᠢᠨ ᠠᠩᠭᠢ᠎ᠶᠢᠨ ᠭᠣᠣᠯ ᠳᠠᠰᠬᠠᠯᠵᠢᠭᠤᠯᠤᠭᠴᠢ ᠸᠠᠩ ᠨᠠᠨ᠂ ᠪᠦᠬᠦ᠌ ᠤᠯᠤᠰ᠎ᠤᠨ ᠬᠥᠳᠡᠯᠮᠦᠷᠢ᠎ᠶᠢᠨ ᠵᠢᠱ᠌ᠢᠶᠡᠴᠢ ᠵᠧᠩ ᠬᠦᠢ ᠶᠢᠦ᠂ ᠣᠯᠢᠮᠫᠢᠺ᠎ᠤᠨ ᠪᠡᠶ᠎ᠠ ᠵᠢᠨ ᠲᠠᠮᠢᠷ᠎ᠤᠨ ᠴᠤᠭᠯᠠᠭᠠᠨ᠎ᠤ ᠮᠠᠩᠯᠠᠢ᠂ ᠳᠤᠮᠳᠠᠳᠤ ᠤᠯᠤᠰ᠎ᠤᠨ ᠡᠮᠡᠭᠲᠡᠢ ᠵᠢᠨ ᠨᠢᠳᠤᠷᠭᠠᠨ ᠲᠡᠮᠡᠴᠡᠭᠡᠨ᠎ᠦ ᠲᠠᠮᠢᠷᠴᠢᠨ ᠯᠢ ᠴᠢᠶᠠᠨ ᠵᠡᠷᠭᠡ ᠳᠦᠷᠪᠡᠨ ᠭᠠᠯ ᠪᠠᠮᠪᠠᠷᠴᠢᠨ ᠠᠷᠢᠭᠤᠨ ᠭᠠᠯ᠎ᠢ ᠳᠠᠮᠵᠢᠭᠤᠯᠪᠠ᠃
ᠬᠠᠮᠤᠭ᠎ᠤᠨ ᠰᠡᠭᠦᠯᠴᠢ᠎ᠶᠢᠨ ᠨᠢᠭᠡ ᠭᠠᠯ ᠪᠠᠮᠪᠠᠷᠴᠢᠨ᠂ ᠳᠤᠮᠳᠠᠳᠤ ᠤᠯᠤᠰ᠎ᠤᠨ ᠮᠣᠷᠢᠨ ᠮᠡᠷᠭᠡᠵᠢᠯ᠎ᠦᠨ ᠨᠡᠶ᠋ᠢᠭᠡᠮᠯᠢᠭ᠎ᠦᠨ ᠮᠡᠷᠭᠡᠵᠢᠯ᠎ᠦᠨ ᠲᠤᠰᠢᠶᠠᠯᠲᠠᠨ᠂ ᠮᠣᠷᠢᠨ ᠮᠡᠷᠭᠡᠵᠢᠯ᠎ᠦᠨ ᠰᠤᠷᠭᠠᠭᠴᠢ ᠹᠸᠩ ᠴᠤᠤ ᠮᠤᠷᠢ ᠤᠨᠤᠵᠤ ᠭᠣᠣᠯ ᠭᠠᠯ ᠪᠠᠮᠪᠠᠷ᠎ᠤᠨ ᠰᠤᠪᠤᠷᠭ᠎ᠠ᠎ᠶᠢᠨ ᠳᠣᠣᠷ᠎ᠠ ᠲᠠᠪᠬᠢᠨ ᠬᠦᠷᠬᠦ᠌᠎ᠳᠦ᠂ ᠪᠦᠬᠦ᠌ ᠲᠠᠯᠠᠪᠠᠢ᠎ᠪᠠᠷ᠎ᠢᠶᠠᠨ ᠠᠮᠢᠰᠬᠤᠭᠠᠳᠠᠷᠤᠨ ᠰᠢᠷᠳᠡᠵᠤ᠂ ᠲᠡᠷᠡ ᠨᠤᠮᠤ ᠪᠠᠨ ᠲᠡᠯᠡᠵᠤ ᠬᠦᠴᠦ ᠪᠠᠨ ᠰᠢᠪᠬᠠᠨ ᠰᠤᠮᠤ ᠵᠢ ᠬᠠᠷᠪᠤᠳᠠᠯᠠ ᠨᠢᠳᠦ ᠢᠷᠮᠡᠬᠦ᠌ᠶᠢᠨ ᠵᠠᠭᠤᠷ᠎ᠠ ᠭᠣᠣᠯ ᠭᠠᠯ ᠪᠠᠮᠪᠠᠷ᠎ᠤᠨ ᠠᠷᠢᠭᠤᠨ ᠭᠠᠯ ᠳᠦᠷᠡᠯᠵᠡᠨ ᠨᠣᠴᠣᠵᠤ᠂ ᠤᠯᠠᠪᠤᠷ ᠤᠯᠠᠭᠠᠨ ᠭᠠᠯ ᠬᠡᠷᠡᠯᠳᠦᠨ ᠳᠤᠸᠠᠯᠠᠵᠤ᠂ ᠲᠠᠯᠠᠪᠠᠢ ᠣᠷᠳᠣᠨ᠎ᠤ ᠭᠠᠳᠠᠨᠠᠬᠢ ᠲᠦᠭ ᠲᠦᠮᠡᠨ ᠠᠶ᠋ᠢᠯ ᠡᠷᠦᠬᠡ ᠵᠢ ᠭᠡᠷᠡᠯᠳᠦᠭᠦᠯᠦᠨ᠎ᠡ᠃ ᠦᠵᠡᠭᠴᠢᠳ᠎ᠦᠨ ᠲᠠᠶ᠋ᠢᠰᠠᠨ ᠳᠡᠭᠡᠷ᠎ᠡ᠂ ᠦᠵᠡᠭᠴᠢᠳ ᠭᠠᠷ᠎ᠲᠠᠬᠢ ᠴᠡᠭᠡᠨ ᠥᠩᠭᠡ ᠭᠢᠯᠠᠯᠵᠠᠳᠠᠭ ᠵᠢᠵᠢᠭ ᠪᠠᠭᠠᠵᠢ ᠪᠣᠯᠤᠨ ᠤᠯᠤᠰ᠎ᠤᠨ ᠲᠤᠭ᠎ᠢᠶᠠᠨ ᠬᠤᠷᠤᠶ᠋ᠢᠯᠠᠵᠤ᠂ ᠠᠯᠠᠭ᠎ᠠ ᠲᠠᠰᠢᠯᠳᠠ᠎ᠶᠢᠨ ᠲᠠᠭᠤᠨ ᠤᠳᠠᠲᠠᠯ᠎ᠠ ᠴᠤᠤᠷᠢᠶᠠᠲᠤᠵᠤ᠂ ᠪᠠᠶᠠᠷᠨᠠᠢᠷ ᠵᠢᠡᠷ ᠴᠠᠯᠭᠢᠯᠠᠨ᠎ᠠ᠃
ᠪᠡᠶ᠎ᠡ᠎ᠶᠢᠨ ᠲᠠᠮᠢᠷ᠂ ᠴᠠᠭ ᠦᠶ᠎ᠡ᠎ᠶᠢᠨ ᠠᠩᠬᠠᠨ᠎ᠤ ᠲᠠᠭᠤᠨ᠎ᠢ ᠬᠠᠩᠭᠢᠨᠠᠭᠤᠯᠵᠤ᠂ ᠬᠦᠰᠡᠯ ᠵᠡᠭᠦᠳᠦ᠎ᠶᠢ ᠳᠠᠮᠵᠢᠭᠤᠯᠤᠨ᠎ᠠ᠃ ᠢᠷᠡᠭᠡᠳᠦᠢ᠎ᠶᠢᠨ 8 ᠡᠳᠦᠷᠲᠦ᠍᠂ ᠪᠦᠬᠦ᠌ ᠣᠷᠣᠨ᠎ᠤ ᠡᠯ᠎ᠡ ᠭᠠᠵᠠᠷ ᠡᠴᠡ ᠢᠷᠡᠭᠰᠡᠨ ᠲᠠᠮᠢᠷᠴᠢᠳ ᠪᠤᠭᠤᠲᠤ᠌ ᠭᠡᠬᠦ᠌ ᠡᠨᠡ ᠬᠦ᠌ ᠲᠡᠦᠬᠡ᠎ᠳᠤ ᠬᠤᠳᠠ᠂ ᠢᠷᠠᠭᠤ ᠠᠯᠳᠠᠷᠲᠤ᠌ ᠬᠤᠳᠠ᠂ ᠵᠠᠯᠠᠭᠤ ᠬᠤᠳᠠ᠎ᠳᠤ ᠤᠳᠠᠭ᠎ᠠ ᠪᠦᠷᠢ᠎ᠶᠢᠨ ᠦᠰᠦᠷᠦᠯᠲᠡ᠂ ᠤᠳᠠᠭ᠎ᠠ ᠪᠦᠷᠢ᠎ᠶᠢᠨ ᠰᠢᠪᠲᠤᠯᠤᠯᠲᠠ᠎ᠪᠠᠷ ᠪᠡᠶ᠎ᠡ᠎ᠶᠢᠨ ᠲᠠᠮᠢᠷ᠎ᠤᠨ ᠵᠣᠷᠢᠭ ᠰᠠᠨᠠᠭ᠎ᠠ ᠵᠢ ᠲᠠᠶ᠋ᠢᠯᠪᠤᠷᠢᠯᠠᠵᠤ᠂ ᠢᠷᠠᠭᠤ ᠠᠯᠳᠠᠷ ᠪᠣᠯᠤᠨ ᠬᠦᠰᠡᠯ ᠵᠡᠭᠦᠳᠦ ᠪᠠᠨ ᠲᠡᠷᠭᠡᠯᠰᠢᠬᠦᠯᠬᠦ ᠪᠤᠯᠤᠨ᠎ᠠ᠃