ᠰᠤᠷᠭᠠᠭᠤᠯᠢ᠎ᠶᠢᠨ ᠬᠦᠷᠢᠶᠡᠨ᠎ᠦ ᠬᠥᠯ ᠪᠥᠮᠪᠥᠭᠡ᠎ᠶᠢᠨ ᠬᠥᠭᠵᠢᠯᠲᠡ ᠵᠢᠨ ᠪᠡᠯᠡ ᠮᠥᠩᠭᠥ 6545 ᠲᠦᠮᠡᠨ ᠲᠥᠭᠥᠷᠢᠭ ᠲᠣᠬᠢᠷᠠᠭᠤᠯᠪᠠ
2026-08-07 16:43:03
ᠵᠣᠬᠢᠶᠠᠭ᠍ᠴᠢ᠄
​ᠯᠢ ᠶᠦᠩ ᠲᠤᠸ᠋
ᠣᠩᠱᠢᠭ᠍ᠰᠠᠨ ᠣᠳᠠᠭ᠎ᠠ᠄
★★★☆☆

ᠥᠪᠡᠷᠲᠡᠭᠡᠨ ᠵᠠᠰᠠᠬᠤ ᠣᠷᠣᠨ᠎ᠤ ᠡᠳ᠋᠎ᠦᠨ ᠵᠠᠰᠠᠭ᠎ᠤᠨ ᠲᠢᠩᠬᠢᠮ᠎ᠦᠨ ᠮᠡᠳᠡᠭᠡ᠎ᠶᠢ ᠦᠨᠳᠦᠰᠦᠯᠡᠪᠡᠯ᠂ 2026 ᠣᠨ᠎ᠳᠤ ᠮᠠᠨ᠎ᠤ ᠣᠷᠣᠨ ᠰᠤᠷᠭᠠᠭᠤᠯᠢ᠎ᠶᠢᠨ ᠬᠦᠷᠢᠶᠡᠨ᠎ᠦ ᠬᠥᠯ ᠪᠥᠮᠪᠥᠭᠡ᠎ᠶᠢᠨ ᠬᠥᠭᠵᠢᠯᠲᠡ᠎ᠶᠢᠨ ᠲᠤᠰᠬᠠᠢ ᠪᠡᠯᠡ ᠮᠥᠩᠭᠥ᠎ᠶᠢ 6545 ᠲᠦᠮᠡᠨ ᠲᠥᠭᠥᠷᠢᠭ ᠨᠢᠭᠡᠳᠦᠯᠲᠡᠢ ᠲᠣᠬᠢᠷᠠᠭᠤᠯᠪᠠ᠃ ᠲᠣᠰ ᠲᠤᠰᠬᠠᠢ ᠪᠡᠯᠡ ᠮᠥᠩᠭᠥ ᠨᠢ ᠰᠤᠷᠭᠠᠭᠤᠯᠢ᠎ᠶᠢᠨ ᠬᠦᠷᠢᠶᠡᠨ᠎ᠦ ᠬᠥᠯ ᠪᠥᠮᠪᠥᠭᠡ᠎ᠶᠢᠨ ᠭᠣᠣᠯ ᠭᠣᠭᠴᠣᠭ᠎ᠠ᠎ᠳᠤ ᠠᠩᠬᠠᠷᠤᠯ᠎ᠢᠶᠠᠨ ᠲᠥᠪᠯᠡᠷᠡᠭᠦᠯᠦᠨ ᠨᠠᠷᠢᠯᠢᠭ᠋ ᠣᠨᠣᠴᠠᠲᠠᠢ᠎ᠪᠠᠷ ᠬᠦᠴᠦᠯᠡᠵᠦ᠂ ᠤᠯᠤᠰ᠎ᠤᠨ ᠲᠠᠰ᠎ᠤᠨ ᠬᠥᠯ ᠪᠥᠮᠪᠥᠭᠡ᠎ᠶᠢᠨ ᠣᠨᠴᠠᠯᠢᠭ᠍ᠲᠤ ᠰᠤᠷᠭᠠᠭᠤᠯᠢ᠎ᠶᠢᠨ ᠡᠳᠦᠷ ᠲᠤᠲᠤᠮ᠎ᠤᠨ ᠠᠵᠢᠯᠯᠠᠭ᠎ᠠ ᠪᠠ ᠪᠣᠯᠪᠠᠰᠤᠷᠠᠯ᠎ᠢ ᠭᠣᠣᠯᠳᠠᠯᠭ᠎ᠠ᠎ᠲᠠᠢ ᠪᠠᠲᠤᠯᠠᠵᠤ᠂ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠡᠩ᠎ᠦᠨ ᠬᠥᠯ ᠪᠥᠮᠪᠥᠭᠡ᠎ᠶᠢᠨ ᠤᠷᠤᠯᠳᠤᠭᠠᠨ ᠡᠷᠭᠢᠯᠡᠬᠦ᠎ᠶᠢ ᠳᠡᠮᠵᠢᠬᠦ᠎ᠶᠢᠨ ᠬᠠᠮᠲᠤ ᠤᠯᠤᠰ᠎ᠤᠨ ᠲᠠᠰ᠎ᠤᠨ ᠰᠤᠷᠭᠠᠭᠤᠯᠢ᠎ᠶᠢᠨ ᠬᠦᠷᠢᠶᠡᠨ᠎ᠦ ᠬᠥᠯ ᠪᠥᠮᠪᠥᠭᠡ᠎ᠶᠢᠨ ᠣᠨᠴᠠᠯᠢᠭ᠍ᠲᠤ ᠰᠤᠷᠭᠠᠭᠤᠯᠢ᠎ᠶᠢᠨ ᠡᠮᠡᠭᠲᠡᠢ᠎ᠶᠢᠨ ᠬᠥᠯ ᠪᠥᠮᠪᠥᠭᠡ᠎ᠶᠢᠨ ᠲᠥᠷᠥᠯ ᠵᠦᠢᠯ᠎ᠦᠨ ᠬᠥᠭᠵᠢᠯᠲᠡ᠎ᠶᠢ ᠠᠬᠢᠭᠤᠯᠵᠤ᠂ ᠪᠥᠬᠥ ᠣᠷᠣᠨ᠎ᠤ ᠰᠤᠷᠭᠠᠭᠤᠯᠢ᠎ᠶᠢᠨ ᠬᠦᠷᠢᠶᠡᠨ᠎ᠦ ᠬᠥᠯ ᠪᠥᠮᠪᠥᠭᠡ᠎ᠶᠢᠨ ᠪᠠᠢᠩᠭᠤᠵᠢᠬᠰᠠᠨ᠂ ᠲᠤᠰᠬᠠᠢᠵᠢᠭ᠍ᠰᠠᠨ ᠬᠥᠭᠵᠢᠯᠲᠡ᠎ᠳᠦ ᠪᠠᠲᠤ ᠪᠡᠬᠢ ᠪᠡᠯᠡ ᠮᠥᠩᠭᠥ᠎ᠶᠢᠨ ᠰᠠᠭᠤᠷᠢ ᠲᠠᠯᠪᠢᠬᠤ ᠪᠤᠯᠤᠨ᠎ᠠ᠃


QQ截图20260807164737.png


ᠡᠳ᠋᠎ᠦᠨ ᠵᠠᠰᠠᠭ᠎ᠤᠨ ᠪᠠᠲᠤᠯᠠᠭ᠎ᠠ᠎ᠶᠢᠨ ᠰᠢᠰᠲᠧᠮ᠎ᠳᠦ ᠲᠦᠰᠢᠭᠯᠡᠨ᠂ ᠮᠠᠨ᠎ᠤ ᠣᠷᠣᠨ ᠰᠤᠷᠭᠠᠭᠤᠯᠢ᠎ᠶᠢᠨ ᠬᠦᠷᠢᠶᠡᠨ᠎ᠦ ᠬᠥᠯ ᠪᠥᠮᠪᠥᠭᠡ᠎ᠶᠢᠨ ᠪᠥᠬᠥ ᠬᠡᠯᠬᠢᠶ᠎ᠡ ᠵᠢᠨ ᠪᠠᠢᠭᠤᠯᠤᠯᠲᠠ ᠎ᠶᠢ ᠯᠠᠪᠳᠠᠭᠤᠨ ᠎ᠢᠶᠠᠷ ᠠᠬᠢᠭᠤᠯᠵᠤ ᠪᠠᠢᠨ᠎ᠠ᠃ ᠪᠠᠷᠢᠮᠵᠢᠶᠠᠵᠢᠭᠤᠯᠤᠭᠰᠠᠨ ᠲᠠᠯᠠᠪᠤᠷ ᠭᠠᠵᠠᠷ᠎ᠤᠨ ᠪᠦᠲᠦᠭᠡᠨ ᠪᠠᠢᠭᠤᠯᠤᠯᠲᠠ᠎ᠶᠢ ᠦᠷᠭᠦᠯᠵᠢᠯᠡᠨ ᠠᠬᠢᠭᠤᠯᠵᠤ᠂ ᠲᠤᠰᠬᠠᠢ ᠰᠤᠷᠭᠠᠭ᠍ᠴᠢ ᠬᠥᠮᠥᠵᠢᠭᠦᠯᠬᠦ ᠎ᠶᠢ ᠪᠠᠢᠩᠭᠤᠵᠢᠭᠤᠯᠤᠨ ᠠᠬᠢᠭᠤᠯᠵᠤ᠂ ᠣᠯᠠᠨ ᠲᠠᠰ ᠳᠠᠪᠬᠤᠷᠭ᠎ᠠ᠎ᠶᠢᠨ ᠬᠥᠯ ᠪᠥᠮᠪᠥᠭᠡ᠎ᠶᠢᠨ ᠤᠷᠤᠯᠳᠤᠭᠠᠨ᠎ᠢ ᠡᠮᠬᠢ ᠵᠢᠷᠤᠮ᠎ᠲᠠᠢ ᠥᠷᠨᠢᠭᠦᠯᠵᠦ᠂ ᠵᠠᠯᠠᠭᠤᠴᠤᠳ ᠪᠠᠭᠠᠴᠤᠳ᠎ᠤᠨ ᠬᠥᠯ ᠪᠥᠮᠪᠥᠭᠡ᠎ᠶᠢᠨ ᠪᠡᠯᠡᠳᠬᠡᠯ ᠴᠢᠳᠠᠪᠤᠷᠢᠲᠠᠨ᠎ᠤ ᠱᠠᠲᠤᠯᠵᠢᠨ ᠡᠩᠨᠡᠭᠡ᠎ᠶᠢ ᠲᠠᠰᠤᠷᠠᠯᠲᠠ ᠦᠭᠡᠢ ᠲᠡᠭᠦᠯᠳᠡᠷᠵᠢᠭᠦᠯᠪᠡ᠃ ᠪᠠᠢᠩᠭᠤᠵᠢᠭᠰᠠᠨ ᠪᠣᠯᠪᠠᠰᠤᠷᠠᠯ ᠵᠢᠴᠢ ᠱᠠᠲᠤ ᠳᠠᠪᠬᠤᠷᠭ᠎ᠠ᠎ᠶᠢᠨ ᠤᠷᠤᠯᠳᠤᠭᠠᠨ᠎ᠤ ᠶᠠᠪᠤᠳᠠᠯ ᠥᠷᠨᠢᠭᠦᠯᠬᠦ᠎ᠪᠡᠷ ᠳᠠᠮᠵᠢᠭᠤᠯᠤᠨ᠂ ᠪᠦᠬᠦ ᠣᠷᠣᠨ᠎ᠤ ᠵᠠᠯᠠᠭᠤᠴᠤᠳ ᠪᠠᠭᠠᠴᠤᠳ᠎ᠤᠨ ᠪᠡᠶ᠎ᠡ ᠮᠠᠬᠠᠪᠤᠳ᠎ᠤᠨ ᠬᠡᠪ ᠴᠢᠨᠠᠷ᠂ ᠪᠦᠯᠬᠦᠮ ᠨᠡᠶ᠋ᠢᠲᠡ᠎ᠶᠢᠨ ᠬᠠᠮᠵᠢᠯᠴᠠᠬᠤ ᠦᠵᠡᠯ ᠤᠬᠠᠮᠰᠠᠷ ᠬᠢᠭᠡᠳ ᠤᠷᠤᠯᠳᠤᠭᠠᠨ᠎ᠤ ᠬᠢᠷᠢ ᠲᠦᠪᠰᠢᠨ ᠢ᠋ ᠵᠡᠷᠭᠡ ᠳ᠋ᠦ᠍ᠨᠢ ᠳᠡᠭᠡᠭᠰᠢᠯᠡᠭᠦᠯᠵᠦ᠂ ᠰᠤᠷᠭᠠᠭᠤᠯᠢ᠎ᠶᠢᠨ ᠬᠦᠷᠢᠶᠡᠨ᠎ᠦ ᠬᠥᠯ ᠪᠥᠮᠪᠥᠭᠡ ᠵᠢᠨ ᠪᠡᠶ᠎ᠡ᠎ᠶᠢᠨ ᠲᠠᠮᠢᠷ᠎ᠢᠶᠠᠷ ᠬᠥᠮᠥᠨ᠎ᠢ ᠬᠦᠮᠦᠵᠢᠭᠦᠯᠬᠦ᠂ ᠶᠣᠰᠣ᠌ ᠰᠤᠷᠲᠠᠬᠤᠨ᠎ᠢᠶᠠᠷ ᠬᠥᠮᠥᠨ᠎ᠢ ᠬᠥᠮᠥᠵᠢᠭᠦᠯᠬᠦ᠎ᠶᠢᠨ ᠦᠨ᠎ᠡ ᠥᠷᠲᠡᠭ᠎ᠢ ᠤᠯᠠᠮ ᠳᠣᠪᠣᠶ᠋ᠢᠯᠭᠠᠵᠠᠢ᠃


QQ截图20260807164750.png


ᠣᠢᠷ᠎ᠠ᠎ᠳᠤ᠂ 2025 — 2026 ᠣᠨ᠎ᠤ ᠪᠥᠬᠥ ᠤᠯᠤᠰ᠎ᠤᠨ ᠵᠠᠯᠠᠭᠤᠴᠤᠳ ᠪᠠᠭᠠᠴᠤᠳ᠎ᠤᠨ ᠰᠤᠷᠭᠠᠭᠤᠯᠢ᠎ᠶᠢᠨ ᠬᠦᠷᠢᠶᠡᠨ᠎ᠦ ᠬᠥᠯ ᠪᠥᠮᠪᠥᠭᠡ᠎ᠶᠢᠨ ᠳᠥᠷᠪᠡᠳᠦᠭᠡᠷ ᠳᠡᠰ᠎ᠤᠨ ᠬᠣᠯᠪᠣᠭᠠᠲᠤ ᠤᠷᠤᠯᠳᠤᠭᠠᠨ᠎ᠤ ᠶᠡᠬᠡ ᠰᠤᠷᠭᠠᠭᠤᠯᠢ᠎ᠶᠢᠨ ᠡᠮᠡᠭᠲᠡᠢ᠎ᠶᠢᠨ ᠤᠯᠠᠭᠠᠨ ᠳᠤᠭᠤᠢᠯᠠᠩ᠎ᠤᠨ ᠪᠥᠬᠥ ᠤᠯᠤᠰ᠎ᠤᠨ ᠶᠡᠷᠦᠩᠬᠡᠢ ᠰᠢᠢᠳᠪᠦᠷᠢᠲᠦ ᠤᠷᠤᠯᠳᠤᠭᠠᠨ ᠭᠦᠢᠵᠧᠦ ᠮᠤᠵᠢ᠎ᠶᠢᠨ ᠭᠦᠢᠶᠠᠩ ᠬᠣᠲᠠ᠎ᠳᠤ ᠲᠡᠭᠦᠰᠪᠡ᠂ ᠥᠪᠥᠷ ᠮᠣᠩᠭᠣᠯ᠎ᠤᠨ ᠬᠥᠬᠡᠬᠣᠲᠠ᠎ᠶᠢᠨ ᠠᠵᠢᠯ ᠮᠡᠷᠭᠡᠵᠢᠯ᠎ᠦᠨ ᠶᠡᠬᠡ ᠰᠤᠷᠭᠠᠭᠤᠯᠢ᠎ᠶᠢᠨ ᠡᠮᠡᠭᠲᠡᠢ᠎ᠶᠢᠨ ᠬᠥᠯ ᠪᠥᠮᠪᠥᠭᠡ᠎ᠶᠢᠨ ᠠᠩᠭᠢ ᠭᠤᠲᠠᠭᠠᠷ᠎ᠲᠤ ᠤᠷᠤᠵᠤ᠂ ᠲᠤᠰ ᠳᠡᠰ᠎ᠤᠨ ᠳᠤᠲᠤᠷ᠎ᠠ ᠪᠠᠨ ᠪᠥᠬᠥ ᠣᠷᠣᠨ᠎ᠤ ᠤᠷᠤᠯᠳᠤᠭᠠᠨ᠎ᠳᠤ ᠣᠷᠣᠯᠴᠠᠭᠰᠠᠨ ᠲᠡᠦᠬᠡᠨ᠎ᠳᠡᠬᠢ ᠬᠠᠮᠤᠭ᠎ᠤᠨ ᠰᠠᠢᠨ ᠠᠮᠵᠢᠯᠲᠠ᠎ᠶᠢ ᠰᠢᠨᠡᠳᠬᠡᠪᠡ᠃ 《ᠣᠷᠳᠣ᠌ ᠬᠤᠭᠤᠴᠠᠭᠠᠨ᠎ᠤ ᠲᠤᠷᠰᠢ᠂ ᠥᠪᠡᠷᠲᠡᠭᠡᠨ ᠵᠠᠰᠠᠬᠤ ᠣᠷᠣᠨ᠎ᠤ ᠡᠳ᠋᠎ᠦᠨ ᠵᠠᠰᠠᠭ᠎ᠤᠨ ᠲᠢᠩᠬᠢᠮ ᠪᠡᠶ᠎ᠡ᠎ᠶᠢᠨ ᠲᠠᠮᠢᠷ ᠰᠤᠷᠭᠠᠨ ᠬᠥᠮᠦᠵᠢᠯ᠎ᠢ ᠠᠭᠤᠰᠤᠯᠴᠠᠭᠤᠯᠬᠤ ᠪᠠᠲᠤᠯᠠᠭ᠎ᠠ᠎ᠶᠢᠨ ᠲᠣᠭᠲᠠᠴᠠ᠎ᠶᠢ ᠦᠷᠭᠦᠯᠵᠢᠯᠡᠨ ᠪᠦᠷᠢᠨᠰᠢᠭᠦᠯᠵᠦ᠂ ᠪᠡᠯᠡ ᠮᠥᠩᠭᠥ᠎ᠪᠡᠷ ᠰᠤᠷᠭᠠᠭᠤᠯᠢ᠎ᠶᠢᠨ ᠬᠦᠷᠢᠶᠡᠨ᠎ᠦ ᠬᠥᠯ ᠪᠥᠮᠪᠥᠭᠡ᠎ᠶᠢᠨ ᠴᠢᠨᠠᠷ ᠰᠠᠢᠲᠠᠢ ᠬᠥᠭᠵᠢᠯᠲᠡ᠎ᠳᠦ ᠬᠦᠴᠦᠨ ᠨᠡᠮᠡᠷᠢᠯᠡᠭᠰᠡᠨ ᠶᠤᠮ》 ᠭᠡᠵᠦ ᠥᠪᠡᠷᠲᠡᠭᠡᠨ ᠵᠠᠰᠠᠬᠤ ᠣᠷᠣᠨ᠎ᠤ ᠡᠳ᠋᠎ᠦᠨ ᠵᠠᠰᠠᠭ᠎ᠤᠨ ᠲᠢᠩᠬᠢᠮ᠎ᠦᠨ ᠬᠣᠯᠪᠣᠭᠳᠠᠯ ᠪᠦᠬᠦᠢ ᠬᠠᠷᠢᠭᠤᠴᠠᠯᠭᠠᠲᠠᠨ ᠲᠠᠨᠢᠯᠴᠠᠭᠤᠯᠤᠭᠠᠳ᠂ 《ᠲᠠᠷᠠᠭᠠᠴᠢ᠎ᠶᠢᠨ ᠠᠯᠬᠤᠮ᠎ᠳᠤ᠂ ᠪᠡᠯᠡ ᠮᠥᠩᠭᠥ᠎ᠶᠢᠨ ᠵᠠᠷᠤᠯᠭ᠎ᠠ᠎ᠶᠢᠨ ᠠᠬᠢᠴᠠ᠎ᠶᠢᠨ ᠬᠠᠮᠢᠶᠠᠷᠤᠯᠲᠠ᠎ᠶᠢ ᠦᠷᠭᠦᠯᠵᠢᠯᠡᠨ ᠴᠢᠩᠭᠠᠳᠬᠠᠵᠤ᠂ ᠪᠡᠯᠡ ᠮᠥᠩᠭᠥ᠎ᠶᠢᠨ ᠬᠡᠷᠡᠭᠯᠡᠯᠲᠡ᠎ᠶᠢᠨ ᠦᠷ᠎ᠡ ᠠᠰᠢᠭ᠋᠎ᠢ ᠳᠡᠭᠡᠭᠰᠢᠯᠡᠭᠦᠯᠦᠨ᠂ ᠰᠤᠷᠭᠠᠭᠤᠯᠢ᠎ᠶᠢᠨ ᠬᠦᠷᠢᠶᠡᠨ᠎ᠦ ᠬᠥᠯ ᠪᠥᠮᠪᠥᠭᠡ᠎ᠶᠢᠨ ᠬᠥᠮᠥᠨ ᠬᠥᠮᠥᠵᠢᠭᠦᠯᠬᠦ ᠵᠢᠭ᠍ᠰᠠᠭᠠᠯ᠎ᠤᠨ ᠭᠠᠵᠠᠷ᠎ᠢ ᠦᠷᠭᠦᠯᠵᠢᠯᠡᠨ ᠪᠡᠬᠢᠵᠢᠭᠦᠯᠵᠦ᠂ ᠡᠳ᠋᠎ᠦᠨ ᠵᠠᠰᠠᠭ᠎ᠤᠨ ᠪᠡᠯᠡ ᠮᠥᠩᠭᠥ᠎ᠶᠢᠨ ᠬᠥᠮᠥᠨ ᠬᠥᠮᠥᠵᠢᠭᠦᠯᠬᠦ ᠬᠦᠴᠦᠨ ᠴᠢᠳᠠᠪᠤᠷᠢ᠎ᠶᠢ ᠬᠠᠮᠤᠭ᠎ᠤᠨ ᠶᠡᠬᠡ ᠬᠡᠮᠵᠢᠶ᠎ᠡ᠎ᠪᠡᠷ ᠪᠠᠳᠠᠷᠠᠭᠤᠯᠵᠤ᠂ ᠪᠥᠬᠥ ᠣᠷᠣᠨ᠎ᠤ ᠵᠠᠯᠠᠭᠤᠴᠤᠳ ᠪᠠᠭᠠᠴᠤᠳ᠎ᠤᠨ ᠪᠡᠶ᠎ᠡ᠎ᠶᠢᠨ ᠲᠠᠮᠢᠷ᠎ᠤᠨ ᠶᠡᠷᠦᠩᠬᠡᠢᠯᠡᠭᠰᠡᠨ ᠬᠢᠷᠢ ᠲᠦᠪᠰᠢᠨ᠎ᠢ ᠳᠠᠬᠢᠨ ᠰᠢᠨ᠎ᠡ ᠳᠡᠭᠲᠡᠷ᠎ᠲᠦ ᠭᠠᠷᠭᠠᠬᠤ᠎ᠶᠢ ᠠᠬᠢᠭᠤᠯᠵᠤ᠂ ᠰᠤᠷᠭᠠᠭᠤᠯᠢ᠎ᠶᠢᠨ ᠪᠡᠶ᠎ᠡ᠎ᠶᠢᠨ ᠲᠠᠮᠢᠷ᠎ᠤᠨ ᠦᠢᠯᠡᠰ᠎ᠦᠨ ᠴᠢᠨᠠᠷ ᠰᠠᠢᠲᠠᠢ᠂ ᠦᠷᠭᠦᠯᠵᠢᠯᠡᠬᠦ ᠬᠥᠭᠵᠢᠯᠲᠡ᠎ᠶᠢ ᠪᠡᠶᠡᠯᠡᠭᠦᠯᠬᠦ᠎ᠳᠦ ᠬᠦᠴᠦᠨ ᠨᠡᠮᠡᠷᠢᠯᠡᠨ᠎ᠡ》 ᠭᠡᠪᠡ᠃


QQ截图20260807164812.png

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号