ᠮᠣᠩᠭᠣᠯ ᠡᠮ ᠡᠮᠨᠡᠯᠭᠡ ᠵᠢᠨ ᠲᠤᠰᠬᠠᠢ ᠪᠦᠲᠦᠭᠡᠯ 《ᠨᠠᠢᠷᠠᠯᠭ᠎ᠠ ᠵᠢᠨ ᠲᠦᠷᠪᠡᠨ ᠦᠭᠡ ᠵᠢᠨ ᠰᠢᠯᠦᠭ》 ᠭᠡᠬᠦ ᠨᠣᠮ᠎ᠢ᠋ ᠠᠩᠬ᠎ᠠ ᠳᠠᠷᠬᠠᠭᠠᠪᠠ
2026-08-07 10:39:17
ᠵᠣᠬᠢᠶᠠᠭ᠍ᠴᠢ᠄
ᠭᠤᠸ᠎ᠠ
ᠣᠩᠱᠢᠭ᠍ᠰᠠᠨ ᠣᠳᠠᠭ᠎ᠠ᠄
★★★☆☆

ᠲᠦᠷᠦᠬᠦᠭᠡᠨ᠂ ᠮᠣᠩᠭᠣᠯ ᠡᠮ ᠡᠮᠨᠡᠯᠭᠡ ᠵᠢᠨ ᠲᠤᠰᠬᠠᠢ ᠪᠦᠲᠦᠭᠡᠯ 《ᠨᠠᠢᠷᠠᠯᠭ᠎ᠠ ᠵᠢᠨ ᠲᠦᠷᠪᠡᠨ ᠦᠭᠡ ᠵᠢᠨ ᠰᠢᠯᠦᠭ》 ᠭᠡᠭᠦ ᠰᠢᠨ᠎ᠡ ᠨᠣᠮ ᠎ᠤ᠋ᠨ ᠠᠩᠬ᠎ᠠ ᠲᠠᠷᠬᠠᠭᠠᠬᠤ ᠶᠣᠰᠣᠯᠠᠯ ᠥᠪᠥᠷ ᠮᠣᠩᠭᠣᠯ ᠤ᠋ᠨ ᠦᠪᠡᠷᠳᠡᠭᠡᠨ ᠵᠠᠰᠠᠬᠤ ᠤᠷᠤᠨ ᠤ᠋ ᠣᠯᠠᠨ ᠤᠯᠤᠰ ᠤ᠋ᠨ ᠮᠣᠩᠭᠣᠯ ᠡᠮᠨᠡᠯᠭᠡ ᠵᠢᠨ ᠬᠣᠷᠢᠶ᠎ᠠ ᠳ᠋ᠤ᠌ ᠶᠠᠪᠤᠭᠳᠠᠪᠠ᠃

ᠲᠤᠰ ᠨᠣᠮ ᠤ᠋ᠨ ᠵᠣᠬᠢᠶᠠᠭᠴᠢ ᠠᠯᠲᠠᠨᠰᠦ᠋ᠮᠪᠦᠷ ᠪᠣᠯ ᠥᠪᠥᠷ ᠮᠣᠩᠭᠣᠯ ᠤ᠋ᠨ ᠣᠯᠠᠨ ᠤᠯᠤᠰ ᠤ᠋ᠨ ᠮᠣᠩᠭᠣᠯ ᠡᠮᠨᠡᠯᠭᠡ ᠵᠢᠨ ᠬᠣᠷᠢᠶ᠎ᠠ ᠵᠢᠨ ᠡᠷᠡᠭᠦᠯ ᠢ᠋ ᠰᠠᠬᠢᠬᠤ ᠲᠦᠪ ᠤ᠋ᠨ ᠣᠨᠴᠠ ᠤᠷᠢᠭᠰᠠᠨ ᠡᠷᠬᠢᠯᠡᠭᠴᠢ ᠡᠮᠴᠢ ᠪᠣᠯᠤᠨ᠎ᠠ᠃ ᠮᠣᠩᠭᠣᠯ ᠡᠮᠨᠡᠯᠭᠡ ᠵᠢᠨ ᠡᠮᠴᠢᠯᠡᠭᠡ᠂ ᠡᠷᠳᠡᠮ ᠰᠢᠨᠵᠢᠯᠡᠭᠡᠨ ᠬᠢᠭᠡᠳ ᠵᠢᠭᠠᠨ ᠰᠤᠷᠭᠠᠯᠲᠠ ᠵᠢᠨ ᠨᠢᠭᠡᠳᠦᠭᠡᠷ ᠹᠷᠣᠨᠲ ᠲᠤ᠌ 40 ᠭᠠᠷᠤᠢ ᠵᠢᠯ ᠵᠢᠳᠭᠦᠨ ᠠᠵᠢᠯᠯᠠᠭᠰᠠᠨ ᠠᠯᠲᠠᠨᠰᠦ᠋ᠮᠪᠦᠷ ᠡᠮᠴᠢ ᠡᠷᠳᠡᠮ ᠰᠢᠨᠵᠢᠯᠡᠭᠡᠨ ᠤ᠋ ᠦᠨ᠎ᠡ ᠴᠠᠨ᠎ᠠ ᠲᠠᠢ ᠳᠤᠰ ᠪᠦᠳᠦᠭᠡᠯ ᠵᠢᠡᠨ 1980 ᠤᠨ ᠡᠴᠡ ᠭᠠᠷᠳᠠᠨ ᠪᠢᠴᠢᠵᠠᠢ᠃ ᠳᠤᠰ ᠪᠦᠳᠦᠭᠡᠯ ᠳ᠋ᠤ ᠮᠤᠩᠭᠤᠯ ᠡᠮ ᠤ᠋ᠨ 201 ᠨᠠᠢᠷᠠᠯᠭ᠎ᠠ ᠵᠢᠨ ᠪᠦᠷᠢᠯᠳᠦᠭᠦᠨ᠂ ᠬᠠᠷᠢᠴᠠᠯ᠂ ᠭᠤᠤᠯᠳᠠᠭᠤ ᠵᠠᠰᠠᠬᠤ᠂ ᠴᠢᠳᠠᠯ ᠵᠡᠷᠭᠡ ᠵᠢ ᠲᠦᠷᠪᠡᠨ ᠦᠭᠡ ᠵᠢᠨ ᠬᠡᠯᠪᠡᠷᠢ ᠪᠡᠷ ᠰᠢᠯᠦᠭᠯᠡᠨ ᠳᠡᠮᠳᠡᠭᠯᠡᠭᠰᠡᠨ ᠪᠠᠢᠨ᠎ᠠ᠃ ᠳᠤᠷᠠᠳᠤᠭᠤᠰᠢᠳᠠᠢ ᠨᠢ᠂ ᠳᠤᠰ ᠨᠤᠮ ᠳ᠋ᠤ 600 ᠭᠠᠷᠤᠢ ᠵᠦᠢᠯ ᠤ᠋ᠨ ᠦᠷᠭᠦᠯᠵᠢ ᠬᠡᠷᠡᠭᠯᠡᠳᠡᠭ ᠮᠣᠩᠭᠣᠯ ᠡᠮ ᠤ᠋ᠨ ᠮᠠᠲ᠋ᠧᠷᠢᠶᠠᠯ ᠪᠠᠭᠲᠠᠵᠤ᠂ ᠮᠤᠩᠭᠤᠯ ᠡᠮ ᠤ᠋ᠨ ᠨᠠᠢᠷᠠᠯᠭ᠎ᠠ ᠵᠢᠨ ᠢᠷᠡᠯᠳᠡ᠂ ᠬᠡᠮᠵᠢᠶ᠎ᠡ ᠪᠠ ᠠᠷᠭ᠎ᠠ᠂ ᠴᠡᠭᠡᠷᠯᠡᠯ ᠢ᠋ ᠳᠤᠳᠤᠷᠬᠠᠢ ᠳᠠᠨᠢᠯᠴᠠᠭᠤᠯᠤᠭᠰᠠᠨ ᠪᠦᠭᠡᠳ 《ᠵᠢᠵᠢᠭ ᠮᠡᠳᠡᠯᠭᠡ ᠵᠢᠨ ᠭᠠᠷᠴᠠᠭ》 ᠢ᠋ ᠵᠢᠭᠰᠠᠭᠠᠨ᠂ ᠨᠠᠢᠷᠠᠯᠭ᠎ᠠ ᠳ᠋ᠤ ᠬᠡᠷᠡᠭᠯᠡᠭᠦ ᠡᠮᠳᠤ ᠪᠤᠳᠠᠰ ᠤ᠋ᠨ ᠣᠨᠳᠣᠣ ᠨᠡᠷ᠎ᠡ᠂ ᠡᠮ ᠬᠡᠷᠡᠭᠯᠡᠬᠦ ᠳ᠋ᠤ ᠠᠩᠬᠠᠷᠬᠤ ᠵᠦᠢᠯᠡᠰ ᠵᠢᠴᠢ ᠬᠠᠮᠢᠶ᠎ᠠ ᠪᠦᠬᠦᠢ ᠮᠡᠳᠡᠯᠭᠡ ᠵᠢ ᠳᠠᠭᠠᠯᠳᠤᠭᠤᠯᠵᠤ᠂ ᠡᠮ ᠤ᠋ᠨ ᠮᠠᠲ᠋ᠧᠷᠢᠶᠠᠯ ᠢ᠋ ᠢᠯᠭᠠᠨ ᠲᠣᠳᠣᠯᠠᠬᠤ ᠵᠢᠴᠢ ᠣᠷᠣᠯᠠᠭᠤᠯᠬᠤ ᠲᠥᠰᠦᠯ ᠵᠡᠷᠭᠡ ᠵᠢ ᠲᠣᠳᠣᠷᠬᠠᠢ ᠲᠠᠢᠯᠪᠤᠷᠢᠯᠠᠵᠤ᠂ ᠨᠠᠢᠷᠠᠯᠭ᠎ᠠ ᠵᠢᠨ ᠡᠮᠳᠤ ᠪᠤᠳᠠᠰ ᠤ᠋ᠨ ᠬᠢᠳᠠᠳ ᠨᠡᠷ᠎ᠡ ᠪᠤᠯᠤᠨ ᠯᠠᠲ᠋ᠢᠨ ᠨᠠᠷ᠎ᠡ ᠵᠢ ᠳᠤᠰᠬᠠᠢ ᠴᠤᠬᠤᠯᠠᠪᠤᠷᠢᠯᠠᠵᠤ᠂ ᠨᠤᠮ ᠤ᠋ᠨ ᠬᠡᠷᠡᠭᠯᠡᠭᠡᠨ ᠤ᠋ ᠴᠢᠨᠠᠷ ᠪᠤᠯᠤᠨ ᠤᠩᠰᠢᠪᠤᠷᠢᠳᠠᠢ ᠴᠢᠨᠠᠷ ᠢ᠋ ᠨᠡᠮᠡᠭᠳᠡᠭᠦᠯᠵᠡᠢ᠃ ᠳᠤᠰ ᠪᠦᠳᠦᠭᠡᠯ ᠨᠢ ᠮᠣᠩᠭᠣᠯ ᠡᠮ ᠡᠮᠨᠡᠯᠭᠡ ᠵᠢᠨ ᠡᠮᠴᠢᠯᠡᠭᠡᠨ ᠤ᠋ ᠣᠨᠣᠰᠢᠯᠠᠯᠳᠠ ᠡᠮᠴᠢᠯᠡᠭᠡ᠂ ᠶᠡᠬᠡ ᠳᠡᠭᠡᠳᠦ ᠰᠤᠷᠭᠠᠭᠤᠯᠢ ᠵᠢᠨ ᠵᠢᠭᠠᠨ ᠰᠤᠷᠭᠠᠯᠲᠠ᠂ ᠴᠢᠳᠠᠪᠤᠷᠢᠲᠠᠨ ᠢ᠋ ᠬᠥᠮᠦᠵᠢᠭᠦᠯᠬᠦ ᠳ᠋ᠦ᠍ ᠯᠠᠪᠯᠠᠯᠲᠠ ᠵᠢᠨ ᠰᠢᠯᠢᠳᠡᠭ ᠡᠬᠢ ᠪᠠᠶᠠᠯᠢᠭ ᠢ᠋ ᠬᠠᠩᠭᠠᠵᠤ᠂ ᠮᠣᠩᠭᠣᠯ ᠡᠮ ᠡᠮᠨᠡᠯᠭᠡ ᠵᠢᠨ ᠤᠯᠠᠮᠵᠢᠯᠠᠨ ᠵᠠᠯᠭᠠᠮᠵᠢᠯᠠᠵᠤ ᠬᠥᠭᠵᠢᠭᠦᠯᠬᠦ ᠳ᠋ᠦ᠍ ᠴᠢᠨᠠᠭᠰᠢᠳᠠ ᠬᠦᠴᠦᠨ ᠨᠡᠮᠡᠷᠢᠯᠡᠨ᠂ ᠮᠣᠩᠭᠣᠯ ᠡᠮ ᠡᠮᠨᠡᠯᠭᠡ ᠵᠢᠨ ᠡᠷᠳᠡᠮ ᠰᠢᠨᠵᠢᠯᠡᠭᠡᠨ ᠤ᠋ ᠡᠷᠳᠡᠨᠢᠰ ᠤ᠋ᠨ ᠰᠠᠩ ᠢ᠋ ᠴᠢᠨᠠᠭᠰᠢᠳᠠ ᠪᠠᠶᠠᠯᠢᠭᠵᠢᠭᠤᠯᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号