ᠡᠨᠡ ᠵᠢᠯ ᠡᠴᠡ ᠨᠠᠭᠠᠰᠢ᠂ ᠳᠠᠯᠠᠨ ᠬᠠᠷ᠎ᠠ ᠠᠭᠤᠯᠠ ᠵᠢᠨ ᠠᠮᠢ ᠠᠬᠤᠢ ᠵᠢᠨ ᠠᠷᠠᠴᠢᠯᠠᠨ ᠬᠠᠮᠠᠭᠠᠯᠠᠬᠤ ᠲᠥᠪ ᠢᠮᠠᠭᠠᠲᠤ᠂ ᠲᠤᠰᠬᠤ ᠭᠡᠷ᠂ ᠬᠠᠷᠠᠭᠠᠴᠢᠨ᠂ ᠤᠯᠠᠭᠠᠨᠴᠠᠪᠤ᠋ᠨ ᠠᠷᠠᠴᠢᠯᠠᠨ ᠬᠠᠮᠠᠭᠠᠯᠠᠬᠤ ᠣᠷᠣᠨ ᠪᠦᠰᠡ ᠶ᠋ᠢ ᠨᠢᠭᠡᠳᠦᠯᠲᠡᠢ ᠲᠥᠯᠥᠪᠵᠢᠭᠦᠯᠵᠦ᠂ ᠰᠢᠷᠠᠯᠵᠢ ᠵᠢᠨ ᠢᠵᠠᠭᠤᠷ ᠤ᠋ᠨ ᠤᠷᠭᠤᠮᠠᠯ ᠢ᠋ ᠴᠡᠪᠡᠷᠯᠡᠨ ᠵᠠᠰᠠᠬᠤ ᠡᠯ᠎ᠡ ᠵᠦᠢᠯ ᠤ᠋ᠨ ᠠᠵᠢᠯ ᠢ᠋ ᠠᠬᠢᠭᠤᠯᠪᠠ᠃ ᠣᠲᠣ᠌ ᠪᠣᠯᠲᠠᠯ᠎ᠠ᠂ ᠬᠢᠨᠠᠨ ᠲᠣᠭᠲᠠᠭᠠᠭᠰᠠᠨ 6800 ᠮᠦ᠍ ᠰᠢᠷᠠᠯᠵᠢ ᠵᠢᠨ ᠢᠵᠠᠭᠤᠷ ᠤ᠋ᠨ ᠤᠷᠭᠤᠮᠠᠯ ᠢ᠋ ᠪᠦᠬᠦᠨ ᠢ᠋ ᠴᠡᠪᠡᠷᠯᠡᠨ ᠠᠷᠢᠯᠭᠠᠵᠤ᠂ ᠬᠡᠰᠡᠭ ᠣᠷᠣᠨᠤ ᠠᠮᠢ ᠠᠬᠤᠢ ᠵᠢᠨ ᠣᠷᠴᠢᠨ ᠨᠥᠬᠥᠴᠡᠯ ᠢ᠋ ᠵᠡᠷᠭᠡ ᠪᠡᠷ ᠳᠡᠭᠡᠭᠰᠢᠯᠡᠭᠦᠯᠪᠡ᠃
ᠰᠢᠷᠠᠯᠵᠢ ᠵᠢᠨ ᠢᠵᠠᠭᠤᠷ ᠤ᠋ᠨ ᠤᠷᠭᠤᠮᠠᠯᠤᠨ ᠤᠷᠭᠤᠯᠲᠠ ᠵᠢᠨ ᠵᠢᠮ᠎ᠡ ᠶᠣᠰᠣ᠌ᠲᠠᠢ ᠤᠶᠠᠯᠳᠤᠭᠤᠯᠤᠨ᠂ ᠠᠷᠠᠴᠢᠯᠠᠨ ᠬᠠᠮᠠᠭᠠᠯᠠᠬᠤ ᠲᠥᠪ ᠤ᠋ᠨ ᠡᠮᠦᠨᠡᠬᠢ ᠬᠤᠭᠤᠴᠠᠭᠠᠨᠤ ᠰᠢᠷᠠᠯᠵᠢ ᠵᠢᠨ ᠢᠵᠠᠭᠤᠷ ᠤ᠋ᠨ ᠤᠷᠭᠤᠮᠠᠯᠤᠨ ᠲᠥᠪᠯᠡᠷᠡᠩᠭᠦᠢ ᠲᠠᠷᠬᠠᠯᠲᠠ ᠵᠢᠨ ᠣᠷᠣᠨ ᠪᠦᠰᠡ ᠳ᠋ᠤ 6800 ᠮᠦ᠍ ᠰᠢᠷᠠᠯᠵᠢ ᠵᠢᠨ ᠢᠵᠠᠭᠤᠷ ᠤ᠋ᠨ ᠤᠷᠭᠤᠮᠠᠯ ᠢ᠋ ᠵᠠᠰᠠᠬᠤ ᠪᠡᠷ ᠣᠨᠣᠪᠴᠢᠲᠠᠶ ᠬᠢᠨᠠᠨ ᠲᠣᠭᠲᠠᠭᠠᠪᠠ᠃ ᠠᠷᠠᠴᠢᠯᠠᠨ ᠬᠠᠮᠠᠭᠠᠯᠠᠬᠤ ᠲᠥᠪ ᠲᠤᠬᠠᠢ ᠵᠢᠨ ᠭᠠᠵᠠᠷ ᠣᠷᠣᠨᠤ ᠪᠠᠢᠳᠠᠯ ᠳ᠋ᠤᠨᠢ ᠲᠣᠬᠢᠷᠠᠭᠤᠯᠬᠤ᠂ ᠲᠥᠷᠥᠯ ᠬᠤᠪᠢᠶᠠᠨ ᠠᠷᠭ᠎ᠠ ᠪᠣᠳᠣᠯᠭ᠎ᠠ ᠬᠡᠷᠡᠭᠵᠢᠭᠦᠯᠬᠦ ᠵᠠᠷᠴᠢᠮ ᠢ᠋ ᠪᠠᠷᠢᠮᠲᠠᠯᠠᠨ᠂ ᠮᠠᠰᠢᠨ ᠵᠢᠡᠷ ᠣᠭᠲᠣᠯᠬᠤ᠂ ᠬᠥᠮᠥᠨᠦ ᠬᠦᠴᠦ ᠪᠡᠷ ᠠᠷᠢᠯᠭᠠᠬᠤ᠂ ᠠᠮᠢᠳᠤ ᠪᠣᠳᠠᠰ ᠵᠢᠡᠷ ᠣᠷᠣᠯᠠᠭᠤᠯᠬᠤ ᠶ᠋ᠢ ᠬᠠᠷᠢᠯᠴᠠᠨ ᠤᠶᠠᠯᠳᠤᠭᠤᠯᠤᠭᠰᠠᠨ ᠵᠠᠭᠪᠤᠷ ᠢ᠋ ᠬᠡᠷᠡᠭᠯᠡᠨ ᠬᠠᠷᠰᠢᠮᠠᠲᠠᠭᠠᠢ ᠴᠢᠨᠠᠷᠲᠠᠢ ᠰᠢᠷᠠᠯᠵᠢ ᠵᠢᠨ ᠢᠵᠠᠭᠤᠷ ᠤ᠋ᠨ ᠤᠷᠭᠤᠮᠠᠯᠤᠨ ᠵᠠᠰᠠᠯᠲᠠ ᠶ᠋ᠢ ᠠᠯᠬᠤᠮ ᠬᠤᠪᠢᠶᠠᠨ ᠠᠬᠢᠭᠤᠯᠪᠠ᠃
ᠠᠷᠠᠴᠢᠯᠠᠨ ᠬᠠᠮᠠᠭᠠᠯᠠᠬᠤ ᠲᠥᠪᠡᠬᠢ ᠡᠭᠦᠰᠦᠯ ᠡᠴᠡ ᠨᠢ ᠬᠣᠷᠢᠭ᠍ᠯᠠᠬᠤᠳᠤ ᠠᠩᠬᠠᠷᠤᠯ ᠵᠢᠡᠨ ᠲᠥᠪᠯᠡᠷᠡᠭᠦᠯᠵᠦ᠂ ᠰᠢᠷᠠᠯᠵᠢ ᠡᠪᠡᠰᠦ ᠵᠢᠨ ᠵᠠᠯᠭᠠᠯᠳᠤᠭᠰᠠᠨ ᠣᠷᠣᠨ ᠪᠦᠰᠡ ᠳ᠋ᠤ ᠴᠢᠭᠯᠡᠭᠦᠯᠦᠨ ᠬᠥᠷᠥᠰᠥ ᠰᠢᠷᠣᠢ ᠶ᠋ᠢ ᠭᠦᠨ ᠤᠷᠪᠠᠭᠤᠯᠵᠤ ᠲᠡᠭᠰᠢᠯᠡᠬᠦ ᠵᠢᠨ ᠬᠠᠮᠲᠤ 9 ᠵᠦᠢᠯ ᠤ᠋ᠨ ᠨᠤᠲᠤᠭᠤᠨ ᠡᠪᠡᠰᠦᠨᠦ ᠦᠷ᠎ᠡ ᠶ᠋ᠢ ᠰᠣᠩᠭᠣᠵᠤ ᠬᠠᠮᠲᠤ ᠳ᠋ᠤᠨᠢ ᠲᠠᠷᠢᠵᠤ᠂ ᠪᠤᠰᠤᠳ ᠤᠷᠭᠤᠮᠠᠯᠬᠤᠴᠢᠯᠭᠠᠪᠠᠷ ᠰᠢᠷᠠᠯᠵᠢ ᠡᠪᠡᠰᠦ ᠵᠢᠨ ᠤᠷᠭᠤᠯᠲᠠ ᠵᠢᠨ ᠣᠷᠣᠨ ᠵᠠᠢ ᠶ᠋ᠢ ᠰᠢᠬᠠᠵᠤ᠂ ᠨᠡᠶ᠋ᠢᠲᠡ 1100 ᠮᠦ᠍ ᠣᠷᠣᠨ ᠪᠦᠰᠡ ᠶ᠋ᠢ ᠴᠡᠪᠡᠷᠯᠡᠬᠦ᠂ ᠦᠨᠳᠦᠰᠦ ᠶ᠋ᠢ ᠨᠢ ᠲᠠᠰᠤᠯᠬᠤ᠂ ᠤᠷᠭᠤᠯᠲᠠ ᠶ᠋ᠢ ᠨᠢ ᠨᠦᠯᠦᠭᠡᠯᠡᠬᠦ᠂ ᠪᠥᠬᠥ ᠬᠡᠯᠬᠢᠶ᠎ᠡ ᠪᠡᠷ ᠪᠢᠲᠡᠭᠦᠮᠵᠢᠯᠡᠨ ᠵᠠᠰᠠᠬᠤ ᠶ᠋ᠢ ᠪᠡᠶᠡᠯᠡᠭᠦᠯᠪᠡ᠃