ᠤᠷᠢᠳᠴᠢᠯᠠᠨ ᠰᠡᠷᠡᠮᠵᠢᠯᠡᠭᠦᠯᠬᠦ ᠴᠠᠭ᠄
2026
ᠣᠨ᠎ᠤ᠋
8
ᠰᠠᠷ᠎ᠠ᠎ᠶ᠋ᠢᠨ
3
ᠤ᠋
ᠡᠳᠦᠷ᠎ᠦ᠋ᠨ 20
ᠴᠠᠭᠠ᠋ᠴᠠ
2026
ᠣᠨ᠎ᠤ᠋
8
ᠰᠠᠷ᠎ᠠ᠎ᠶ᠋ᠢᠨ
4
ᠦ᠌
ᠡᠳᠦᠷ᠎ᠦ᠋ᠨ 20
ᠴᠠᠭ
ᠪᠣᠯᠲᠠᠯ᠎ᠠ
ᠥᠪᠥᠷ ᠮᠣᠩᠭᠣᠯ᠎ᠤ᠋ᠨ ᠥᠪᠡᠷᠲᠡᠭᠡᠨ ᠵᠠᠰᠠᠬᠤ
ᠣᠷᠣᠨ᠎ᠤ᠋ ᠪᠠᠢᠭᠠᠯᠢ᠎ᠶ᠋ᠢᠨ ᠡᠬᠢ ᠪᠠᠶᠠᠯᠢᠭ᠎ᠤ᠋ᠨ ᠲᠢᠩᠬᠢᠮ ᠪᠣᠯᠤᠨ ᠥᠪᠥᠷ ᠮᠣᠩᠭᠣᠯ᠎ᠤ᠋ᠨ ᠥᠪᠡᠷᠲᠡᠭᠡᠨ ᠵᠠᠰᠠᠬᠤ
ᠣᠷᠣᠨ᠎ᠤ᠋ ᠴᠠᠭ ᠠᠭᠤᠷ᠎ᠤ᠋ᠨ ᠲᠣᠪᠴᠢᠶ᠎ᠠ ᠬᠠᠮᠲᠤᠷᠠᠨ ᠭᠠᠵᠠᠷ ᠰᠢᠨᠵᠢᠯᠡᠭᠡᠨ᠎ᠤ ᠭᠠᠮᠰᠢᠭ᠎ᠤ᠋ᠨ ᠲᠦᠭᠰᠢᠭᠦᠷᠢ᠎ᠶ᠋ᠢᠨ
ᠰᠡᠷᠡᠮᠵᠢ ᠵᠢᠨ ᠳᠣᠬᠢᠶ᠎ᠠ ᠨᠡᠢᠲᠡᠯᠡᠪᠡ᠄
ᠵᠢᠱ᠌ᠢᠯᠲᠡ᠎ᠪᠡᠷ ᠡᠨᠡ ᠣᠷᠣᠢ ᠡᠴᠡ ᠮᠠᠷᠭᠠᠰᠢ
ᠪᠣᠯᠲᠠᠯ᠎ᠠ᠄
1
ᠳ᠋ᠤᠭᠡᠷ ᠳᠡᠰ᠎ᠦ᠋ᠨ ᠤᠯᠠᠭᠠᠨ ᠥᠩᠭᠡ ᠵᠢᠨ ᠰᠡᠷᠡᠮᠵᠢ᠎ᠶ᠋ᠢᠨ ᠳᠣᠬᠢᠶ᠎ᠠ᠄ ᠪᠠᠢᠬᠤ ᠦᠭᠡᠢ
2
ᠳ᠋ᠤᠭᠠᠷ ᠳᠡᠰ᠎ᠦ᠋ᠨ ᠤᠯᠠᠪᠤᠷ ᠥᠩᠭᠡ᠎ᠶ᠋ᠢᠨ ᠰᠡᠷᠡᠮᠵᠢ᠎ᠶ᠋ᠢᠨ ᠳᠣᠬᠢᠶ᠎ᠠ᠄ ᠪᠠᠢᠬᠤ ᠦᠭᠡᠢ
3
ᠳ᠋ᠤᠭᠠᠷ ᠳᠡᠰ᠎ᠦ᠋ᠨ ᠰᠢᠷ᠎ᠠ ᠥᠩᠭᠡ᠎ᠶ᠋ᠢᠨ ᠰᠡᠷᠡᠮᠵᠢ᠎ᠶ᠋ᠢᠨ ᠳᠣᠬᠢᠶ᠎ᠠ᠄
ᠤᠯᠠᠭᠠᠨᠬᠠᠳᠠ ᠬᠤᠲᠠ᠄ ᠠᠷᠤ
ᠬᠣᠷᠴᠢᠨ ᠬᠣᠰᠢᠭᠤ᠃
ᠳᠡᠭᠡᠷᠡᠬᠢ ᠭᠠᠵᠠᠷ ᠣᠷᠣᠨ᠎ᠳ᠋ᠤ᠌ ᠨᠤᠷᠠᠵᠤ
ᠶᠡᠭᠦᠷᠡᠬᠦ᠂ ᠠᠭᠤᠯᠠ ᠨᠤᠷᠠᠬᠤ᠂ ᠰᠢᠪᠠᠷ ᠴᠢᠯᠠᠭᠤᠨᠤ᠋ ᠤᠷᠤᠰᠬᠠᠯ ᠭᠠᠷᠬᠤ ᠵᠡᠷᠭᠡ ᠭᠠᠵᠠᠷ ᠰᠢᠨᠵᠢᠯᠡᠭᠡᠨ᠎ᠤ
ᠭᠠᠮᠰᠢᠭ ᠡᠭᠦᠰᠬᠦ ᠲᠦᠭᠰᠢᠭᠦᠷᠢᠲᠦ ᠴᠢᠨᠠᠷ ᠨᠢ ᠨᠡᠯᠢᠶᠡᠳ ᠥᠨᠳᠥᠷ᠃
4
ᠳ᠋ᠤᠭᠡᠷ ᠳᠡᠰ᠎ᠦ᠋ᠨ ᠬᠥᠬᠡ ᠥᠩᠭᠡ᠎ᠶ᠋ᠢᠨ ᠰᠡᠷᠡᠮᠵᠢ᠎ᠶ᠋ᠢᠨ ᠳᠣᠬᠢᠶ᠎ᠠ᠄
ᠬᠢᠩᠭᠠᠨ ᠠᠢᠮᠠᠭ᠄ ᠷᠠᠰᠢᠶᠠᠨ
ᠬᠣᠲᠠ᠃
ᠤᠯᠠᠭᠠᠨᠬᠠᠳᠠ ᠬᠣᠲᠠ᠄ ᠰᠦᠩᠱᠠᠨ
ᠲᠤᠭᠤᠷᠢᠭ᠂ ᠣᠩᠨᠢᠭᠤᠳ ᠬᠣᠰᠢᠭᠤ᠃
ᠤᠯᠠᠭᠠᠨᠴᠠᠪ ᠬᠣᠲᠠ᠄ ᠹᠧᠩᠵᠧᠨ
ᠬᠣᠲᠠ᠂ ᠰᠢᠩᠾᠧ ᠰᠢᠶᠠᠨ ᠃
ᠬᠥᠯᠥᠨ ᠪᠤᠢᠷ ᠬᠣᠲᠠ᠄ ᠵᠠᠯᠠᠨ
ᠠᠢᠯ ᠬᠣᠲᠠ᠃
ᠳᠡᠭᠡᠷᠡᠬᠢ ᠭᠠᠵᠠᠷ ᠣᠷᠣᠨ᠎ᠳ᠋ᠤ᠌ ᠨᠤᠷᠠᠵᠤ
ᠶᠡᠭᠦᠷᠡᠬᠦ᠂ ᠠᠭᠤᠯᠠ ᠨᠤᠷᠠᠬᠤ᠂ ᠰᠢᠪᠠᠷ ᠴᠢᠯᠠᠭᠤᠨᠤ᠋ ᠤᠷᠤᠰᠬᠠᠯ ᠭᠠᠷᠬᠤ ᠵᠡᠷᠭᠡ ᠭᠠᠵᠠᠷ ᠰᠢᠨᠵᠢᠯᠡᠭᠡᠨ᠎ᠤ
ᠭᠠᠮᠰᠢᠭ ᠡᠭᠦᠰᠬᠦ ᠵᠣᠬᠢᠬᠤ ᠬᠡᠮᠵᠢᠶᠡᠨ᠎ᠦ᠌ ᠲᠦᠭᠰᠢᠭᠦᠷᠢᠲᠡᠢ᠃

ᠰᠢᠷ᠎ᠠ ᠥᠩᠭᠡ᠎ᠶ᠋ᠢᠨ ᠰᠡᠷᠡᠮᠵᠢ ᠵᠢᠨ
ᠲᠤᠬᠢᠶᠠᠨ᠎ᠤ ᠣᠷᠣᠨ ᠳ᠋ᠠᠬᠢ ᠬᠥᠮᠦᠰ ᠴᠠᠭ ᠢᠮᠠᠭᠲᠠ ᠰᠡᠷᠡᠮᠵᠢᠯᠡᠭᠦᠯᠬᠦ ᠮᠡᠳᠡᠭᠡ ᠵᠠᠩᠭᠢ᠎ᠶ᠋ᠢᠨ ᠬᠤᠪᠢᠷᠠᠯᠲᠠ᠎ᠶ᠋ᠢ
ᠠᠩᠬᠠᠷᠴᠤ᠂ ᠣᠢᠷ᠎ᠠ ᠣᠷᠴᠢᠮ᠎ᠤ᠋ᠨ ᠰᠡᠷᠡᠮᠵᠢᠯᠡᠭᠦᠯᠬᠦ ᠲᠡᠮᠳᠡᠭ᠎ᠢ᠋ ᠠᠩᠬᠠᠷᠤᠨ᠂ ᠭᠣᠣ ᠬᠥᠨᠳᠡᠢ᠂ ᠨᠠᠯᠠᠤ ᠬᠠᠵᠠᠭᠤ᠂
ᠡᠭᠴᠡ ᠤᠷᠬᠢᠯ ᠵᠡᠷᠭᠡ ᠲᠦᠭᠰᠢᠭᠦᠷᠢ ᠶᠡᠬᠡᠲᠡᠢ ᠭᠠᠵᠠᠷ ᠣᠷᠣᠨᠢ᠋ᠶ᠋ᠠᠷ ᠬᠣᠷᠭᠣᠳᠠᠨ ᠰᠠᠭᠠᠳᠠᠬᠤ ᠦᠭᠡᠢ ᠪᠠᠢᠬᠤ
ᠬᠡᠷᠡᠭᠲᠡᠢ︔
ᠬᠥᠬᠡ ᠥᠩᠭᠡ᠎ᠶ᠋ᠢᠨ ᠰᠡᠷᠡᠮᠵᠢ ᠵᠢᠨ
ᠳᠤᠬᠢᠶᠠᠨ᠎ᠤ ᠣᠷᠣᠨ᠎ᠳᠤ ᠴᠠᠭ ᠠᠭᠤᠷ᠎ᠤ᠋ᠨ ᠬᠦᠴᠦᠨ ᠵᠦᠢᠯ᠎ᠡᠴᠡ ᠪᠣᠯᠵᠤ ᠭᠡᠨᠡᠳᠲᠡ᠎ᠶ᠋ᠢᠨ ᠴᠢᠨᠠᠷᠲᠠᠢ ᠭᠠᠵᠠᠷ
ᠰᠢᠨᠵᠢᠯᠡᠭᠡᠨ᠎ᠤ ᠭᠠᠮᠰᠢᠭ ᠡᠭᠦᠰᠬᠦ ᠵᠣᠬᠢᠬᠤ ᠲᠦᠭᠰᠢᠭᠦᠷᠢᠲᠡᠢ᠂ ᠲᠦᠭᠰᠢᠭᠦᠷᠢ᠎ᠶ᠋ᠢ ᠰᠡᠷᠡᠮᠵᠢᠯᠡᠭᠦᠯᠬᠦ ᠬᠤᠭᠤᠴᠠᠭ᠎ᠠ᠎ᠶ᠋ᠢᠨ
ᠳᠣᠲᠣᠷ᠎ᠠ ᠴᠢᠬᠤᠯᠠ ᠭᠠᠵᠠᠷ ᠰᠢᠨᠵᠢᠯᠡᠭᠡᠨ᠎ᠤ ᠭᠠᠮᠰᠢᠭ᠎ᠤ᠋ᠨ ᠭᠡᠮ ᠰᠤᠭᠤᠭᠦ᠋ᠨ ᠴᠡᠭᠢ᠋ ᠴᠠᠭᠳᠠᠨ ᠪᠠᠢᠴᠠᠭᠠᠵᠤ
ᠬᠢᠨᠠᠨ ᠬᠡᠮᠵᠢᠵᠦ᠂ ᠭᠠᠵᠠᠷ ᠰᠢᠨᠵᠢᠯᠡᠭᠡᠨ᠎ᠤ ᠭᠠᠮᠰᠢᠭ᠎ᠤ᠋ᠨ ᠴᠠᠭ ᠠᠭᠤᠷ᠎ᠤ᠋ᠨ ᠲᠦᠭᠰᠢᠭᠦᠷᠢ᠎ᠶ᠋ᠢᠨ ᠤᠷᠢᠳᠴᠢᠯᠠᠨ
ᠰᠡᠷᠡᠮᠵᠢᠯᠡᠭᠦᠯᠬᠦ ᠠᠵᠢᠯ᠎ᠢ᠋ ᠨᠢᠭᠲᠠ ᠠᠩᠬᠠᠷᠬᠤ ᠬᠡᠷᠡᠭᠲᠡᠢ᠃
ᠡᠯ᠎ᠡ ᠱᠠᠲᠤᠨ᠎ᠤ᠋ ᠵᠠᠰᠠᠭ᠎ᠤ᠋ᠨ ᠣᠷᠳᠣᠨ
ᠵᠢᠴᠢ ᠬᠠᠮᠢᠶ᠎ᠠ ᠪᠦᠬᠦᠢ ᠰᠠᠯᠠᠭ᠎ᠠ ᠮᠥᠴᠢᠷ ᠪᠠᠴᠢᠮ ᠪᠠᠢᠳᠠᠯ᠎ᠢ᠋ ᠠᠷᠭᠠᠴᠠᠭᠠᠬᠤ ᠪᠡᠯᠡᠳᠬᠡᠯ ᠲᠥᠰᠦᠯᠦ᠋ᠨ ᠶᠣᠰᠣᠭᠠᠷ
ᠭᠠᠵᠠᠷ ᠰᠢᠨᠵᠢᠯᠡᠭᠡᠨ᠎ᠤ ᠭᠠᠮᠰᠢᠭᠢ᠋ ᠰᠡᠷᠭᠡᠢᠯᠡᠬᠦ ᠠᠵᠢᠯ᠎ᠢ᠋ ᠰᠠᠢᠲᠤᠷ ᠬᠢᠬᠦ ᠬᠡᠷᠡᠭᠲᠡᠢ᠃ ᠨᠡᠢᠭᠡᠮ ᠨᠡᠢᠲᠡ
ᠪᠠᠷ ᠵᠢᠠᠨ ᠭᠠᠵᠠᠷ ᠰᠢᠨᠵᠢᠯᠡᠭᠡᠨ᠎ᠤ ᠭᠠᠮᠰᠢᠭ᠎ᠤ᠋ᠨ ᠴᠠᠭ ᠠᠭᠤᠷ᠎ᠤ᠋ᠨ ᠲᠦᠭᠰᠢᠭᠦᠷᠢ᠎ᠶ᠋ᠢ ᠰᠡᠷᠡᠮᠵᠢᠯᠡᠭᠦᠯᠬᠦ
ᠮᠡᠳᠡᠭᠡ ᠵᠠᠩᠭᠢ᠎ᠶ᠋ᠢ ᠴᠠᠭ ᠲᠤᠬᠠᠢ᠎ᠳ᠋ᠤᠨᠢ ᠠᠩᠬᠠᠷᠴᠤ᠂ ᠭᠠᠵᠠᠷ ᠰᠢᠨᠵᠢᠯᠡᠭᠡᠨ᠎ᠤ ᠭᠠᠮᠰᠢᠭᠢ᠋ ᠰᠡᠷᠡᠮᠵᠢᠯᠡᠭᠦᠯᠬᠦ
ᠣᠷᠣᠨ᠎ᠳ᠋ᠤ᠌ ᠣᠴᠢᠬᠤ ᠬᠡᠷᠡᠭᠲᠡᠢ ᠪᠤᠯ ᠪᠤᠯᠭᠤᠮᠵᠢᠯᠠᠬᠤ ᠬᠡᠷᠡᠭᠲᠡᠢ᠃
ᠢᠷᠡᠯᠲᠡ᠄ ᠦᠪᠦᠷ ᠮᠤᠩᠭᠤᠯ᠎ᠤᠨ ᠴᠠᠭ ᠠᠭᠤᠷ