ᠬᠥᠬᠡᠬᠣᠲᠠ ᠪᠤᠯᠤᠨ ᠪᠤᠭᠤᠲᠤ᠌ ᠤᠯᠤᠰ ᠤ᠋ᠨ ᠶᠡᠷᠦᠩᠬᠡᠶ᠋ᠢᠯᠡᠭᠰᠡᠨ ᠪᠠᠷᠠᠭᠠᠨ ᠤ᠋ ᠲᠡᠭᠡᠭᠡᠪᠦᠷᠢ ᠢ᠋ᠢᠨ ᠬᠦᠢᠰᠤ ᠢ᠋ᠢᠨ ᠬᠡᠯᠬᠢᠶ᠎ᠡ ᠢ᠋ᠢ ᠨᠥᠬᠥᠪᠥᠷᠢᠯᠡᠵᠤ ᠬᠦᠴᠦᠷᠬᠡᠭᠵᠢᠬᠦᠯᠬᠦ ᠬᠤᠲᠠ ᠪᠡᠷ ᠰᠤᠡᠭᠭᠤᠬᠳᠠᠪᠠ
2026-08-19 10:50:24
ᠵᠣᠬᠢᠶᠠᠭ᠍ᠴᠢ᠄
ᠦᠨᠢᠷ
ᠣᠩᠱᠢᠭ᠍ᠰᠠᠨ ᠣᠳᠠᠭ᠎ᠠ᠄
★★★☆☆

ᠦᠪᠦᠷ ᠮᠤᠡᠭᠭᠤᠯ ᠤ᠋ᠨ ᠥᠪᠡᠷᠲᠡᠭᠡᠨ ᠵᠠᠰᠠᠬᠤ ᠣᠷᠣᠨ ᠤ᠋ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠲᠢᠩᠬᠢᠮ ᠡᠴᠡ ᠤᠢᠯᠠᠭᠠᠭᠰᠠᠨ ᠢ᠋ᠢᠡᠷ᠂ ᠬᠥᠬᠡᠬᠣᠲᠠ ᠪᠤᠯᠤᠨ ᠪᠤᠭᠤᠲᠤ᠌ ᠬᠤᠲᠠ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠶᠠᠮᠤᠨ ᠪᠣᠯᠤᠨ ᠡᠳ᠋ ᠤ᠋ᠨ ᠵᠠᠰᠠᠭ ᠤ᠋ᠨ ᠶᠠᠮᠤᠨ ᠤ᠋ ᠤᠢᠷ᠎ᠠ ᠳ᠋ᠤ ᠨᠡᠢᠳᠡᠯᠡᠭᠰᠡᠨ 2026 ᠣᠨ ᠤ᠋ ᠰᠢᠨ᠎ᠡ ᠨᠢᠭᠡ ᠡᠭᠡᠯᠵᠢ ᠢ᠋ᠢᠨ ᠤᠯᠤᠰ ᠤ᠋ᠨ ᠶᠡᠷᠦᠩᠬᠡᠶ᠋ᠢᠯᠡᠭᠰᠡᠨ ᠪᠠᠷᠠᠭᠠᠨ ᠤ᠋ ᠲᠡᠭᠡᠭᠡᠪᠦᠷᠢ ᠢ᠋ᠢᠨ ᠬᠦᠢᠰᠤ ᠢ᠋ᠢᠨ ᠬᠡᠯᠬᠢᠶ᠎ᠡ ᠢ᠋ᠢ ᠨᠥᠬᠥᠪᠥᠷᠢᠯᠡᠵᠤ ᠬᠦᠴᠦᠷᠬᠡᠭᠵᠢᠬᠦᠯᠬᠦ ᠢ᠋ᠢ ᠳᠡᠮᠵᠢᠬᠦ ᠬᠣᠲᠠ ᠢ᠋ᠢᠨ ᠨᠡᠷᠡᠰ ᠲᠦ᠍ ᠣᠷᠣᠵᠤ᠂ 15 ᠳ᠋ᠦᠩᠰᠢᠭᠤᠷ ᠲᠥᠭᠥᠷᠢᠭ ᠤ᠋ᠨ ᠪᠠᠯᠠ ᠮᠥᠩᠭᠥ ᠢ᠋ᠢᠨ ᠨᠥᠬᠥᠪᠥᠷᠢ ᠤᠯᠬᠤ ᠪᠤᠯᠤᠮᠵᠢ ᠲᠠᠢ ᠪᠠᠶ᠋ᠢᠨ᠎ᠠ᠃

《ᠰᠢᠨ᠎ᠡ ᠨᠢᠭᠡ ᠡᠭᠡᠯᠵᠢ ᠢ᠋ᠢᠨ ᠤᠯᠤᠰ ᠤ᠋ᠨ ᠶᠡᠷᠦᠩᠬᠡᠶ᠋ᠢᠯᠡᠭᠰᠡᠨ ᠪᠠᠷᠠᠭᠠᠨ ᠤ᠋ ᠲᠡᠭᠡᠭᠡᠪᠦᠷᠢ ᠢ᠋ᠢᠨ ᠬᠦᠢᠰᠤ ᠢ᠋ᠢᠨ ᠬᠡᠯᠬᠢᠶ᠎ᠡ ᠢ᠋ᠢ ᠨᠥᠬᠥᠪᠥᠷᠢᠯᠡᠵᠤ ᠬᠦᠴᠦᠷᠬᠡᠭᠵᠢᠬᠦᠯᠬᠦ ᠠᠵᠢᠯᠯᠠᠭᠠᠨ ᠤ᠋ ᠭᠤᠷᠪᠠᠨ ᠵᠢᠯ ᠤ᠋ᠨ ᠬᠡᠷᠡᠭᠵᠢᠭᠦᠯᠬᠦ᠌ ᠲᠥᠰᠦᠯ (2026 — 2028 ᠣᠨ)》 ᠶᠣᠰᠣᠭᠠᠷ᠂ ᠬᠥᠬᠡᠬᠣᠲᠠ ᠪᠤᠯᠤᠨ ᠪᠤᠭᠤᠲᠤ᠌ ᠬᠤᠲᠠ ᠨᠠᠶ᠋ᠮᠠᠨ ᠶᠡᠬᠡ ᠶᠡᠷᠦᠩᠬᠡᠶ᠋ᠢᠯᠡᠭᠰᠡᠨ ᠪᠠᠷᠠᠭᠠᠨ ᠤ᠋ ᠲᠡᠭᠡᠭᠡᠪᠦᠷᠢ ᠢ᠋ᠢᠨ ᠬᠦᠢᠰᠤ ᠴᠡᠭ ᠢ᠋ ᠨᠢᠭᠡᠳᠦᠯᠲᠡᠶ ᠲᠥᠯᠥᠪᠵᠢᠭᠦᠯᠦᠨ ᠪᠠᠶ᠋ᠢᠷᠢᠰᠢᠭᠤᠯᠵᠤ᠂ 《ᠨᠢᠭᠡ ᠴᠡᠭ ᠨᠢᠭᠡ ᠠᠷᠭ᠎ᠠ ᠪᠣᠳᠣᠯᠭ᠎ᠠ》 ᠪᠠᠷ ᠡᠯ᠎ᠡ ᠲᠥᠷᠥᠯ ᠵᠦᠢᠯ ᠤ᠋ᠨ ᠬᠡᠷᠡᠭᠵᠢᠭᠦᠯᠦᠯᠲᠡ ᠢ᠋ᠢ ᠳᠡᠮᠵᠢᠵᠦ᠍᠂ ᠣᠯᠠᠨ ᠬᠡᠯᠪᠡᠷᠢ ᠢ᠋ᠢᠨ ᠬᠣᠯᠪᠣᠭᠠᠯᠠᠨ ᠲᠡᠭᠡᠭᠡᠪᠦᠷᠢᠯᠡᠬᠦ᠌ ᠲᠦᠭᠵᠢᠷᠡᠯ ᠤ᠋ᠨ ᠴᠡᠭ ᠢ᠋ ᠨᠡᠪᠲᠡᠷᠡᠭᠦᠯᠤᠨ᠂ 2028 ᠣᠨ ᠤ᠋ ᠰᠡᠭᠦᠯᠴᠢ ᠪᠤᠯᠲᠠᠯ᠎ᠠ 9 ᠵᠤᠷᠪᠤᠰ 《ᠨᠢᠭᠡ ᠬᠠᠭᠤᠳᠠᠰᠤ ᠢ᠋ᠢᠨ ᠲᠦᠷᠢᠮ》 ᠤ᠋ᠨ ᠱᠤᠭᠤᠮ ᠢ᠋ ᠪᠠᠶ᠋ᠢᠩᠭᠤᠵᠢᠭᠤᠯᠤᠨ ᠡᠵᠡᠩᠨᠡᠵᠦ᠍᠂ 《ᠬᠢᠯᠢ ᠳᠠᠭᠠᠤ — ᠳᠠᠯᠠᠢ ᠳᠠᠭᠠᠤ》 ᠵᠠᠰᠠᠮᠠᠯ ᠵᠠᠮ ᠲᠡᠮᠦᠷ ᠵᠠᠮ ᠤᠰᠤᠨ ᠵᠠᠮ ᠤ᠋ᠨ ᠬᠣᠯᠪᠣᠭᠠᠯᠠᠨ ᠲᠡᠭᠡᠭᠡᠪᠦᠷᠢᠯᠡᠬᠦ᠌ ᠵᠠᠮ ᠱᠤᠭᠤᠮ ᠢ᠋ ᠰᠢᠯᠤᠭᠤᠳᠬᠠᠨ᠂ ᠡᠨᠧᠷᠭᠢ ᠪᠤᠯᠤᠨ ᠪᠠᠶ᠋ᠢᠯᠳᠤᠬᠤ ᠪᠤᠳᠤᠯᠭ᠎ᠠ ᠢ᠋ᠢᠨ ᠡᠬᠢ ᠪᠠᠶᠠᠯᠢᠭ ᠤ᠋ᠨ ᠬᠠᠳᠠᠭᠠᠯᠠᠨ ᠲᠡᠭᠡᠭᠡᠪᠦᠷᠢᠯᠡᠬᠦ ᠴᠢᠳᠠᠪᠤᠷᠢ ᠢ᠋ᠢ 4500 ᠲᠦᠮᠡᠨ ᠲᠤᠨ ᠡᠴᠡ ᠳᠡᠭᠡᠭᠰᠢ ᠳ᠋ᠤ ᠬᠦᠷᠭᠡᠨ᠎ᠠ᠃ ᠬᠥᠬᠡᠬᠣᠲᠠ ᠤᠯᠤᠰ ᠤ᠋ᠨ ᠤᠮᠠᠷᠠᠰᠢ ᠨᠡᠭᠡᠭᠡᠯᠲᠡ ᠬᠢᠬᠦ᠌ ᠴᠢᠬᠤᠯᠠ ᠪᠡᠬᠢᠯᠡᠯᠲᠡ ᠢ᠋ᠢᠨ ᠭᠤᠤᠯ ᠬᠦᠢᠰᠤ ᠪᠣᠯᠵᠣ᠂ ᠪᠤᠭᠤᠲᠤ ᠤᠯᠤᠰ ᠤ᠋ᠨ ᠴᠢᠬᠤᠯᠠ ᠶᠡᠬᠡ ᠲᠠᠸᠠᠷ ᠤ᠋ᠨ ᠡᠬᠢ ᠪᠠᠶᠠᠯᠢᠭ ᠢ᠋ ᠳᠣᠭᠢᠷᠠᠭᠤᠯᠬᠤ ᠬᠦᠶ᠋ᠰᠦ ᠪᠣᠯᠬᠤ ᠪᠣᠯᠤᠨ᠎ᠠ᠃

ᠰᠢᠨ᠎ᠡ ᠨᠢᠭᠡ ᠡᠭᠡᠯᠵᠢ ᠢ᠋ᠢᠨ ᠤᠯᠤᠰ ᠤ᠋ᠨ ᠶᠡᠷᠦᠩᠬᠡᠶ᠋ᠢᠯᠡᠭᠰᠡᠨ ᠪᠠᠷᠠᠭᠠᠨ ᠤ᠋ ᠲᠡᠭᠡᠭᠡᠪᠦᠷᠢ ᠢ᠋ᠢᠨ ᠬᠦᠢᠰᠤ ᠢ᠋ᠢᠨ ᠬᠡᠯᠬᠢᠶ᠎ᠡ ᠢ᠋ᠢ ᠨᠥᠬᠥᠪᠥᠷᠢᠯᠡᠵᠤ ᠬᠦᠴᠦᠷᠬᠡᠭᠵᠢᠬᠦᠯᠬᠦ ᠠᠵᠢᠯ ᠢ᠋ ᠨᠠᠶ᠋ᠢᠳᠠᠪᠤᠷᠢᠵᠢᠭᠤᠯᠬᠤ ᠢ᠋ᠢᠨ ᠲᠦᠯᠦᠭᠡ᠂ ᠥᠪᠡᠷᠲᠡᠭᠡᠨ ᠵᠠᠰᠠᠬᠤ ᠣᠷᠣᠨ ᠤ᠋ ᠵᠠᠮ ᠬᠠᠷᠢᠯᠴᠠᠭ᠎ᠠ᠂ ᠡᠳ᠋ ᠤ᠋ᠨ ᠵᠠᠰᠠᠭ ᠤ᠋ᠨ ᠰᠠᠯᠠᠭ᠎ᠠ ᠮᠥᠴᠢᠷ ᠬᠠᠮᠲᠤᠷᠠᠨ ᠬᠦᠴᠦᠯᠡᠵᠦ᠍᠂ ᠪᠠᠯᠠ ᠮᠥᠩᠭᠥ ᠢ᠋ᠢᠨ ᠬᠠᠮᠢᠶᠠᠷᠤᠯᠲᠠ᠂ ᠠᠬᠢᠴᠠ ᠢ᠋ᠢᠨ ᠬᠠᠮᠢᠶᠠᠷᠤᠯᠲᠠ᠂ ᠰᠢᠯᠭᠠᠨ ᠠᠪᠬᠤ ᠬᠠᠮᠢᠶᠠᠷᠤᠯᠲᠠ ᠵᠡᠷᠭᠡ ᠡᠯ᠎ᠡ ᠵᠦᠢᠯ ᠤ᠋ᠨ ᠠᠵᠢᠯ ᠢ᠋ ᠨᠢᠭᠡᠳᠦᠯᠲᠡᠶ ᠲᠥᠯᠥᠪᠵᠢᠭᠦᠯᠦᠨ ᠠᠬᠢᠭᠤᠯᠵᠤ᠂ ᠬᠣᠯᠪᠣᠭᠠᠯᠠᠨ ᠲᠣᠬᠢᠷᠠᠭᠤᠯᠬᠤ᠂ ᠬᠥᠳᠡᠯᠦᠩᠭᠦᠢ ᠪᠡᠷ ᠰᠢᠯᠭᠠᠨ ᠬᠢᠨᠠᠬᠤ ᠲᠣᠭᠲᠠᠴᠠ ᠢ᠋ᠢ ᠪᠠᠶ᠋ᠢᠭᠤᠯᠤᠨ᠂ ᠡᠭᠦᠷᠭᠡ ᠢ᠋ᠢᠨ ᠨᠠᠢᠳᠠᠪᠤᠷᠢᠵᠢᠭᠤᠯᠤᠯᠲᠠ ᠢ᠋ᠢ ᠲᠤᠰᠬᠠᠢ ᠲᠥᠷᠥᠯ ᠢ᠋ᠢᠡᠷ ᠠᠬᠢᠭᠤᠯᠵᠤ᠂ ᠥᠪᠡᠷᠲᠡᠭᠡᠨ ᠵᠠᠰᠠᠬᠤ ᠣᠷᠣᠨ ᠤ᠋ ᠢᠵᠢ ᠪᠦᠷᠢᠳᠦᠭᠦᠯᠬᠦ᠌ ᠪᠠᠯᠠ ᠮᠥᠩᠭᠥ ᠢ᠋ᠢ 2 ᠳ᠋ᠦᠩᠰᠢᠭᠤᠷ ᠲᠥᠭᠥᠷᠢᠭ ᠡᠴᠡ ᠳᠤᠤᠷ᠎ᠠ ᠪᠠᠶ᠋ᠢᠯᠭᠠᠬᠤ ᠥᠬᠡᠶ ᠪᠠᠶ᠋ᠢᠵᠤ᠂ ᠲᠥᠷᠥᠯ ᠵᠦᠢᠯ ᠤ᠋ᠨ ᠬᠡᠷᠡᠭᠵᠢᠬᠦᠯᠦᠯᠲᠡ ᠢ᠋ᠢ ᠭᠤᠤᠯᠳᠠᠯᠭ᠎ᠠ ᠲᠠᠶ ᠳᠡᠮᠵᠢᠬᠦ ᠪᠡᠷ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号