ᠳᠤᠮᠳᠠᠳᠤ ᠤᠯᠤᠰ᠎ᠤᠨ ᠰᠢᠤᠳᠠᠨ 8 ᠰᠠᠷ᠎ᠠ᠎ᠶᠢᠨ 17 ᠤ᠋ ᠡᠳᠦᠷ 《ᠵᠢᠶᠠᠩ ᠽᠧ ᠮᠢᠨ ᠨᠥᠬᠥᠷ᠎ᠦᠨ ᠮᠡᠨᠳᠦᠯᠡᠭᠰᠡᠨ 100 ᠵᠢᠯ᠎ᠦᠨ ᠤᠢ᠎ᠶᠢ ᠳᠤᠷᠠᠰᠬᠠᠬᠤ ᠨᠢ》 ᠭᠡᠬᠦ ᠳᠤᠷᠠᠰᠬᠠᠯ᠎ᠤᠨ ᠰᠢᠤᠳᠠᠨ ᠤ᠋ ᠲᠡᠮᠳᠡᠭ᠎ᠢ 1 ᠢᠵᠢ 2 ᠬᠤᠪᠢ᠂ ᠵᠢᠵᠢᠭ ᠬᠠᠭᠤᠳᠠᠰᠤ᠎ᠳᠤ ᠰᠢᠤᠳᠠᠨ᠎ᠤ ᠲᠡᠮᠳᠡᠭ᠎ᠢ 1 ᠬᠤᠪᠢ ᠲᠠᠷᠬᠠᠭᠠᠪᠠ᠃ ᠰᠢᠤᠳᠠᠨ ᠤ᠋ ᠲᠡᠮᠳᠡᠭᠲᠦ ᠢᠯᠡᠷᠡᠭᠦᠯᠦᠭᠰᠡᠨ ᠠᠭᠤᠯᠭ᠎ᠠ ᠨᠢ᠄ ᠵᠢᠶᠠᠩ ᠽᠧ ᠮᠢᠨ ᠨᠥᠬᠥᠷ ᠱᠠᠩᠬᠠᠢ᠎ᠳᠤ᠂ ᠵᠢᠶᠠᠩ ᠽᠧ ᠮᠢᠨ ᠨᠥᠬᠥᠷ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠠᠷᠪᠠᠨ ᠲᠠᠪᠤᠳᠤᠭᠠᠷ ᠤᠳᠠᠭ᠎ᠠ᠎ᠶᠢᠨ ᠪᠦᠬᠦ ᠤᠯᠤᠰ᠎ᠤᠨ ᠲᠥᠯᠥᠭᠡᠯᠡᠭᠴᠢᠳ᠎ᠦᠨ ᠶᠡᠬᠡ ᠬᠤᠷᠠᠯ ᠳᠡᠭᠡᠷ᠎ᠡ ᠪᠠᠢᠭ᠎ᠠ ᠪᠤᠯᠤᠨ᠎ᠠ᠃ ᠵᠢᠵᠢᠭ ᠬᠠᠭᠤᠳᠠᠰᠤ᠎ᠳᠤ ᠰᠢᠤᠳᠠᠨ᠎ᠤ ᠲᠡᠮᠳᠡᠭᠲᠦ ᠢᠯᠡᠷᠡᠬᠦᠯᠦᠭᠰᠡᠨ ᠠᠭᠤᠯᠭ᠎ᠠ ᠨᠢ᠄ ᠵᠢᠶᠠᠩ ᠽᠧ ᠮᠢᠨ ᠨᠥᠬᠥᠷ ᠲᠢᠶᠠᠨ ᠠᠨ ᠮᠧᠨ ᠠᠰᠠᠷ ᠳᠡᠭᠡᠷ᠎ᠡ ᠤᠯᠠᠨ ᠲᠦᠮᠡᠨ᠎ᠦ ᠵᠢᠭ᠍ᠰᠠᠭᠠᠯ᠎ᠤᠨ ᠡᠩᠨᠡᠭᠡ ᠵᠦᠭ ᠭᠠᠷ ᠳᠠᠯᠠᠯᠤᠨ ᠬᠦᠨᠳᠦᠳᠬᠡᠯ ᠳᠡᠪᠰᠢᠬᠦᠯᠵᠦ ᠪᠠᠢᠭ᠎ᠠ ᠪᠤᠯᠤᠨ᠎ᠠ᠃
ᠳᠤᠷᠠᠰᠬᠠᠯ᠎ᠤᠨ ᠰᠢᠤᠳᠠᠨ ᠤ᠋ ᠲᠡᠮᠳᠡᠭ ᠪᠠ ᠵᠢᠵᠢᠭ ᠬᠠᠭᠤᠳᠠᠰᠤ᠎ᠳᠤ ᠰᠢᠤᠳᠠᠨ᠎ᠤ ᠲᠡᠮᠳᠡᠭ᠎ᠢ ᠲᠤᠰ ᠲᠤᠰ ᠰᠢᠩ ᠸᠸᠨ ᠸᠧᠢ᠂ᠶ᠌ᠢᠨ ᠰᠢᠶᠣᠣ ᠹᠧᠢ ᠵᠢᠷᠤᠵᠤ ᠲᠥᠯᠥᠪᠯᠡᠨ᠂ ᠪᠡᠭᠡᠵᠢᠩ᠎ᠦᠨ ᠰᠢᠤᠳᠠᠨ ᠤ᠋ ᠲᠡᠮᠳᠡᠭ᠎ᠦᠨ ᠦᠢᠯᠡᠳᠪᠦᠷᠢ᠎ᠶᠢᠨ ᠬᠢᠵᠠᠭᠠᠷᠲᠤ ᠺᠣᠮᠫᠠᠨᠢ ᠡᠴᠡ ᠰᠡᠭᠦᠳᠡᠷᠯᠡᠨ ᠪᠠᠭᠤᠯᠭᠠᠵᠤ ᠳᠠᠷᠤᠮᠠᠯᠯᠠᠨ ᠦᠢᠯᠡᠳᠪᠡ᠃ ᠪᠦᠬᠦ ᠢᠵᠢ ᠳᠤᠷᠠᠰᠬᠠᠯ᠎ᠤᠨ ᠰᠢᠤᠳᠠᠨ ᠤ᠋ ᠲᠡᠮᠳᠡᠭ᠎ᠤᠨ ᠦᠨ᠎ᠡ ᠨᠢ 2.40 ᠲᠥᠭᠥᠷᠢᠭ᠂ ᠲᠥᠯᠥᠪᠯᠡᠭᠰᠡᠨ ᠲᠠᠷᠬᠠᠭᠠᠬᠤᠲᠤᠭᠠ ᠨᠢ 400 ᠲᠦᠮᠡᠨ ᠬᠤᠪᠢ᠃ ᠵᠢᠵᠢᠭ ᠬᠠᠭᠤᠳᠠᠰᠤ᠎ᠳᠤ ᠰᠢᠤᠳᠠᠨ᠎ᠤ ᠲᠡᠮᠳᠡᠭ᠎ᠤᠨ ᠦᠨ᠎ᠡ ᠨᠢ 6 ᠲᠥᠭᠥᠷᠢᠭ᠂ ᠲᠥᠯᠥᠪᠯᠡᠭᠰᠡᠨ ᠲᠠᠷᠬᠠᠭᠠᠬᠤᠲᠤᠭᠠ ᠨᠢ 320 ᠲᠦᠮᠡᠨ ᠬᠤᠪᠢ ᠪᠤᠯᠤᠨ᠎ᠠ᠃
ᠳᠤᠷᠠᠰᠬᠠᠯ᠎ᠤᠨ ᠰᠢᠤᠳᠠᠨ ᠤ᠋ ᠲᠡᠮᠳᠡᠭ ᠪᠠ ᠵᠢᠵᠢᠭ ᠬᠠᠭᠤᠳᠠᠰᠤ᠎ᠳᠤ ᠰᠢᠤᠳᠠᠨ᠎ᠤ ᠲᠡᠮᠳᠡᠭ᠎ᠢ ᠪᠥᠬᠥ ᠤᠯᠤᠰ᠎ᠤᠨ ᠲᠣᠭᠲᠠᠭᠰᠠᠨ ᠰᠢᠤᠳᠠᠨ᠎ᠤ ᠲᠣᠣᠷ ᠴᠡᠭ᠂ ᠰᠢᠤᠳᠠᠨ ᠤ᠋ ᠲᠡᠮᠳᠡᠭ ᠴᠤᠭᠯᠠᠭᠤᠯᠬᠤ ᠰᠦᠯᠵᠢᠶᠡᠨ ᠲᠢᠩᠬᠢᠮ᠂ ᠳᠤᠮᠳᠠᠳᠤ ᠤᠯᠤᠰ᠎ᠤᠨ ᠰᠢᠤᠳᠠᠨ᠎ᠤ ᠭᠠᠷ ᠤᠲᠠᠰᠤᠨ᠎ᠤ ᠰᠢᠯᠵᠢᠶ᠎ᠡ ᠵᠡᠷᠭᠡ ᠠᠷᠭ᠎ᠠ ᠵᠠᠮ᠎ᠢᠶᠠᠷ ᠬᠤᠳᠠᠯᠳᠤᠨ᠎ᠠ᠂ ᠬᠤᠳᠠᠯᠳᠤᠬᠤ ᠬᠤᠭᠤᠴᠠᠭ᠎ᠠ ᠨᠢ 6 ᠰᠠᠷ᠎ᠠ ᠪᠣᠯᠣᠨ᠎ᠠ᠃
(ᠰᠢᠨᠬᠤᠸᠠ ᠬᠤᠷᠢᠶ᠎ᠠ᠎ᠶᠢᠨ ᠪᠡᠭᠡᠵᠢᠩ᠎ᠦᠨ 8 ᠰᠠᠷ᠎ᠠ᠎ᠶᠢᠨ 17 ᠤ᠋ ᠴᠠᠬᠢᠯᠭᠠᠨ ᠮᠡᠳᠡᠭᠡ)