ᠲᠦᠷᠦᠬᠦᠬᠡᠨ᠂ ᠥᠪᠥᠷ ᠮᠣᠩᠭᠣᠯ ᠤᠨ ᠶᠡᠬᠡ ᠰᠤᠷᠭᠠᠭᠤᠯᠢ ᠪᠣᠯᠣᠨ ᠳᠤᠮᠳᠠᠳᠤ ᠤᠯᠤᠰ᠎ᠤᠨ ᠰᠢᠨᠵᠢᠯᠡᠬᠦ ᠤᠬᠠᠭᠠᠨ ᠤ ᠬᠦᠷᠢᠶᠡᠯᠡᠩ ᠦᠨ ᠤᠯᠤᠰ ᠤᠨ ᠣᠳᠣᠨ ᠣᠷᠣᠨ᠎ᠤ ᠥᠷᠲᠡᠭᠡ᠎ᠡᠴᠡ ᠬᠠᠮᠲᠤᠷᠠᠨ ᠡᠷᠭᠢᠯᠡᠭᠰᠡᠨ ᠠᠩᠬᠠᠳᠤᠭᠠᠷ ᠬᠤᠭᠤᠴᠠᠭᠠᠨ᠎ᠤ ᠮᠢᠩᠭᠠᠲᠤ ᠣᠳᠣᠨ ᠣᠷᠣᠨ᠎ᠤ ᠬᠣᠰᠢᠭᠤᠷᠠᠯ ᠶᠠᠷᠢᠶᠠᠨ᠎ᠤ ᠲᠠᠪᠴᠠᠩ ᠬᠥᠬᠡᠬᠣᠲᠠ᠎ᠳᠤ ᠶᠠᠪᠤᠭᠳᠠᠪᠠ᠃
ᠶᠠᠷᠢᠶᠠᠨ᠎ᠤ ᠲᠠᠪᠴᠠᠩ ᠨᠢ 《ᠠᠷᠪᠠᠨ ᠮᠧᠲᠷ᠎ᠦᠨ ᠳᠡᠰ᠎ᠤᠨ ᠬᠡᠷᠡᠯ᠎ᠦᠨ ᠤᠬᠠᠭᠠᠨ᠎ᠤ ᠬᠡᠲᠦ ᠤᠯᠠᠭᠠᠨ ᠳᠤᠷᠠᠨ᠎ᠳᠤ ᠰᠠᠭᠤᠷᠢᠯᠠᠭᠰᠠᠨ ᠣᠳᠣᠨ ᠣᠷᠣᠨ᠎ᠤ ᠰᠤᠳᠤᠯᠤᠯ᠎ᠤᠨ ᠬᠣᠰᠢᠭᠤᠷᠠᠯ ᠬᠠᠢᠨ ᠰᠦᠪᠡᠭᠴᠢᠯᠡᠯᠲᠡ》 ᠪᠡᠷ ᠭᠣᠣᠯ ᠰᠡᠳᠦᠪ ᠪᠣᠯᠭᠠᠵᠤ᠂ ᠪᠥᠬᠥ ᠤᠯᠤᠰ᠎ᠤᠨ 80 ᠭᠠᠷᠤᠢ ᠶᠡᠬᠡ ᠳᠡᠭᠡᠳᠦ ᠰᠤᠷᠭᠠᠭᠤᠯᠢ᠂ ᠰᠢᠨᠵᠢᠯᠡᠬᠦ ᠤᠬᠠᠭᠠᠨ᠎ᠤ ᠰᠤᠳᠤᠯᠭᠠᠨ ᠤ ᠬᠦᠷᠢᠶᠡᠯᠡᠩ ᠭᠠᠵᠠᠷ ᠵᠢᠴᠢ ᠠᠵᠢᠯ ᠲᠥᠷᠥᠯ᠎ᠦᠨ ᠨᠢᠭᠡᠴᠢ᠎ᠶᠢᠨ 400 ᠭᠠᠷᠤᠢ ᠲᠤᠰᠬᠠᠢ ᠮᠡᠷᠭᠡᠵᠢᠯᠲᠡᠨ ᠡᠷᠳᠡᠮᠲᠡᠨ᠎ᠢ ᠴᠤᠭᠯᠠᠷᠠᠭᠤᠯᠤᠨ᠂ ᠬᠣᠰᠢᠭᠤᠷᠠᠯ ᠰᠢᠨᠵᠢᠯᠡᠬᠦ ᠤᠬᠠᠭᠠᠨ ᠤ ᠠᠰᠠᠭᠤᠳᠠᠯ ᠤᠨ ᠲᠣᠭᠣᠷᠢᠨ᠎ᠳᠤ ᠭᠦᠨᠵᠡᠭᠡᠢ ᠰᠤᠳᠤᠯᠤᠨ ᠶᠠᠷᠢᠯᠴᠠᠵᠤ᠂ ᠮᠠᠨ ᠤ ᠤᠯᠤᠰ ᠤᠨ ᠣᠳᠣᠨ ᠣᠷᠣᠨ ᠤ ᠦᠢᠯᠡᠰ᠎ᠦᠨ ᠴᠢᠨᠠᠷ ᠰᠠᠢᠲᠠᠢ ᠬᠥᠭᠵᠢᠯᠲᠡ᠎ᠳᠦ ᠰᠢᠨ᠎ᠡ ᠬᠥᠳᠡᠯᠭᠡᠭᠴᠢ ᠡᠨᠧᠷᠭᠢ ᠨᠡᠮᠡᠷᠢᠯᠡᠬᠦ᠎ᠵᠢ ᠵᠤᠷᠢᠪᠠ᠃
ᠡᠬᠢᠯᠡᠯᠲᠡ᠎ᠶᠢᠨ ᠶᠣᠰᠣᠯᠠᠯ ᠳᠡᠭᠡᠷ᠎ᠡ᠂ ᠥᠪᠥᠷ ᠮᠣᠩᠭᠣᠯ᠎ᠤᠨ ᠶᠡᠬᠡ ᠰᠤᠷᠭᠠᠭᠤᠯᠢ᠎ᠶᠢᠨ ᠣᠳᠣᠨ ᠣᠷᠣᠨ ᠬᠢᠭᠡᠳ ᠹᠢᠽᠢᠺ᠎ᠦᠨ ᠰᠤᠳᠤᠯᠭᠠᠨ᠎ᠤ ᠬᠦᠷᠢᠶᠡᠯᠡᠩ᠎ᠦᠨ ᠳᠠᠷᠤᠭ᠎ᠠ ᠵᠣᠣ ᠭᠠᠩ ᠠᠺᠠᠳᠧᠮᠢᠴᠢ 《ᠠᠷᠪᠠᠨ ᠮᠧᠲᠷ᠎ᠦᠨ ᠲᠠᠰ᠎ᠤᠨ ᠨᠠᠷᠢᠯᠢᠭ᠋ ᠬᠡᠮᠵᠢᠯᠲᠡ᠎ᠶᠢᠨ ᠬᠡᠷᠡᠯ᠎ᠦᠨ ᠤᠬᠠᠭᠠᠨ᠎ᠤ ᠬᠡᠲᠦ ᠤᠯᠠᠭᠠᠨ ᠣᠳᠣᠨ ᠣᠷᠣᠨ᠎ᠤ ᠳᠤᠷᠠᠨ᠎ᠤ ᠲᠥᠷᠥᠯ ᠵᠦᠢᠯ᠎ᠦᠨ ᠪᠦᠲᠦᠭᠡᠨ ᠪᠠᠢᠭᠤᠯᠤᠯᠲᠠ》ᠭᠡᠬᠦ ᠰᠡᠳᠦᠪ᠎ᠢᠶᠡᠷ ᠭᠣᠣᠯ ᠵᠣᠷᠢᠯᠲᠠᠳᠤ ᠮᠡᠳᠡᠭᠦᠯᠦᠯᠲᠡ ᠬᠢᠪᠡ᠃ ᠼᠦᠢ ᠰᠢᠶᠠᠩ ᠴᠢᠶᠦ᠋ᠨ᠂ ᠵᠠᠩ ᠰᠢᠦᠸᠠᠢ ᠵᠢᠶᠦ᠋ᠨ᠂ ᠴᠠᠩ ᠵᠢᠨ᠂ ᠱᠢ ᠱᠧᠩ ᠼᠠᠢ᠂ ᠳ᠋ᠠᠢ ᠽᠢ ᠭᠣᠣ ᠪᠣᠯᠣᠨ ᠬᠠᠨ ᠵᠠᠨ ᠸᠸᠨ ᠵᠡᠷᠭᠡ ᠬᠣᠶᠠᠷ ᠬᠦᠷᠢᠶᠡᠯᠡᠩ ᠦᠨ ᠠᠺᠠᠳᠧᠮᠢᠴᠢ ᠵᠢᠴᠢ ᠳᠤᠮᠳᠠᠳᠤ ᠤᠯᠤᠰ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ ᠦᠨ ᠽᠢ ᠵᠢᠨ ᠱᠠᠨ ᠣᠳᠣᠨ ᠣᠷᠣᠨ ᠤ ᠥᠷᠲᠡᠭᠡ᠎ᠶᠢᠨ ᠳᠡᠳ᠋ ᠳᠠᠷᠤᠭ᠎ᠠ ᠦ᠋ ᠰᠢᠦᠸᠠᠢ ᠹᠧᠩ᠂ ᠤᠯᠤᠰ ᠤᠨ ᠣᠳᠣᠨ ᠣᠷᠣᠨ ᠤ ᠥᠷᠲᠡᠭᠡ ᠶᠢᠨ ᠰᠤᠳᠤᠯᠤᠭ᠍ᠴᠢ ᠵᠢᠶᠠᠩ ᠰᠢᠶᠣᠣ ᠵᠢᠶᠦ᠋ᠨ ᠲᠣᠰ ᠲᠣᠰ ᠶᠡᠬᠡ ᠠᠮᠠᠰᠠᠷ᠎ᠲᠤ ᠭᠡᠷᠡᠯᠯᠢᠭ ᠳᠤᠷᠠᠨ ᠤ ᠮᠡᠷᠭᠡᠵᠢᠯ᠂ ᠬᠠᠷᠠᠩᠭᠤᠢ ᠪᠣᠳᠠᠰ ᠤᠨ ᠬᠠᠢᠨ ᠬᠡᠮᠵᠢᠯᠲᠡ᠂ ᠲᠸᠾᠽ ᠣᠳᠣᠨ ᠣᠷᠣᠨ ᠤ ᠮᠡᠷᠭᠡᠵᠢᠯ᠂ ᠠᠰᠢᠳᠠ᠎ᠶᠢᠨ ᠣᠳᠣᠨ ᠤ ᠹᠢᠽᠢᠺ ᠵᠡᠷᠭᠡ ᠬᠠᠯᠠᠮᠰᠢᠯ ᠴᠢᠭᠯᠡᠯ ᠦᠨ ᠲᠣᠭᠣᠷᠢᠨ᠎ᠳᠤ ᠶᠡᠬᠡ ᠬᠤᠷᠠᠯ᠎ᠤᠨ ᠣᠨᠴᠠ ᠤᠷᠢᠯᠭ᠎ᠠ᠎ᠶᠢᠨ ᠮᠡᠳᠡᠭᠦᠯᠦᠯᠲᠡ ᠬᠢᠵᠦ᠂ ᠮᠠᠨ᠎ᠤ ᠤᠯᠤᠰ᠎ᠤᠨ ᠣᠳᠣᠨ ᠣᠷᠣᠨ᠎ᠤ ᠰᠤᠳᠤᠯᠤᠯ᠎ᠤᠨ ᠬᠦᠷᠢᠶᠡᠨ᠎ᠳᠡᠬᠢ ᠬᠠᠮᠤᠭ ᠤᠨ ᠰᠢᠨ᠎ᠡ ᠰᠤᠳᠤᠯᠭᠠᠨ ᠤ ᠠᠬᠢᠴᠠ ᠪᠠ ᠬᠣᠰᠢᠭᠤᠷᠠᠯᠬᠠᠨᠳᠤᠰᠢᠶᠢ ᠰᠢᠰᠲᠧᠮ᠎ᠲᠠᠢ ᠳᠡᠯᠭᠡᠨ ᠦᠵᠡᠭᠦᠯᠵᠡᠢ᠃
ᠶᠠᠷᠢᠶᠠᠨ᠎ᠤ ᠲᠠᠪᠴᠠᠩᠳ᠋ᠤ ᠭᠤᠷᠪᠠᠨ ᠵᠡᠷᠭᠡᠴᠡᠭᠡ ᠬᠤᠪᠢᠶᠠᠷᠢ ᠶᠠᠷᠢᠶᠠᠨ᠎ᠤ ᠲᠠᠪᠴᠠᠩ᠎ᠢ ᠲᠣᠬᠢᠷᠠᠭᠤᠯᠵᠤ᠂《ᠤᠳᠤᠨ ᠠᠢᠮᠠᠭ ᠪᠣᠯᠣᠨ ᠣᠷᠴᠢᠯᠠᠩ᠎ᠤᠨ ᠰᠤᠳᠤᠯᠤᠯ》᠂《ᠲᠡᠭᠷᠢ᠎ᠶᠢᠨ ᠣᠶᠣᠳᠠᠯ᠎ᠤᠨ ᠠᠢᠮᠠᠭ᠂ ᠠᠰᠢᠳᠠ᠎ᠶᠢᠨ ᠤᠳᠤ ᠪᠣᠯᠣᠨ ᠠᠢᠮᠠᠭ ᠤᠨ ᠭᠠᠳᠠᠨᠠᠬᠢ ᠭᠠᠷᠠᠭ ᠤᠳᠤᠨ》᠂ 《ᠤᠳᠤᠨ ᠣᠷᠣᠨ ᠤ ᠮᠡᠷᠭᠡᠵᠢᠯ ᠪᠣᠯᠣᠨ ᠲᠤᠷᠰᠢᠯᠲᠠ᠎ᠶᠢᠨ ᠲᠠᠰᠤᠭ᠎ᠤᠨ ᠤᠳᠤᠨ ᠴᠣᠭᠴᠠᠰ᠎ᠤᠨ ᠹᠢᠽᠢᠺ》 ᠭᠡᠬᠦ ᠭᠣᠣᠯ ᠰᠡᠳᠦᠪᠲᠦ ᠠᠩᠬᠠᠷᠤᠯ᠎ᠢᠶᠠᠨ ᠲᠥᠪᠯᠡᠷᠡᠭᠦᠯᠵᠦ᠂ ᠤᠯᠠᠨ ᠬᠡᠮᠵᠢᠯᠲᠦ ᠪᠣᠰᠣᠭ᠎ᠠ ᠴᠣᠭᠴᠠᠲᠤ ᠡᠷᠳᠡᠮ ᠰᠢᠨᠵᠢᠯᠡᠭᠡᠨ ᠦ ᠶᠠᠷᠢᠯᠴᠠᠭᠠᠨ ᠤ ᠣᠷᠣᠨ ᠵᠠᠢ ᠶᠢ ᠪᠠᠢᠭᠤᠯᠵᠤ᠂ ᠤᠳᠤ ᠦᠶ᠎ᠡ᠎ᠶᠢᠨ ᠤᠳᠤᠨ ᠣᠷᠣᠨ ᠤ ᠰᠤᠳᠤᠯᠤᠯ ᠤᠨ ᠤᠯᠠᠨ ᠠᠷᠭ᠎ᠠ᠎ᠶᠢᠨ ᠰᠣᠯᠪᠢᠴᠠᠨ ᠠᠭᠤᠰᠤᠯᠴᠠᠭᠰᠠᠨ ᠢᠯᠡ ᠲᠣᠳᠣ᠌ ᠣᠨᠴᠠᠯᠢᠭ᠋ ᠢ ᠭᠦᠢᠴᠡᠳ ᠢᠯᠡᠷᠡᠭᠦᠯᠪᠡ᠃
ᠶᠠᠷᠢᠶᠠᠨ᠎ᠤ ᠲᠠᠪᠴᠠᠩ ᠨᠢ ᠥᠪᠥᠷ ᠮᠣᠩᠭᠣᠯ ᠤᠨ ᠶᠡᠬᠡ ᠰᠤᠷᠭᠠᠭᠤᠯᠢ᠎ᠶᠢᠨ ᠰᠠᠭᠤᠷᠢ ᠰᠢᠨᠵᠢᠯᠡᠭᠡᠨ᠎ᠦ ᠰᠠᠯᠠᠭ᠎ᠠ᠎ᠶᠢᠨ ᠬᠢᠷᠢ ᠲᠦᠪᠰᠢᠨ ᠢ ᠳᠡᠭᠡᠭᠰᠢᠯᠡᠭᠦᠯᠬᠦ ᠪᠠ 《ᠬᠣᠣᠰ ᠲᠡᠷᠢᠭᠦᠨ ᠵᠡᠷᠬᠡ》 ᠵᠢᠨ ᠪᠠᠢᠭᠤᠯᠤᠯᠲᠠ᠎ᠳᠤ ᠬᠦᠴᠦᠲᠡᠢ ᠲᠤᠯᠭᠠᠭᠤᠷᠢᠯᠠᠯ ᠬᠠᠩᠭᠠᠵᠤ᠂ ᠰᠤᠷᠭᠠᠭᠤᠯᠢ᠎ᠶᠢᠨ ᠣᠷᠣᠨ ᠪᠦᠰᠡ ᠶᠢᠨ ᠠᠵᠤ ᠠᠬᠤᠢ ᠨᠡᠢᠭᠡᠮ ᠦᠨ ᠴᠢᠨᠠᠷ ᠰᠠᠢᠲᠠᠢ ᠬᠥᠭᠵᠢᠯᠲᠡ᠎ᠳᠦ ᠦᠢᠯᠡᠴᠢᠯᠡᠬᠦ ᠳᠦ ᠬᠦᠴᠦᠨ ᠨᠡᠮᠡᠷᠢᠯᠡᠵᠦ᠂ ᠰᠤᠷᠭᠠᠨ ᠬᠥᠮᠦᠵᠢᠯ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠴᠢᠳᠠᠪᠤᠷᠢᠲᠠᠨ ᠤ᠋ ᠨᠢᠭᠡ ᠴᠣᠭᠴᠠᠵᠢᠨ ᠬᠠᠮᠵᠢᠯᠴᠠᠬᠤ᠎ᠶᠢ ᠠᠬᠢᠭᠤᠯᠵᠤ᠂ ᠬᠢᠯᠢ ᠬᠢᠵᠠᠭᠠᠷ ᠣᠷᠣᠨ᠎ᠤ ᠣᠳᠣᠨ ᠣᠷᠣᠨ ᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠰᠢᠨ᠎ᠡ᠎ᠶᠢ ᠡᠭᠦᠳᠬᠦ ᠪᠠ ᠳᠡᠭᠡᠳᠦ ᠲᠠᠰ ᠳᠠᠪᠬᠤᠷᠭ᠎ᠠ᠎ᠶᠢᠨ ᠴᠢᠳᠠᠪᠤᠷᠢᠲᠠᠨ᠎ᠢ ᠬᠥᠮᠥᠵᠢᠭᠦᠯᠬᠦ᠎ᠳᠦ ᠬᠦᠴᠦᠨ ᠨᠡᠮᠡᠷᠢᠯᠡᠪᠡ᠃