ᠵᠢᠵᠢᠭ ᠯᠠᠵᠤᠤ ᠮᠠᠯᠴᠢᠨ ᠲᠠᠷᠢᠶᠠᠴᠢᠨ᠎ᠤ 《ᠵᠣᠭᠣᠰ᠎ᠤᠨ ᠴᠦᠩᠬᠦ》 ᠪᠣᠯᠪᠠ
2026-08-16 11:07:59
ᠵᠣᠬᠢᠶᠠᠭ᠍ᠴᠢ᠄
ᠮᠤᠤ ᠺᠠᠶ ᠶᠠᠨ
ᠣᠩᠱᠢᠭ᠍ᠰᠠᠨ ᠣᠳᠠᠭ᠎ᠠ᠄
★★★☆☆

ᠤᠢᠷ᠎ᠠ ᠳ᠋ᠤ ᠣᠷᠳᠣᠰ ᠬᠣᠲᠠ᠎ᠶ᠋ᠢᠨ ᠣᠲᠣᠭ᠎ᠤᠨ ᠡᠮᠦᠨᠡᠲᠦ ᠬᠣᠱᠢᠭᠤᠨ᠎ᠤ ᠪᠤᠷᠤᠪᠠᠯᠭᠠᠰᠤ ᠎ᠳᠤ ᠪᠠᠢᠷᠢᠯᠠᠭ᠎ᠠ ᠯᠠᠵᠤᠤ᠎ᠵᠢᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠵᠢᠵᠢᠭ ᠬᠦᠷᠢᠶᠡᠯᠡᠩ᠎ᠳᠦ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ᠎ᠶ᠋ᠢᠨ ᠰᠤᠳᠤᠯᠤᠭ᠍ᠴᠢ ᠸᠠᠩ ᠱᠢᠶᠤᠤ ᠳ᠋ᠠᠨ᠎ᠤ ᠭᠠᠷ ᠤᠲᠠᠰᠤ ᠲᠤᠤᠭᠠᠷᠴᠦ᠄ 《ᠸᠠᠩ ᠪᠠᠭ᠍ᠰᠢ ᠡ᠂ ᠮᠠᠨ᠎ᠤ ᠰᠠᠷᠠᠪᠴᠢᠨ ᠳᠣᠲᠣᠷᠠᠬᠢ ᠯᠠᠵᠤᠤ᠎ᠶ᠋ᠢᠨ ᠴᠢᠬᠢ᠎ᠶ᠋ᠢᠨ ᠨᠠᠪᠴᠢ ᠨᠢ ᠱᠢᠷᠠᠯᠠᠵᠤ ᠪᠤᠢ᠂ ᠲᠠ ᠢᠷᠡᠵᠦ ᠦᠵᠡᠭᠡᠴᠢ》 ᠭᠡᠬᠦ ᠲᠠᠢ ᠵᠡᠷᠭᠡ ᠸᠠᠩ ᠱᠢᠶᠤᠤ ᠳ᠋ᠠᠨ ᠤᠲᠠᠰᠤ᠎ᠪᠠᠨ ᠳᠠᠷᠤᠮᠠᠭᠴᠠ ᠪᠠᠭᠠᠵᠢ᠎ᠬᠡᠷᠡᠭᠰᠡᠯ᠎ᠢᠶᠠᠨ ᠠᠪᠬᠤ ᠵᠢᠨ ᠳᠠᠭᠠᠤ᠄ 《ᠮᠠᠨ᠎ᠤ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠵᠢᠵᠢᠭ ᠬᠦᠷᠢᠶᠡᠯᠡᠩ᠎ᠢ ᠲᠠᠷᠢᠶᠠᠴᠢᠨ ᠡᠷᠦᠬᠡ᠎ᠶ᠋ᠢᠨ 〈ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠠᠰᠠᠷᠠᠭ᠍ᠴᠢ〉 ᠭᠡᠵᠦ ᠬᠡᠯᠡᠵᠦ ᠪᠤᠯᠤᠨ᠎ᠠ᠃ ᠬᠡᠨ᠎ᠦ ᠯᠠᠵᠤᠤ᠎ᠳᠤ ᠠᠰᠠᠭᠤᠳᠠᠯ ᠭᠠᠷᠤᠭᠠᠳ ᠬᠡᠵᠢᠶ᠎ᠡ ᠳᠠᠭᠤᠳᠠᠪᠠᠯ ᠬᠡᠵᠢᠶ᠎ᠡ ᠤᠴᠢᠳᠠᠭ》 ᠭᠡᠵᠦ ᠢᠨᠢᠶᠡᠮᠰᠦᠭ᠌ᠯᠡᠨ ᠭᠡᠯᠡᠯ᠎ᠡ᠃

ᠪᠢᠳᠡ ᠸᠠᠩ ᠱᠢᠶᠤᠤ ᠳ᠋ᠠᠨ᠎ᠢ ᠳᠠᠭᠠᠵᠤ ᠲᠠᠷᠢᠮᠠᠯ᠎ᠤᠨ ᠲᠣᠮᠣ ᠡᠷᠦᠬᠡ ᠯᠢᠦ ᠱᠦ᠍ ᠱᠧᠩ᠎ᠦᠨ ᠬᠢᠨ᠎ᠳᠤ ᠬᠦᠷᠪᠡ᠃ ᠡᠳᠡᠨᠡᠢᠬᠢᠨ᠎ᠤ ᠱᠢᠨ᠎ᠡ ᠵᠠᠢᠯᠠᠭ᠍ᠰᠠᠨ ᠯᠠᠵᠤᠤ᠎ᠶ᠋ᠢᠨ ᠴᠢᠬᠢ ᠨᠢ ᠨᠣᠭᠣᠭᠠᠨ᠂ ᠭᠡᠲᠡᠯ᠎ᠡ ᠬᠥᠪᠡᠭᠡ ᠳᠡᠭᠡᠷᠡᠬᠢ ᠬᠡᠳᠦᠨ ᠳᠠᠯᠠᠩ ᠯᠠᠵᠤᠤ ᠨᠢ ᠱᠢᠷᠠᠯᠠᠬᠰᠠᠨ ᠪᠠᠢᠵᠠᠢ᠃

ᠸᠠᠩ ᠱᠢᠶᠤᠤ ᠳ᠋ᠠᠨ ᠨᠢᠭᠡ ᠠᠳᠭᠤ ᠱᠢᠷᠣᠢ ᠠᠳᠭᠤᠨ ᠠᠪᠴᠤ᠌ ᠴᠢᠮᠬᠢᠭᠡᠳ᠂ ᠪᠠᠰᠠ ᠬᠡᠳᠦᠨ ᠨᠠᠪᠴᠢ᠎ᠶ᠋ᠢ ᠨᠢ ᠰᠠᠯᠭᠠᠵᠤ ᠨᠠᠷᠢᠨ ᠠᠵᠢᠭ᠍ᠯᠠᠵᠦ᠄ 《ᠠᠪᠠᠭ᠎ᠠ ᠡ᠂ ᠡᠨᠡ ᠪᠣᠯ ᠡᠪᠡᠳᠴᠢᠨ᠎ᠦ ᠬᠥᠨᠥᠭᠡᠯ ᠪᠢᠰᠢ᠂ ᠬᠠᠷᠢᠨ ᠤᠰᠤ ᠶᠡᠬᠡᠳᠡᠵᠦ᠂ ᠦᠨᠳᠦᠰᠦ᠎ᠶ᠋ᠢᠨ ᠱᠢᠰᠲ᠋ᠧᠮ ᠨᠢ ᠱᠢᠷᠬᠠᠲᠤᠭ᠍ᠰᠠᠨ ᠪᠠᠢᠨ᠎ᠠ᠃ ᠤᠷᠢᠳ᠎ᠢᠶᠠᠷ 3 ᠡᠳᠦᠷ ᠤᠰᠤ ᠵᠣᠭ᠍ᠰᠣᠭᠠᠵᠦ᠂ ᠳᠠᠷᠠᠭ᠎ᠠ ᠨᠢ ᠨᠢᠭᠡ ᠭᠠᠷᠠᠭ ᠭᠠᠩᠳᠠᠬᠤ ᠥᠬᠡᠶ ᠪᠤᠯ ᠤᠰᠤᠯᠠᠬᠤ ᠬᠡᠷᠡᠭ ᠥᠬᠡᠶ᠂ ᠤᠳᠠᠭ᠎ᠠ ᠪᠦᠷᠢ ᠤᠰᠤᠯᠠᠬᠤ᠎ᠳᠠᠭᠠᠨ ᠬᠠᠮᠤᠭ᠎ᠤᠨ ᠰᠠᠢᠨ ᠨᠢ 3 ᠴᠠᠭ᠎ᠠᠴᠠ ᠬᠡᠲᠦᠷᠡᠭᠦᠯᠵᠦ᠍ ᠪᠣᠯᠬᠤ ᠥᠬᠡᠶ᠃ ᠳᠠᠷᠠᠭ᠎ᠠ᠎ᠨᠢ 80 g / 20 L ᠎ᠤ᠋ᠨ ᠹᠣᠰᠹᠣᠷ ᠬᠦᠴᠢᠯ᠎ᠦᠨ ᠬᠣᠶᠠᠷ ᠤᠰᠤᠲᠥ᠋ᠷᠥᠭ᠌ᠴᠢᠲᠦ ᠺᠠᠯᠢ ᠪᠣᠯᠤᠨ 15 g / 20 L ᠪᠢᠴᠢᠯ ᠡᠯᠧᠮᠧᠨ᠋ᠲ᠎ᠢ ᠰᠠᠯᠭᠠᠨ ᠰᠦᠷᠴᠢᠨ᠎ᠡ ᠁》 ᠭᠡᠵᠦ᠍ ᠲᠡᠷᠡ ᠬᠡᠯᠡᠬᠦ᠌᠎ᠶ᠋ᠢᠨ ᠳᠠᠭᠠᠤ ᠪᠠᠰᠠ ᠪᠠᠭᠠᠵᠢ ᠬᠡᠷᠡᠭ᠌ᠰᠡᠯ᠎ᠦᠨ ᠬᠠᠢᠷᠴᠠᠭ᠎ᠠᠴᠠ ᠨᠢᠭᠡ ᠳᠡᠪᠲᠡᠷ 《ᠯᠠᠵᠤᠤ᠎ᠵᠢᠨ ᠤᠰᠤ ᠪᠣᠷᠲᠣᠭᠣᠷ᠎ᠤᠨ ᠬᠠᠮᠢᠶᠠᠷᠤᠯᠲᠠ᠎ᠶ᠋ᠢᠨ ᠭᠠᠷ ᠠᠪᠤᠯᠭ᠎ᠠ》 ᠭᠠᠷᠭᠠᠵᠤ ᠯᠢᠦ ᠱᠦ᠍ ᠱᠧᠩ᠎ᠳᠦ ᠥᠭ᠌ᠴᠦ᠂ 《ᠡᠨᠡ ᠶᠣᠰᠣᠭᠠᠷ ᠬᠢᠭᠡᠷᠡᠢ᠂ ᠠᠯᠢ ᠨᠢᠭᠡ ᠠᠯᠬᠤᠮ᠎ᠢ᠎ᠨᠢ ᠣᠢᠯᠠᠭᠠᠬᠤ ᠥᠬᠡᠶ ᠪᠣᠯ  ᠪᠢᠳᠡᠨ ᠳᠠᠢ ᠳᠠᠬᠢᠭᠠᠳ ᠬᠠᠷᠢᠯᠴᠠᠭᠠᠷᠠᠢ》 ᠬᠡᠵᠦ ᠵᠡᠬᠢᠪᠡ᠃

ᠣᠲᠣᠭ᠎ᠤᠨ ᠡᠮᠦᠨᠡᠲᠦ ᠬᠣᠱᠢᠭᠤᠨ᠎ᠳᠤ ᠯᠠᠵᠤᠤ᠎ᠶ᠋ᠢ 30 ᠱᠢᠬᠠᠮ ᠵᠢᠯ ᠳᠠᠷᠢᠵᠤ᠂ ᠪᠥᠬᠥ᠌ ᠬᠣᠱᠢᠭᠤᠨ᠎ᠤ ᠯᠠᠵᠤᠤ ᠳᠠᠷᠢᠬᠤ ᠲᠠᠯᠠᠪᠠᠶ ᠨᠢ 3 ᠲᠦᠮᠡᠨ ᠮᠥ᠍ ᠱᠢᠬᠠᠮ ᠪᠠᠢᠵᠤ᠂ ᠵᠢᠯ᠎ᠦᠨ ᠭᠠᠷᠤᠯᠲᠠ ᠨᠢ 10 ᠲᠦᠮᠡ ᠭᠠᠷᠤᠶ ᠲᠣᠨ᠂ ᠵᠢᠯ᠎ᠦᠨ ᠦᠶ᠋ᠯᠡᠳᠬᠦᠨ᠎ᠦ ᠥᠷᠲᠡᠭ ᠨᠢ 4 ᠳ᠋ᠦᠩᠱᠢᠭᠤᠷ ᠲᠥᠭᠥᠷᠢᠭ᠎ᠢ ᠳᠠᠪᠠᠵᠤ᠂ ᠡᠷᠬᠢᠨ ᠲᠣᠭᠣᠷᠢᠨ᠎ᠤ 3000 ᠭᠠᠷᠤᠶ ᠡᠷᠦᠬᠡ ᠮᠠᠯᠴᠢᠨ ᠲᠠᠷᠢᠶᠠᠴᠢᠨ᠎ᠢ ᠨᠥᠯᠥᠭᠡᠯᠡᠨ ᠳᠠᠢᠴᠢᠯᠠᠵᠤ ᠠᠵᠢᠯ ᠣᠯᠭᠣᠨ ᠣᠷᠣᠯᠭ᠎ᠠ᠎ᠶ᠋ᠢ ᠨᠢ ᠨᠡᠮᠡᠭ᠌ᠳᠡᠭᠦᠯᠪᠡ᠃

ᠬᠡᠳᠦᠢᠪᠡᠷ ᠵᠢᠯ ᠪᠦᠷᠢ ᠯᠠᠵᠤᠤ᠎ᠶ᠋ᠢᠨ ᠭᠠᠷᠤᠯᠲᠠ ᠶᠡᠬᠡ᠂ ᠦᠢᠯᠡᠳᠬᠦᠨ᠎ᠦ ᠦᠷᠲᠡᠭ ᠥᠨᠳᠥᠷ ᠪᠣᠯᠪᠠᠴᠤ᠌ ᠨᠡᠢᠭᠡᠮᠴᠢᠯᠡᠭ᠌ᠰᠡᠨ ᠦᠢᠯᠡᠴᠢᠯᠡᠭᠡᠨ᠎ᠦ ᠱᠢᠰᠲ᠋ᠧᠮ ᠨᠡᠯᠢᠶᠡᠳ ᠪᠠᠭᠤᠷᠠᠢ᠂ ᠲᠤᠰᠭᠠᠢ ᠮᠡᠷᠭᠡᠵᠢᠯ᠎ᠦᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠡᠩᠨᠡᠭᠡ ᠪᠠ ᠲᠤᠰᠭᠠᠢ ᠮᠡᠷᠭᠡᠵᠢᠯᠲᠡᠨ ᠴᠢᠳᠠᠪᠤᠷᠢᠲᠠᠨ᠎ᠤ ᠲᠤᠯᠭᠠᠭᠤᠷᠢᠯᠠᠯ ᠳᠤᠲᠠᠮᠠᠭ ᠪᠠᠢᠵᠤ᠂ ᠠᠭᠠᠵᠢᠮ᠎ᠢᠶᠠᠷ ᠲᠤᠬᠠᠢ᠎ᠶ᠋ᠢᠨ ᠭᠠᠵᠠᠷ᠎ᠤᠨ ᠯᠠᠵᠤᠤ᠎ᠶ᠋ᠢᠨ ᠠᠵᠤ ᠦᠢᠯᠡᠰ᠎ᠦᠨ ᠬᠥᠭ᠌ᠵᠢᠯᠲᠡ᠎ᠶ᠋ᠢ ᠬᠢᠵᠠᠭᠠᠷᠯᠠᠬᠤ ᠪᠣᠭᠣᠮᠢ ᠪᠤᠯᠤᠭᠰᠠᠨ ᠪᠠᠢᠨ᠎ᠠ᠃

2023 ᠣᠨ᠎ᠳᠤ ᠪᠥᠬᠥ᠌ ᠤᠯᠤᠰ᠎ᠤᠨ ᠬᠥᠳᠡᠭᠡ ᠲᠣᠰᠭᠣᠨ᠎ᠤ ᠶᠡᠷᠦᠩᠬᠡᠢᠯᠡᠭ᠌ᠰᠡᠨ ᠴᠢᠨᠠᠷᠲᠠᠶ ᠥᠭᠡᠷᠡᠴᠢᠯᠡᠯᠲᠡ᠎ᠶ᠋ᠢᠨ ᠲᠤᠷᠱᠢᠯᠲᠠ᠎ᠶ᠋ᠢᠨ ᠴᠡᠭ᠎ᠤᠨ ᠲᠥᠷᠥᠯ ᠵᠦᠶ᠋ᠯ᠎ᠳ᠋ᠤ ᠲᠦᠰᠢᠭᠯᠡᠨ ᠣᠲᠣᠭ᠎ᠤᠨ ᠡᠮᠦᠨᠡᠲᠦ ᠬᠣᠱᠢᠭᠤᠨ᠎ᠤ ᠯᠠᠵᠤᠤ᠎ᠵᠢᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠪᠠᠭ᠎ᠠ ᠬᠦᠷᠢᠶᠡᠯᠡᠩ ᠪᠠᠢᠭᠤᠯᠤᠬᠳᠠᠪᠠ᠃ ᠣᠳᠣᠬᠠᠨ᠎ᠳᠤ ᠨᠢᠭᠡᠨᠲᠡ 1 ᠠᠺᠠᠳᠧᠮᠢᠴᠢ᠂ 2 ᠰᠤᠳᠤᠯᠤᠨ ᠨᠡᠭᠡᠭᠡᠬᠦ᠌ ᠪᠦᠯᠬᠦᠮ᠂ 30 ᠭᠠᠷᠤᠶ ᠰᠤᠳᠤᠯᠤᠭ᠍ᠴᠢ᠎ᠲᠠᠶ ᠪᠣᠯᠵᠠᠶ᠃

ᠱᠢᠨ᠎ᠡ ᠡᠭᠦᠯᠳᠡᠷ᠎ᠢ ᠳᠡᠯᠭᠡᠷᠡᠭᠦᠯᠬᠦ᠌ ᠪᠣᠯ ᠯᠠᠵᠤᠤ᠎ᠵᠢᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠵᠢᠵᠢᠭ ᠬᠦᠷᠢᠶᠡᠯᠡᠩ᠎ᠦᠨ ᠪᠠᠰᠠ ᠨᠢᠭᠡ ᠭᠤᠤᠯ ᠠᠵᠢᠯ ᠪᠣᠯᠤᠨ᠎ᠠ᠃ ᠰᠤᠷᠪᠤᠯᠵᠢᠯᠠᠭ᠍ᠴᠢ ᠡᠭᠦᠯᠳᠡᠷ᠎ᠦᠨ ᠲᠤᠷᠱᠢᠯᠲᠠ᠎ᠶ᠋ᠢᠨ ᠲᠣᠭᠣᠷᠢᠭ᠎ᠲᠤ ᠬᠦᠷᠬᠦ᠎ᠳᠤ ᠮᠥᠷ ᠮᠥᠷ ᠯᠠᠵᠤᠤ᠎ᠶ᠋ᠢᠨ ᠴᠢᠬᠢ ᠲᠡᠷᠢ ᠲᠡᠭ᠌ᠰᠢ ᠤᠷᠭᠤᠵᠤ᠂ 《ᠱᠢᠩ ᠱᠦ᠍ 211》᠂ 《ᠱᠢᠶᠠᠩ ᠯᠠ 1 ᠳ᠋ᠤᠭᠠᠷ》᠂ 《ᠪᠥᠸᠧ ᠯᠡ ᠲᠢᠶᠠᠨ ᠵᠢᠶᠤᠤ 667》 ᠭᠡᠬᠦ ᠲᠡᠮᠳᠡᠭ ᠬᠠᠲᠠᠬᠰᠠᠨ ᠪᠠᠢᠯ᠎ᠠ ᠁ 《ᠡᠨᠳᠡᠬᠢ 46 ᠱᠢᠨ᠎ᠡ ᠡᠭᠦᠯᠳᠡᠷ᠎ᠢ ᠴᠥᠮ ᠬᠤᠨᠠᠨ᠎ᠤ ᠲᠠᠷᠢᠶᠠᠯᠠᠩ᠎ᠤᠨ ᠶᠡᠬᠡ ᠰᠤᠷᠭᠠᠭᠤᠯᠢ᠎ᠠᠴᠠ ᠣᠷᠣᠭᠤᠯᠤᠭ᠍ᠰᠠᠨ ᠶᠤᠮ᠃ ᠡᠨᠡ ᠬᠦ᠌ 〈ᠪᠥᠸᠧ ᠯᠡ ᠲᠢᠶᠠᠨ ᠵᠢᠶᠤᠤ 667〉 ᠨᠢ ᠡᠪᠡᠳᠴᠢᠨ ᠡᠰᠡᠷᠭᠦᠴᠡᠬᠦ᠌ ᠴᠢᠨᠠᠷ᠎ᠢᠶᠠᠷ ᠴᠢᠩᠭ᠎ᠠ᠂ ᠤᠰᠤ ᠪᠠᠭ᠎ᠠ ᠬᠡᠷᠡᠭᠰᠡᠵᠦ᠂ ᠭᠠᠷᠤᠯᠲᠠ ᠨᠢ ᠤᠯᠠᠮᠵᠢᠯᠠᠯᠲᠤ ᠲᠥᠷᠥᠯ ᠵᠦᠶ᠋ᠯ᠎ᠡᠴᠡ ᠨᠠᠩ ᠥᠨᠳᠥᠷ ᠪᠠᠢᠳᠠᠭ》 ᠭᠡᠵᠦ ᠸᠠᠩ ᠰᠢᠶᠤᠤ ᠳ᠋ᠠᠨ ᠳᠠᠨᠢᠯᠴᠠᠭᠤᠯᠤᠨ᠎ᠠ᠃

ᠨᠢᠳᠤᠨᠤᠨ᠎ᠡᠴᠨ ᠸᠠᠩ ᠱᠢᠶᠣᠤ ᠳ᠋ᠠᠨ ᠬᠠᠮᠲᠤ ᠠᠵᠢᠯᠲᠠᠳ᠎ᠲᠠᠶ᠎ᠪᠠᠨ ᠡᠷᠦᠬᠡ ᠳᠠᠷᠠᠭᠠᠯᠠᠨ ᠠᠰᠠᠭᠤᠨ ᠰᠤᠷᠪᠤᠯᠵᠢᠯᠠᠵᠤ᠂ ᠲᠤᠷᠱᠢᠯᠲᠠ᠎ᠶ᠋ᠢᠨ ᠲᠣᠭ᠎ᠠ ᠪᠠᠷᠢᠮᠲᠠ᠎ᠪᠠᠨ ᠠᠪᠴᠤ᠌᠂ ᠪᠠᠰᠠ ᠥᠪᠡᠷ᠎ᠦᠨ ᠵᠣᠭᠣᠰ᠎ᠢᠶᠠᠨ ᠭᠠᠷᠭᠠᠵᠤ ᠬᠡᠳᠦᠨ ᠮᠦ᠍ ᠵᠢᠨ ᠦᠷ᠎ᠡ ᠬᠤᠳᠠᠯᠳᠤᠨ ᠠᠪᠴᠤ᠌᠂ ᠵᠢᠱ᠌ᠢᠶ᠎ᠡ ᠦᠵᠡᠭᠦᠯᠬᠦ᠌ ᠫᠸᠩ ᠰᠠᠷᠠᠪᠴᠢᠨ᠎ᠲᠠᠷᠢᠭᠠᠳ ᠣᠯᠠᠨ᠎ᠳᠤ ᠦᠵᠡᠬᠦᠯᠦᠬᠡᠳ᠄ 《 ᠲᠠ ᠦᠵᠡ᠂ ᠡᠨᠡ ᠵᠢᠮᠢᠰ ᠬᠡᠳᠦᠶ ᠨᠢᠭ᠍ᠲᠠ ᠰᠠᠭᠤᠭ᠍ᠰᠠᠨ ᠪᠤᠢ᠂ ᠬᠤᠳᠠᠯᠳᠤᠨ ᠠᠪᠬᠤ ᠦᠨ᠎ᠡ ᠨᠢ ᠵᠢᠩ ᠪᠦᠷᠢ᠎ᠳᠡᠭᠡᠨ ᠬᠠᠭᠤᠴᠢᠨ ᠡᠭᠦᠯᠳᠡᠷ᠎ᠡᠴᠡ ᠳᠠᠪᠢᠨ ᠮᠦᠩᠬᠦ ᠦᠨᠳᠦᠷ ᠪᠠᠢᠨ᠎ᠠ᠃ ᠰᠠᠨᠠᠭ᠎ᠠ ᠠᠮᠤᠷ ᠪᠠᠶ᠂ ᠲᠠᠷᠢᠭᠠᠳ ᠪᠦᠳᠦᠬᠦ ᠦᠬᠡᠢ ᠪᠤᠯ ᠪᠢ ᠮᠡᠳᠡᠶ᠎ᠡ》 ᠬᠡᠨ᠎ᠡ᠃ ᠬᠣᠭᠣᠯᠠᠶ ᠪᠠᠨ ᠰᠦᠬᠡᠳᠡᠯ᠎ᠡ᠂ ᠤᠷᠤᠭᠤᠯ ᠵᠢᠡᠨ ᠬᠠᠳᠠᠳᠠᠯ᠎ᠠ ᠶᠠᠷᠢᠭᠠᠳ ᠡᠴᠦᠰ᠎ᠲᠡᠬᠡᠨ ᠬᠡᠳᠦᠨ ᠡᠷᠦᠬᠡ ᠲᠤᠷᠱᠢᠵᠤ ᠲᠠᠷᠢᠬᠤ ᠪᠡᠷ ᠪᠣᠯᠪᠠ᠃

ᠨᠢᠳᠤᠨᠤᠨ ᠲᠤᠷᠱᠢᠨ ᠳᠠᠷᠢᠬᠰᠠᠨ ᠡᠷᠦᠬᠡ᠎ᠶ᠋ᠢᠨ ᠮᠥ᠍ ᠪᠦᠷᠢ᠎ᠶ᠋ᠢᠨ ᠳᠤᠮᠳᠠᠴᠢ ᠦᠶ᠋ᠯᠡᠳᠬᠦᠨ᠎ᠦ ᠥᠷᠲᠡᠭ 1.5 ᠲᠦᠮᠡᠨ ᠲᠥᠭᠥᠷᠢᠭ᠎ᠢ ᠳᠠᠪᠠᠵᠤ᠂ ᠥᠩᠭᠡᠷᠡᠭ᠌ᠰᠡᠨ᠎ᠦ ᠮᠥ᠍ ᠪᠦᠷᠢ ᠡᠴᠡ ᠭᠤᠷᠪᠠ ᠳᠥᠷᠪᠡᠨ ᠮᠢᠩᠭᠠᠨ ᠲᠥᠭᠥᠷᠢᠭ᠎ᠦᠨ ᠣᠷᠣᠯᠭ᠎ᠠ ᠢᠯᠡᠭᠦᠦ ᠪᠣᠯᠵᠠᠶ᠃ ᠮᠠ ᠬᠤᠸᠠᠩ ᠲᠤᠤ ᠲᠣᠰᠭᠣᠨ᠎ᠤ ᠠᠷᠠᠳ ᠯᠢᠦ ᠱᠸ᠋ ᠱᠧᠩ᠎ᠦᠨ 30 ᠮᠦ᠍ ᠯᠠᠵᠤᠤ᠎ᠶ᠋ᠢᠨ ᠮᠦ᠍ ᠪᠦᠷᠢ᠎ᠶ᠋ᠢᠨ ᠳᠤᠮᠳᠠᠴᠢ ᠣᠷᠣᠯᠭ᠎ᠠ ᠨᠢ 1.5 ᠲᠦᠮᠡᠨ ᠲᠥᠭᠥᠷᠢᠭ᠎ᠢ ᠳᠠᠪᠠᠵᠠᠢ; ᠬᠤᠯᠤᠰᠤ ᠨᠠᠭᠤᠷ ᠲᠣᠰᠭᠣᠨ᠎ᠤ ᠶᠠᠳᠠᠭᠤ᠎ᠡᠴᠨ ᠠᠩᠭᠢᠵᠢᠷᠠᠭ᠍ᠰᠠᠨ ᠡᠷᠦᠬᠡ ᠼᠤᠤ ᠭᠦᠸᠧ ᠴᠢᠶᠠᠩ 17 ᠮᠦ᠍ ᠯᠠᠵᠤᠤ᠎ᠳᠤ ᠲᠦᠱᠢᠭ᠌ᠯᠡᠨ 20 ᠲᠦᠮᠡᠨ ᠲᠥᠭᠥᠷᠢᠭ᠎ᠦᠨ ᠴᠡᠪᠡᠷ ᠣᠷᠣᠯᠭ᠎ᠠ ᠤᠯᠪᠠ᠃ ᠡᠨᠡ ᠵᠢᠯ ᠵᠥᠪᠬᠡᠨ ᠪᠤᠷᠤᠪᠠᠯᠭᠠᠰᠤ ᠪᠠᠯᠭᠠᠰᠤᠨ᠎ᠤ ᠱᠢᠨ᠎ᠡ ᠲᠥᠷᠥᠯ ᠵᠦᠶ᠋ᠯ᠎ᠢ ᠳᠡᠯᠭᠡᠷᠡᠭᠦᠯᠬᠦ᠌ ᠲᠠᠯᠠᠪᠠᠶ᠎ᠶ᠋ᠢ ᠨᠢᠭᠡ ᠯᠡ ᠳᠤᠤᠷ᠎ᠠ 1000 ᠮᠥ᠍ ᠪᠣᠯᠭᠠᠨ ᠥᠷᠭᠡᠳᠭᠡᠪᠡ᠃

ᠱᠢᠨᠵᠢᠯᠡᠬᠦ᠌ ᠤᠬᠠᠭᠠᠨ ᠲᠸᠭᠨᠢᠭ  ᠮᠡᠷᠭᠡᠵᠢᠯ᠎ᠦᠨ ᠵᠢᠵᠢᠭ ᠬᠦᠷᠢᠶᠡᠯᠡᠩ᠎ᠦᠨ ᠳᠣᠲᠣᠷᠠᠬᠢ ᠴᠢᠬᠢ ᠪᠣᠢᠵᠢᠭᠤᠯᠬᠤ ᠰᠠᠭᠤᠷᠢᠨ ᠤ᠋ 16 ᠴᠢᠬᠢ ᠪᠣᠢᠵᠢᠭᠤᠯᠬᠤ ᠬᠦᠯᠡᠮᠵᠢ ᠨᠢ ᠵᠠᠯᠭᠠᠯᠳᠤᠵᠤ᠂ ᠶᠡᠷᠦᠩᠬᠡᠶ ᠲᠠᠯᠠᠪᠠᠶ ᠨᠢ 3.2 ᠲᠦᠮᠡᠨ ᠲᠡᠭ᠌ᠰᠢ ᠳᠥᠷᠪᠡᠯᠵᠢᠨ ᠮᠧᠲ᠋ᠷ  ᠲᠦ᠍ ᠬᠦᠷᠴᠦ᠂ ᠵᠢᠯ᠎ᠦᠨ ᠴᠢᠬᠢ ᠪᠣᠢᠵᠢᠭᠤᠯᠬᠤ ᠴᠢᠳᠠᠪᠤᠷᠢ ᠨᠢ 2000 ᠲᠦᠮᠡ ᠳ᠋ᠸ᠋ ᠬᠦᠷᠴᠡᠢ᠃

《ᠥᠩᠭᠡᠷᠡᠭ᠌ᠰᠡᠨ᠎ᠳᠦ ᠲᠠᠷᠢᠶᠠᠴᠢᠨ ᠡᠷᠦᠬᠡ ᠥᠪᠡᠷ᠎ᠢᠶᠡᠨ ᠴᠢᠬᠢ ᠪᠣᠢᠵᠢᠭᠤᠯᠵᠤ᠂ ᠡᠳᠡᠭᠡᠷᠡᠯᠲᠡ᠎ᠶ᠋ᠢᠨ ᠨᠣᠷᠮ᠎ᠠ ᠨᠢ ᠳᠤᠤᠷ᠎ᠠ᠂ ᠴᠢᠬᠢ ᠨᠢ᠎ᠴᠦ ᠪᠠᠭᠤᠷᠠᠶ ᠪᠠᠢᠵᠠᠶ᠃ ᠣᠳᠣ ᠪᠢᠳᠡ ᠨᠢᠭᠡᠳᠦᠯᠲᠡᠶ ᠱᠢᠯᠢᠳᠡᠭ ᠦᠷ᠎ᠡ᠎ᠶ᠋ᠢᠨ ᠴᠢᠬᠢ ᠬᠠᠩᠭᠠᠵᠤ᠂ ᠰᠠᠭᠤᠷᠢᠱᠢᠭᠤᠯᠬᠤ᠂ ᠬᠠᠮᠢᠶᠠᠷᠴᠤ᠌ ᠬᠠᠮᠠᠭᠠᠯᠠᠬᠤ᠂ ᠲᠡᠭᠦᠵᠦ᠍ ᠬᠤᠷᠢᠶᠠᠬᠤ ᠪᠦᠬᠦ᠌ ᠶᠠᠪᠤᠴᠠ᠎ᠶ᠋ᠢᠨ ᠮᠡᠷᠭᠡᠵᠢᠯ᠎ᠦᠨ ᠦᠶ᠋ᠯᠡᠴᠢᠯᠡᠭᠡ᠎ᠶ᠋ᠢ ᠬᠠᠩᠭᠠᠨ᠎ᠠ᠃ ᠡᠨᠡ ᠵᠢᠯ ᠪᠠᠷᠤᠬ 2000 ᠲᠦᠮᠡᠨ ᠴᠢᠬᠢ ᠪᠣᠢᠵᠢᠭᠤᠯᠵᠤ᠂ 5000 ᠮᠦ᠍ ᠲᠠᠷᠢᠮᠠᠯ᠎ᠤᠨ ᠬᠡᠷᠡᠭ᠌ᠴᠡᠭᠡ᠎ᠶ᠋ᠢ ᠬᠠᠩᠭᠠᠬᠤ ᠪᠣᠯᠤᠨ᠎ᠠ》 ᠬᠡᠵᠦ ᠰᠠᠭᠤᠷᠢᠨ᠎ᠤ ᠬᠠᠷᠢᠭᠤᠴᠠᠯᠭᠠᠲᠠᠨ ᠱ᠌ᠢ ᠫᠸᠢ ᠹᠦ᠋ ᠶᠠᠷᠢᠨ᠎ᠠ᠃

ᠬᠦᠯᠡᠮᠵᠢ᠎ᠶ᠋ᠢᠨ ᠣᠶᠤᠨᠴᠢ ᠬᠠᠮᠢᠶᠠᠷᠤᠨ ᠡᠵᠡᠮᠳᠡᠬᠦ᠌ ᠲᠠᠪᠴᠠᠩ᠎ᠤᠨ ᠡᠮᠦᠨᠡᠬᠢ ᠡᠯᠧᠺᠲ᠋ᠷᠣᠨ ᠲᠤᠮᠤ  ᠳᠡᠯᠭᠡᠴᠡ ᠳᠡᠭᠡᠷ᠎ᠡ ᠶᠠᠬᠰᠢᠷᠠᠬᠰᠠᠨ  ᠲᠣᠭ᠎ᠠ ᠪᠠᠷᠢᠮᠲᠠ ᠢᠯᠡᠷᠡᠨ᠎ᠡ —  ᠪᠠᠷᠠᠭ᠎ᠠ ᠵᠢᠨ ᠰᠦᠯᠵᠢᠶ᠎ᠡ᠎ᠶ᠋ᠢᠨ ᠱᠢᠰᠲ᠋ᠧᠮ᠎ᠨᠢ ᠲᠤᠷᠱᠢᠯᠲᠠ᠎ᠶ᠋ᠢᠨ ᠲᠠᠷᠢᠶᠠᠨ᠎ᠤ ᠬᠥᠷᠥᠰᠥ᠍ ᠱᠢᠷᠣᠶ᠎ᠶ᠋ᠢᠨ ᠤᠰᠤ᠂ ᠳᠤᠯᠠᠭᠠᠨ᠎ᠤ ᠬᠡᠮᠵᠢᠶ᠎ᠡ᠂ ᠬᠡᠷᠡᠯ᠎ᠦᠨ ᠲᠤᠰᠤᠯᠲᠠ᠎ᠶ᠋ᠢ ᠴᠠᠭ ᠲᠤᠬᠠᠶ᠎ᠳᠤᠨᠢ ᠬᠢᠨᠠᠨ ᠬᠡᠮᠵᠢᠵᠦ᠍ ᠪᠠᠢᠳᠠᠭ᠃ 《ᠡᠨᠡ ᠬᠦ᠌ ᠱᠢᠰᠲ᠋ᠧᠮ᠎ᠢ ᠨᠢᠳᠤᠨᠤᠨ ᠰᠠᠶᠢ ᠠᠱᠢᠭ᠍ᠯᠠᠯᠲᠠ᠎ᠳᠤ ᠣᠷᠣᠭᠤᠯᠤᠭ᠍ᠰᠠᠨ ᠪᠣᠯᠬᠣᠷ ᠤᠰᠤ ᠪᠣᠷᠲᠣᠭᠣᠷ ᠡᠮ᠎ᠢ ᠨᠢᠭᠡ ᠴᠣᠭ᠍ᠴᠠᠵᠢᠭᠤᠯᠤᠨ ᠨᠠᠷᠢᠯᠢᠭ ᠣᠨᠣᠴᠠᠲᠠᠶ᠎ᠪᠠᠷ ᠯᠠᠵᠤᠤ ᠪᠤᠯᠭᠠᠨ ᠤ᠋ ᠡᠷᠬᠢᠨ ᠲᠣᠭᠣᠷᠢᠨ᠎ᠳᠤ ᠬᠦᠷᠲᠡᠯ᠎ᠡ ᠤᠰᠤᠯᠠᠵᠤ᠂ ᠤᠰᠤ ᠠᠷᠪᠢᠯᠠᠵᠤ᠂ ᠨᠠᠩ ᠥᠨᠳᠥᠷ ᠪᠦᠲᠦᠮᠵᠢᠲᠡᠶ ᠪᠣᠯᠭᠠᠵᠤ ᠴᠢᠳᠠᠨ᠎ᠠ》 ᠬᠡᠵᠦ  ᠸᠠᠩ ᠱᠢᠶᠤᠤ ᠳ᠋ᠠᠨ ᠬᠡᠯᠡᠨ᠎ᠡ᠃

ᠥᠷᠯᠥᠭᠡ᠎ᠡᠴᠡ ᠣᠷᠣᠢ ᠪᠣᠯᠲᠠᠯ᠎ᠠ ᠸᠠᠩ ᠱᠢᠶᠣᠤ ᠳ᠋ᠠᠨ 20 ᠭᠠᠷᠤᠶ ᠤᠲᠠᠰᠤ ᠲᠤᠰᠴᠤ᠌᠂ 3 ᠲᠣᠰᠭᠣᠨ᠂ 5 ᠫᠧᠩ ᠵᠢᠡᠷ ᠭᠦᠶᠦᠪᠡ᠃ ᠤᠷᠤᠢ ᠨᠢ ᠲᠡᠷᠡ ᠪᠠᠰᠠ ᠵᠢᠵᠢᠭ ᠬᠦᠷᠢᠶᠡᠯᠡᠩ᠎ᠦᠨ ᠲᠤᠷᠱᠢᠯᠲᠠ᠎ᠶ᠋ᠢᠨ ᠲᠠᠰᠤᠭ ᠳᠠᠭᠠᠨ ᠪᠤᠴᠠᠵᠤ ᠡᠳᠦᠷ᠎ᠦᠨ ᠠᠵᠢᠯ᠎ᠵᠢᠡᠨ ᠡᠮᠬᠢᠯᠡᠵᠦ᠍ ᠲᠡᠮᠳᠡᠭ᠌ᠯᠡᠯ ᠬᠢᠨ᠎ᠡ᠃ 《ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠵᠢᠵᠢᠭ ᠬᠦᠷᠢᠶᠡᠯᠡᠩ ᠨᠢ ᠲᠠᠷᠢᠶ᠎ᠠ ᠲᠠᠷᠢᠬᠤ᠎ᠪᠠᠷ ᠪᠠᠷᠠᠬᠤ ᠦᠭᠡᠢ᠂ ᠨᠡᠩ ᠴᠤ᠌ ᠥᠭᠦᠯᠡᠯ᠎ᠢᠶᠡᠨ ᠡᠬᠡ ᠭᠠᠵᠠᠷ᠎ᠲᠤ ᠪᠢᠴᠢᠨ᠎ᠡ》 ᠭᠡᠵᠦ᠍ ᠲᠡᠷᠡ ᠢᠨᠢᠶᠡᠮᠰᠦᠭ᠌ᠯᠡᠨ ᠬᠡᠯᠡᠨ᠎ᠡ᠃


ᠰᠤᠷᠪᠤᠯᠵᠢᠯᠠᠭ᠍ᠴᠢ᠎ᠶ᠋ᠢᠨ ᠡᠪᠦᠷ ᠲᠡᠮᠳᠡᠭ᠌ᠯᠡᠯ᠄

ᠨᠢᠭᠡ ᠡᠳᠦᠷ᠎ᠦᠨ ᠰᠤᠷᠪᠤᠯᠵᠢᠯᠠᠭ᠎ᠠ ᠵᠢᠨ ᠳᠤᠮᠳᠠ ᠸᠠᠩ ᠱᠢᠶᠣᠤ ᠳ᠋ᠠᠨ ᠨᠢᠭᠡ ᠬᠠᠭᠤᠴᠢᠨ ᠫᠢᠺᠠ ᠮᠠᠰᠢᠨ ᠲᠡᠷᠬᠡ  ᠵᠢᠯᠣᠭᠣᠳᠴᠤ᠌᠂ ᠨᠢᠭᠡ ᠪᠠᠭᠠᠵᠢ ᠬᠡᠷᠡᠭᠰᠡᠯ᠎ᠤᠨ ᠬᠠᠢᠷᠴᠠᠭ ᠠᠪᠴᠤ᠌᠂ ᠭᠠᠷ᠎ᠲᠠᠭᠠᠨ ᠨᠢᠭᠡ ᠶᠠᠬᠰᠢᠷᠠᠳᠠᠯ᠎ᠠ ᠪᠢᠴᠢᠭᠰᠡᠨ ᠲᠠᠷᠢᠶᠠᠨ ᠭᠠᠵᠠᠷ᠎ᠤᠨ ᠲᠡᠮᠳᠡᠭ᠌ᠯᠡᠯ᠎ᠦᠨ ᠭᠠᠷ ᠳᠡᠪᠲᠡᠷ ᠠᠪᠴᠤ᠌᠂ ᠲᠩᠷᠢ ᠭᠡᠭᠡᠷᠡᠬᠦ᠌᠎ᠡᠴᠡ ᠨᠠᠷᠠ ᠰᠢᠩᠬᠡᠬᠦ ᠪᠣᠯᠲᠠᠯ᠎ᠠ ᠶᠠᠭᠠᠷᠠᠯ᠎ᠠ᠃ ᠲᠡᠷᠡ ᠬᠥᠷᠥᠰᠥ᠎ᠶ᠋ᠢ ᠬᠡᠮᠵᠢᠬᠦ᠌᠂ ᠴᠢᠬᠢ ᠨᠠᠪᠴᠢ᠎ᠶ᠋ᠢ ᠰᠢᠨᠵᠢᠬᠦ᠂ ᠡᠭᠦᠯᠳᠡᠷ ᠲᠠᠨᠢᠯᠴᠠᠭᠤᠯᠬᠤ᠂ ᠵᠠᠬ᠎ᠠ ᠳᠡᠯᠭᠡᠭᠦᠷ᠎ᠢ ᠶᠠᠷᠢᠯᠴᠠᠬᠤ ᠵᠡᠷᠭᠡ ᠠᠷᠭ᠎ᠠ ᠬᠡᠯᠪᠡᠷᠢ᠎ᠪᠡᠷ ᠲᠠᠷᠢᠶᠠᠴᠢᠨ ᠡᠷᠦᠬᠡ᠎ᠶ᠋ᠢ ᠬᠠᠪᠰᠤᠷᠤᠨ ᠯᠠᠵᠤᠤ ᠲᠠᠷᠢᠬᠤ ᠰᠡᠳᠭᠢᠯ᠎ᠦᠨ ᠵᠠᠩᠬᠢᠷᠠᠭ᠎ᠠ ᠵᠢ ᠠᠯᠳᠠᠷᠠᠭᠠᠪᠠ᠃ ᠡᠳᠦᠬᠡ  ᠣᠲᠣᠭ᠎ᠤᠨ ᠡᠮᠦᠨᠡᠲᠦ ᠬᠣᠱᠢᠭᠤᠨ᠎ᠤ 《ᠪᠤᠷᠤᠪᠠᠯᠭᠠᠰᠤ᠎ᠶ᠋ᠢᠨ ᠯᠠᠵᠤᠤ》 ᠪᠥᠬᠥ᠌ ᠤᠯᠤᠰ᠎ᠤᠨ 21 ᠮᠤᠵᠢ ᠬᠣᠲᠠ᠎ᠳᠤ ᠪᠣᠷᠣᠯᠠᠭᠤᠯᠤᠭ᠍ᠳᠠᠵᠤ᠂ ᠲᠦᠷᠦᠯ ᠲᠡᠮᠳᠡᠭ᠎ᠦᠨ ᠦᠨ᠎ᠡ ᠵᠢᠨ ᠦᠰᠦᠯᠳᠠ ᠨᠢ 30% ᠳ᠋ᠥ᠍ ᠬᠦᠷᠴᠦ᠍᠂ ᠯᠠᠵᠤᠤ᠎ᠶ᠋ᠢᠨ ᠠᠵᠤ ᠦᠶ᠋ᠯᠡᠰ ᠨᠢ ᠨᠢᠭᠡᠨᠲᠡ ᠲᠤᠬᠠᠶ᠎ᠶ᠋ᠢᠨ ᠭᠠᠵᠠᠷ᠎ᠤᠨ ᠮᠠᠯᠴᠢᠨ ᠲᠠᠷᠢᠶᠠᠴᠢᠨ᠎ᠤ ᠣᠷᠣᠯᠭ᠎ᠠ᠎ᠪᠠᠨ ᠨᠡᠮᠡᠭ᠌ᠳᠡᠭᠦᠯᠵᠦ᠍ ᠪᠡᠶᠡᠵᠢᠨ ᠴᠢᠨᠡᠭᠡᠯᠢᠭ᠌ᠵᠢᠬᠦ᠌ 《ᠬᠠᠲᠠᠭᠤ ᠲᠤᠯᠭᠠᠭᠤᠷᠢᠯᠠᠯ》 ᠪᠣᠯᠤᠭ᠍ᠰᠠᠨ ᠪᠠᠢᠨ᠎ᠠ᠃

3 ᠵᠢᠯ᠎ᠭᠠᠷᠤᠢ᠎ᠶ᠋ᠢᠨ ᠲᠤᠷᠰᠢ ᠸᠠᠩ ᠱᠢᠶᠤᠤ ᠳ᠋ᠠᠨ ᠲᠠᠢ ᠠᠳᠠᠯᠢᠬᠠᠨ 30 ᠭᠠᠷᠤᠢ ᠦᠨᠳᠦᠰᠦᠨ ᠱᠠᠲᠤᠨ᠎ᠤ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠠᠵᠢᠯᠳᠠᠨ ᠲᠠᠷᠢᠶᠠᠨ ᠭᠠᠵᠠᠷ᠎ᠲᠤ ᠬᠦᠨᠵᠡᠭᠡᠢᠷᠡᠵᠦ᠂ ᠲᠠᠷᠢᠶᠠᠴᠢᠨ ᠡᠷᠦᠬᠡ᠎ᠵᠢᠨ ᠠᠵᠤ ᠠᠮᠢᠳᠤᠷᠠᠯ ᠳ᠋ᠸ᠋ ᠰᠡᠳᠬᠢᠯ ᠳᠠᠯᠪᠢᠨ ᠦᠢᠯᠡᠴᠢᠯᠡᠵᠡᠢ᠃ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠵᠢᠵᠢᠭ ᠬᠦᠷᠢᠶᠡᠯᠡᠩ᠎ᠨᠢ ᠤᠰᠤ ᠪᠣᠷᠳᠣᠭᠤᠷ᠎ᠢ ᠨᠢᠭᠡ ᠴᠣᠭ᠍ᠴᠠᠵᠢᠭᠤᠯᠬᠤ ᠮᠡᠷᠭᠡᠵᠢᠯ᠎ᠢ ᠳᠡᠯᠭᠡᠷᠡᠭᠦᠯᠵᠦ᠍᠂ ᠤᠰᠤ᠎ᠶ᠋ᠢ 10% ᠪᠡᠷ ᠠᠷᠪᠢᠯᠠᠵᠤ᠂ ᠬᠤᠷᠢᠶᠠᠯᠳᠠ ᠵᠢ 6% ᠪᠡᠷ  ᠨᠡᠮᠡᠭ᠌ᠳᠡᠭᠦᠯᠵᠦ᠍᠂ 2000 ᠭᠠᠷᠤᠶ ᠯᠠᠵᠤᠤ ᠵᠢᠨ ᠲᠠᠷᠢᠶᠠᠴᠢᠨ ᠡᠷᠦᠬᠡ᠎ᠶ᠋ᠢᠨ ᠳᠤᠮᠳᠠᠴᠢ ᠣᠷᠣᠯᠭ᠎ᠠ᠎ᠶ᠋ᠢ 1000 ᠲᠥᠭᠥᠷᠢᠭ᠎ᠡᠴᠡ ᠳᠡᠭᠡᠭ᠌ᠰᠢ ᠨᠡᠮᠡᠭ᠌ᠳᠡᠭᠦᠯᠵᠡᠢ᠃ 2025 ᠣᠨ᠎ᠤ 5 ᠰᠠᠷ᠎ᠠ᠎ᠳᠤ ᠣᠲᠣᠭ᠎ᠤᠨ ᠡᠮᠦᠨᠡᠲᠦ ᠬᠣᠱᠢᠭᠤᠨ᠎ᠤ ᠯᠠᠵᠤᠤ ᠵᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠵᠢᠵᠢᠭ ᠬᠦᠷᠢᠶᠡᠯᠡᠩ᠎ᠨᠢ ᠤᠯᠤᠰ᠎ᠤᠨ ᠲᠠᠰ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠵᠢᠵᠢᠭ ᠬᠦᠷᠢᠶᠡᠯᠡᠩ᠎ᠢᠶᠡᠷ ᠵᠥᠪᠱᠢᠶᠡᠷᠡᠭ᠌ᠳᠡᠪᠡ᠃ ᠡᠨᠡ᠎ᠨᠢ ᠶᠠᠭ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠵᠢᠵᠢᠭ ᠬᠦᠷᠢᠶᠡᠯᠡᠩ᠎ᠦᠨ 《ᠥᠭᠦᠯᠡᠯ᠎ᠢᠶᠡᠨ ᠡᠬᠡ ᠭᠠᠵᠠᠷ ᠳᠡᠭᠡᠷ᠎ᠡ ᠪᠢᠴᠢᠭ᠌ᠰᠡᠨ》 ᠬᠠᠮᠤᠭ᠎ᠤᠨ ᠠᠮᠢᠳᠤᠯᠢᠭ ᠲᠠᠢᠯᠪᠤᠷᠢ ᠪᠤᠯᠤᠬᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号