2026 ᠣᠨ᠎ᠤ ᠤᠮᠠᠷᠠᠲᠤ ᠬᠢᠯᠢ᠎ᠶᠢᠨ ᠨᠣᠮ᠎ᠤᠨ ᠦᠵᠡᠰᠬᠦᠯᠡᠩ᠎ᠤᠨ ᠬᠤᠭᠤᠴᠠᠭᠠᠨ᠎ᠳᠦ ᠥᠪᠥᠷ ᠮᠣᠩᠭᠣᠯ᠎ᠤᠨ ᠬᠡᠪᠯᠡᠯ᠎ᠦᠨ ᠪᠦᠯᠦᠭᠯᠡᠯ 10 ᠣᠨᠴᠠᠯᠢᠭ᠍ᠲᠤ ᠠᠵᠢᠯᠯᠠᠭ᠎ᠠ ᠦᠷᠨᠢᠭᠦᠯᠦᠨ᠎ᠡ
2026-08-13 16:03:58
ᠵᠣᠬᠢᠶᠠᠭ᠍ᠴᠢ᠄
ᠬᠠᠨ ᠯᠢᠩ ᠯᠢᠩ
ᠣᠩᠱᠢᠭ᠍ᠰᠠᠨ ᠣᠳᠠᠭ᠎ᠠ᠄
★★★☆☆

8 ᠰᠠᠷ᠎ᠠ᠎ᠶᠢᠨ 13 ᠡᠴᠡ 17᠎ᠤ ᠡᠳᠦᠷ ᠪᠣᠯᠲᠠᠯ᠎ᠠ᠂ 2026 ᠣᠨ᠎ᠤ ᠤᠮᠠᠷᠠᠲᠤ ᠬᠢᠯᠢ᠎ᠶᠢᠨ ᠨᠣᠮ᠎ᠤᠨ ᠦᠵᠡᠰᠬᠦᠯᠡᠩ ᠥᠪᠥᠷ ᠮᠣᠩᠭᠣᠯ᠎ᠤᠨ ᠤᠯᠠᠨ ᠤᠯᠤᠰ᠎ᠤᠨ ᠬᠤᠷᠠᠯ ᠦᠵᠡᠰᠬᠦᠯᠡᠩ᠎ᠦᠨ ᠲᠥᠪ᠎ᠲᠦ ᠶᠠᠪᠤᠭᠳᠠᠬᠤ ᠪᠤᠯᠤᠨ᠎ᠠ᠃

ᠲᠣᠰ ᠤᠳᠠᠭᠠᠨ᠎ᠤ ᠨᠣᠮ᠎ᠤᠨ ᠦᠵᠡᠰᠬᠦᠯᠡᠩ᠎ᠢ ᠳᠠᠭᠠᠭᠠᠴᠢᠯᠠᠨ ᠡᠷᠭᠢᠯᠡᠬᠦ ᠨᠢᠭᠡᠴᠢ᠎ᠶᠢᠨ ᠨᠢᠭᠡ ᠪᠣᠯᠬᠤ ᠥᠪᠥᠷ ᠮᠣᠩᠭᠣᠯ᠎ᠤᠨ ᠬᠡᠪᠯᠡᠯ᠎ᠦᠨ ᠪᠦᠯᠦᠭᠯᠡᠯ ᠨᠢ 1500 ᠵᠦᠢᠯ᠎ᠦᠨ 20000 ᠭᠠᠷᠤᠢ ᠨᠤᠮ ᠲᠡᠪᠲᠡᠷ᠂ 100 ᠭᠠᠷᠤᠢ ᠵᠦᠢᠯ᠎ᠤᠨ 500 ᠭᠠᠷᠤᠢ ᠰᠣᠶᠣᠯ᠎ᠤᠨ ᠪᠦᠲᠦᠭᠡᠯᠴᠢ ᠪᠦᠲᠦᠭᠡᠭᠳᠡᠬᠦᠨ᠎ᠢ ᠳᠡᠯᠭᠡᠨ ᠦᠵᠡᠭᠦᠯᠦᠨ᠎ᠠ᠃

ᠥᠪᠥᠷ ᠮᠣᠩᠭᠣᠯ᠎ᠤᠨ ᠬᠡᠪᠯᠡᠯ᠎ᠦᠨ ᠪᠦᠯᠦᠭᠯᠡᠯ᠎ᠦᠨ ᠬᠢᠨ ᠨᠣᠮ᠎ᠤᠨ ᠦᠵᠡᠰᠬᠦᠯᠡᠩ᠎ᠦᠨ ᠬᠤᠭᠤᠴᠠᠭᠠᠨ᠎ᠳᠤ 10 ᠲᠠᠯᠠᠪᠠᠢ ᠰᠣᠶᠣᠯ᠎ᠤᠨ ᠠᠵᠢᠯᠯᠠᠭ᠎ᠠ ᠥᠷᠨᠢᠭᠦᠯᠵᠦ᠂ ᠲᠡᠦᠬᠡ᠎ᠶᠢᠨ ᠳᠠᠨᠭᠰᠠ ᠡᠪᠬᠡᠮᠡᠯ᠂ ᠪᠤᠲᠠᠰ᠎ᠤᠨ ᠪᠤᠰᠤ ᠰᠣᠶᠣᠯ᠂ ᠤᠯᠠᠨ ᠲᠦᠮᠡᠨᠴᠢ ᠤᠳᠬ᠎ᠠ ᠵᠣᠬᠢᠶᠠᠯ᠂ ᠪᠠᠭᠠᠴᠤᠳ ᠬᠡᠦᠬᠡᠳ᠎ᠦᠨ ᠰᠡᠭᠡᠭᠡᠷᠡᠭᠦᠯᠦᠯ᠂ ᠰᠣᠩᠭᠣᠳᠠᠭ ᠣᠷᠴᠢᠭᠤᠯᠭ᠎ᠠ ᠢ᠋ᠢᠨ ᠪᠦᠲᠦᠭᠡᠯ᠂ ᠤᠷᠤᠨ ᠨᠤᠲᠤᠭ᠎ᠤᠨ ᠤᠳᠬ᠎ᠠ ᠵᠣᠬᠢᠶᠠᠯ ᠵᠡᠷᠭᠡ ᠬᠦᠷᠢᠶ᠎ᠡ᠎ᠶᠢ ᠬᠠᠮᠤᠷᠴᠤ᠂ ᠡᠯᠪᠡᠭ ᠪᠠᠶᠠᠯᠢᠭ᠋ ᠤᠯᠠᠨ ᠡᠰᠢᠲᠦ ᠤᠩᠰᠢᠯᠭ᠎ᠠ᠎ᠶᠢᠨ ᠠᠵᠢᠯᠯᠠᠭ᠎ᠠ ᠵᠢ ᠤᠩᠰᠢᠬᠴᠢᠳ ᠲᠸ᠋ ᠬᠦᠷᠬᠡᠬᠦ ᠪᠤᠯᠤᠨ᠎ᠠ᠃

ᠨᠢᠭᠡ᠂ 8 ᠰᠠᠷ᠎ᠠ᠎ᠶᠢᠨ 13᠎ᠤ ᠡᠳᠦᠷ᠎ᠦᠨ 11᠄ 00 ᠴᠠᠭ᠎ᠲᠤ᠂ 《ᠴᠢᠩ ᠤᠯᠤᠰ᠎ᠤᠨ ᠦᠶ᠎ᠡ᠎ᠶᠢᠨ ᠥᠪᠥᠷ ᠮᠣᠩᠭᠣᠯ᠎ᠤᠨ ᠬᠢᠯᠢ ᠬᠢᠵᠠᠭᠠᠷ᠎ᠤᠨ ᠵᠠᠰᠠᠯᠲᠠ᠎ᠶᠢᠨ ᠣᠯᠠᠨ ᠬᠡᠯᠡᠨ᠎ᠦ ᠲᠠᠩᠰᠠ ᠡᠪᠬᠡᠮᠡᠯ᠎ᠦᠨ ᠡᠮᠬᠢᠳᠬᠡᠯ》 ᠭᠡᠬᠦ ᠰᠢᠨ᠎ᠡ ᠨᠣᠮ᠎ᠤᠨ ᠠᠩᠬ᠎ᠠ ᠲᠠᠷᠬᠠᠭᠠᠬᠤ ᠶᠣᠰᠣᠯᠠᠯ ᠥᠪᠥᠷ ᠮᠣᠩᠭᠣᠯ᠎ᠤᠨ ᠣᠯᠠᠨ ᠤᠯᠤᠰ᠎ᠤᠨ ᠬᠤᠷᠠᠯ ᠦᠵᠡᠰᠬᠦᠯᠡᠩ᠎ᠦᠨ ᠲᠥᠪ᠎ᠦᠨ ᠣᠯᠠᠨ ᠨᠡᠶ᠋ᠢᠲᠡ᠎ᠶᠢᠨ ᠤᠩᠰᠢᠯᠭ᠎ᠠ᠎ᠶᠢᠨ ᠠᠵᠢᠯᠯᠠᠭ᠎ᠠ᠎ᠶᠢᠨ ᠲᠣᠭᠣᠷᠢᠭ᠋᠎ᠲᠤ ᠶᠠᠪᠤᠭᠳᠠᠨ᠎ᠠ᠃


1.jpg


ᠬᠤᠶᠠᠷ᠂ 8 ᠰᠠᠷ᠎ᠠ᠎ᠶᠢᠨ 13᠎ᠤ ᠡᠳᠦᠷ᠎ᠦᠨ 17᠄ 00 ᠴᠠᠭ᠎ᠲᠤ᠂ ᠥᠪᠥᠷ ᠮᠣᠩᠭᠣᠯ᠎ᠤᠨ ᠬᠡᠪᠯᠡᠯ᠎ᠦᠨ ᠪᠦᠯᠦᠭᠯᠡᠯ᠂ ᠵᠡᠭᠦᠨᠭᠠᠷ ᠬᠣᠰᠢᠭᠤᠨ᠎ᠤ ᠤᠳᠬ᠎ᠠ ᠤᠷᠠᠯᠢᠭ᠋᠎ᠤᠨ ᠬᠢᠨ᠎ᠤ ᠬᠣᠯᠪᠣᠭ᠎ᠠ᠂ ᠶᠤᠸᠠᠨ ᠹᠠᠩ ᠬᠡᠪᠯᠡᠯ᠎ᠦᠨ ᠬᠣᠷᠢᠶ᠎ᠠ ᠬᠠᠮᠲᠤᠷᠠᠨ ᠣᠯᠠᠨ ᠨᠡᠶ᠋ᠢᠲᠡ᠎ᠶᠢᠨ ᠤᠩᠰᠢᠯᠭ᠎ᠠ᠎ᠶᠢᠨ ᠠᠵᠢᠯᠯᠠᠭ᠎ᠠ᠎ᠶᠢᠨ ᠲᠣᠭᠣᠷᠢᠭ᠋᠎ᠲᠤ 《ᠵᠡᠭᠦᠨᠭᠠᠷ᠎ᠤᠨ ᠰᠣᠳᠣᠨ ᠪᠦᠲᠦᠭᠡᠯ᠎ᠤᠨ ᠬᠥᠮᠥᠷᠭᠡ》᠎ᠶᠢᠨ ᠴᠤᠪᠤᠷᠠᠯ ᠪᠢᠴᠢᠭ᠎ᠤᠨ ᠲᠠᠨᠢᠯᠴᠠᠭᠤᠯᠭ᠎ᠠ᠎ᠶᠢᠨ ᠬᠤᠷᠠᠯ  ᠡᠷᠭᠢᠯᠡᠨ᠎ᠡ᠃


2.jpg


ᠭᠤᠷᠪᠠ᠂ 8 ᠰᠠᠷ᠎ᠠ᠎ᠶᠢᠨ 14᠎ᠦ ᠡᠳᠦᠷ᠎ᠦᠨ 16᠄ 00 ᠴᠠᠭ᠎ᠲᠤ᠂ 《ᠳᠤᠮᠳᠠᠳᠤ᠎ᠶᠢᠨ ᠰᠢᠯᠢᠳᠡᠭ ᠰᠣᠶᠣᠯ᠄ ᠥᠪᠥᠷ ᠮᠣᠩᠭᠣᠯ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠢ ᠤᠯᠠᠮᠵᠢᠯᠠᠬᠤ ᠴᠤᠪᠤᠷᠠᠯ ᠪᠢᠴᠢᠭ》᠎ᠤᠨ ᠨᠤᠮ ᠪᠢᠴᠢᠭ ᠬᠤᠪᠢᠶᠠᠨ ᠡᠳ᠋ᠯᠡᠬᠦ ᠠᠵᠢᠯᠯᠠᠭ᠎ᠠ ᠥᠪᠥᠷ ᠮᠣᠩᠭᠣᠯ᠎ᠤᠨ ᠬᠡᠪᠯᠡᠯ᠎ᠦᠨ ᠪᠦᠯᠦᠭᠯᠡᠯ᠎ᠦᠨ ᠦᠵᠡᠭᠦᠯᠭᠡ᠎ᠶᠢᠨ ᠲᠣᠭᠣᠷᠢᠭ᠋᠎ᠲᠤ ᠶᠠᠪᠤᠭᠳᠠᠨ᠎ᠡ᠃


3.jpg


ᠳᠦᠷᠪᠡ᠂ 8 ᠰᠠᠷ᠎ᠠ᠎ᠶᠢᠨ 13᠎ᠤ ᠡᠳᠦᠷ᠎ᠦᠨ 10᠄ 00 ᠴᠠᠭ᠎ᠲᠤ᠂ 《ᠴᠡᠪᠡᠷ ᠬᠥᠪᠥᠩ᠎ᠦᠨ ᠴᠠᠭ ᠮᠥᠴᠡ》 ᠬᠡᠬᠦ ᠨᠤᠮ᠎ᠤᠨ ᠤᠩᠰᠢᠭ᠍ᠴᠢᠳ ᠲᠠᠢ ᠠᠭᠤᠯᠵᠠᠬᠤ ᠬᠤᠷᠠᠯ ᠶᠠᠪᠤᠭᠳᠠᠨ᠎ᠠ᠃


4.jpg


ᠲᠠᠪᠤ᠂ 8 ᠰᠠᠷ᠎ᠠ᠎ᠶᠢᠨ 14᠎ᠦ ᠡᠳᠦᠷ᠎ᠦᠨ 10᠄ 00 ᠴᠠᠭ᠎ᠲᠤ᠂ 《ᠰᠠᠯᠬᠢ᠎ᠲᠠᠢ ᠬᠡᠭᠡᠷ᠎ᠡ ᠲᠠᠯ᠎ᠠ᠎ᠶᠢ ᠲᠤᠭᠤᠯᠤᠭᠰᠠᠨ》 ᠬᠡᠬᠦ ᠨᠤᠮ᠎ᠤᠨ ᠤᠩᠰᠢᠭ᠍ᠴᠢᠳ᠎ᠲᠠᠢ ᠠᠭᠤᠯᠵᠠᠬᠤ ᠬᠤᠷᠠᠯ ᠶᠠᠪᠤᠭᠳᠠᠨ᠎ᠡ᠃


5.jpg


ᠵᠢᠷᠭᠤᠭ᠎ᠠ᠂ 8 ᠰᠠᠷ᠎ᠠ᠎ᠶᠢᠨ 13᠎ᠤ ᠡᠳᠦᠷ᠎ᠦᠨ 15᠄ 00 ᠴᠠᠭ᠎ᠲᠤ᠂ 《ᠪᠠᠶᠠᠰᠬᠤᠯᠠᠩᠲᠤ ᠲᠠᠯ᠎ᠠ ᠨᠤᠲᠤᠭ》 ᠬᠡᠦᠬᠡᠳ᠎ᠦᠨ ᠵᠢᠷᠤᠭᠯᠠᠯ ᠳᠡᠪᠲᠡᠷ᠎ᠤᠨ ᠰᠢᠨ᠎ᠡ ᠨᠣᠮ᠎ᠢ ᠨᠡᠢᠲᠡᠯᠡᠨ᠎ᠡ᠃


6.jpg


ᠳᠤᠯᠤᠭ᠎ᠠ᠂ 8 ᠰᠠᠷ᠎ᠠ᠎ᠶᠢᠨ 13᠎ᠤ ᠡᠳᠦᠷ᠎ᠦᠨ 16᠄ 00 ᠴᠠᠭ᠎ᠲᠤ᠂ 《ᠰᠢᠵᠢᠷ ᠠᠯᠲᠠᠨ ᠪᠠᠭ᠎ᠠ ᠨᠠᠰᠤ·ᠬᠡᠦᠬᠡᠳ᠎ᠦᠨ ᠤᠷᠠᠨ ᠵᠣᠬᠢᠶᠠᠯ᠎ᠤᠨ ᠰᠢᠯᠢᠳᠡᠭ ᠪᠦᠲᠦᠭᠡᠯ᠎ᠦᠨ ᠰᠣᠩᠭᠣᠮᠠᠯ》᠎ᠤᠨ ᠲᠠᠨᠢᠯᠴᠠᠭᠤᠯᠭ᠎ᠠ ᠢ᠋ᠢᠨ ᠠᠵᠢᠯᠯᠠᠭ᠎ᠠ ᠶᠠᠪᠤᠬᠲᠠᠨ᠎ᠡ᠃

ᠨᠠᠢ᠍ᠮᠠ᠂ 8 ᠰᠠᠷ᠎ᠠ᠎ᠶᠢᠨ 14᠎ᠦ ᠡᠳᠦᠷ᠎ᠦᠨ 11᠄ 00 ᠴᠠᠭ᠎ᠲᠤ᠂ 《ᠠᠷᠪᠠᠨ ᠬᠣᠶᠠᠷ ᠵᠢᠯ᠎ᠦᠨ ᠭᠡᠷ ᠪᠦᠯᠢ᠎ᠪᠡᠷ᠎ᠢᠶᠡᠨ ᠬᠠᠮᠲᠤ ᠨᠠᠭᠠᠳᠤᠶ᠎ᠠ》 (ᠮᠣᠩᠭᠣᠯ ᠬᠡᠯᠡᠨ᠎ᠦ ᠬᠡᠪᠯᠡᠯ) ᠵᠢᠷᠤᠭᠲᠤ ᠨᠣᠮ᠎ᠢ ᠨᠡᠢᠲᠡᠯᠡᠨ᠎ᠡ᠃


7.png


ᠶᠢᠰᠦ᠂ 8 ᠰᠠᠷ᠎ᠠ᠎ᠶᠢᠨ 14᠎ᠦ ᠡᠳᠦᠷ᠎ᠦᠨ 15᠄ 00 ᠴᠠᠭ᠎ᠲᠤ᠂ 《ᠪᠤᠭᠤᠮᠲᠠ᠎ᠳᠡᠬᠢ ᠬᠡᠦᠬᠡᠳ》 ᠭᠡᠬᠦ ᠰᠢᠷᠢᠰ ᠨᠣᠮ᠎ᠢ ᠨᠡᠢᠲᠡᠯᠡᠨ᠎ᠡ᠃

ᠠᠷᠪᠠ᠂ 8 ᠰᠠᠷ᠎ᠠ᠎ᠶᠢᠨ 15᠎ᠤ ᠡᠳᠦᠷ᠎ᠦᠨ 10᠄ 00 ᠴᠠᠭ᠎ᠲᠤ᠂ 《ᠤᠶᠠᠩᠭ᠎ᠠ ᠢ᠋ᠢᠨ ᠲᠦᠷᠦᠭᠡ ᠲᠡᠢ ᠤᠮᠠᠷᠠᠲᠦ ᠬᠢᠯᠢ ᠢ᠋ᠢᠨ ᠪᠠᠬᠠᠲᠤᠯ》 ᠭᠣᠣᠯ ᠰᠡᠳᠦᠪᠲᠦ ᠠᠵᠢᠯᠯᠠᠭ᠎ᠠ ᠶᠠᠪᠤᠬᠲᠠᠨ᠎ᠠ᠃


8.jpg

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号