ᠰᠤᠷᠪᠤᠯᠵᠢᠯᠠᠭᠴᠢ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ᠎ᠡᠴᠡ ᠣᠶ᠋ᠢᠯᠠᠭᠠᠭᠰᠠᠨ᠎ᠢᠶᠡᠷ᠂ ᠲᠤᠰ ᠰᠤᠷᠭᠠᠭᠤᠯᠢ᠎ᠶᠢᠨ ᠬᠠᠨ ᠬᠦᠸᠸ ᠳ᠋ᠦᠨᠭ ᠫᠷᠤᠹᠸᠰᠰᠤᠷ ᠦ᠋ᠨ ᠪᠦᠯᠬᠦᠮ᠎ᠦᠨ ᠬᠢᠨ ᠨᠢᠭᠡ ᠵᠦᠢᠯ᠎ᠦᠨ ᠣᠨᠴᠠᠭᠠᠶ 《ᠪᠣᠬᠢᠷᠲᠤᠯ ᠥᠬᠡᠶ ᠠᠭᠤᠰᠬᠠᠭᠴᠢ》 ᠵᠢ ᠠᠮᠵᠢᠯᠲᠠ᠎ᠲᠠᠶ ᠰᠤᠳᠤᠯᠤᠨ ᠭᠠᠷᠭᠠᠵᠤ᠂ ᠲᠠᠯ᠎ᠠ ᠨᠤᠲᠤᠭ᠎ᠤᠨ ᠴᠠᠷᠴᠠᠬᠠᠶ᠎ᠶᠢ ᠨᠠᠷᠢᠯᠢᠭ ᠤᠨᠤᠴᠠᠳᠠᠢ ᠰᠡᠷᠭᠡᠶ᠋ᠢᠯᠡᠨ ᠡᠵᠡᠮᠳᠡᠵᠤ᠂ ᠲᠠᠷᠢᠮᠠᠯ᠎ᠦᠨ ᠦᠢᠯᠡᠰ᠎ᠦᠨ ᠴᠢᠨᠠᠷ ᠰᠠᠢᠳᠠᠢ ᠬᠦᠭᠵᠢᠯᠳᠠ ᠵᠢ ᠠᠬᠢᠭᠤᠯᠬᠤ ᠳ᠋ᠤ ᠬᠦᠴᠤᠨ ᠨᠡᠮᠡᠷᠢᠯᠡᠵᠦ ᠪᠤᠢ᠃ ᠡᠨᠡ ᠨᠢ ᠲᠠᠷᠢᠶᠠᠯᠠᠩ᠎ᠤᠨ ᠬᠡᠷᠡᠭᠯᠡᠭᠡᠨ᠎ᠤ ᠪᠤᠬᠢᠷᠳᠤᠯ ᠦᠭᠡᠢ ᠪᠢᠴᠢᠯ ᠬᠤᠮᠵᠢᠶ᠎ᠠ ᠪᠤᠯᠤᠨ᠎ᠠ᠃
ᠣᠶ᠋ᠢᠯᠠᠭᠠᠭᠰᠠᠨ᠎ᠢᠶᠠᠷ᠂ ᠤᠯᠠᠮᠵᠢᠯᠠᠯᠳᠤ ᠲᠠᠷᠢᠶᠠᠨ ᠡᠮ᠎ᠢ ᠲᠠᠷᠢᠮᠠᠯ ᠳᠡᠭᠡᠷ᠎ᠡ ᠰᠢᠭᠤᠳ ᠰᠦᠷᠴᠢᠬᠦ ᠨᠢ ᠶᠠᠭ ᠯᠠ ᠨᠢᠴᠦᠬᠦᠨ ᠪᠡᠶ᠎ᠡ ᠵᠢ ᠰᠢᠲᠠᠮ᠎ᠠ ᠨᠡᠷᠡᠨᠳ᠋ᠤ ᠰᠢᠷᠡᠵᠤ ᠪᠠᠢᠭ᠎ᠠ ᠲᠠᠢ ᠠᠳᠠᠯᠢ ᠪᠠᠢᠵᠤ᠂ ᠲᠠᠷᠢᠮᠠᠯ ᠳ᠋ᠤ ᠬᠡᠳᠡᠷᠬᠦ ᠨᠦᠯᠦᠭᠡ ᠦᠵᠡᠬᠦᠯᠳᠡᠭ᠃ ᠲᠡᠷᠡᠴᠢᠯᠡᠨ ᠤᠯᠠᠮᠵᠢᠯᠠᠯᠲᠤ᠌ ᠲᠠᠷᠢᠶᠠᠨ ᠡᠮ᠎ᠦᠨ ᠨᠠᠶ᠋ᠢᠷᠠᠯᠭ᠎ᠠ᠎ᠨᠢ ᠶᠡᠬᠡ ᠬᠡᠮᠵᠢᠶᠡᠨ᠎ᠦ ᠣᠷᠭᠠᠨᠢᠭ ᠠᠭᠤᠰᠬᠠᠭᠴᠢ ᠪᠠ ᠭᠠᠳᠠᠷᠭᠤ᠎ᠶᠢᠨ ᠢᠳᠡᠪᠬᠢᠵᠢᠭᠦᠯᠦᠭᠴᠢ᠎ᠳᠦ ᠲᠦᠰᠢᠭᠯᠡᠳᠡᠭ ᠪᠤᠯᠬᠤᠷ ᠤᠷ᠎ᠠ ᠮᠡᠷᠭᠡᠵᠢᠯ᠎ᠨᠢ ᠪᠤᠳᠤᠯᠢᠶᠠᠨᠲᠠᠶ ᠪᠥᠭᠡᠳ ᠥᠪᠡᠷ᠎ᠦᠨ ᠥᠷᠲᠡᠭᠵᠢᠡᠷ ᠥᠨᠳᠥᠷ ᠪᠠᠶ᠋ᠢᠳᠠᠭ᠎ᠢᠶᠠᠷ ᠪᠠᠷᠠᠬᠤ ᠥᠬᠡᠶ ᠪᠠᠰᠠ ᠣᠷᠴᠢᠨ ᠲᠣᠭᠣᠷᠢᠨ᠎ᠤ ᠪᠤᠬᠢᠷᠳᠤᠯ᠎ᠢ ᠬᠦᠨᠳᠤᠷᠡᠬᠦᠯᠬᠦ ᠠᠶᠤᠯᠳᠠᠢ᠃ ᠢᠯᠠᠩᠭᠤᠶ᠎ᠠ ᠤᠯᠠᠮᠵᠢᠯᠠᠯᠲᠤ᠌ ᠲᠠᠷᠢᠶᠠᠨ ᠡᠮ ᠨᠢ ᠬᠦᠷᠢᠨᠦ ᠭᠠᠳᠠᠨᠠᠬᠢ ᠲᠤᠶᠠᠭᠠᠨᠤ ᠨᠥᠯᠥᠭᠡ᠎ᠪᠡᠷ ᠮᠠᠰᠢ ᠠᠮᠠᠷᠬᠠᠨ ᠵᠢᠡᠷ ᠲᠦᠷᠭᠡᠨ ᠰᠠᠷᠨᠢᠨ ᠵᠠᠳᠠᠷᠠᠵᠤ᠂ ᠥᠷᠯᠥᠭᠡ ᠰᠠᠶᠢᠬᠠᠨ ᠰᠦᠷᠴᠢᠭᠰᠡᠨ ᠡᠮ᠎ᠦᠨ ᠦᠢᠯᠡᠳᠦᠯ ᠨᠢ ᠦᠳᠡ ᠵᠢᠨ ᠬᠤᠢᠨ᠎ᠠ ᠪᠤᠯᠬᠤ ᠪᠡᠷ ᠶᠡᠬᠡᠪᠡᠷ ᠪᠠᠭᠤᠷᠠᠴᠢᠬᠠᠳᠠᠭ᠃ ᠣᠷᠭᠠᠨᠢᠭ ᠠᠭᠤᠰᠬᠠᠭᠴᠢ᠎ᠳᠤ ᠲᠦᠰᠢᠭᠯᠡᠬᠦ᠌ᠡᠴᠡ ᠬᠡᠷᠬᠢᠨ ᠮᠤᠯᠲᠤᠷᠠᠬᠤ᠎ᠶᠢᠨ ᠬᠠᠮᠲᠤ᠌ ᠪᠤᠬᠢᠷᠳᠤᠯ ᠦᠭᠡᠢ ᠦᠨᠳᠦᠷ ᠪᠦᠳᠤᠮᠵᠢᠳᠠᠢ ᠲᠠᠷᠢᠶᠠᠨ ᠡᠮ᠎ᠢ ᠰᠤᠳᠤᠯᠤᠨ ᠨᠡᠭᠡᠭᠡᠬᠦ ᠨᠢ ᠲᠠᠷᠢᠶᠠᠯᠠᠩ᠎ᠤᠨ ᠬᠢᠮᠢ᠎ᠶᠢᠨ ᠬᠦᠷᠢᠶᠡᠨ᠎ᠳᠡᠬᠢ ᠰᠢᠢᠳᠪᠦᠷᠢᠯᠡᠬᠦ᠌ ᠴᠢᠬᠤᠯᠠᠲᠠᠶ ᠬᠦᠴᠢᠷ ᠠᠰᠠᠭᠤᠳᠠᠯ ᠪᠣᠯᠤᠭᠰᠠᠭᠠᠷ ᠢᠷᠡᠵᠡᠶ᠃
ᠲᠠᠨᠢᠯᠴᠠᠭᠤᠯᠤᠭᠰᠠᠨ᠎ᠢᠶᠠᠷ᠂ ᠡᠨᠡ ᠬᠦ᠌ 《ᠪᠤᠬᠢᠷᠳᠤᠯ ᠦᠭᠡᠢ ᠬᠤᠮᠵᠢᠶ᠎ᠠ》 ᠵᠢ ᠲᠤᠷᠰᠢᠨ ᠬᠡᠷᠡᠭᠯᠡᠭᠰᠡᠨ᠎ᠦ ᠳᠠᠷᠠᠭ᠎ᠠ ᠲᠠᠷᠢᠶᠠᠨ ᠡᠮ᠎ᠤᠨ ᠲᠠᠷᠢᠮᠠᠯ ᠳ᠋ᠤ ᠬᠠᠳᠠᠭᠠᠯᠠᠭᠳᠠᠬᠤ ᠬᠤᠭᠤᠴᠠᠭ᠎ᠠ ᠨᠢ ᠨᠡᠩ ᠤᠷᠲᠤ᠌ ᠪᠤᠯᠵᠤ᠂ ᠰᠠᠯᠬᠢᠨ᠎ᠳᠤ ᠦᠯᠢᠶᠡᠭᠳᠡᠵᠦ᠍ ᠨᠡᠷᠡᠨ᠎ᠳᠦ ᠰᠢᠷᠠᠭᠳᠠᠬᠤ᠎ᠶᠢ ᠨᠡᠩ ᠢᠯᠡᠬᠦᠦ ᠳᠠᠭᠠᠭᠠᠵᠤ ᠴᠢᠳᠠᠨ᠎ᠠ᠃ ᠰᠦᠷᠴᠢᠭᠰᠡᠨ 24 ᠴᠠᠭ᠎ᠦᠨ ᠳᠠᠷᠠᠭᠠᠬᠢ ᠦᠢᠯᠡᠳᠦᠯ ᠴᠢᠳᠠᠪᠬᠢ ᠨᠢ ᠠᠩᠬ᠎ᠠ ᠰᠦᠷᠴᠢᠬᠦ ᠦᠶ᠎ᠡ ᠵᠢᠨ 2.2 ᠳᠠᠬᠢᠨ ᠬᠦᠴᠦᠨ ᠲᠠᠢ ᠪᠠᠢᠵᠤ᠂ ᠤᠤᠯ᠎ᠤᠨ ᠬᠢ ᠲᠠᠢ ᠬᠠᠷᠢᠴᠠᠭᠤᠯᠪᠠᠯ ᠲᠠᠷᠢᠶᠠᠴᠢᠳᠲᠤᠳᠠᠭᠤ ᠨᠢᠭᠡ ᠤᠳᠠᠭ᠎ᠠ ᠲᠠᠷᠢᠶᠠᠨ ᠡᠮ ᠰᠦᠷᠴᠢᠵᠦ ᠦᠪᠡᠷ᠎ᠤᠨ ᠦᠷᠳᠡᠭ᠎ᠢ ᠠᠷᠪᠢᠯᠠᠬᠤ ᠪᠤᠯᠵᠠᠢ᠃ ᠡᠨᠡᠬᠦ ᠨᠠᠶ᠋ᠢᠷᠠᠯᠭ᠎ᠠ ᠨᠢ ᠬᠠᠷ᠎ᠠ ᠪᠣᠭᠣᠳᠠᠶ ᠪᠠ ᠡᠷᠳᠡᠨᠢ ᠰᠢᠰᠢ ᠵᠡᠷᠭᠡ ᠲᠠᠷᠢᠮᠠᠯ᠎ᠳᠤ ᠨᠡᠩ ᠵᠤᠬᠢᠴᠠᠨ᠂ ᠡᠮ᠎ᠦᠨ ᠬᠤᠤᠷᠠᠳᠠᠯ ᠡᠭᠦᠰᠭᠡᠬᠦ᠌ ᠦᠭᠡᠢ ᠪᠦᠭᠡᠳ ᠤᠰᠤᠨ᠎ᠤ ᠠᠮᠢᠳᠤ ᠪᠣᠳᠠᠰ᠎ᠢ ᠰᠠᠢᠳᠤᠷ ᠬᠠᠮᠠᠭᠠᠯᠠᠵᠤ ᠴᠢᠳᠠᠳᠠᠭ᠃