ᠠᠮᠢᠳᠤᠷᠠᠯ ᠬᠦᠴᠢᠷᠳᠡᠯ ᠳᠠᠢ ᠤᠶᠤᠳᠠᠳ᠎ᠢ ᠢᠩᠬᠢᠵᠦ ᠳᠡᠮᠵᠢᠨ᠎ᠠ!
2026-08-10 10:42:53
ᠵᠣᠬᠢᠶᠠᠭ᠍ᠴᠢ᠄
ᠨᠠᠪᠴᠢ
ᠣᠩᠱᠢᠭ᠍ᠰᠠᠨ ᠣᠳᠠᠭ᠎ᠠ᠄
★★★☆☆

ᠨᠢᠭᠡ ᠰᠤᠷᠤᠭ᠍ᠴᠢ᠎ᠶᠢ ᠴᠤ᠌ ᠭᠡᠷ᠎ᠦᠨ ᠠᠮᠢᠳᠤᠷᠠᠯ ᠨᠢ ᠬᠦᠴᠢᠷᠳᠡᠯᠲᠡᠢ᠎ᠡᠴᠡ ᠪᠣᠯᠵᠤ ᠰᠤᠷᠤᠯᠭ᠎ᠠ ᠠᠯᠳᠠᠭᠤᠯᠬᠤ ᠦᠭᠡᠢ᠃ ᠡᠨᠡ ᠪᠣᠯ ᠤᠯᠤᠰ᠎ᠠᠴᠠ ᠲᠦᠭ ᠲᠦᠮᠡᠨ ᠰᠤᠷᠤᠭ᠍ᠴᠢᠳ᠎ᠲᠤ ᠥᠭᠭᠦᠭᠰᠡᠨ ᠡᠷᠡᠰ ᠪᠠᠲᠤ ᠠᠮᠠᠯᠠᠯᠲᠠ ᠪᠤᠯᠤᠨ᠎ᠠ᠃ ᠳᠡᠬᠡᠪᠡᠯ ᠥᠪᠥᠷ ᠮᠣᠩᠭᠣᠯ ᠳ᠋ᠤ ᠶᠡᠬᠡ ᠳᠡᠬᠡᠳᠤ ᠰᠤᠷᠭᠠᠭᠤᠯᠢ ᠵᠢᠨ ᠰᠤᠷᠤᠭᠴᠢ ᠵᠢ ᠳᠤᠰᠠᠯᠠᠬᠤ ᠲᠦᠷᠦ ᠵᠢᠨ ᠪᠤᠳᠤᠯᠭ᠎ᠠ ᠵᠢ ᠶᠠᠮᠠᠷᠬᠠᠨ ᠭᠡᠷᠡᠭᠵᠢᠬᠦᠯᠵᠦ ᠪᠠᠢᠭ᠎ᠠ ᠪᠤᠢ ? ᠡᠨᠡ ᠳᠤᠬᠠᠢ ᠰᠤᠷᠪᠤᠯᠵᠢᠯᠠᠭᠴᠢ ᠬᠠᠮᠢᠶ᠎ᠠ ᠪᠦᠬᠦᠢ ᠪᠠᠢᠳᠠᠯ᠎ᠢ ᠡᠮᠬᠢᠯᠡᠵᠦ ᠰᠤᠷᠤᠭᠴᠢᠳ ᠲᠤ᠌ ᠲᠤᠯᠢ ᠪᠤᠯᠭᠠᠬᠤ ᠵᠢ ᠵᠤᠷᠢᠯ᠎ᠠ᠃

ᠤᠯᠤᠰ᠎ᠤᠨ ᠰᠤᠷᠤᠯᠭ᠎ᠠ᠎ᠵᠢ ᠳᠡᠳᠬᠦᠬᠦ ᠵᠢᠭᠡᠯᠡᠯᠭᠡ᠄

ᠤᠯᠤᠰ᠎ᠤᠨ ᠰᠤᠷᠤᠯᠭ᠎ᠠ᠎ᠵᠢ ᠳᠡᠳᠬᠦᠬᠦ ᠵᠢᠭᠡᠯᠡᠯᠭᠡ᠎ᠪᠤᠯ ᠵᠠᠰᠠᠭ᠎ᠤᠨ ᠣᠷᠳᠣᠨ᠎ᠡᠴᠡ ᠵᠢᠯᠤᠭᠤᠳᠴᠤ᠂ ᠮᠥᠩᠭᠥᠨ ᠭᠦᠢᠯᠭᠡᠭᠡᠨ᠎ᠤ ᠪᠠᠢᠭᠤᠯᠤᠮᠵᠢ᠎ᠠᠴᠠ ᠶᠡᠬᠡ ᠳᠡᠭᠡᠳᠦ ᠰᠤᠷᠭᠠᠭᠤᠯᠢ᠎ᠶᠢᠨ ᠭᠡᠷ ᠪᠦᠯᠢ᠎ᠶᠢᠨ ᠠᠮᠢᠳᠤᠷᠠᠯ ᠨᠢ ᠬᠦᠴᠢᠷᠳᠡᠯᠲᠡᠢ ᠰᠤᠷᠤᠭ᠍ᠴᠢᠳ᠎ᠲᠤ ᠬᠠᠩᠭᠠᠬᠤ ᠢᠲᠡᠭᠡᠮᠵᠢᠲᠦ ᠵᠢᠭᠡᠯᠡᠯᠭᠡ ᠪᠤᠯᠤᠨ᠎ᠠ᠃ ᠵᠢᠩᠬᠢᠨᠢ ᠠᠩᠭᠢ ᠪᠠ ᠲᠤᠰᠬᠠᠢ ᠮᠡᠷᠭᠡᠵᠢᠯ ᠎ᠤᠨ ᠠᠩᠭᠢ᠎ᠶᠢᠨ ᠰᠤᠷᠤᠭ᠍ᠴᠢ ᠬᠥᠮᠥᠨ ᠪᠦᠷᠢ ᠵᠢᠯ ᠳ᠋ᠤ ᠬᠠᠮᠤᠭ᠎ᠤᠨ ᠥᠨᠳᠥᠷ᠎ᠲᠡᠬᠡᠨ 2 ᠲᠦᠮᠡᠨ ᠲᠥᠭᠥᠷᠢᠭ᠎ᠤᠨ ᠵᠢᠭᠡᠯᠡᠯᠭᠡ ᠠᠪᠴᠤ ᠪᠤᠯᠤᠨ᠎ᠠ᠂ ᠰᠤᠷᠭᠠᠭᠤᠯᠢ᠎ᠳᠤ ᠪᠠᠢᠬᠤ ᠬᠤᠭᠤᠴᠠᠭᠠᠨ᠎ᠤ ᠬᠦᠦ ᠮᠥᠩᠭᠥ᠎ᠶᠢ ᠨᠢ ᠤᠯᠤᠰ᠎ᠠᠴᠠ ᠡᠭᠦᠷᠭᠡᠯᠡᠨ᠎ᠡ᠃

《ᠠᠰᠢᠭ᠋ ᠬᠦᠷᠳᠡᠬᠡᠬᠦ ᠲᠥᠯᠥᠪᠯᠡᠭᠡ》᠄

ᠳᠤᠮᠳᠠ ᠬᠡᠰᠡᠭ ᠪᠠᠷᠠᠭᠤᠨ ᠬᠡᠰᠡᠭ᠎ᠦᠨ ᠭᠠᠵᠠᠷ ᠣᠷᠣᠨ᠎ᠤ ᠭᠡᠷ ᠪᠦᠯᠢ᠎ᠶᠢᠨ ᠠᠮᠢᠳᠤᠷᠠᠯ ᠨᠢ ᠣᠨᠴᠠᠭᠠᠶ ᠬᠦᠴᠢᠷᠳᠡᠯᠲᠠᠢ ᠰᠢᠨ᠎ᠡ ᠰᠣᠷᠣᠭ᠍ᠴᠢ ᠰᠤᠷᠭᠠᠭᠤᠯᠢ᠎ᠳᠤ ᠣᠷᠣᠬᠤ᠎ᠳ᠋ᠤ ᠪᠠᠨ ᠲᠥᠪ᠎ᠦᠨ ᠱᠠᠩᠨᠠᠯᠲᠤ ᠰᠤᠭᠤᠯᠤᠭ᠎ᠠ᠎ᠶᠢᠨ ᠨᠡᠶ᠋ᠢᠲᠡ᠎ᠶᠢᠨ ᠠᠰᠠᠷᠠᠮᠵᠢ᠎ᠶᠢᠨ ᠮᠥᠩᠭᠥ᠎ᠶᠢᠨ ᠰᠤᠷᠤᠯᠭ᠎ᠠ᠎ᠶᠢ ᠲᠡᠳᠬᠦᠬᠦ 《ᠠᠰᠢᠭ᠋ ᠬᠦᠷᠳᠡᠬᠡᠬᠦ ᠲᠥᠯᠥᠪᠯᠡᠭᠡ》 ᠵᠢ ᠭᠤᠶᠤᠴᠢᠯᠠᠵᠤ ᠪᠤᠯᠤᠨ᠎ᠠ᠃ ᠲᠤᠰ ᠲᠦᠯᠦᠪᠯᠡᠭᠡ ᠨᠢ ᠠᠮᠢᠳᠤᠷᠠᠯ ᠬᠦᠴᠢᠷᠳᠡᠯᠳᠡᠢ ᠰᠤᠷᠤᠭᠴᠢ ᠵᠢᠨ ᠤᠷᠤᠨ ᠨᠤᠳᠤᠭ ᠠ᠋ᠴᠠ ᠪᠠᠨ ᠡᠯᠰᠡᠭᠳᠡᠭᠰᠡᠨ ᠶᠡᠬᠡ ᠳᠡᠭᠡᠳᠦ ᠰᠤᠷᠭᠠᠭᠤᠯᠢ ᠬᠦᠷᠲᠡᠯᠡᠬᠢ ᠵᠠᠮ ᠬᠠᠷᠢᠯᠴᠠᠭᠠᠨ᠎ᠤ ᠵᠠᠷᠤᠳᠠᠯ ᠪᠠ ᠰᠤᠷᠭᠠᠭᠤᠯᠢ᠎ᠳᠤ ᠣᠷᠣᠭᠰᠠᠨ᠎ᠤ ᠳᠠᠷᠠᠭᠠᠬᠢ ᠣᠬᠣᠷ ᠬᠤᠭᠤᠴᠠᠭᠠᠨ᠎ᠤ ᠠᠮᠢᠳᠤᠷᠠᠯ᠎ᠤᠨ ᠵᠠᠷᠤᠳᠠᠯ᠎ᠳ᠋ᠤ ᠨᠦᠬᠦᠪᠦᠷᠢ ᠤᠯᠭᠤᠨ᠎ᠠ᠃

ᠲᠤᠰᠠᠯᠠᠬᠤ ᠡᠲᠡᠭᠡᠳ᠄

2021 ᠣᠨ᠎ᠤ ᠨᠠᠮᠤᠷ᠎ᠤᠨ ᠤᠯᠠᠷᠢᠯ᠎ᠤᠨ ᠰᠤᠷᠤᠯᠭ᠎ᠠ᠎ᠶᠢᠨ ᠬᠤᠭᠤᠴᠠᠭ᠎ᠠ ᠠ᠋ᠴᠠ ᠡᠬᠢᠯᠡᠨ ᠡᠩ᠎ᠦᠨ ᠶᠡᠬᠡ ᠳᠡᠭᠡᠳᠦ ᠰᠤᠷᠭᠠᠭᠤᠯᠢ᠎ᠶᠢᠨ ᠰᠢᠨ᠎ᠡ ᠰᠣᠷᠣᠭ᠍ᠴᠢ᠎ᠪᠡᠷ ᠡᠯᠰᠡᠭᠳᠡᠭᠰᠡᠨ ᠪᠥᠭᠡᠳ ᠲᠣᠰ ᠵᠢᠯ᠎ᠦᠨ 9 ᠰᠠᠷ᠎ᠠ᠎ᠶᠢᠨ 1᠎ᠤ᠋ ᠡᠳᠦᠷ᠎ᠡᠴᠡ ᠥᠪᠡᠷᠲᠡᠭᠡᠨ ᠵᠠᠰᠠᠬᠤ ᠣᠷᠣᠨ᠎ᠤ ᠬᠣᠲᠠ ᠬᠥᠳᠡᠭᠡ᠎ᠶᠢᠨ ᠨᠠᠭᠠᠲᠤ ᠵᠠᠬ᠎ᠠ᠎ᠶᠢᠨ ᠠᠮᠢᠳᠤᠷᠠᠯ᠎ᠤᠨ ᠪᠠᠳᠤᠯᠠᠭ᠎ᠠ ᠬᠦᠷᠳᠡᠭᠰᠡᠨ ᠭᠡᠷ ᠪᠦᠯᠢ᠎ᠶᠢᠨ ᠦᠷ᠎ᠡ ᠬᠡᠦᠬᠡᠳ ᠪᠠ ᠥᠨᠥᠴᠢᠨ ᠬᠡᠦᠬᠡᠳ; 2021 ᠣᠨ ᠠ᠋ᠴᠠ ᠬᠣᠢᠰᠢ ᠪᠦᠬᠦᠯᠢ ᠡᠳᠦᠷ᠎ᠦᠨ ᠳᠦᠷᠢᠮᠲᠦ ᠵᠢᠩᠬᠢᠨᠢ ᠠᠩᠭᠢ ᠪᠠ ᠳᠤᠰᠬᠠᠢ ᠮᠡᠷᠬᠡᠵᠢᠯ᠎ᠤᠨ ᠠᠩᠬᠢ᠎ᠳ᠋ᠤ ᠰᠤᠷᠤᠯᠴᠠᠵᠤ ᠪᠠᠢᠭ᠎ᠠ ᠥᠪᠡᠷᠲᠡᠭᠡᠨ ᠵᠠᠰᠠᠬᠤ ᠣᠷᠣᠨ᠎ᠤ ᠬᠣᠲᠠ ᠬᠥᠳᠡᠭᠡ᠎ᠶᠢᠨ ᠨᠠᠭᠠᠲᠤ ᠵᠠᠬ᠎ᠠ᠎ᠶᠢᠨ ᠠᠮᠢᠳᠤᠷᠠᠯ᠎ᠤᠨ ᠪᠠᠳᠤᠯᠠᠭ᠎ᠠ ᠬᠦᠷᠳᠡᠵᠦ ᠪᠠᠢᠭ᠎ᠠ ᠭᠡᠷ ᠪᠦᠯᠢ᠎ᠶᠢᠨ ᠦᠷ᠎ᠡ ᠬᠡᠦᠬᠡᠳ ᠪᠣᠯᠣᠨ ᠥᠨᠥᠴᠢᠨ ᠬᠡᠦᠬᠡᠳ᠃

ᠳᠤᠰᠠᠯᠠᠬᠤ ᠪᠠᠷᠢᠮᠵᠢᠶ᠎ᠠ᠄

ᠡᠩ᠎ᠦᠨ ᠶᠡᠬᠡ ᠳᠡᠭᠡᠳᠦ ᠰᠤᠷᠭᠠᠭᠤᠯᠢ᠎ᠶᠢᠨ ᠵᠢᠩᠬᠢᠨᠢ ᠠᠩᠭᠢ ᠳ᠋ᠤ ᠡᠯᠰᠡᠭᠳᠡᠭᠰᠡᠨ ᠰᠤᠷᠤᠭᠴᠢ ᠳ᠋ᠤ ᠵᠢᠯ ᠪᠦᠷᠢ 6000 ᠲᠥᠭᠥᠷᠢᠭ᠎ᠦᠨ ᠲᠤᠰᠠᠯᠠᠮᠵᠢ ᠦᠵᠡᠭᠦᠯᠦᠨ᠎ᠡ᠂ ᠨᠡᠶ᠋ᠢᠲᠡ 2.4 ᠲᠦᠮᠡᠨ ᠲᠥᠭᠥᠷᠢᠭ᠎ᠡᠴᠡ ᠬᠡᠲᠦᠷᠡᠬᠦᠯᠬᠦ ᠦᠭᠡᠢ; ᠡᠩ᠎ᠦᠨ ᠶᠡᠬᠡ ᠳᠡᠭᠡᠳᠦ ᠰᠤᠷᠭᠠᠭᠤᠯᠢ᠎ᠶᠢᠨ ᠲᠤᠰᠬᠠᠢ ᠮᠡᠷᠭᠡᠵᠢᠯ᠎ᠦᠨ ᠠᠩᠭᠢ ᠪᠤᠶᠤ ᠳᠡᠭᠡᠳᠦ ᠵᠡᠷᠭᠡ᠎ᠶᠢᠨ ᠠᠵᠢᠯ ᠮᠡᠷᠭᠡᠵᠢᠯ᠎ᠦᠨ ᠰᠤᠷᠭᠠᠭᠤᠯᠢ ᠳᠡᠭᠡᠳᠦ ᠵᠡᠷᠭᠡ᠎ᠶᠢᠨ ᠲᠤᠰᠬᠠᠢ ᠮᠡᠷᠭᠡᠵᠢᠯ᠎ᠦᠨ ᠰᠤᠷᠭᠠᠭᠤᠯᠢ (ᠪᠡᠯᠡᠳᠬᠡᠯ ᠠᠩᠭᠢ᠎ᠶᠢᠨ ᠰᠤᠷᠤᠭᠴᠢ ᠵᠢ ᠪᠠᠭᠳᠠᠭᠠᠨ᠎ᠠ) ᠳ᠋ᠤ ᠡᠯᠰᠡᠭᠳᠡᠭᠰᠡᠳ ᠲᠸ᠋ ᠰᠤᠷᠤᠯᠭ᠎ᠠ᠎ᠶᠢᠨ ᠣᠨ ᠪᠦᠷᠢ 6000 ᠲᠥᠭᠥᠷᠢᠭ᠎ᠤᠨ ᠲᠤᠰᠠᠯᠠᠮᠵᠢ ᠦᠵᠡᠬᠦᠯᠦᠨ᠎ᠡ᠂ ᠨᠡᠶ᠋ᠢᠲᠡ 1.8 ᠲᠦᠮᠡᠨ ᠲᠥᠭᠥᠷᠢᠭ᠎ᠡᠴᠡ ᠬᠡᠲᠦᠷᠡᠭᠦᠯᠬᠦ ᠦᠭᠡᠢ᠃

ᠤᠯᠤᠰ᠎ᠤᠨ ᠰᠤᠷᠤᠯᠭ᠎ᠠ᠎ᠶᠢᠨ ᠱᠠᠩᠨᠠᠯ᠎ᠤᠨ ᠮᠥᠩᠭᠥ᠄ ᠣᠨᠴᠠ ᠰᠢᠯᠢᠳᠡᠭ ᠪᠦᠬᠦᠯᠢ ᠡᠳᠦᠷ᠎ᠦᠨ ᠳᠦᠷᠢᠮᠲᠦ ᠵᠢᠩᠬᠢᠨᠢ ᠠᠩᠭᠢ ᠪᠠ ᠲᠤᠰᠬᠠᠢ ᠮᠡᠷᠭᠡᠵᠢᠯ᠎ᠦᠨ ᠠᠩᠭᠢ᠎ᠶᠢᠨ ᠰᠣᠷᠣᠭ᠍ᠴᠢ᠎ᠶᠢ ᠤᠯᠤᠰ᠎ᠤᠨ ᠰᠤᠷᠤᠯᠭ᠎ᠠ᠎ᠶᠢᠨ ᠱᠠᠩᠨᠠᠯ᠎ᠤᠨ ᠮᠥᠩᠭᠥ᠎ᠪᠡᠷ ᠱᠠᠩᠨᠠᠨ ᠬᠦᠬᠢᠬᠦᠯᠦᠨ᠎ᠡ᠂ ᠰᠣᠷᠣᠭ᠍ᠴᠢ ᠪᠦᠷᠢ ᠵᠢᠯ᠎ᠳᠦ 1 ᠲᠦᠮᠡᠨ ᠲᠥᠭᠥᠷᠢᠭ᠃

ᠤᠯᠤᠰ᠎ᠤᠨ ᠤᠷᠮᠠᠰᠢᠭᠤᠯᠤᠨ ᠵᠣᠷᠢᠭ᠍ᠵᠢᠭᠤᠯᠬᠤ ᠰᠤᠷᠤᠯᠭ᠎ᠠ᠎ᠶᠢᠨ ᠱᠠᠩᠨᠠᠯ᠎ᠤᠨ ᠮᠥᠩᠭᠥ᠄ ᠮᠣᠷᠠᠯ ᠰᠤᠷᠤᠯᠭ᠎ᠠ ᠬᠣᠣᠰᠯᠠᠭᠰᠠᠨ ᠭᠡᠷ ᠪᠦᠯᠢ᠎ᠶᠢᠨ ᠠᠮᠢᠳᠤᠷᠠᠯ ᠨᠢ ᠬᠦᠴᠢᠷᠳᠡᠯᠲᠡᠢ ᠪᠦᠬᠦᠯᠢ ᠡᠳᠦᠷ᠎ᠦᠨ ᠳᠦᠷᠢᠮᠲᠦ ᠵᠢᠩᠬᠢᠨᠢ ᠠᠩᠭᠢ ᠪᠠ ᠲᠤᠰᠬᠠᠢ ᠮᠡᠷᠭᠡᠵᠢᠯ᠎ᠦᠨ ᠠᠩᠭᠢ᠎ᠶᠢᠨ ᠰᠣᠷᠣᠭ᠍ᠴᠢ᠎ᠶᠢ ᠤᠯᠤᠰ᠎ᠤᠨ ᠤᠷᠮᠠᠰᠢᠭᠤᠯᠤᠨ ᠵᠣᠷᠢᠭ᠍ᠵᠢᠭᠤᠯᠬᠤ ᠰᠤᠷᠤᠯᠭ᠎ᠠ᠎ᠶᠢᠨ ᠱᠠᠩᠨᠠᠯ᠎ᠤᠨ ᠮᠥᠩᠭᠥ ᠪᠡᠷ ᠱᠠᠩᠨᠠᠨ ᠲᠡᠳᠬᠦᠨ᠎ᠡ᠂ ᠰᠣᠷᠣᠭ᠍ᠴᠢ ᠪᠦᠷᠢ ᠳ᠋ᠤ  ᠵᠢᠯ᠎ᠳᠦ 6000 ᠲᠥᠭᠥᠷᠢᠭ ᠣᠯᠭᠣᠨ᠎ᠠ᠃

ᠤᠯᠤᠰ᠎ᠤᠨ ᠰᠤᠷᠤᠯᠭ᠎ᠠ᠎ᠶᠢ ᠲᠡᠳᠬᠦᠬᠦ ᠮᠥᠩᠭᠥ᠄ ᠭᠡᠷ ᠪᠦᠯᠢ᠎ᠶᠢᠨ ᠠᠮᠢᠳᠤᠷᠠᠯ ᠨᠢ ᠬᠦᠴᠢᠷᠳᠡᠯᠲᠡᠢ ᠪᠦᠬᠦᠯᠢ ᠡᠳᠦᠷ᠎ᠦᠨ ᠳᠦᠷᠢᠮᠲᠦ ᠵᠢᠩᠬᠢᠨᠢ ᠠᠩᠭᠢ ᠪᠠ ᠲᠤᠰᠬᠠᠢ ᠮᠡᠷᠭᠡᠵᠢᠯ᠎ᠦᠨ ᠠᠩᠭᠢ᠎ᠶᠢᠨ ᠰᠣᠷᠣᠭ᠍ᠴᠢ᠎ᠶᠢ ᠤᠯᠤᠰ᠎ᠤᠨ ᠰᠤᠷᠤᠯᠭ᠎ᠠ᠎ᠶᠢ ᠲᠡᠳᠬᠦᠬᠦ ᠮᠥᠩᠭᠥ  ᠪᠡᠷ ᠲᠡᠮᠵᠢᠨ᠎ᠡ᠃ ᠰᠤᠷᠤᠭᠴᠢ ᠪᠦᠷᠢ ᠳ᠋ᠤ ᠲᠤᠮᠳᠠᠴᠢ ᠪᠡᠷ ᠵᠢᠯ ᠳ᠋ᠤ 3700 ᠲᠥᠭᠥᠷᠢᠭ ᠤᠯᠭᠤᠵᠤ᠂ ᠪᠣᠳᠠᠲᠠᠢ ᠪᠠᠷᠢᠮᠵᠢᠶ᠎ᠠ᠎ᠶᠢ ᠶᠡᠬᠡ ᠳᠡᠭᠡᠳᠦ ᠰᠤᠷᠭᠠᠭᠤᠯᠢ ᠠ᠋ᠴᠠ 2500 — 5000 ᠲᠥᠭᠥᠷᠢᠭ᠎ᠦᠨ ᠬᠡᠪᠴᠢᠶᠡᠨ ᠳᠣᠲᠣᠷ᠎ᠠ ᠪᠡᠶ᠎ᠡ᠎ᠪᠡᠨ ᠳᠠᠭᠠᠭᠠᠨ ᠲᠣᠭᠲᠠᠭᠠᠨ᠎ᠠ᠂ ᠪᠦᠬᠦᠯᠢ ᠡᠳᠦᠷ᠎ᠦᠨ ᠳᠦᠷᠢᠮᠲᠦ ᠴᠡᠷᠢᠭ᠎ᠦᠨ ᠠᠯᠪᠠ ᠠ᠋ᠴᠠ ᠬᠠᠯᠠᠭᠳᠠᠭᠰᠠᠨ ᠰᠣᠷᠣᠭ᠍ᠴᠢ ᠪᠦᠬᠦᠨ ᠳ᠋ᠤ ᠵᠢᠯ ᠳ᠋ᠤ 3700 ᠲᠥᠭᠥᠷᠢᠭ ᠎ᠤᠨ ᠤᠯᠤᠰ᠎ᠤᠨ ᠰᠤᠷᠤᠯᠭ᠎ᠠ᠎ᠶᠢ ᠳᠡᠳᠬᠦᠬᠦ ᠮᠥᠩᠭᠥ ᠣᠯᠭᠣᠨ᠎ᠠ᠃

ᠥᠪᠡᠷᠲᠡᠭᠡᠨ ᠵᠠᠰᠠᠬᠤ ᠣᠷᠣᠨ᠎ᠤ ᠰᠤᠷᠤᠯᠭ᠎ᠠ ᠵᠢᠨ ᠱᠠᠩᠨᠠᠯ᠎ᠤᠨ ᠮᠥᠩᠭᠥ᠄ ᠣᠨᠴᠠ ᠰᠢᠯᠢᠳᠡᠭ ᠪᠦᠬᠦᠯᠢ ᠡᠳᠦᠷ᠎ᠦᠨ ᠳᠦᠷᠢᠮᠲᠦ ᠵᠢᠩᠬᠢᠨᠢ ᠠᠩᠭᠢ ᠪᠠ ᠲᠤᠰᠬᠠᠢ ᠮᠡᠷᠭᠡᠵᠢᠯ᠎ᠦᠨ ᠠᠩᠭᠢ᠎ᠶᠢᠨ ᠰᠣᠷᠣᠭ᠍ᠴᠢ᠎ᠳ᠋ᠤ  ᠵᠢᠯ ᠪᠦᠷᠢ 4000 ᠲᠦᠬᠦᠷᠢᠭ ᠤᠯᠭᠤᠨ᠎ᠠ᠃

ᠦᠪᠡᠷᠳᠡᠭᠡᠨ ᠵᠠᠰᠠᠬᠤ ᠤᠷᠤᠨ᠎ᠤ ᠤᠷᠮᠠᠰᠢᠭᠤᠯᠤᠨ ᠵᠣᠷᠢᠭ᠍ᠵᠢᠭᠤᠯᠬᠤ ᠰᠤᠷᠤᠯᠭ᠎ᠠ᠎ᠶᠢᠨ ᠱᠠᠩᠨᠠᠯ᠎ᠤᠨ ᠮᠥᠩᠭᠥ᠄ ᠥᠪᠡᠷᠲᠡᠭᠡᠨ ᠵᠠᠰᠠᠬᠤ ᠣᠷᠣᠨ᠎ᠤ ᠶᠡᠬᠡ ᠳᠡᠭᠡᠳᠦ ᠰᠤᠷᠭᠠᠭᠤᠯᠢ᠎ᠶᠢᠨ ᠮᠣᠷᠠᠯ ᠰᠤᠷᠤᠯᠭ᠎ᠠ ᠬᠣᠣᠰᠯᠠᠭᠰᠠᠨ ᠭᠡᠷ ᠪᠦᠯᠢ᠎ᠶᠢᠨ ᠠᠮᠢᠳᠤᠷᠠᠯ ᠨᠢ ᠬᠦᠴᠢᠷᠳᠡᠯᠲᠡᠢ ᠪᠦᠬᠦᠯᠢ ᠡᠳᠦᠷ᠎ᠦᠨ ᠳᠦᠷᠢᠮᠲᠦ ᠵᠢᠩᠬᠢᠨᠢ ᠠᠩᠭᠢ ᠪᠠ ᠲᠤᠰᠬᠠᠢ ᠮᠡᠷᠭᠡᠵᠢᠯ᠎ᠦᠨ ᠠᠩᠭᠢ᠎ᠶᠢᠨ ᠰᠣᠷᠣᠭ᠍ᠴᠢ᠎ᠶᠢ ᠱᠠᠩᠨᠠᠨ ᠲᠡᠳᠬᠦᠨ᠎ᠡ᠂ ᠰᠣᠷᠣᠭ᠍ᠴᠢ ᠨᠢᠭᠡᠪᠦᠷᠢ᠎ᠳᠦ ᠵᠢᠯ ᠪᠦᠷᠢ 4000 ᠲᠥᠭᠥᠷᠢᠭ ᠣᠯᠭᠣᠨ᠎ᠠ᠃

ᠴᠡᠷᠢᠭ᠎ᠦᠨ ᠠᠯᠪᠠ ᠬᠠᠭᠠᠭᠰᠠᠳ ᠲᠸ᠋ ᠦᠵᠡᠬᠦᠯᠬᠦ ᠲᠤᠰᠠᠯᠠᠮᠵᠢ᠄ ᠴᠡᠷᠢᠭ᠎ᠲᠦ ᠡᠯᠰᠡᠭᠳᠡᠨ ᠠᠯᠪᠠᠨ ᠵᠢᠷᠤᠮ᠎ᠤᠨ ᠴᠡᠷᠢᠭ᠎ᠦᠨ ᠠᠯᠪᠠ ᠬᠠᠭᠠᠭᠰᠠᠨ᠂ ᠴᠡᠷᠢᠭ᠎ᠦᠨ ᠲᠦᠷᠦᠭᠦᠴᠢ᠎ᠪᠡᠷ ᠡᠯᠰᠡᠭᠳᠡᠭᠰᠡᠨ᠂ ᠴᠡᠷᠢᠭ᠎ᠡᠴᠡ ᠬᠠᠯᠠᠭᠳᠠᠭᠰᠠᠨ᠎ᠤ ᠲᠠᠷᠠᠭ᠎ᠠ ᠰᠤᠷᠤᠯᠭ᠎ᠠ᠎ᠪᠠᠨ ᠰᠡᠷᠭᠦᠭᠡᠭᠰᠡᠨ ᠪᠤᠶᠤ ᠰᠤᠷᠭᠠᠭᠤᠯᠢ᠎ᠳᠤ ᠰᠢᠯᠭᠠᠭᠤᠯᠤᠨ ᠣᠷᠣᠭᠰᠠᠨ ᠶᠡᠬᠡ ᠰᠤᠷᠭᠠᠭᠤᠯᠢ᠎ᠶᠢᠨ ᠰᠤᠷᠤᠭ᠍ᠴᠢᠳ᠎ᠲᠤ ᠰᠤᠷᠤᠯᠭ᠎ᠠ᠎ᠶᠢᠨ ᠰᠦᠢᠳᠬᠡᠯ᠎ᠦᠨ ᠨᠥᠬᠥᠪᠦᠷᠢ ᠥᠭᠬᠦ᠂ ᠤᠯᠤᠰ᠎ᠤᠨ ᠰᠤᠷᠤᠯᠭ᠎ᠠ᠎ᠵᠢ ᠳᠡᠳᠬᠦᠬᠦ ᠵᠢᠭᠡᠯᠡᠯᠭᠡ᠎ᠶᠢ ᠣᠷᠣᠯᠠᠨ ᠲᠥᠯᠥᠬᠦ᠂ ᠰᠤᠷᠤᠯᠭ᠎ᠠ᠎ᠶᠢᠨ ᠰᠦᠢᠳᠬᠡᠯ᠎ᠢ ᠬᠠᠰᠤᠵᠤ ᠬᠡᠯᠲᠦᠷᠢᠭᠦᠯᠬᠦ᠎ᠶᠢ ᠬᠡᠷᠡᠭᠵᠢᠭᠦᠯᠦᠨ᠎ᠡ᠃ ᠵᠢᠯ ᠪᠦᠷᠢ ᠬᠠᠮᠤᠭ᠎ᠤᠨ ᠥᠨᠳᠥᠷ᠎ᠲᠡᠬᠡᠨ 2 ᠲᠦᠮᠡᠨ ᠲᠥᠭᠥᠷᠢᠭ᠎ᠡᠴᠡ ᠬᠡᠳᠦᠷᠡᠬᠦᠯᠬᠦ ᠦᠬᠡᠢ᠃

ᠪᠤᠰᠤᠳ

ᠡᠭᠦᠨ᠎ᠡᠴᠡ ᠭᠠᠳᠠᠨ᠎ᠠ᠂ ᠥᠪᠡᠷᠲᠡᠭᠡᠨ ᠵᠠᠰᠠᠬᠤ ᠣᠷᠣᠨ᠎ᠤ ᠰᠢᠭᠤᠳ ᠬᠠᠷᠢᠶ᠎ᠠ ᠡᠩ᠎ᠦᠨ ᠶᠡᠬᠡ ᠳᠡᠭᠡᠳᠦ ᠰᠤᠷᠭᠠᠭᠤᠯᠢ᠎ᠶᠢᠨ ᠪᠦᠬᠦᠯᠢ ᠡᠳᠦᠷ᠎ᠦᠨ ᠳᠦᠷᠢᠮᠲᠦ ᠲᠣᠰ ᠤᠨ ᠳ᠋ᠤ ᠲᠡᠭᠦᠰᠦᠭᠰᠡᠳ (ᠵᠢᠩᠬᠢᠨᠢ ᠠᠩᠭᠢ ᠪᠠ  ᠲᠤᠰᠬᠠᠢ ᠮᠡᠷᠬᠡᠵᠢᠯ᠎ᠤᠨ ᠠᠩᠭᠢ᠂ ᠠᠰᠫᠢᠷᠠᠨᠲ ᠪᠠᠭᠲᠠᠨ᠎ᠠ) ᠥᠪᠡᠷᠲᠡᠭᠡᠨ ᠵᠠᠰᠠᠬᠤ ᠣᠷᠣᠨ᠎ᠤ ᠳᠣᠲᠣᠷᠠᠬᠢ ᠬᠠᠲᠠᠭᠤ ᠪᠡᠷᠬᠡᠰᠢᠶᠡᠯᠲᠡᠢ ᠬᠢᠯᠢ ᠬᠢᠵᠠᠭᠠᠷ ᠣᠷᠣᠨ᠎ᠤ ᠦᠨᠳᠦᠰᠦᠨ ᠱᠠᠲᠤᠨ ᠎ᠳᠦ ᠰᠠᠢᠨ ᠳᠤᠷ᠎ᠠ ᠠ᠋ᠴᠠ᠎ᠪᠠᠨ ᠦᠢᠯᠡᠴᠢᠯᠡᠬᠦ ᠪᠦᠭᠡᠳ ᠦᠢᠯᠡᠴᠢᠯᠡᠬᠦ ᠬᠤᠭᠤᠴᠠᠭ᠎ᠠ ᠨᠢ 3 ᠵᠢᠯ᠎ᠡᠴᠡ ᠳᠡᠭᠡᠭᠰᠢ (3 ᠵᠢᠯ ᠪᠠᠭᠲᠠᠨ᠎ᠠ) ᠪᠠᠢᠪᠠᠯ ᠥᠪᠡᠷᠲᠡᠭᠡᠨ ᠵᠠᠰᠠᠬᠤ ᠣᠷᠣᠨ ᠠ᠋ᠴᠠ ᠰᠤᠷᠤᠯᠭ᠎ᠠ᠎ᠶᠢᠨ ᠰᠦᠢᠳᠬᠡᠯ᠎ᠤᠨ ᠨᠦᠬᠦᠪᠦᠷᠢ ᠤᠯᠭᠤᠨ᠎ᠠ᠃ ᠵᠢᠩᠬᠢᠨᠢ ᠠᠩᠭᠢ ᠪᠠ ᠲᠤᠰᠬᠠᠢ ᠮᠡᠷᠭᠡᠵᠢᠯ᠎ᠦᠨ ᠠᠩᠭᠢ᠎ᠶᠢᠨ ᠰᠣᠷᠣᠭ᠍ᠴᠢ ᠨᠢᠭᠡᠪᠦᠷᠢ ᠵᠢᠯ ᠪᠦᠷᠢ ᠬᠠᠮᠤᠭ᠎ᠤᠨ ᠥᠨᠳᠥᠷ᠎ᠲᠡᠬᠡᠨ 2 ᠲᠦᠮᠡᠨ ᠲᠥᠭᠥᠷᠢᠭ᠎ᠡᠴᠡ ᠬᠡᠳᠦᠷᠡᠬᠦᠯᠬᠦ ᠦᠬᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号