ᠴᠠᠢ᠎ᠶ᠋ᠢᠨ ᠰᠣᠶᠣᠯ ᠬᠢᠭᠡᠳ ᠠᠮᠢᠳᠤᠷᠠᠯ
2026-07-08 09:38:38
ᠵᠣᠬᠢᠶᠠᠭ᠍ᠴᠢ᠄
ᠬᠦᠭᠵᠢᠯᠳᠦ ᠭᠤᠤ ᠬᠤᠩ ᠯᠢᠶᠠᠨ
ᠣᠩᠱᠢᠭ᠍ᠰᠠᠨ ᠣᠳᠠᠭ᠎ᠠ᠄
★★★☆☆

7 ᠰᠠᠷ᠎ᠠ᠎ᠶ᠋ᠢᠨ 2 ︱ 5 ᠤ᠋ ᠡᠳᠦᠷ ᠪᠣᠯᠲᠠᠯ᠎ᠠ᠂ ᠳᠤᠮᠳᠠᠳᠤ ᠣᠷᠣᠰ ᠮᠣᠩᠭᠣᠯ᠎ᠤ᠋ᠨ 《ᠲᠦᠮᠡᠨ ᠭᠠᠵᠠᠷ᠎ᠤ᠋ᠨ ᠴᠠᠢ᠎ᠶ᠋ᠢᠨ ᠵᠠᠮ》 ᠴᠠᠢ᠎ᠶ᠋ᠢᠨ ᠰᠣᠶᠣᠯ᠂ ᠴᠠᠢ᠎ᠶ᠋ᠢᠨ ᠵᠠᠩ ᠦᠢᠯᠡ ᠵᠢᠴᠢ ᠶᠠ᠎ᠲᠠᠢ ᠴᠠᠢ᠎ᠶ᠋ᠢᠨ ᠦᠵᠡᠰᠬᠦᠯᠡᠩ ᠭᠤᠸ᠎ᠠ ᠵᠦᠢ ᠤᠷᠠᠯᠢᠭ᠎ᠤ᠋ᠨ ᠦᠵᠡᠭᠦᠯᠭᠡ ᠥᠪᠥᠷ ᠮᠣᠩᠭᠣᠯ᠎ᠤ᠋ᠨ ᠣᠯᠠᠨ ᠤᠯᠤᠰ᠎ᠤ᠋ᠨ ᠬᠤᠷᠠᠯ ᠦᠵᠡᠰᠬᠦᠯᠡᠩ᠎ᠦ᠋ᠨ ᠲᠥᠪ᠎ᠲᠦ᠍ ᠶᠠᠪᠤᠭᠳᠠᠵᠦ᠂ ᠦᠢ ᠤᠯᠠᠨ ᠭᠠᠳᠠᠭᠠᠳᠦ᠎ᠶᠢᠨ ᠵᠢᠭᠤᠯᠴᠢᠯᠠᠭᠰᠠᠳ᠂ ᠴᠠᠢ᠎ᠶᠢᠨ ᠰᠤᠳᠤᠯᠭᠠᠳᠠᠳ᠂ ᠪᠠᠬᠠᠳᠠᠳ᠎ᠤᠨ ᠰᠤᠨᠢᠷᠬᠠᠯ᠎ᠢ ᠳᠠᠳᠠᠵᠠᠢ᠃


7df7f0cb-23b7-433b-a5ae-b9d5e8520a97.png


ᠴᠠᠢ ᠵᠢᠨ ᠰᠤᠶᠤᠯ᠎ᠤᠨ ᠦᠵᠡᠭᠦᠯᠭᠡ


ᠲᠤᠰ ᠤᠳᠠᠭᠠᠨ᠎ᠤ᠋ ᠦᠵᠡᠰᠬᠦᠯᠡᠩ ᠨᠢ ᠴᠠᠢ᠎ᠶ᠋ᠢᠨ ᠳᠡᠯᠭᠡᠨ ᠪᠣᠷᠣᠯᠠᠭᠤᠯᠭ᠎ᠠ᠂ ᠰᠣᠶᠣᠯ᠎ᠤ᠋ᠨ ᠰᠣᠯᠢᠯᠴᠠᠭ᠎ᠠ᠂ ᠭᠤᠸ᠎ᠠ ᠵᠦᠢ᠎ᠶᠢᠨ ᠣᠢᠯᠠᠭᠠᠯᠲᠠ ᠬᠢᠭᠡᠳ ᠤᠷᠠᠯᠢᠭ᠎ᠤ᠋ᠨ ᠰᠣᠨᠢᠷᠬᠠᠮᠵᠢ᠎ᠵᠢ ᠠᠭᠤᠰᠤᠯᠴᠠᠭᠤᠯᠵᠤ᠂ ᠤᠯᠠᠮᠵᠢᠯᠠᠯᠲᠤ ᠴᠠᠢ᠎ᠶ᠋ᠢᠨ ᠳᠡᠯᠭᠡᠨ ᠪᠤᠷᠤᠯᠠᠭᠤᠯᠭ᠎ᠠ ᠬᠢᠳᠡᠭ ᠳᠠᠩ ᠴᠤᠯᠭᠤᠢ ᠭᠡᠪᠰᠢᠯ᠎ᠢ᠋ ᠦᠬᠡᠷᠡᠴᠢᠯᠡᠵᠦ᠂ ᠴᠠᠢ᠎ᠶ᠋ᠢᠨ ᠠᠵᠤ ᠦᠢᠯᠡᠰ᠎ᠦ᠋ᠨ ᠳᠡᠰ ᠳᠡᠪᠰᠢᠭᠰᠡᠨ᠂ ᠬᠣᠲᠠ᠎ᠶ᠋ᠢᠨ ᠠᠷᠠᠳ᠎ᠤ᠋ᠨ ᠣᠶᠤᠨ᠎ᠤ ᠠᠮᠢᠳᠤᠷᠠᠯ ᠰᠣᠶᠣᠯ᠎ᠤ᠋ᠨ ᠠᠮᠢᠳᠤᠷᠠᠯ᠎ᠢ᠋ ᠪᠠᠶᠠᠯᠢᠭᠵᠢᠭᠤᠯᠤᠭᠰᠠᠨ ᠪᠠᠢᠳᠠᠯ᠎ᠢ ᠬᠠᠷᠠᠭᠤᠯᠪᠠ᠃ ᠦᠵᠡᠰᠬᠦᠯᠡᠩ᠎ᠳᠦ᠂ ᠪᠣᠳᠠᠰ᠎ᠤ᠋ᠨ ᠪᠤᠰᠤ ᠰᠣᠶᠣᠯ᠎ᠤ᠋ᠨ ᠥᠪ᠎ᠦ᠋ᠨ ᠴᠠᠢ᠎ᠶᠢᠨ ᠳᠠᠷᠬᠠᠳ᠂ᠴᠠᠢ᠎ᠶ᠋ᠢᠨ ᠰᠣᠶᠣᠯ᠎ᠤ᠋ᠨ ᠭᠤᠸ᠎ᠠ ᠵᠦᠢ᠎ᠶ᠋ᠢᠨ ᠡᠭᠦᠳᠦᠨ ᠪᠦᠲᠦᠭᠡᠭᠴᠢᠳ ᠨᠢᠭᠡ ᠲᠠᠩᠬᠢᠮ᠎ᠳ᠋ᠤ ᠴᠤᠭᠯᠠᠷᠠᠵᠤ᠂ 6 ᠲᠣᠮᠣ ᠴᠠᠢ᠎ᠶ᠋ᠢᠨ ᠲᠥᠷᠥᠯ᠂ ᠣᠨᠴᠠᠯᠢᠭᠲᠤ ᠰᠢᠨ᠎ᠡ ᠴᠠᠢ᠎ᠶ᠋ᠢᠨ ᠤᠮᠳᠠᠭᠠᠨ᠂ᠴᠠᠢ᠎ᠶ᠋ᠢᠨ ᠳᠡᠪᠤᠷ᠎ᠠ᠂ ᠴᠠᠢ᠎ᠶ᠋ᠢᠨ ᠦᠷᠦᠭᠡ ᠵᠢᠨ ᠪᠠᠢᠷᠢᠰᠢᠭᠤᠯᠤᠯ ᠪᠠ ᠵᠠᠰᠠᠯ ᠴᠢᠮᠡᠭᠯᠡᠯ᠂ ᠴᠠᠢ᠎ᠶ᠋ᠢᠨ ᠰᠣᠶᠣᠯ᠎ᠤ᠋ᠨ ᠪᠦᠲᠦᠭᠡᠯᠴᠢ ᠦᠢᠯᠡᠳᠬᠦᠨ ᠵᠢᠴᠢ ᠠᠮᠢᠳᠤᠷᠠᠯ᠎ᠤᠨ ᠭᠤᠸ᠎ᠠ ᠰᠠᠢᠬᠠᠨ᠎ᠤ᠋ ᠤᠷᠠᠯᠢᠭ᠎ᠤ᠋ᠨ ᠪᠦᠲᠦᠭᠡᠯ᠎ᠢ᠋ ᠲᠥᠪᠯᠡᠷᠡᠭᠦᠯᠦᠨ ᠳᠡᠯᠭᠡᠨ ᠦᠵᠡᠭᠦᠯᠵᠦ᠂ ᠰᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤ᠋ᠨ ᠴᠠᠢ᠎ᠶ᠋ᠢᠨ ᠠᠵᠤ ᠦᠢᠯᠡᠰ᠎ᠦ᠋ᠨ ᠰᠢᠨ᠎ᠡ ᠡᠭᠦᠳᠦᠯᠲᠡ᠎ᠶ᠋ᠢᠨ ᠦᠷ᠎ᠡ ᠪᠦᠲᠦᠭᠡᠯ ᠪᠣᠯᠤᠨ ᠤᠯᠠᠮᠵᠢᠯᠠᠯᠲᠤ ᠴᠠᠢ᠎ᠶ᠋ᠢᠨ ᠰᠣᠶᠣᠯ᠎ᠤ᠋ᠨ ᠥᠪᠡᠷᠮᠢᠴᠡ ᠷᠢᠳᠢ ᠰᠢᠳᠢ᠎ᠶ᠋ᠢ ᠪᠦᠬᠦ ᠲᠠᠯ᠎ᠠ᠎ᠪᠠᠷ ᠣᠯᠠᠨ ᠬᠠᠷᠠᠭᠠᠰᠤ᠎ᠠ᠋ᠴᠠ ᠳᠡᠯᠭᠡᠨ ᠦᠵᠡᠭᠦᠯᠵᠦ᠂ ᠴᠠᠢ᠎ᠶᠢᠨ ᠠᠵᠤ ᠦᠢᠯᠡᠰ᠂ ᠴᠠᠢ᠎ᠶᠢᠨ ᠰᠤᠶᠤᠯ᠂ ᠴᠠᠢ᠎ᠶᠢᠨ ᠵᠠᠩ ᠦᠢᠯᠡ ᠵᠢ ᠤᠯᠠᠮ ᠬᠦᠨᠵᠡᠬᠡᠢ ᠠᠭᠤᠰᠤᠯᠴᠠᠭᠤᠯᠵᠠᠢ᠃


12cba1d8-1bcc-45a7-bf5a-a495f398550c.png


ᠳᠡᠯᠭᠡᠨ ᠦᠵᠡᠭᠦᠯᠭᠡ 


150f5454-40f3-4523-a45a-8ace522bf47a.png


ᠰᠦ ᠲᠠᠢ ᠴᠠᠢ ᠴᠢᠨᠠᠨ᠎ᠠ


12ed3cdf-0fc4-4a1a-b3c4-44da7201581c.png


ᠴᠠᠢ ᠠᠮᠳᠠᠯᠠᠨ᠎ᠠ


904f3030-e1a8-4650-bc2d-1c8f43bc4b57.png


ᠴᠠᠢ ᠵᠢᠨ ᠰᠤᠶᠤᠯ᠎ᠢ ᠳᠠᠢᠯᠪᠤᠷᠢᠯᠠᠨ᠎ᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号