ᠦᠨᠳᠤᠷ ᠪᠦᠳᠤᠮᠵᠢᠳᠠᠢ ᠪᠡᠷ ᠡᠯᠡᠰᠤᠵᠢ ᠵᠠᠰᠠᠬᠤᠳᠤ ᠡᠷᠭᠡᠪᠰᠢ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠳᠤ ᠲᠦᠰᠢᠭᠯᠡᠬᠦ ᠴᠢᠬᠤᠯᠠᠳᠠᠢ ᠶᠤᠮ᠃ ᠬᠠᠳᠤᠨ ᠭᠤᠤᠯ ᠤ᠋ᠨ ᠶᠡᠭᠡ ᠳᠤᠬᠠᠢ ᠵᠢᠨ ᠪᠤᠭᠤᠮᠳᠠ ᠰᠢᠪᠳᠤᠯᠬᠤ ᠳᠠᠢᠯᠠᠯᠳᠤᠭᠠᠨ ᠤ᠋ ᠬᠠᠮᠤᠭ ᠤ᠋ᠨ ᠡᠮᠦᠨ᠎ᠡ ᠵᠠᠬ᠎ᠠ ᠳ᠋ᠤ ᠪᠠᠢᠷᠢᠯᠠᠵᠤ ᠪᠠᠢᠭ᠎ᠠ ᠤᠷᠳᠤᠰ ᠤ᠋ᠨ ᠬᠢᠨ ᠡᠯᠡᠰᠦᠷᠭᠡᠭᠵᠢᠯ ᠢ᠋ ᠰᠡᠷᠭᠡᠢᠯᠡᠨ ᠡᠯᠡᠰᠤ ᠵᠢ ᠵᠠᠰᠠᠬᠤ ᠳ᠋ᠤ ᠤᠶᠤᠨᠴᠢ ᠮᠠᠰᠢᠨ ᠳᠤᠨᠤᠭᠯᠠᠯ ᠢ᠋ ᠦᠷᠭᠡᠨ ᠲᠡᠯᠭᠡᠷ ᠬᠡᠷᠡᠭᠯᠡᠵᠤ ᠪᠠᠢᠳᠠᠭ᠃ 《 ᠬᠠᠮᠤᠭ ᠤ᠋ᠨ ᠬᠦᠴᠦᠷᠬᠡᠭ AI ᠲᠠᠷᠢᠬᠢ 》 ᠲᠡᠢ ᠪᠦᠷᠢᠨ ᠴᠢᠳᠠᠮᠵᠢᠲᠤ ᠮᠣᠳᠣ ᠲᠠᠷᠢᠬᠤ ᠮᠠᠰᠢᠨ ᠬᠥᠮᠦᠨ ᠬᠥᠷᠥᠰᠥ ᠰᠢᠷᠣᠢ ᠵᠢᠨ ᠴᠢᠭᠢᠭ ᠤ᠋ᠨ ᠬᠡᠮᠵᠢᠶ᠎ᠡ᠂ ᠨᠠᠯᠠᠤᠴᠠ᠂ ᠲᠠᠷᠢᠮᠠᠯ ᠤ᠋ᠨ ᠭᠦᠨᠴᠡ ᠪᠠ ᠬᠣᠭᠣᠷᠣᠨᠳᠣᠬᠢ ᠵᠠᠢ ᠵᠢ ᠵᠣᠬᠢᠴᠠᠭᠤᠯᠵᠤ᠂ ᠴᠢᠬᠢ ᠮᠣᠳᠣᠨ ᠤ᠋ ᠡᠳᠡᠭᠡᠷᠡᠯᠲᠡ ᠵᠢᠨ ᠨᠣᠷᠮ᠎ᠠ ᠵᠢ 60% — 85% ᠡᠴᠡ ᠳᠡᠭᠡᠭᠰᠢ ᠪᠣᠯᠭᠠᠨ ᠳᠡᠭᠡᠭᠰᠢᠯᠡᠭᠦᠯᠪᠠ ; ᠨᠢᠭᠡ ᠤᠳᠠᠭ᠎ᠠ ᠳ᠋ᠤ᠌ 1700 ᠰᠠᠭᠤᠷᠢ ᠴᠢᠬᠢ ᠮᠣᠳᠣ ᠪᠤᠯᠤᠨ 3 ᠲᠤᠨ ᠤᠰᠤ ᠠᠴᠢᠵᠤ᠂ ᠬᠦᠷᠦᠰᠤ ᠵᠢ ᠰᠤᠯᠠᠷᠠᠭᠤᠯᠬᠤ᠂ ᠴᠢᠬᠢ ᠪᠠᠭᠤᠯᠭᠠᠬᠤ᠂ ᠴᠢᠬᠢ ᠳᠠᠷᠤᠬᠤ᠂ ᠰᠢᠷᠣᠢ ᠨᠡᠮᠡᠭᠦ᠂ ᠤᠰᠤᠯᠠᠬᠤ ᠵᠡᠷᠭᠡ ᠲᠠᠷᠢᠮᠠᠯ ᠤ᠋ᠨ ᠪᠦᠬᠦ ᠶᠠᠪᠤᠴᠠ ᠵᠢᠨ ᠠᠦ᠋ᠲ᠋ᠣᠴᠢᠯᠠᠯᠳᠠᠵᠢ ᠪᠡᠶᠡᠯᠡᠭᠦᠯᠪᠠ; 5 ᠰᠧᠺᠦ᠋ᠨ᠋ᠳ᠋ ᠪᠦᠷᠢ ᠨᠢᠭᠡ ᠡᠯᠡᠰᠦᠨ ᠪᠤᠷᠭᠠᠰᠤ ᠲᠠᠷᠢᠵᠤ᠂ ᠨᠢᠭᠡ ᠮᠦ᠍ ᠭᠠᠵᠠᠷᠢ᠋ 19 ᠮᠢᠨᠦ᠋ᠲ ᠲᠦ᠍ ᠲᠠᠷᠢᠵᠤ ᠳᠠᠭᠤᠰᠬᠠᠨ᠎ᠠ; ᠡᠯᠡᠰᠦᠨ ᠬᠠᠯᠬᠠᠪᠴᠢ ᠳᠠᠷᠤᠬᠤ ᠮᠠᠰᠢᠨ ᠡᠳᠦᠷ ᠪᠦᠷᠢ 56 ᠮᠦ᠍ ᠵᠢᠨ ᠡᠭᠦᠷᠭᠡ ᠵᠢ ᠪᠠᠶᠠᠯᠠᠬᠦᠯᠤᠨ᠎ᠠ ᠁
ᠬᠡᠳᠦᠨ ᠠᠷᠪᠠᠨ ᠵᠢᠯ ᠤ᠋ᠨ ᠡᠯᠡᠰᠦᠷᠬᠡᠭᠵᠢᠯ ᠢ᠋ ᠰᠡᠷᠭᠡᠢᠯᠡᠨ ᠡᠯᠡᠰᠤ ᠵᠢ ᠵᠠᠰᠠᠬᠤ ᠠᠬᠢᠴᠠᠳᠤ᠂ ᠤᠷᠳᠤᠰ ᠬᠣᠲᠠ ᠵᠢᠨ ᠬᠢᠨ ᠳᠤᠮᠳᠠᠳᠤ ᠤᠯᠤᠰ ᠤ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠵᠡᠷᠭᠡ ᠪᠠᠢᠭᠤᠯᠭ᠎ᠠ ᠨᠢᠭᠡᠴᠢᠲᠡᠢ ᠬᠠᠮᠲᠤᠷᠠᠯᠴᠠᠭ᠎ᠠ ᠪᠠᠨ ᠴᠢᠩᠭᠠᠳᠬᠠᠵᠤ᠂ ᠨᠢᠭᠡᠨᠲᠡ 290 ᠭᠠᠷᠤᠢ ᠵᠦᠢᠯ ᠤ᠋ᠨ ᠡᠯᠡᠰᠦᠷᠬᠡᠭᠵᠢᠯ ᠢ᠋ ᠰᠡᠷᠭᠡᠢᠯᠡᠨ ᠡᠯᠡᠰᠤ ᠵᠢ ᠵᠠᠰᠠᠬᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠰᠢᠨ᠎ᠡ ᠵᠢ ᠡᠭᠦᠳᠦᠭᠰᠡᠨ ᠦᠷ᠎ᠡ ᠪᠦᠲᠦᠭᠡᠯ ᠢ᠋ ᠣᠯᠵᠤ᠂ ᠡᠯᠡᠰᠦ ᠵᠢ ᠵᠠᠰᠠᠬᠤ ᠳ᠋ᠤ᠌ ᠨᠡᠩ ᠣᠨᠣᠴᠠᠲᠠᠢ ᠨᠡᠩ ᠥᠨᠳᠥᠷ ᠦᠷ᠎ᠡ ᠪᠦᠲᠦᠮᠵᠢᠳᠠᠢ ᠪᠣᠯᠭᠠᠵᠠᠢ᠃ ᠤᠷᠳᠤᠰ ᠬᠤᠳᠠ ᠵᠢᠨ ᠡᠯᠡᠰᠤᠷᠭᠡᠭᠵᠢᠯ ᠢ᠋ ᠰᠠᠷᠭᠡᠢᠯᠡᠨ ᠡᠯᠡᠰᠤ ᠵᠢ ᠵᠠᠰᠠᠬᠤ ᠳᠤᠮᠳᠠᠬᠢ ᠮᠠᠰᠢᠨ ᠮᠧᠬᠠᠨᠢᠭᠵᠢᠯᠲᠠ ᠵᠢᠨ ᠨᠣᠷᠮ᠎ᠠ 75% ᠵᠢ ᠳᠠᠪᠠᠵᠤ᠂ ᠤᠢᠷ᠎ᠠ ᠵᠢᠨ ᠬᠣᠶᠠᠷ ᠵᠢᠯ ᠤ᠋ᠨ ᠲᠣᠷᠰᠢ 1000 ᠭᠠᠷᠤᠢ ᠲᠦᠮᠡᠨ ᠮᠦ᠍ ᠡᠯᠡᠰᠦᠷᠬᠡᠭᠵᠢᠭᠰᠡᠨ ᠭᠠᠵᠠᠷ ᠢ᠋ ᠵᠠᠰᠠᠵᠤ᠂ ᠬᠥᠪᠴᠢ ᠵᠢᠨ ᠡᠯᠡᠰᠦ ᠵᠢ ᠵᠠᠰᠠᠭᠰᠠᠨ ᠨᠣᠷᠮ᠎ᠠ 40% ᠳ᠋ᠦ᠍ ᠬᠦᠷᠴᠦ᠂ ᠮᠤᠤᠠᠤᠰᠤ ᠵᠢᠨ ᠡᠯᠡᠰᠦᠷᠬᠡᠭ ᠭᠠᠵᠠᠷ ᠢ᠋ ᠵᠠᠰᠠᠭᠰᠠᠨ ᠨᠣᠷᠮ᠎ᠠ 80% ᠬᠦᠷᠪᠡ᠃
ᠤᠳᠤ ᠂ ᠤᠷᠳᠤᠰ ᠬᠤᠳᠠ ᠳᠠᠢ ᠠᠳᠠᠯᠢᠬᠠᠨ ᠵᠢᠡᠷ ᠦᠪᠦᠷ ᠮᠤᠩᠭᠤᠯ ᠤ᠋ᠨ ᠤᠯᠠᠨ ᠭᠠᠵᠠᠷ ᠲᠦ᠍ ᠡᠯ᠎ᠡ ᠲᠥᠷᠥᠯ ᠤ᠋ᠨ ᠣᠶᠤᠨᠴᠢ ᠮᠠᠰᠢᠨ ᠳᠤᠨᠤᠭᠯᠠᠯ ᠢ᠋ ᠡᠯᠡᠰᠦᠷᠭᠡᠭᠵᠢᠯ ᠢ᠋ ᠰᠠᠷᠭᠡᠢᠯᠡᠨ ᠡᠯᠡᠰᠦ ᠵᠢ ᠵᠠᠰᠠᠬᠤ ᠠᠵᠢᠯᠤᠨ ᠡᠯ᠎ᠠ ᠭᠤᠭᠴᠤᠭᠠᠳᠤ ᠭᠡᠷᠡᠭᠯᠡᠵᠤ᠂ ᠠᠮᠢ ᠠᠬᠤᠢᠵᠢᠨ ᠵᠠᠰᠠᠯᠳᠠᠵᠢᠨ ᠲᠠᠯ᠎ᠠ ᠪᠠᠷ ᠢᠯᠡᠳᠳᠠ ᠦᠷ᠎ᠠ ᠪᠦᠳᠤᠮᠵᠢ ᠤᠯᠵᠤ ᠪᠠᠢᠨ᠎ᠠ᠃