— ᠮᠠᠨᠳᠤᠯ ᠪᠤᠭᠤᠮᠳᠠ ᠳ᠋ᠡᠬᠢ ᠬᠢᠯᠢ ᠵᠢᠨ ᠲᠤᠮᠢᠯᠠᠬᠰᠠᠨ ᠰᠠᠯᠪᠤᠷᠢ ᠵᠢᠨ ᠬᠢᠯᠢ ᠵᠢ ᠬᠦᠴᠦᠷᠭᠡᠭᠵᠢᠬᠦᠯᠵᠦ ᠰᠡᠷᠭᠡᠢᠯᠡᠯᠳᠡ ᠵᠢ ᠪᠡᠭᠢᠵᠢᠬᠦᠯᠦᠭᠰᠡᠨ ᠲᠡᠮᠳᠡᠭᠯᠡᠯ
1850 ᠲᠡᠭᠰᠢ ᠳᠥᠷᠪᠡᠯᠵᠢᠨ ᠺᠢᠯᠤᠮᠸᠲᠷ᠎ᠤᠨ ᠬᠠᠷᠢᠶ᠎ᠠ ᠣᠷᠣᠨ᠎ᠳᠤ 1500 ᠭᠠᠷᠤᠢ ᠬᠦᠮᠦᠨ ᠲᠠᠷᠬᠠᠨ ᠰᠠᠭᠤᠷᠢᠰᠢᠵᠤ᠂ 《20 ᠺᠢᠯᠤᠮᠸᠲᠷ᠎ᠤᠨ ᠭᠠᠳᠠᠨ᠎ᠠ ᠬᠥᠷᠰᠢ ᠰᠠᠭᠠᠬᠠᠯᠲᠠ ᠲᠠᠢ᠂ 40 ᠺᠢᠯᠤᠮᠸᠲᠷ ᠠᠶᠠᠯᠠᠪᠠᠯ ᠰᠠᠶᠢ ᠠᠢᠯ ᠡᠷᠦᠬᠡ᠎ᠳ᠋ᠤ ᠬᠦᠷᠬᠦ》 ᠨᠢ ᠡᠨᠳᠡᠬᠢ ᠠᠮᠢᠳᠤᠷᠠᠯ ᠤ᠋ᠨ ᠪᠤᠳᠠᠳᠦ ᠵᠢᠷᠤᠬᠯᠠᠯ ᠪᠣᠯᠣᠨ᠎ᠠ᠃ ᠮᠠᠨᠳᠤᠯ ᠪᠣᠭᠣᠮᠲᠠ ᠨᠢ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤ᠎ᠠᠴᠠ 140 ᠺᠢᠯᠣᠮᠧᠲᠷ ᠵᠠᠢᠲᠠᠢ᠂ ᠳᠤᠮᠳᠠᠳᠤ ᠮᠣᠩᠭᠣᠯ᠎ᠤᠨ ᠵᠠᠭᠠᠭ᠎ᠲᠤ ᠪᠠᠢᠷᠢᠯᠠᠵᠤ᠂ ᠮᠠᠨ᠎ᠤ ᠤᠯᠤᠰ᠎ᠤᠨ ᠤᠮᠠᠷᠠᠰᠢ ᠨᠡᠭᠡᠭᠡᠯᠲᠡ ᠬᠢᠬᠦ ᠴᠢᠬᠤᠯᠠ ᠪᠡᠬᠢᠯᠡᠯᠲᠡ ᠪᠠᠢᠵᠤ᠂ ᠪᠠᠢᠯᠳᠤᠬᠤ ᠪᠣᠳᠣᠯᠭ᠎ᠠ᠎ᠶᠢᠨ ᠪᠠᠢᠷᠢ ᠰᠠᠭᠤᠷᠢ ᠨᠢ ᠣᠨᠴᠠᠭᠠᠶ ᠪᠥᠭᠡᠳ ᠴᠢᠬᠤᠯᠠ ᠶᠤᠮ᠃ ᠣᠢᠷ᠎ᠠ᠎ᠶᠢᠨ ᠵᠢᠯ᠎ᠳ᠋ᠤ᠂ ᠪᠤᠭᠤᠲᠤ᠎ᠶᠢᠨ ᠬᠢᠯᠢ᠎ᠶᠢᠨ ᠬᠠᠮᠢᠶᠠᠷᠤᠯᠲᠠ᠎ᠶᠢᠨ ᠰᠠᠯᠪᠤᠷᠢ ᠠᠩᠭᠢ᠎ᠶᠢᠨ ᠮᠠᠨᠳᠤᠯ ᠪᠤᠭᠤᠮᠳᠠ ᠳ᠋ᠡᠬᠢ ᠬᠢᠯᠢ᠎ᠶᠢᠨ ᠲᠣᠮᠢᠯᠠᠭᠰᠠᠨ ᠰᠠᠯᠪᠤᠷᠢ ᠬᠠᠷᠢᠶ᠎ᠠ ᠣᠷᠣᠨ᠎ᠤ ᠠᠮᠤᠷ ᠲᠦᠪᠰᠢᠨ᠎ᠢ ᠪᠠᠲᠤᠯᠠᠬᠤ᠎ᠵᠢ ᠠᠵᠢᠯ᠎ᠤᠨ ᠭᠣᠣᠯ ᠰᠢᠵᠢᠮ ᠪᠣᠯᠭᠠᠵᠤ᠂ ᠦᠨᠡᠨᠴᠢ ᠰᠢᠳᠤᠷᠭᠤ ᠣᠣᠷ ᠴᠢᠨᠠᠷ᠎ᠢᠶᠠᠨ ᠪᠠᠲᠤᠯᠠᠵᠦ᠂ ᠤᠯᠤᠰ ᠭᠡᠷ᠎ᠦᠨ ᠬᠠᠢᠷ᠎ᠠ ᠰᠡᠳᠬᠢᠯᠭᠡ᠎ᠶᠢ ᠵᠤᠵᠠᠭᠠᠳᠬᠠᠵᠤ᠂ ᠭᠢᠯᠢ ᠨᠤᠲᠤᠭ ᠲᠸ᠋ ᠠᠮᠤᠷ ᠠᠮᠤᠭᠤᠯᠠᠩ ᠡᠶ᠎ᠡ ᠵᠣᠬᠢᠴᠠᠩᠭᠤᠢ ᠢᠷᠠᠭᠤ ᠡᠭᠡᠰᠢᠭ ᠢ᠋ ᠴᠢᠪᠬᠠᠳᠠᠬᠰᠠᠨ ᠪᠠᠢᠨ᠎ᠠ᠃

ᠤᠯᠠᠨ ᠤ᠋ ᠬᠦᠴᠦᠨ ᠳ᠋ᠤ ᠪᠡᠬᠢᠵᠢᠭᠰᠡᠨ ᠰᠡᠷᠭᠡᠢᠯᠡᠯᠲᠡ᠎ᠶᠢᠨ ᠱᠤᠭᠤᠮ
ᠬᠢᠯᠢ ᠬᠢᠵᠠᠭᠠᠷ ᠠᠮᠤᠷ ᠳᠤᠬᠳᠠᠭᠤᠨ ᠪᠣᠯ ᠭᠡᠷ ᠨᠤᠳᠤᠭ ᠠᠮᠤᠷ ᠠᠮᠤᠭᠤᠯᠠᠩ᠃ ᠮᠠᠨᠳᠤᠯ ᠪᠣᠭᠣᠮᠲᠠ ᠳ᠋ᠡᠬᠢ ᠬᠢᠯᠢ᠎ᠶᠢᠨ ᠲᠣᠮᠢᠯᠠᠭᠰᠠᠨ ᠰᠠᠯᠪᠤᠷᠢ ᠨᠢ ᠨᠠᠮ ᠵᠠᠰᠠᠭ ᠴᠡᠷᠢᠭ ᠴᠠᠭᠳᠠᠭ᠎ᠠ ᠠᠷᠠᠳ 《ᠲᠠᠪᠤ᠎ᠶᠢ ᠨᠢᠭᠡ ᠴᠣᠭᠴᠠᠵᠢᠭᠤᠯᠤᠬᠰᠠᠨ》 ᠬᠢᠯᠢ᠎ᠪᠠᠨ ᠬᠦᠴᠦᠷᠬᠡᠭᠵᠢᠭᠦᠯᠵᠦ ᠰᠡᠷᠭᠡᠢᠯᠡᠯᠲᠡ᠎ᠶᠢ ᠪᠡᠬᠢᠵᠢᠭᠦᠯᠬᠦ ᠲᠣᠭᠲᠠᠴᠠ᠎ᠶᠢ ᠪᠠᠢᠭᠤᠯᠵᠤ᠂ ᠪᠠᠯᠭᠠᠰᠤᠨ᠎ᠤ ᠵᠠᠰᠠᠭ᠎ᠤᠨ ᠣᠷᠳᠣᠨ᠂ ᠬᠢᠯᠢ᠎ᠶᠢᠨ ᠬᠠᠮᠠᠭᠠᠯᠠᠯᠲᠠ᠎ᠶᠢᠨ ᠰᠤᠮᠤᠨ ᠠᠩᠭᠢ᠂ ᠭᠠᠴᠠᠭᠠᠨ᠎ᠤ ᠬᠣᠶᠠᠷ ᠵᠥᠪᠯᠡᠯ᠂ ᠡᠷᠦᠬᠡ᠎ᠶᠢᠨ ᠴᠡᠷᠢᠭ᠂ ᠬᠢᠯᠢ ᠬᠠᠮᠠᠭᠠᠯᠠᠭ᠍ᠴᠢ᠎ᠶᠢᠨ ᠬᠦᠴᠦᠨ᠎ᠢ ᠡᠮᠬᠢᠯᠡᠨ ᠨᠡᠢᠯᠡᠭᠦᠯᠵᠦ᠂ 《ᠴᠡᠷᠢᠭ ᠠᠡᠭᠬᠢ ᠱᠤᠭᠤᠮ ᠢ᠋ ᠬᠠᠮᠢᠶᠠᠷᠬᠤ᠂ ᠴᠠᠭᠳᠠᠭ᠎ᠠ ᠲᠠᠯ᠎ᠠ ᠵᠢ ᠬᠠᠮᠢᠶᠠᠷᠬᠤ᠂ ᠠᠷᠠᠳ ᠴᠡᠭ ᠢ᠋ ᠬᠠᠮᠢᠶᠠᠷᠬᠤ》 ᠭᠤᠷᠪᠠᠨ ᠱᠠᠲᠤᠨ᠎ᠤ ᠰᠡᠷᠭᠡᠢᠯᠡᠨ ᠡᠵᠡᠮᠳᠡᠬᠦ ᠰᠢᠰᠲᠧᠮ᠎ᠢ ᠪᠠᠢᠭᠤᠯᠵᠤ᠂ ᠬᠢᠯᠢ ᠬᠠᠮᠠᠭᠠᠯᠠᠭ᠍ᠴᠢ᠎ᠶᠢᠨ ᠵᠠᠮ᠎ᠤᠨ ᠳᠠᠷᠤᠭ᠎ᠠ᠎ᠶᠢᠨ ᠳᠦᠷᠢᠮ᠂ ᠠᠷᠪᠠᠨ ᠡᠷᠦᠬᠡ ᠬᠣᠯᠪᠤᠭᠠᠯᠠᠨ ᠰᠡᠷᠭᠡᠢᠯᠡᠵᠦ ᠬᠥᠷᠰᠢ ᠵᠡᠷᠭᠡᠯᠡᠳᠡᠭᠡ᠎ᠪᠡᠨ ᠰᠠᠬᠢᠨ ᠬᠠᠮᠠᠭᠠᠯᠠᠬᠤ ᠵᠠᠭᠪᠤᠷ᠎ᠤᠨ ᠰᠢᠨ᠎ᠡ᠎ᠵᠢ ᠡᠭᠦᠳᠦᠨ ᠬᠡᠷᠡᠭᠵᠢᠭᠦᠯᠵᠦ᠂ ᠬᠢᠯᠢ᠎ᠶᠢᠨ ᠬᠠᠮᠢᠶᠠᠷᠤᠯᠲᠠ ᠡᠵᠡᠮᠳᠡᠯ᠎ᠤᠨ ᠪᠦᠬᠦᠨ᠎ᠢ ᠪᠦᠷᠭᠦᠬᠦᠯᠬᠦ᠎ᠵᠢ ᠪᠡᠶᠡᠯᠡᠭᠦᠯᠪᠡ᠃
ᠪᠦᠬᠦ ᠤᠯᠤᠰ᠎ᠤᠨ ᠶᠣᠰᠣ᠌ ᠰᠤᠷᠲᠠᠬᠤᠨ᠎ᠤ ᠵᠢᠱ᠌ᠢᠶᠡᠴᠢ᠂ 《ᠦᠨᠡᠨᠴᠢ ᠢᠲᠡᠭᠡᠮᠵᠢ᠎ᠶᠢᠨ ᠤᠳᠤᠨ》 ᠠᠳᠢᠶ᠎ᠠ ᠪᠣᠯ ᠴᠠᠭᠳᠠᠭ᠎ᠠ ᠠᠷᠠᠳ᠎ᠤᠨ ᠬᠣᠯᠪᠤᠭᠠᠯᠠᠨ ᠰᠡᠷᠭᠡᠢᠯᠡᠬᠦ ᠭᠣᠣᠯᠯᠠᠭ᠍ᠴᠢ ᠬᠦᠴᠦᠨ ᠪᠣᠯᠣᠨ᠎ᠠ᠃ 41 ᠵᠢᠯ᠎ᠦᠨ ᠲᠤᠷᠰᠢ᠂ ᠠᠳᠢᠶ᠎ᠠ ᠬᠢᠯᠢ ᠬᠢᠵᠠᠭᠠᠷ ᠤ᠋ᠨ ᠠᠮᠤᠷ ᠲᠦᠪᠰᠢᠨ ᠢ᠋ ᠰᠠᠬᠢᠨ ᠬᠠᠮᠠᠭᠠᠯᠠᠵᠤ᠂ ᠬᠢᠯᠢ ᠵᠢᠨ ᠱᠤᠭᠤᠮ ᠵᠢᠡᠷ 10 ᠲᠦᠮᠡ ᠰᠢᠬᠠᠮ ᠺᠢᠯᠣᠮᠧᠲᠷ ᠴᠠᠭᠳᠠᠵᠤ᠂ ᠲᠣᠮᠢᠯᠠᠭᠰᠠᠨ ᠰᠠᠯᠪᠤᠷᠢ᠎ᠳᠤ ᠬᠠᠮᠵᠢᠯᠴᠠᠨ ᠵᠠᠭᠤ ᠭᠠᠷᠤᠢ ᠤᠳᠠᠭ᠎ᠠ ᠬᠠᠮᠲᠤᠷᠠᠭᠰᠠᠨ ᠪᠠᠢᠴᠠᠭᠠᠯᠲᠠ ᠥᠷᠨᠢᠭᠦᠯᠵᠦ᠂ ᠬᠢᠯᠢ ᠠᠯᠤᠰᠯᠠᠨ ᠮᠠᠯ ᠬᠤᠯᠠᠭᠠᠢᠯᠠᠬᠤ᠂ ᠬᠠᠤᠯᠢ ᠪᠤᠰᠤ᠎ᠪᠠᠷ ᠬᠢᠯᠢ ᠳᠠᠪᠠᠬᠤ᠂ ᠬᠤᠯᠠᠭᠠᠢᠯᠠᠨ ᠠᠩᠨᠠᠬᠤ ᠵᠡᠷᠭᠡ ᠬᠡᠷᠡᠭ᠎ᠢ ᠬᠠᠪᠰᠤᠷᠤᠨ ᠢᠯᠡᠷᠡᠭᠦᠯᠵᠡᠢ᠃ ᠡᠳᠦᠬᠡ᠂ ᠠᠳᠢᠶ᠎ᠠ ᠵᠢᠨ ᠬᠣᠶᠠᠷ ᠬᠦᠦ ᠨᠢ ᠬᠤᠳᠠ᠎ᠶᠢᠨ ᠠᠵᠢᠯ᠎ᠢᠶᠠᠨ ᠬᠠᠶᠠᠵᠤ ᠨᠤᠲᠤᠭ᠎ᠲᠠᠭᠠᠨ ᠪᠤᠴᠠᠵᠤ᠂ ᠠᠪᠤ ᠵᠢᠨ ᠵᠢᠡᠨ ᠭᠠᠷ ᠡᠴᠨ ᠬᠢᠯᠢ ᠮᠠᠨᠠᠬᠤ ᠪᠤᠤᠬᠢᠶ᠎ᠠ ᠵᠢ ᠵᠠᠯᠭᠠᠮᠵᠢᠯᠠᠵᠤ᠂ ᠭᠤᠷᠪᠠᠨ ᠦᠶ᠎ᠡ᠎ᠪᠡᠷ᠎ᠢᠶᠡᠨ ᠬᠢᠯᠢ ᠬᠢᠵᠠᠭᠠᠷ᠎ᠢ ᠰᠠᠬᠢᠭ᠍ᠰᠠᠨ ᠰᠡᠳᠬᠢᠯ ᠬᠥᠳᠡᠯᠭᠡᠮ᠎ᠡ ᠦᠯᠢᠭᠡᠷ ᠢ᠋ ᠪᠢᠴᠢᠭᠯᠡᠪᠡ᠃ ᠠᠷᠠᠳ᠎ᠤᠨ ᠴᠠᠭᠳᠠᠭ᠎ᠠ ᠠᠳᠢᠶ᠎ᠠ ᠵᠡᠷᠭᠡ ᠬᠢᠯᠢ ᠬᠢᠵᠠᠭᠠᠷ᠎ᠢ ᠬᠠᠮᠠᠭᠠᠯᠠᠬᠤ ᠡᠩᠨᠡᠭᠡ᠎ᠲᠠᠢ ᠬᠠᠮᠲᠤᠷᠠᠨ ᠴᠠᠭᠳᠠᠨ ᠪᠠᠢᠴᠠᠭᠠᠬᠤ ᠠᠵᠢᠯ᠎ᠢ ᠪᠠᠢᠩᠭᠤ ᠥᠷᠨᠢᠭᠦᠯᠵᠦ᠂ ᠪᠣᠶ᠋ᠢᠳᠠ ᠪᠥᠭᠯᠡᠭᠦᠦ ᠮᠠᠯᠵᠢᠬᠤ ᠣᠷᠣᠨ᠎ᠳᠤ 《ᠮᠣᠩᠭᠣᠯ ᠭᠡᠷ ᠬᠠᠷᠠᠭᠤᠯ᠎ᠤᠨ ᠭᠠᠵᠠᠷ》᠂ 《ᠤᠮᠠᠷᠠᠲᠤ ᠬᠢᠯᠢ᠎ᠶᠢᠨ ᠪᠡᠬᠢᠯᠡᠯᠲᠡ ᠡᠷᠦᠬᠡ》 ᠵᠢ ᠪᠠᠢᠭᠤᠯᠵᠤ᠂ ᠬᠢᠯᠢ ᠨᠤᠳᠤᠭ ᠤ᠋ᠨ ᠠᠮᠤᠷ ᠲᠦᠪᠰᠢᠨ ᠤ᠋ ᠰᠡᠷᠭᠡᠢᠯᠡᠯᠳᠡ ᠵᠢᠨ ᠱᠤᠭᠤᠮ ᠢ᠋ ᠤᠯᠠᠮ ᠪᠡᠬᠢᠵᠢᠬᠦᠯᠪᠡ᠃
ᠲᠤᠰ ᠲᠣᠮᠢᠯᠠᠭᠰᠠᠨ ᠰᠠᠯᠪᠤᠷᠢ ᠨᠢ ᠪᠠᠰᠠ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠢᠶᠡᠷ ᠬᠢᠯᠢ ᠬᠢᠵᠠᠭᠠᠷ᠎ᠤ᠋ᠨ ᠬᠠᠮᠢᠶᠠᠷᠤᠯᠳᠠ ᠡᠵᠡᠮᠳᠡᠯ ᠳ᠋ᠤ ᠬᠦᠴᠦᠨ ᠤᠯᠭᠤᠵᠤ᠂ ᠵᠢᠯᠣᠭᠣᠴᠢ ᠦᠭᠡᠢ ᠨᠢᠰᠬᠡᠯ᠎ᠢᠶᠡᠷ ᠴᠠᠬᠳᠠᠬᠤ᠂ ᠸᠢᠳᠢᠣ᠋ ᠪᠡᠷ ᠬᠢᠨᠠᠨ ᠡᠵᠡᠮᠳᠡᠬᠦ ᠂ ᠭᠡᠭᠡᠨ ᠲᠤᠩᠭᠠᠯᠠᠭ ᠢᠨᠵᠧᠨᠧᠷᠢᠩ᠎ᠢᠶᠡᠷ ᠠᠮᠤᠷ ᠲᠦᠪᠰᠢᠨ᠎ᠦ ᠰᠡᠷᠭᠡᠢᠯᠡᠯᠲᠡ᠎ᠶᠢᠨ ᠪᠣᠰᠣᠭ᠎ᠠ ᠴᠣᠭᠴᠠᠲᠤ ᠲᠣᠣᠷ᠎ᠢ ᠨᠢᠭ᠍ᠲᠠ ᠰᠦᠯᠵᠢᠵᠦ᠂ ᠬᠢᠯᠢ᠎ᠬᠢᠵᠠᠭᠠᠷ ᠤ᠋ᠨ ᠬᠡᠪ᠎ᠦᠨ ᠪᠤᠰᠤ ᠪᠠᠢᠳᠠᠯ᠎ᠢ ᠵᠢᠭ᠍ᠰᠠᠭᠠᠨ ᠪᠠᠢᠴᠠᠭᠠᠬᠤ ᠦᠷ᠎ᠡ ᠪᠦᠲᠦᠮᠵᠢ᠎ᠶᠢ ᠶᠡᠬᠡᠪᠡᠷ ᠳᠡᠭᠡᠭᠰᠢᠯᠡᠭᠦᠯᠪᠡ᠃ ᠪᠣᠭᠣᠮᠲᠠ᠎ᠶᠢᠨ ᠪᠠᠷᠠᠭᠠᠨ᠎ᠤ ᠲᠡᠭᠡᠭᠡᠪᠦᠷᠢ᠂ ᠬᠢᠯᠢ᠎ᠪᠡᠷ ᠣᠷᠣᠵᠤ ᠭᠠᠷᠬᠤ ᠬᠥᠮᠥᠨ᠎ᠦ ᠤᠷᠤᠰᠬᠠᠯ᠎ᠳᠤ ᠴᠢᠭᠯᠡᠭᠦᠯᠦᠨ᠂ 24 ᠴᠠᠭ᠎ᠢᠶᠠᠷ ᠦᠢᠯᠡᠴᠢᠯᠡᠭᠡ ᠬᠠᠡᠭᠭᠠᠵᠤ᠂ ᠬᠥᠮᠥᠨ ᠮᠠᠰᠢᠨ᠎ᠤ ᠮᠡᠳᠡᠭᠡ ᠵᠠᠩᠭᠢ᠎ᠶᠢ ᠣᠨᠣᠪᠴᠢᠲᠠᠶ ᠬᠠᠷᠭᠤᠭᠤᠯᠤᠨ ᠪᠠᠢᠴᠠᠭᠠᠵᠤ᠂ ᠬᠢᠯᠢ ᠠᠯᠤᠰᠯᠠᠨ ᠨᠢᠭᠤᠴᠠ᠎ᠪᠠᠷ ᠠᠷᠠᠯᠵᠢᠶᠠᠯᠠᠬᠤ᠂ ᠬᠠᠤᠯᠢ ᠪᠤᠰᠤ᠎ᠪᠠᠷ ᠬᠢᠯᠢ᠎ᠪᠡᠷ ᠣᠷᠣᠵᠤ ᠭᠠᠷᠬᠤ ᠵᠡᠷᠭᠡ ᠬᠠᠤᠯᠢ᠎ᠠᠴᠠ ᠵᠥᠷᠢᠴᠡᠭᠰᠡᠨ ᠶᠠᠯᠠᠲᠤ ᠠᠵᠢᠯᠯᠠᠭ᠎ᠠ᠎ᠳᠤ ᠴᠢᠩᠭ᠎ᠠ ᠴᠣᠬᠢᠯᠲᠠ ᠥᠭᠴᠦ᠂ ᠣᠯᠠᠨ ᠵᠢᠯ᠎ᠦᠨ ᠲᠤᠷᠰᠢ ᠪᠣᠭᠣᠮᠲᠠ᠎ᠶᠢᠨ ᠬᠢᠯᠢ ᠬᠢᠵᠠᠭᠠᠷᠲᠤ ᠬᠣᠯᠪᠣᠭᠳᠠᠭᠰᠠᠨ ᠬᠦᠨᠳᠦ ᠶᠡᠬᠡ ᠬᠡᠷᠡᠭ ᠡᠭᠦᠰᠬᠦ ᠦᠭᠡᠢ ᠪᠠᠢᠬᠤ᠎ᠶᠢ ᠪᠠᠲᠤᠯᠠᠵᠤ᠂ ᠤᠮᠠᠷᠠᠲᠤ ᠬᠢᠯᠢ᠎ᠶᠢᠨ ᠭᠠᠳᠠᠭᠠᠳᠤ ᠨᠡᠭᠡᠭᠡᠯᠲᠡ᠎ᠶᠢᠨ ᠠᠮᠤᠷ ᠲᠦᠪᠰᠢᠨ᠎ᠦ ᠪᠣᠭᠣᠮᠲᠠ᠎ᠶᠢ ᠪᠠᠲᠤ ᠰᠠᠬᠢᠪᠠ᠃
ᠠᠷᠠᠳ ᠤ᠋ᠨ ᠰᠡᠳᠬᠢᠯ ᠢ᠋ ᠤᠯᠤᠬᠰᠠᠨ ᠲᠤᠳᠤᠨᠤ ᠦᠢᠯᠡᠴᠢᠯᠡᠭᠡ
ᠮᠠᠨᠳᠤᠯ ᠪᠤᠭᠤᠮᠳᠠ ᠵᠢᠨ ᠬᠠᠷᠢᠶ᠎ᠠ ᠣᠷᠣᠨ᠎ᠳᠤ ᠬᠦᠷᠪᠡᠯ᠂ ᠤᠯᠠᠡᠭᠭᠢ ᠮᠠᠯᠴᠢᠳ ᠤ᠋ᠨ ᠭᠠᠷ ᠲᠸ᠋ 《ᠡᠩ᠎ᠦᠨ ᠡᠷᠦᠬᠡ ᠠᠮᠠ᠎ᠶᠢᠨ ᠲᠠᠩᠰᠠ᠎ᠶᠢᠨ ᠲᠤᠬᠠᠢᠯᠠᠭᠰᠠᠨ ᠠᠵᠢᠯ ᠢ᠋ ᠬᠦᠢᠴᠡᠳᠭᠡᠭᠦ ᠭᠠᠷ ᠠᠪᠤᠯᠭ᠎ᠠ》 ᠲᠠᠢ ᠪᠠᠢᠳᠠᠭ᠃ ᠭᠠᠷ ᠠᠪᠤᠯᠭ᠎ᠠ ᠳ᠋ᠤ ᠡᠯ᠎ᠡ ᠵᠦᠢᠯ᠎ᠦᠨ ᠡᠷᠦᠬᠡ ᠠᠮᠠ᠎ᠶᠢᠨ ᠲᠠᠩᠰᠠ᠎ᠶᠢᠨ ᠲᠤᠬᠠᠢᠯᠠᠭᠰᠠᠨ ᠠᠵᠢᠯ ᠢ᠋ ᠬᠦᠢᠴᠡᠳᠭᠡᠭᠦ᠎ᠳᠤ ᠬᠡᠷᠡᠭᠰᠡᠬᠦ ᠮᠠᠲᠧᠷᠢᠶᠠᠯ᠎ᠢ ᠲᠣᠳᠣᠷᠬᠠᠢ ᠵᠢᠭ᠍ᠰᠠᠭᠠᠵᠤ᠂ ᠠᠷᠠᠳ᠎ᠤᠨ ᠴᠠᠭᠳᠠᠭ᠎ᠠ᠎ᠲᠠᠢ ᠬᠠᠷᠢᠯᠴᠠᠬᠤ ᠠᠷᠭ᠎ᠠ ᠮᠠᠶᠢᠭ ᠢ᠋ ᠳᠠᠭᠠᠯᠳᠤᠭᠤᠯᠵᠤ᠂ ᠤᠯᠠᠨ ᠲᠦᠮᠡᠨ ᠤ᠋ ᠤᠢᠯᠠᠭᠠᠬᠤ ᠳ᠋ᠤ ᠬᠦᠴᠢᠷ ᠵᠤᠢᠯᠡᠰ ᠲᠸ᠋ ᠲᠥᠬᠥᠮ ᠵᠢᠷᠤᠭ ᠬᠠᠪᠰᠤᠷᠭᠠᠨ ᠲᠣᠳᠣᠷᠬᠠᠢᠯᠠᠪᠠ᠂ ᠡᠨᠡ ᠨᠢ ᠮᠠᠨᠳᠤᠯ ᠪᠤᠭᠤᠮᠳᠠ ᠳ᠋ᠡᠬᠢ ᠬᠢᠯᠢ ᠵᠢᠨ ᠲᠤᠮᠢᠯᠠᠬᠰᠠᠨ ᠰᠠᠯᠪᠤᠷᠢ ᠵᠢᠨ ᠴᠠᠬᠳᠠᠭ᠎ᠠ ᠪᠦᠦ ᠢᠦᠢ ᠮᠧᠩ᠎ᠦᠨ ᠲᠤᠰᠬᠠᠢᠯᠠᠨ ᠮᠠᠯᠴᠢᠳ᠎ᠲᠤ ᠪᠡᠯᠡᠳᠬᠡᠵᠦ ᠦᠭᠭᠦᠭᠰᠡᠨ ᠲᠠᠢᠯᠪᠤᠷᠢ ᠪᠢᠴᠢᠭ ᠪᠤᠯᠤᠨ᠎ᠠ᠃ 95 ᠤᠨ ᠡᠴᠡ ᠰᠡᠭᠦᠯᠡᠷ ᠲᠦᠷᠦᠭᠰᠡᠨ ᠸᠠᠩ ᠫᠸᠩ ᠢᠦᠢ᠂ ᠪᠦᠦ ᠢᠦᠢ ᠮᠧᠩ ᠬᠠᠨᠢ ᠨᠦᠬᠦᠷ ᠬᠤᠶᠠᠭᠤᠯᠠ ᠪᠠᠨ ᠬᠤᠳᠠ᠎ᠶᠢᠨ ᠬᠥᠭᠵᠢᠶᠠᠨ ᠨᠠᠷᠬᠢᠶᠠᠨ ᠡᠴᠨ ᠰᠠᠯᠵᠤ᠂ ᠬᠢᠯᠢ᠎ᠶᠢᠨ ᠱᠤᠭᠤᠮ᠎ᠠᠴᠠ 17 ᠺᠢᠯᠤᠮᠸᠲᠷ ᠵᠠᠢᠲᠠᠢ ᠲᠠᠯ᠎ᠠ ᠵᠢᠨ ᠬᠦᠨ ᠳ᠋ᠤ ᠦᠨᠳᠤᠰᠦ ᠬᠠᠳᠬᠤᠵᠠᠢ᠃ ᠠᠮᠢᠳᠤᠷᠠᠯ ᠤ᠋ᠨ ᠳᠤᠮᠳᠠ ᠠᠮᠠᠷᠠᠬ ᠬᠤᠤᠰ᠂ ᠠᠵᠢᠯ᠎ᠤᠨ ᠳᠤᠮᠳᠠ ᠲᠠᠢᠴᠢᠨ ᠬᠠᠨᠢ᠂ ᠲᠠᠳᠠ ᠬᠤᠶᠠᠭᠤᠯᠠ ᠵᠠᠯᠠᠭᠤ ᠨᠠᠰᠤᠨ᠎ᠤ ᠭᠤᠶᠠᠴᠢ ᠦᠭᠡᠢ ᠪᠠᠷᠢᠮᠳᠠᠯᠠᠯ ᠵᠢᠡᠷ ᠬᠢᠯᠢ ᠵᠢᠨ ᠱᠤᠭᠤᠮ ᠪᠠ ᠬᠢᠯᠢ ᠵᠢᠨ ᠬᠠᠮᠢᠶᠠᠷᠤᠯᠳᠠ ᠵᠢᠨ ᠤᠷᠤᠨ ᠵᠢᠡᠨ ᠰᠠᠢᠳᠤᠷ ᠰᠠᠬᠢᠨ ᠬᠠᠮᠠᠭᠠᠯᠠᠵᠤ᠂ ᠨᠡᠬᠦᠳᠡᠯ ᠠᠷᠠᠳ ᠤ᠋ᠨ ᠴᠠᠬᠳᠠᠭ᠎ᠠ ᠵᠢᠨ ᠬᠠᠷᠢᠭᠤᠴᠠᠯᠭ᠎ᠠ ᠡᠬᠦᠷᠭᠡᠯᠡᠯ ᠢ᠋ ᠦᠢᠯᠡᠳᠦᠯᠭᠡᠵᠢᠬᠦᠯᠪᠡ᠃
ᠬᠠᠷᠢᠶ᠎ᠠ ᠣᠷᠣᠨ᠎ᠤ ᠦᠨᠳᠦᠰᠦᠳᠡᠨᠨᠦᠬᠦᠳ ᠤ᠋ᠨ ᠣᠯᠠᠨ ᠲᠦᠮᠡᠨ᠎ᠦ ᠬᠣᠯᠢᠯᠳᠤᠨ ᠰᠠᠭᠤᠷᠢᠰᠢᠭ᠍ᠰᠠᠨ ᠪᠣᠳᠠᠲᠤ ᠪᠠᠢᠳᠠᠯ᠎ᠳᠤ ᠰᠠᠭᠤᠷᠢᠯᠠᠨ᠂ ᠮᠠᠨᠳᠤᠯ ᠪᠣᠭᠣᠮᠲᠠ᠎ᠳᠡᠬᠢ ᠬᠢᠯᠢ᠎ᠶᠢᠨ ᠲᠣᠮᠢᠯᠠᠭᠰᠠᠨ ᠰᠠᠯᠪᠤᠷᠢ ᠨᠢ ᠬᠣᠣᠰ ᠬᠡᠯᠡᠨ᠎ᠦ ᠴᠠᠭᠳᠠᠭᠠᠨ᠎ᠤ ᠶᠠᠪᠤᠳᠠᠯ᠎ᠤᠨ ᠦᠢᠯᠡᠴᠢᠯᠡᠭᠡ᠎ᠶᠢ ᠭᠦᠨᠵᠡᠭᠡᠢ ᠬᠢᠵᠦ᠂ ᠮᠠᠯᠴᠢᠳ᠂ ᠪᠣᠭᠣᠮᠲᠠ᠎ᠶᠢᠨ ᠬᠤᠳᠠᠯᠳᠤᠭᠠᠨ᠎ᠤ ᠡᠷᠦᠬᠡ᠂ ᠬᠢᠯᠢ᠎ᠪᠡᠷ ᠥᠩᠭᠡᠷᠡᠬᠦ ᠵᠢᠭᠤᠯᠴᠢᠯᠠᠭ᠍ᠰᠠᠳ᠎ᠤᠨ ᠬᠡᠷᠡᠭᠴᠡᠭᠡ ᠱᠠᠭᠠᠷᠳᠠᠯᠭ᠎ᠠ᠎ᠳᠤ ᠵᠤᠬᠢᠴᠠᠭᠤᠯᠤᠨ ᠠᠷᠠᠳ᠎ᠲᠤ ᠲᠥᠬᠥᠮ ᠦᠵᠡᠭᠦᠯᠵᠦ ᠠᠵᠤ ᠠᠬᠤᠢᠯᠠᠯ᠎ᠳᠤ ᠠᠰᠢᠭ᠋ ᠬᠦᠷᠲᠡᠭᠡᠬᠦ ᠠᠷᠭ᠎ᠠ ᠬᠡᠮᠵᠢᠶ᠎ᠡ᠎ᠶᠢ ᠨᠠᠢᠳᠠᠪᠤᠷᠢᠵᠢᠭᠤᠯᠪᠠ᠃ ᠮᠠᠯᠵᠢᠬᠤ ᠣᠷᠣᠨ᠎ᠤ ᠣᠯᠠᠨ ᠲᠦᠮᠡᠨ᠎ᠦ ᠠᠵᠢᠯ ᠶᠠᠪᠤᠳᠠᠯ ᠭᠦᠢᠴᠡᠳᠬᠡᠬᠦ ᠵᠠᠮ ᠬᠣᠯᠠ ᠬᠦᠴᠢᠷ ᠠᠰᠠᠭᠤᠳᠠᠯ᠎ᠳᠤ ᠴᠢᠭᠯᠡᠭᠦᠯᠦᠨ᠂ ᠤᠷᠢᠳᠴᠢᠯᠠᠨ ᠪᠣᠯᠵᠣᠵᠤ ᠭᠦᠢᠴᠡᠳᠬᠡᠬᠦ᠂ ᠴᠠᠭ ᠤᠷᠳᠤᠳᠬᠠᠨ ᠦᠢᠯᠡᠴᠢᠯᠡᠬᠦ᠂ ᠭᠡᠷ ᠲᠦ᠍ᠨᠢ ᠬᠦᠷᠴᠦ ᠣᠷᠣᠯᠠᠨ ᠭᠦᠢᠴᠡᠳᠬᠡᠬᠦ ᠲᠣᠭᠲᠠᠴᠠ᠎ᠶᠢ ᠪᠥᠬᠥ ᠲᠠᠯ᠎ᠠ᠎ᠪᠠᠷ ᠬᠡᠷᠡᠭᠵᠢᠭᠦᠯᠵᠦ᠂ ᠡᠷᠦᠬᠡ ᠠᠮᠠ᠎ᠶᠢᠨ ᠬᠠᠷᠢᠶ᠎ᠠ᠂ ᠣᠷᠣᠰᠢᠨ ᠰᠠᠭᠤᠬᠤ ᠦᠨᠡᠮᠯᠡᠯ᠂ ᠬᠢᠯᠢ᠎ᠶᠢᠨ ᠨᠡᠪᠲᠡᠷᠡᠬᠦ ᠦᠨᠡᠮᠯᠡᠯ ᠵᠡᠷᠭᠡ ᠵᠢᠨ ᠭᠦᠢᠴᠡᠳᠬᠡᠬᠦ ᠴᠤᠪᠤᠷᠠᠯ᠎ᠢ ᠰᠢᠯᠢᠳᠡᠭᠵᠢᠭᠦᠯᠪᠡ᠃ ᠬᠦᠳᠡᠯᠵᠦ ᠪᠠᠷᠢᠬᠤ ᠳ᠋ᠤ ᠲᠦᠭᠦᠮ ᠦᠭᠡᠢ ᠨᠠᠰᠤᠲᠠᠢᠴᠤᠳ᠂ ᠲᠠᠷᠠᠬᠠᠢ ᠪᠤᠲᠠᠷᠬᠠᠢ ᠰᠠᠭᠤᠭ᠎ᠠ ᠮᠠᠯᠵᠢᠬᠤ ᠡᠷᠦᠬᠡ᠎ᠳᠦ ᠰᠠᠭᠠᠳ ᠦᠭᠡᠢ ᠨᠡᠪᠲᠡᠷᠡᠬᠦ ᠵᠠᠮ ᠢ᠋ ᠨᠡᠭᠡᠭᠡᠵᠦ᠂ ᠪᠢᠴᠢᠭ ᠮᠠᠲᠧᠷᠢᠶᠠᠯ ᠢ᠋ ᠣᠷᠣᠯᠠᠨ ᠬᠤᠷᠢᠶᠠᠬᠤ᠂ ᠭᠡᠷᠡᠴᠢ ᠦᠨᠡᠮᠯᠡᠯ᠎ᠢ ᠨᠢ ᠬᠦᠷᠭᠡᠬᠦ ᠦᠢᠯᠡᠴᠢᠯᠡᠭᠡ ᠬᠠᠩᠭᠠᠵᠤ᠂ ᠣᠯᠠᠨ ᠲᠦᠮᠡᠨ᠎ᠦ ᠠᠵᠢᠯ ᠶᠠᠪᠤᠳᠠᠯ ᠭᠦᠢᠴᠡᠳᠬᠡᠬᠦ ᠳ᠋ᠤ ᠲᠦᠬᠦᠮ ᠦᠵᠡᠬᠦᠯᠵᠦ᠂ ᠲᠤᠳᠤᠨᠤ ᠦᠢᠯᠡᠴᠢᠯᠡᠭᠡ᠎ᠪᠡᠷ ᠴᠠᠭᠳᠠᠭ᠎ᠠ ᠠᠷᠠᠳ᠎ᠤᠨ ᠰᠡᠳᠬᠢᠯ ᠢ᠋ ᠣᠢᠷᠠᠲᠤᠭᠤᠯᠪᠠ᠃

ᠤᠷᠤᠨ ᠪᠠᠢᠷᠢ ᠵᠢᠨ ᠤᠨᠴᠠᠯᠢᠭ ᠲᠠᠢ ᠤᠬᠠᠭᠤᠯᠭ᠎ᠠ ᠬᠦᠮᠦᠵᠢᠯ
《ᠣᠯᠠᠨ᠎ᠢᠶᠠᠷ᠎ᠢᠶᠠᠨ ᠡᠨᠡ ᠬᠦ᠌ ᠬᠡᠷᠡᠭ᠎ᠦᠨ ᠵᠢᠱ᠌ᠢᠶ᠎ᠡ᠎ᠶᠢ ᠦᠵᠡᠭᠡᠷᠡᠢ᠂ ᠡᠮᠦᠨᠡᠭᠡᠨ ᠨᠢᠭᠡᠨ ᠬᠦᠯᠦᠰᠦᠨ ᠠᠵᠢᠯᠴᠢᠨ 〈ᠱᠠᠩᠨᠠᠯ ᠣᠯᠣᠭᠰᠠᠨ〉 ᠣᠬᠣᠷ ᠮᠡᠳᠡᠭᠡ᠎ᠶᠢ ᠲᠣᠰᠴᠠᠢ᠂ ᠰᠦᠯᠵᠢᠶᠠᠨ ᠬᠠᠶᠢᠭ ᠢ᠋ ᠲᠤᠪᠴᠢᠳᠠᠬᠰᠠᠨ ᠳ᠋ᠤ ᠪᠠᠩᠬᠢ᠎ᠶᠢᠨ ᠺᠠᠷᠲ᠎ᠤ᠋ᠨ ᠵᠣᠭᠣᠰ ᠵᠢᠠᠨ ᠠᠯᠳᠠᠪᠠ ᠁》 ᠪᠣᠭᠣᠮᠲᠠ᠎ᠶᠢᠨ ᠪᠠᠷᠠᠭᠠᠨ᠎ᠤ ᠭᠦᠢᠯᠭᠡᠭᠡᠨ᠎ᠦ ᠬᠦᠷᠢᠶᠡᠯᠡᠩ ᠲᠣᠭᠣᠷᠢᠭ᠋᠎ᠲᠤ᠂ ᠠᠷᠠᠳ᠎ᠤᠨ ᠴᠠᠭᠳᠠᠭ᠎ᠠ ᠬᠠᠨ ᠼᠠᠢ ᠭᠠᠩ ᠤᠬᠠᠭᠤᠯᠭ᠎ᠠ᠎ᠶᠢᠨ ᠳᠡᠪᠲᠡᠷ ᠠᠳᠬᠤᠵᠤ᠂ ᠬᠠᠷᠢᠶ᠎ᠠ ᠣᠷᠣᠨ᠎ᠤ ᠠᠵᠢᠯ ᠬᠥᠳᠡᠯᠮᠦᠷᠢ ᠬᠢᠵᠦ ᠪᠠᠢᠭ᠎ᠠ ᠬᠥᠮᠥᠰ᠎ᠲᠦ ᠴᠠᠬᠢᠯᠭᠠᠨ ᠬᠣᠯᠪᠣᠭᠠᠨ᠎ᠤ ᠮᠡᠬᠡᠯᠡᠯ᠎ᠦᠨ ᠤᠷ᠎ᠠ ᠮᠡᠭᠡ ᠵᠢ ᠬᠡᠯᠡᠵᠦ ᠦᠬᠬᠦᠨᠠ᠂ ᠡᠨᠡ ᠪᠣᠯ ᠮᠠᠨᠳᠤᠯ ᠪᠤᠭᠤᠮᠳᠠ ᠳ᠋ᠡᠬᠢ ᠲᠣᠮᠢᠯᠠᠭᠰᠠᠨ ᠰᠠᠯᠪᠤᠷᠢ᠎ᠶᠢᠨ 《ᠬᠦᠷᠢᠶᠡᠯᠡᠩ ᠲᠣᠭᠣᠷᠢᠭ᠋᠎ᠤᠨ ᠬᠠᠤᠯᠢ ᠲᠦᠭᠡᠮᠡᠯᠵᠢᠭᠦᠯᠬᠦ ᠬᠢᠴᠢᠶᠡᠯ᠎ᠦᠨ ᠲᠠᠩᠬᠢᠮ》᠎ᠤ᠋ᠨ ᠡᠩ᠎ᠦᠨ ᠦᠵᠡᠭᠳᠡᠯ ᠪᠣᠯᠣᠨ᠎ᠠ᠃
ᠴᠠᠬᠢᠯᠭᠠᠨ ᠬᠣᠯᠪᠣᠭ᠎ᠠ ᠰᠦᠯᠵᠢᠶᠡᠨ᠎ᠦ ᠮᠡᠬᠡᠯᠡᠯ ᠣᠯᠠᠨ ᠡᠭᠦᠰᠴᠦ ᠪᠠᠢᠭ᠎ᠠ ᠪᠠᠢᠳᠠᠯ᠎ᠳᠤ ᠴᠢᠭᠯᠡᠭᠦᠯᠦᠨ᠂ ᠲᠤᠰ ᠲᠣᠮᠢᠯᠠᠭᠰᠠᠨ ᠰᠠᠯᠪᠤᠷᠢ ᠦᠨᠡᠨ ᠪᠣᠳᠠᠲᠠᠢ ᠬᠡᠷᠡᠭ᠎ᠦᠨ ᠵᠢᠱ᠌ᠢᠶ᠎ᠡ᠎ᠲᠠᠢ ᠤᠶᠠᠯᠳᠤᠭᠤᠯᠤᠨ᠂ ᠪᠠᠷᠠᠭᠠᠨ᠎ᠤ ᠭᠦᠢᠯᠭᠡᠭᠡᠨ᠎ᠦ ᠬᠦᠷᠢᠶᠡᠯᠡᠩ ᠲᠣᠭᠣᠷᠢᠭ᠋᠎ᠲᠤ ᠬᠦᠷᠴᠤ᠂ ᠠᠮᠢᠳᠤᠯᠢᠭ᠋ ᠣᠢᠯᠠᠭᠠᠮᠵᠢᠲᠠᠢ ᠦᠭᠡ ᠬᠡᠯᠡ᠎ᠪᠡᠷ ᠬᠤᠳᠠᠯ ᠬᠠᠭᠤᠷᠮᠠᠭ ᠵᠢᠡᠷ ᠵᠢᠭᠡᠯᠡᠯᠭᠡ ᠲᠠᠯᠪᠢᠬᠤ᠂ ᠵᠣᠴᠢᠳ᠎ᠤᠨ ᠦᠢᠯᠡᠴᠢᠯᠡᠭᠡ᠎ᠪᠡᠷ ᠣᠪᠯᠠᠬᠤ ᠵᠡᠷᠭᠡ ᠪᠠᠢᠩᠭᠤ ᠲᠣᠬᠢᠶᠠᠯᠳᠤᠳᠠᠭ ᠮᠡᠬᠡᠯᠡᠬᠦ ᠠᠷᠭ᠎ᠠ ᠪᠠᠷᠢᠯ᠎ᠢ ᠭᠣᠣᠯᠳᠠᠯᠭ᠎ᠠ᠎ᠲᠠᠢ ᠲᠠᠢᠯᠪᠤᠷᠢᠯᠠᠵᠦ᠂ ᠣᠯᠠᠨ ᠲᠦᠮᠡᠨ᠎ᠦ 《ᠵᠣᠭᠣᠰ᠎ᠤᠨ ᠪᠤᠬᠴᠤ》 ᠵᠢ ᠦᠨᠡᠨ ᠬᠦ᠌ ᠰᠠᠬᠢᠨ ᠬᠠᠮᠠᠭᠠᠯᠠᠵᠤ᠂ ᠠᠮᠤᠷ ᠲᠦᠪᠰᠢᠨ ᠡᠮᠬᠢ ᠵᠢᠷᠤᠮ᠎ᠲᠠᠢ ᠨᠡᠢᠭᠡᠮ᠎ᠦᠨ ᠣᠷᠴᠢᠨ ᠨᠥᠬᠥᠴᠡᠯ᠎ᠢ ᠪᠣᠶ ᠪᠣᠯᠭᠠᠪᠠ᠃
ᠪᠣᠭᠣᠮᠲᠠ᠎ᠶᠢᠨ ᠣᠷᠣᠨ ᠪᠠᠢᠷᠢ᠎ᠶᠢᠨ ᠳᠠᠪᠠᠭᠤᠯᠢᠭ᠋᠎ᠲᠤ ᠲᠦᠰᠢᠭᠯᠡᠨ᠂ ᠠᠷᠠᠳ᠎ᠤᠨ ᠴᠠᠭᠳᠠᠭ᠎ᠠ᠎ᠠᠴᠠ ᠪᠠᠷᠠᠭᠠᠨ᠎ᠤ ᠲᠡᠭᠡᠭᠡᠪᠦᠷᠢ᠎ᠶᠢᠨ ᠵᠢᠯᠣᠭᠣᠴᠢ᠂ ᠭᠠᠳᠠᠭᠠᠳᠤ ᠠᠷᠠᠯᠵᠢᠶᠠᠨ᠎ᠤ ᠬᠤᠳᠠᠯᠳᠤᠭᠠᠴᠢᠨ ᠡᠷᠦᠬᠡ᠎ᠳᠦ ᠬᠢᠯᠢ᠎ᠶᠢᠨ ᠬᠠᠮᠢᠶᠠᠷᠤᠯᠲᠠ᠂ ᠬᠢᠯᠢ᠎ᠪᠡᠷ ᠣᠷᠣᠵᠤ ᠭᠠᠷᠬᠤ ᠬᠠᠤᠯᠢ ᠴᠠᠭᠠᠵᠠ ᠲᠦᠷᠢᠮ ᠲᠣᠭᠲᠠᠭᠠᠯ᠎ᠢ ᠪᠠᠢᠩᠭᠤ ᠤᠬᠠᠭᠤᠯᠵᠤ᠂ ᠠᠵᠤ ᠠᠬᠤᠢᠯᠠᠯ᠎ᠢ ᠬᠠᠮᠵᠢᠨ ᠪᠣᠭᠣᠮᠲᠠ᠎ᠪᠠᠷ ᠥᠩᠭᠡᠷᠡᠬᠦ᠂ ᠦᠢᠯᠡᠳᠪᠦᠷᠢ᠎ᠶᠢᠨ ᠬᠦᠷᠢᠶᠡᠯᠠᠡᠭ ᠲᠣᠭᠣᠷᠢᠭ᠋᠎ᠤᠨ ᠠᠮᠤᠷ᠎ᠢ ᠬᠠᠮᠠᠭᠠᠯᠠᠬᠤ ᠬᠦᠴᠢᠷ ᠠᠰᠠᠭᠤᠳᠠᠯ᠎ᠢ ᠰᠢᠢᠳᠪᠦᠷᠢᠯᠡᠨ᠂ ᠬᠢᠯᠢ᠎ᠶᠢᠨ ᠠᠷᠠᠯᠵᠢᠶᠠᠨ᠎ᠤ ᠲᠣᠭᠲᠠᠭᠤᠨ ᠬᠥᠭᠵᠢᠯᠲᠡ᠎ᠶᠢ ᠪᠠᠳᠤᠯᠠᠨ ᠬᠠᠮᠠᠭᠠᠯᠠᠪᠠ᠃ ᠦᠨᠳᠦᠰᠦᠲᠡᠨ᠎ᠦ ᠪᠦᠯᠬᠦᠮᠳᠡᠯ᠎ᠦᠨ ᠤᠬᠠᠭᠤᠯᠭ᠎ᠠ᠂ ᠤᠯᠤᠰ᠎ᠤᠨ ᠪᠠᠲᠤᠯᠠᠨ ᠬᠠᠮᠠᠭᠠᠯᠠᠯᠲᠠ᠎ᠶᠢᠨ ᠬᠥᠮᠦᠵᠢᠯ᠎ᠢ ᠭᠠᠴᠠᠭ᠎ᠠ᠎ᠳᠤ ᠣᠷᠣᠭᠤᠯᠬᠤ ᠠᠵᠢᠯᠯᠠᠭ᠎ᠠ᠎ᠶᠢ ᠥᠷᠨᠢᠭᠦᠯᠵᠦ᠂ ᠨᠠᠭᠠᠳᠤᠮ᠂ ᠤᠯᠠᠮᠵᠢᠯᠠᠯᠲᠤ ᠪᠠᠶᠠᠷ ᠳᠤᠷᠠᠰᠬᠠᠯ᠎ᠲᠠᠢ ᠤᠶᠠᠯᠳᠤᠭᠤᠯᠤᠨ ᠬᠠᠤᠯᠢ᠎ᠪᠠᠷ ᠵᠠᠰᠠᠬᠤ ᠤᠬᠠᠭᠤᠯᠭ᠎ᠠ ᠬᠢᠵᠤ᠂ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠢ ᠬᠥᠲᠥᠯᠥᠨ ᠵᠢᠯᠤᠭᠣᠳᠴᠤ ᠪᠠᠢᠭᠠᠳ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠣᠭᠴᠠᠯᠠᠪᠠ᠃ ᠶᠠᠳᠠᠭᠤ ᠬᠦᠴᠢᠷᠳᠡᠯᠲᠡᠢ ᠮᠠᠯᠴᠢᠳ᠎ᠤᠨ ᠭᠡᠷ ᠪᠦᠯᠢ᠎ᠶᠢ ᠬᠠᠪᠰᠤᠷᠤᠨ ᠲᠡᠳᠬᠦᠵᠦ᠂ ᠲᠥᠭᠡᠷᠢᠭᠰᠡᠨ ᠵᠢᠭᠤᠯᠴᠢᠯᠠᠬᠰᠠᠳ᠎ᠢ ᠠᠪᠤᠷᠠᠨ ᠲᠤᠰᠠᠯᠠᠵᠤ᠂ ᠠᠯᠳᠠᠭᠰᠠᠨ ᠮᠠᠯ ᠣᠨᠣᠭ᠎ᠠ᠎ᠵᠢ ᠡᠷᠢᠨ ᠠᠪᠴᠢᠷᠠᠬᠤ ᠁ ᠶᠠᠪᠤᠳᠠᠯ ᠪᠣᠯᠭᠠᠨ ᠨᠢ ᠠᠷᠠᠳ᠎ᠤᠨ ᠰᠡᠳᠬᠢᠯ ᠢ᠋ ᠲᠤᠯᠠᠭᠠᠴᠠᠭᠤᠯᠵᠤ᠂ ᠮᠠᠯᠴᠢᠨ ᠲᠦᠮᠡᠨ ᠰᠠᠨᠠᠭᠠᠴᠢᠯᠠᠭ᠎ᠠ᠎ᠠᠴᠠ᠎ᠪᠠᠨ ᠬᠢᠯᠢ᠎ᠶᠢᠨ ᠬᠠᠮᠢᠶᠠᠷᠤᠯᠲᠠ ᠡᠵᠡᠮᠳᠡᠯᠳᠦ ᠣᠷᠣᠯᠴᠠᠵᠤ᠂ ᠴᠠᠭᠳᠠᠭ᠎ᠠ ᠠᠷᠠᠳ ᠰᠡᠳᠬᠢᠯ ᠨᠢᠭᠡᠳᠦᠨ᠂ ᠰᠠᠬᠢᠨ ᠪᠡᠷᠡᠯᠡᠵᠦ ᠬᠠᠷᠢᠯᠴᠠᠨ ᠬᠠᠪᠰᠤᠷᠤᠯᠴᠠᠬᠤ ᠭᠦᠨ ᠵᠤᠵᠠᠭᠠᠨ ᠠᠭᠤᠷ ᠠᠮᠢᠰᠬᠤᠯ᠎ᠢ ᠪᠣᠶ ᠪᠣᠯᠭᠠᠪᠠ᠃
ᠮᠠᠯᠵᠢᠬᠤ ᠤᠷᠤᠨ ᠤ᠋ ᠵᠠᠰᠠᠯᠳᠠ ᠵᠢᠨ ᠰᠢᠨ᠎ᠡ ᠵᠠᠭᠪᠤᠷ
ᠮᠠᠯᠵᠢᠬᠤ ᠣᠷᠣᠨ ᠳ᠋ᠤ ᠶᠡᠷᠤ᠎ᠨᠢ ᠨᠤᠲᠤᠭ ᠪᠡᠯᠴᠢᠭᠡᠷ᠎ᠦᠨ ᠡᠷᠬᠡ᠎ᠶᠢ ᠨᠤᠲᠠᠯᠠᠨ ᠲᠣᠭᠲᠠᠭᠠᠬᠤ᠂ ᠤᠰᠤᠨ᠎ᠤ ᠡᠬᠢ ᠵᠢ ᠬᠤᠪᠢᠶᠠᠷᠢᠯᠠᠬᠤ᠂ ᠭᠠᠵᠠᠷ ᠰᠢᠷᠣᠢ ᠲᠠᠲᠠᠪᠤᠷᠢᠯᠠᠬᠤ ᠨᠥᠬᠥᠪᠦᠷᠢ᠂ ᠬᠥᠷᠰᠢ ᠵᠡᠷᠭᠡᠯᠡᠳᠡᠭᠡ᠎ᠶᠢᠨ ᠵᠦᠷᠢᠴᠡᠯ ᠵᠡᠷᠭᠡ ᠵᠠᠭᠤᠷᠠᠯᠳᠤᠭᠠᠨ ᠣᠯᠠᠨ ᠡᠭᠦᠰᠳᠡᠭ᠂ ᠥᠩᠭᠡᠷᠡᠭᠰᠡᠨ ᠳ᠋ᠤ ᠮᠠᠯᠴᠢᠨ ᠲᠦᠮᠡᠨ ᠵᠦᠷᠢᠴᠡᠯ ᠵᠠᠭᠤᠷᠠᠯᠳᠤᠭᠠᠨ ᠲᠠᠢ ᠪᠤᠯᠪᠠᠯ ᠤᠯᠠᠨ ᠰᠠᠯᠠᠭ᠎ᠠ ᠮᠥᠴᠢᠷ ᠤ᠋ᠨ ᠬᠤᠭᠤᠷᠤᠨᠳᠤ ᠶᠠᠪᠤᠵᠤ ᠴᠠᠭ ᠪᠠ ᠬᠦᠴᠦ ᠶᠡᠬᠡ ᠵᠠᠷᠤᠴᠠᠭᠤᠯᠳᠠᠭ᠃ ᠡᠭᠦᠨ᠎ᠦ ᠲᠤᠯᠠᠳᠠ᠂ ᠮᠠᠨᠳᠤᠯ ᠪᠤᠭᠤᠮᠳᠠ ᠳ᠋ᠡᠬᠢ ᠬᠢᠯᠢ᠎ᠶᠢᠨ ᠲᠣᠮᠢᠯᠠᠭᠰᠠᠨ ᠰᠠᠯᠪᠤᠷᠢ ᠥᠪᠡᠷᠲᠡᠭᠡᠨ ᠵᠠᠰᠠᠬᠤ ᠣᠷᠣᠨ᠎ᠤ ᠠᠩᠬᠠᠳᠠᠭ᠍ᠴᠢ ᠤᠮᠠᠷᠠᠲᠤ ᠬᠢᠯᠢ᠎ᠶᠢᠨ ᠴᠠᠭᠳᠠᠭ᠎ᠠ ᠤᠷᠤᠨ ᠨᠤᠳᠤᠭ ᠬᠣᠯᠪᠤᠭᠠᠯᠠᠬᠰᠠᠨ ᠶᠡᠷᠦᠩᠬᠡᠢᠯᠡᠨ ᠵᠠᠰᠠᠬᠤ ᠦᠢᠯᠡᠴᠢᠯᠡᠭᠡᠨ᠎ᠦ ᠲᠥᠪ᠎ᠢ ᠲᠦᠷᠦᠭᠦᠯᠡᠨ ᠪᠠᠢᠭᠤᠯᠵᠤ᠂ ᠬᠠᠤᠯᠢ ᠴᠠᠭᠠᠵᠠ᠂ ᠠᠷᠠᠳ᠎ᠤᠨ ᠶᠠᠪᠤᠳᠠᠯ᠂ ᠬᠢᠵᠢᠭ᠎ᠢ ᠰᠡᠷᠭᠡᠢᠯᠡᠬᠦ ᠵᠡᠷᠭᠡ 16 ᠪᠠᠢᠭᠤᠯᠭ᠎ᠠ ᠨᠢᠭᠡᠴᠢ ᠬᠠᠮᠲᠤᠷᠠᠨ ᠠᠵᠢᠯᠯᠠᠵᠤ᠂ 《ᠴᠠᠭᠳᠠᠭ᠎ᠠ + X》 ᠣᠯᠠᠨ ᠡᠰᠢᠲᠦ ᠡᠶᠡᠳᠡᠭᠦᠯᠬᠦ ᠲᠣᠭᠲᠠᠴᠠ᠎ᠶᠢᠨ ᠰᠢᠨ᠎ᠡ᠎ᠶᠢ ᠡᠭᠦᠳᠴᠦ᠂ ᠣᠯᠠᠨ ᠲᠦᠮᠡᠨ᠎ᠦ ᠡᠯ᠎ᠡ ᠲᠥᠷᠥᠯ᠎ᠦᠨ ᠬᠦᠰᠡᠯ ᠱᠠᠭᠠᠷᠳᠠᠯᠭ᠎ᠠ᠎ᠶᠢ ᠨᠢᠭᠡ ᠥᠷᠲᠡᠭᠡᠴᠢᠯᠡᠭᠰᠡᠨ ᠮᠠᠶᠢᠭ᠋᠎ᠢᠶᠠᠷ ᠭᠥᠯᠢᠶᠡᠨ ᠠᠪᠴᠤ ᠰᠢᠢᠳᠪᠦᠷᠢᠯᠡᠪᠡ᠂ ᠲᠣᠰ ᠰᠢᠨ᠎ᠡ᠎ᠶᠢ ᠡᠭᠦᠳᠬᠦ ᠠᠷᠭ᠎ᠠ ᠬᠡᠮᠵᠢᠶ᠎ᠡ ᠨᠢ ᠥᠪᠡᠷᠲᠡᠭᠡᠨ ᠵᠠᠰᠠᠬᠤ ᠣᠷᠣᠨ᠎ᠤ 《ᠠᠷᠪᠠᠨ ᠶᠡᠬᠡ ᠬᠠᠤᠯᠢ᠎ᠪᠠᠷ ᠵᠠᠰᠠᠬᠤ ᠬᠡᠷᠡᠭ ᠶᠠᠪᠤᠳᠠᠯ》 ᠵᠢᠡᠷ ᠦᠨᠡᠯᠡᠭᠳᠡᠪᠡ᠃
ᠮᠠᠨᠳᠤᠯ ᠪᠣᠭᠣᠮᠲᠠ ᠳ᠋ᠡᠬᠢ ᠬᠢᠯᠢ᠎ᠶᠢᠨ ᠲᠣᠮᠢᠯᠠᠭᠰᠠᠨ ᠰᠠᠯᠪᠤᠷᠢ᠎ᠶᠢᠨ ᠪᠦᠬᠦ ᠠᠷᠠᠳ᠎ᠤᠨ ᠴᠠᠭᠳᠠᠭ᠎ᠠ ᠶᠠᠪᠠᠭᠠᠨ ᠠᠯᠬᠤᠭ᠎ᠠ᠎ᠪᠠᠷ᠎ᠢᠶᠠᠨ ᠠᠷᠠᠳ᠎ᠤᠨ ᠪᠠᠢᠳᠠᠯ᠎ᠢ ᠤᠢᠯᠠᠭᠠᠵᠤ᠂ ᠠᠷᠢᠭᠤᠨ ᠬᠥᠯᠥᠰᠦᠪᠡᠷᠢᠶᠡᠨ ᠤᠯᠠᠨ ᠲᠦᠮᠡᠨ᠎ᠳᠦ ᠦᠢᠯᠡᠴᠢᠯᠡᠵᠦ᠂ ᠪᠣᠳᠠᠲᠤ ᠠᠵᠢᠯᠯᠠᠭ᠎ᠠ᠎ᠪᠠᠷ᠎ᠢᠶᠠᠨ ᠰᠢᠨ᠎ᠡ ᠴᠠᠭ ᠦᠶ᠎ᠡ᠎ᠶᠢᠨ 《ᠹᠸᠩ ᠴᠢᠶᠣᠤ᠎ᠶᠢᠨ ᠲᠤᠷᠰᠢᠯᠭ᠎ᠠ》 ᠵᠢᠨ ᠭᠦᠨᠵᠡᠭᠡᠢ ᠠᠭᠤᠯᠤᠭᠳᠠᠬᠤᠨ᠎ᠢ ᠲᠠᠢᠯᠪᠤᠷᠢᠯᠠᠵᠤ᠂ 《ᠦᠨᠳᠦᠰᠦ ᠰᠠᠭᠤᠷᠢ ᠪᠠᠲᠤ᠂ ᠤᠴᠢᠷ ᠶᠠᠪᠤᠳᠠᠯ ᠴᠥᠭᠡᠨ᠂ ᠠᠮᠤᠷ ᠲᠦᠪᠰᠢᠨ ᠰᠠᠢᠨ᠂ ᠨᠠᠮ ᠪᠠ ᠠᠷᠠᠳ ᠲᠦᠮᠡᠨ ᠬᠠᠨᠤᠮᠵᠢᠲᠠᠢ》 ᠨᠡᠭᠦᠳᠡᠯ ᠠᠷᠠᠳ᠎ᠤᠨ ᠬᠠᠮᠢᠶᠠᠷᠤᠯᠲᠠ᠎ᠶᠢᠨ ᠰᠢᠨ᠎ᠡ ᠬᠠᠭᠤᠳᠠᠰᠤ᠎ᠶᠢ ᠪᠢᠴᠢᠭᠯᠡᠪᠡ᠃