2026 ᠣᠨ᠎ᠤ ᠵᠣᠨ᠎ᠤ ᠠᠮᠠᠷᠠᠯᠲᠠ᠎ᠶᠢᠨ ᠬᠤᠭᠤᠴᠠᠭᠠᠨ᠎ᠤ ᠲᠡᠮᠦᠷ ᠵᠠᠮ᠎ᠤᠨ ᠵᠦᠭᠡᠭᠡᠪᠦᠷᠢ᠎ᠶᠢᠨ ᠠᠵᠢᠯ ᠡᠬᠢᠯᠡᠪᠡ
2026-07-05 12:14:37
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆


QQ截图20260705120627.png


2026 ᠣᠨ᠎ᠤ ᠵᠣᠨ᠎ᠤ ᠠᠮᠠᠷᠠᠯᠲᠠ᠎ᠶᠢᠨ ᠬᠤᠭᠤᠴᠠᠭᠠᠨ᠎ᠤ ᠲᠡᠮᠦᠷ ᠵᠠᠮ᠎ᠤᠨ ᠵᠦᠭᠡᠭᠡᠪᠦᠷᠢ᠎ᠶᠢᠨ ᠠᠵᠢᠯ 7 ᠰᠠᠷ᠎ᠠ᠎ᠶᠢᠨ 1 ᠤ᠋ ᠡᠳᠦᠷ᠎ᠡᠴᠡ ᠡᠬᠢᠯᠡᠵᠦ᠂ 8 ᠰᠠᠷ᠎ᠠ᠎ᠶᠢᠨ 31 ᠤ᠋ ᠡᠳᠦᠷ ᠪᠣᠯᠲᠠᠯ᠎ᠠ ᠨᠡᠶ᠋ᠢᠲᠡ 62 ᠡᠳᠦᠷ ᠦᠷᠬᠦᠯᠵᠢᠯᠡᠨ᠎ᠡ᠃ ᠡᠨᠡ ᠬᠤᠭᠤᠴᠠᠭᠠᠨ᠎ᠳᠤ᠂ ᠳᠤᠮᠳᠠᠳᠤ ᠤᠯᠤᠰ᠎ᠤᠨ ᠲᠡᠮᠦᠷ ᠵᠠᠮ᠎ᠤᠨ ᠬᠥᠬᠡᠬᠣᠲᠠ ᠲᠣᠪᠴᠢᠶ᠎ᠠ ᠵᠢᠱ᠌ᠢᠯᠲᠡ᠎ᠪᠡᠷ 973.4 ᠲᠦᠮᠡᠨ ᠬᠥᠮᠥᠨ ᠤᠳᠠᠭ᠎ᠠ᠎ᠶᠢᠨ ᠠᠶᠠᠨᠴᠢᠳ᠎ᠢ ᠬᠦᠷᠭᠡᠵᠦ᠂ ᠡᠳᠦᠷ ᠪᠦᠷᠢ ᠳᠤᠮᠳᠠᠴᠢ᠎ᠪᠠᠷ 15.7 ᠲᠦᠮᠡᠨ ᠬᠥᠮᠥᠨ ᠤᠳᠠᠭ᠎ᠠ᠎ᠶᠢᠨ ᠠᠶᠠᠨᠴᠢᠳ᠎ᠢ ᠬᠦᠷᠭᠡᠵᠦ᠂ 2025 ᠣᠨ᠎ᠤ ᠠᠳᠠᠯᠢ ᠬᠤᠭᠤᠴᠠᠭᠠᠨ᠎ᠤ ᠬᠢ᠎ᠡᠴᠡ ᠵᠢᠱ᠌ᠢᠯᠲᠡ᠎ᠪᠡᠷ 5.1% ᠪᠠᠷ ᠨᠡᠮᠡᠭᠳᠡᠨ᠎ᠡ᠃ ᠡᠨᠡ ᠵᠢᠯ᠎ᠦᠨ ᠵᠣᠨ᠎ᠤ ᠠᠮᠠᠷᠠᠯᠲᠠ᠎ᠶᠢᠨ ᠠᠶᠠᠨᠴᠢᠳ᠎ᠤᠨ ᠤᠷᠤᠰᠬᠠᠯ ᠨᠢ ᠵᠢᠭᠤᠯᠴᠢᠯᠠᠯ᠎ᠤᠨ ᠤᠷᠤᠰᠬᠠᠯ᠂ ᠰᠣᠷᠣᠭ᠍ᠴᠢ᠎ᠶᠢᠨ ᠤᠷᠤᠰᠬᠠᠯ᠂ ᠲᠥᠷᠥᠯ ᠰᠠᠳᠤᠨ᠎ᠢᠶᠠᠨ ᠡᠷᠭᠢᠵᠦ ᠦᠵᠡᠬᠦ ᠤᠷᠤᠰᠬᠠᠯ᠂ ᠬᠤᠳᠠᠯᠳᠤᠭᠠᠨ᠎ᠤ ᠶᠠᠪᠤᠳᠠᠯ᠎ᠤᠨ ᠤᠷᠤᠰᠬᠠᠯ᠎ᠢᠶᠠᠷ ᠭᠣᠣᠯ ᠪᠣᠯᠭᠠᠵᠤ᠂ ᠵᠢᠭᠤᠯᠴᠢᠯᠠᠯ᠎ᠤᠨ ᠤᠷᠤᠰᠬᠠᠯ᠎ᠤᠨ ᠣᠯᠠᠩᠬᠢ ᠨᠢ ᠪᠡᠭᠡᠵᠢᠩ᠂ ᠰᠢ ᠠᠨ᠂ ᠳ᠋ᠠᠲ᠋ᠦ᠋ᠩ᠂ ᠬᠠᠷᠪᠢᠨ ᠵᠡᠷᠭᠡ ᠬᠣᠲᠠ᠎ᠳᠤ ᠲᠥᠪᠯᠡᠷᠡᠵᠦ᠂ ᠠᠶᠠᠨᠴᠢᠳ᠎ᠤᠨ ᠤᠷᠤᠰᠬᠠᠯ᠎ᠤᠨ ᠤᠷᠭᠢᠯ  ᠬᠤᠭᠤᠴᠠᠭ᠎ᠠ ᠵᠢᠱ᠌ᠢᠯᠲᠡ᠎ᠪᠡᠷ 7 ᠰᠠᠷ᠎ᠠ᠎ᠶᠢᠨ ᠠᠷᠪᠠᠳ ᠪᠠ 8 ᠰᠠᠷ᠎ᠠ᠎ᠶᠢᠨ ᠬᠣᠷᠢᠳ᠎ᠢᠶᠠᠷ ᠢᠯᠡᠷᠡᠬᠦ ᠪᠣᠯᠣᠨ᠎ᠠ᠃ ᠵᠢᠷᠤᠭ ᠪᠤᠯ 7 ᠰᠠᠷ᠎ᠠ᠎ᠶᠢᠨ 3 ᠎ᠤ᠋ ᠡᠳᠦᠷ᠂ ᠠᠶᠠᠨᠴᠢᠳ ᠬᠥᠬᠡᠬᠣᠲᠠ ᠥᠷᠲᠡᠭᠡ᠎ᠳᠦ ᠬᠦᠷᠴᠦ ᠭᠠᠳᠠᠭ᠍ᠰᠢ ᠠᠶᠠᠯᠠᠬᠤ ᠪᠡᠷ ᠪᠠᠢᠭ᠎ᠠ ᠨᠢ᠃     

                ᠰᠤᠷᠪᠤᠯᠵᠢᠯᠠᠭ᠍ᠴᠢ   ᠮᠥᠩᠬᠡᠴᠢᠯᠠᠭᠤ  ᠰᠡᠭᠦᠳᠡᠷᠯᠡᠪᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号