— ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭᠳᠠᠭᠰᠠᠨ 105 ᠵᠢᠯ᠎ᠦᠨ ᠣᠶ ᠵᠢᠨ ᠲᠠᠰᠢᠷᠠᠮ᠎ᠳᠤ
(ᠨᠢᠭᠡ)
ᠳᠤᠮᠳᠠᠳᠤ ᠤᠯᠤᠰ᠎ᠲᠤ ᠡᠪ ᠬᠠᠮᠲᠤ ᠨᠠᠮ ᠪᠤᠢ ᠪᠣᠯᠪᠠ᠂ ᠡᠨᠡ ᠪᠣᠯ 20 ᠳ᠋ᠤᠭᠠᠷ ᠵᠠᠭᠤᠨ᠎ᠤ ᠬᠠᠮᠤᠭ᠎ᠤᠨ ᠠᠭᠤᠤ ᠶᠡᠬᠡ ᠲᠡᠦᠬᠡᠲᠦ ᠴᠢᠨᠠᠷᠲᠠᠢ ᠬᠡᠷᠡᠭ ᠶᠠᠪᠤᠳᠠᠯ᠎ᠤᠨ ᠨᠢᠭᠡ ᠪᠣᠯᠣᠨ᠎ᠠ᠃
ᠥᠨᠥᠳᠥᠷ᠂ 105 ᠵᠢᠯ᠎ᠦᠨ ᠰᠦᠷ ᠳᠠᠯᠠᠢᠴᠠᠲᠠᠢ ᠲᠡᠦᠬᠡᠨ ᠶᠠᠪᠤᠴᠠ᠎ᠶᠢ ᠥᠩᠭᠡᠷᠡᠭᠦᠯᠦᠭᠰᠡᠨ ᠳᠤᠮᠳᠠᠳᠤ ᠤᠯᠤᠰ᠎ᠤᠨ ᠡᠪ ᠬᠠᠮᠲᠤ ᠨᠠᠮ᠂ ᠰᠢ ᠵᠢᠨ ᠫᠢᠩ ᠨᠥᠬᠥᠷ᠎ᠢᠶᠡᠷ ᠭᠣᠣᠯ ᠪᠣᠯᠭᠠᠭᠰᠠᠨ ᠨᠠᠮ᠎ᠤᠨ ᠲᠥᠪ ᠬᠤᠷᠢᠶ᠎ᠠ ᠵᠢᠨ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠲᠦᠭ ᠲᠦᠮᠡᠨ ᠠᠷᠠᠳ ᠲᠦᠮᠡᠨ᠎ᠢ ᠳᠠᠭᠠᠭᠤᠯᠤᠨ ᠨᠡᠢᠭᠡᠮ ᠵᠢᠷᠤᠮ᠎ᠤᠨ ᠣᠳᠣᠬᠢᠴᠢᠯᠠᠭᠰᠠᠨ ᠤᠯᠤᠰ᠎ᠢ ᠪᠦᠬᠦ ᠲᠠᠯ᠎ᠠ᠎ᠪᠠᠷ ᠪᠦᠲᠦᠭᠡᠨ ᠪᠠᠶ᠋ᠢᠭᠤᠯᠬᠤ ᠰᠢᠨ᠎ᠡ ᠠᠶᠠᠨ᠎ᠳᠠᠭᠠᠨ ᠢᠳᠡᠷᠬᠡᠭ ᠠᠯᠬᠤᠭ᠎ᠠ ᠪᠡᠷ ᠤᠷᠤᠭᠰᠢᠯᠠᠵᠤ ᠪᠠᠢᠨ᠎ᠠ᠃
《105 ᠵᠢᠯ᠎ᠦᠨ ᠲᠤᠷᠰᠢ ᠮᠠᠨ᠎ᠤ ᠨᠠᠮ ᠪᠥᠬᠥ ᠤᠯᠤᠰ᠎ᠤᠨ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠢ ᠪᠦᠯᠬᠦᠮᠳᠡᠭᠦᠯᠦᠨ ᠳᠠᠭᠠᠭᠤᠯᠵᠤ ᠴᠥᠬᠥᠷᠡᠰᠢ ᠦᠭᠡᠢ ᠲᠡᠮᠡᠴᠡᠵᠦ᠂ ᠲᠡᠦᠬᠡ ᠪᠠ ᠠᠷᠠᠳ ᠲᠦᠮᠡᠨ᠎ᠳᠦ ᠥᠯᠥ ᠣᠰᠣᠯᠳᠠᠬᠤ ᠠᠭᠤᠤ ᠶᠡᠬᠡ ᠠᠮᠵᠢᠯᠲᠠ ᠪᠦᠲᠦᠮᠵᠢ᠎ᠶᠢ ᠡᠭᠦᠳᠪᠡ》᠃ ᠶᠡᠷᠦᠩᠬᠡᠢ ᠱᠦᠵᠢ ᠰᠢ ᠵᠢᠨ ᠫᠢᠩ᠂ 《ᠰᠡᠳᠬᠢᠯ ᠨᠢᠭᠡᠳᠦᠨ ᠬᠦᠴᠦ᠎ᠪᠡᠨ ᠬᠠᠮᠲᠤᠳᠬᠠᠵᠤ ᠰᠢᠨ᠎ᠡ ᠤᠷᠳᠤ ᠵᠠᠮ᠎ᠤᠨ ᠠᠶᠠᠨ ᠲᠠᠢ᠍ᠢᠨᠤ ᠵᠠᠮ᠎ᠢᠶᠡᠷ ᠰᠠᠢᠲᠤᠷ ᠵᠠᠮᠨᠠᠵᠤ᠂ ᠨᠡᠩ ᠭᠡᠭᠡᠨ ᠰᠠᠷᠠᠭᠤᠯ ᠢᠷᠡᠭᠡᠳᠦᠢ᠎ᠶᠢ ᠨᠡᠭᠡᠭᠡᠵᠦ᠂ ᠠᠷᠠᠳ ᠲᠦᠮᠡᠨ᠎ᠦ ᠰᠠᠢᠨ ᠰᠠᠢᠬᠠᠨ ᠠᠮᠢᠳᠤᠷᠠᠯ᠎ᠤᠨ ᠬᠦᠰᠡᠯ ᠡᠷᠡᠮᠡᠯᠵᠡᠯ᠎ᠢ ᠲᠠᠰᠤᠷᠠᠯᠳᠠ ᠦᠭᠡᠢ ᠬᠠᠩᠭᠠᠬᠤ ᠬᠡᠷᠡᠭᠲᠡᠢ》 ᠭᠡᠵᠦ ᠴᠢᠬᠤᠯᠠᠴᠢᠯᠠᠪᠠ᠃
ᠵᠠᠭᠤᠨ ᠵᠢᠯ᠎ᠦᠨ ᠲᠤᠮᠤ ᠨᠠᠮᠭᠤᠤᠯ ᠲᠤᠯᠭᠠᠭᠤᠷᠢ ᠪᠤᠯᠵᠤ᠂ ᠴᠤᠭ ᠵᠢᠪᠬᠤᠭ᠎ᠠ ᠪᠠᠳᠠᠷᠠᠩᠭᠤᠢ ᠪᠠᠢᠵᠤ᠂ ᠤᠭ ᠰᠠᠨᠠᠭ᠎ᠠ ᠡᠭᠦᠷᠭᠡ ᠬᠠᠷᠢᠭᠤᠴᠠᠯᠭ᠎ᠠ ᠴᠢᠩ ᠵᠤᠷᠢᠭ ᠬᠤᠪᠢᠷᠠᠰᠢ ᠦᠭᠡᠢ᠂ ᠶᠠᠪᠤᠬᠤ ᠲᠤᠳᠤᠮ ᠡᠪᠳᠡᠷᠡᠰᠢ ᠦᠭᠡᠢ ᠪᠠᠲᠤ ᠪᠡᠬᠢ ᠪᠤᠯᠪᠠ᠃
ᠳᠤᠮᠳᠠᠳᠤ ᠤᠯᠤᠰ᠎ᠤᠨ ᠡᠪ ᠬᠠᠮᠲᠤ ᠨᠠᠮ ᠶᠠᠭᠠᠬᠢᠭᠠᠳ ᠲᠡᠢᠯᠦᠨ᠎ᠠ ᠭᠡᠳᠡᠭ ᠪᠤᠢ?
《7·1》 ᠡᠴᠡ ᠡᠮᠦᠨᠡᠬᠡᠨ᠂ ᠪᠦᠯᠦᠭ ᠪᠦᠯᠦᠭ ᠨᠠᠮ᠎ᠤᠨ ᠭᠡᠰᠢᠭᠦᠨ᠂ ᠤᠯᠠᠨ ᠲᠦᠮᠡᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠡᠦᠬᠡ᠎ᠶᠢᠨ ᠦᠵᠡᠰᠬᠦᠯᠡᠩ᠎ᠦᠨ ᠣᠷᠳᠣᠨ᠎ᠳᠤ ᠬᠦᠷᠴᠦ ᠲᠣᠭᠣᠷᠢᠨ ᠦᠵᠡᠵᠦ᠂ ᠨᠠᠮ᠎ᠤᠨ ᠴᠥᠬᠥᠷᠡᠰᠢ ᠦᠭᠡᠢ ᠲᠡᠮᠡᠴᠡᠭᠰᠡᠨ ᠲᠡᠦᠬᠡ᠂ ᠦᠷᠡᠭᠳᠡᠯ ᠰᠦᠢᠳᠦᠯ᠎ᠡᠴᠡ ᠦᠯᠦ ᠠᠶᠤᠬᠰᠠᠨ ᠲᠡᠦᠬᠡ᠂ ᠤᠨᠤᠯ᠎ᠤᠨ ᠰᠦᠪᠡᠭᠴᠢᠯᠡᠯᠲᠡ᠎ᠶᠢᠨ ᠲᠡᠦᠬᠡ᠂ ᠠᠷᠠᠳ ᠲᠦᠮᠡᠨ᠎ᠳᠦ ᠪᠤᠶᠠᠨ ᠦᠢᠯᠡᠳᠦᠭᠰᠡᠨ ᠲᠡᠦᠬᠡ᠂ ᠲᠤᠰ ᠪᠡᠶ᠎ᠡ᠎ᠶᠢᠨ ᠪᠠᠢᠭᠤᠯᠤᠯᠲᠠ᠎ᠶᠢᠨ ᠲᠡᠦᠬᠡ ᠵᠢᠨ ᠲᠤᠮᠳᠠ᠎ᠡᠴᠡ ᠬᠠᠷᠢᠭᠤᠯᠲᠠ ᠵᠢ ᠡᠷᠢᠯᠬᠢᠯᠡᠪᠡ᠃
《ᠠᠮᠢ ᠪᠡᠶ᠎ᠡ ᠪᠡᠨ ᠦᠯᠦ ᠪᠤᠳᠤᠬᠤ᠂ ᠠᠷᠠᠳ ᠲᠦᠮᠡᠨ᠎ᠳᠦ ᠣᠰᠣᠯᠳᠠᠬᠤ ᠦᠭᠡᠢ》 ᠭᠡᠬᠦ ᠲᠣᠮᠣ᠌ ᠢᠯᠡᠷᠬᠡᠢᠯᠡᠯ᠎ᠦᠨ ᠡᠮᠦᠨ᠎ᠡ᠂ ᠬᠥᠮᠥᠰ ᠵᠣᠭᠰᠣᠨ ᠪᠣᠳᠣᠯᠭᠠᠰᠢᠷᠠᠵᠤ᠂ ᠶᠠᠭ ᠯᠡ ᠶᠡᠷᠦᠩᠬᠡᠢ ᠱᠦᠵᠢ ᠰᠢ ᠵᠢᠨ ᠫᠢᠩ᠎ᠦᠨ ᠲᠥᠪ ᠴᠢᠩᠭ᠎ᠠ ᠲᠤᠩᠬᠠᠭᠯᠠᠯᠢ ᠤᠯᠵᠤ ᠰᠣᠨᠣᠰᠤᠭᠰᠠᠨ ᠰᠢᠭ᠋ ᠪᠠᠢᠯ᠎ᠠ —
《ᠠᠷᠠᠳ ᠲᠦᠮᠡᠨ᠎ᠦ ᠰᠠᠢᠨ ᠰᠠᠢᠬᠠᠨ ᠠᠮᠢᠳᠤᠷᠠᠯ᠎ᠤᠨ ᠲᠤᠬᠠᠢ ᠬᠦᠰᠡᠯ ᠡᠷᠡᠮᠡᠯᠵᠡᠯ ᠪᠣᠯ ᠳᠠᠷᠤᠢ ᠪᠢᠳᠡᠨ᠎ᠤ ᠲᠡᠮᠡᠴᠡᠬᠦ ᠬᠠᠷᠠᠯᠲᠠ ᠮᠥᠨ》᠃
《ᠪᠢ ᠳᠤᠷᠠᠲᠠᠶ᠎ᠠ 〈ᠠᠮᠢ ᠪᠡᠶ᠎ᠡ ᠪᠡᠨ ᠦᠯᠦ ᠪᠤᠳᠤᠬᠤ〉 ᠵᠢ ᠪᠡᠶᠡᠯᠡᠭᠦᠯᠵᠦ᠂ ᠳᠤᠮᠳᠠᠳᠤ ᠤᠯᠤᠰ᠎ᠤᠨ ᠬᠥᠭᠵᠢᠯᠲᠡ᠎ᠳᠦ ᠥᠪᠡᠷ᠎ᠦᠨ ᠬᠤᠪᠢ ᠨᠡᠮᠡᠷᠢ᠎ᠪᠡᠨ ᠦᠵᠡᠭᠦᠯᠦᠨ᠎ᠡ》᠃
《ᠮᠢᠩᠭ᠎ᠠ ᠲᠦᠮᠡᠨ ᠬᠥᠮᠥᠨ᠎ᠲᠠᠢ ᠦᠰᠢᠯᠳᠦᠭᠰᠡᠨ ᠴᠤ᠌᠂ ᠠᠷᠪᠠᠨ ᠲᠦᠷᠪᠡᠨ ᠳ᠋ᠦᠩᠰᠢᠭᠤᠷᠠᠷᠠᠳ ᠲᠦᠮᠡᠨ᠎ᠢ ᠬᠥᠰᠡᠷᠳᠡᠭᠦᠯᠬᠦ ᠦᠭᠡᠢ》᠃
ᠰᠢᠨ᠎ᠡ ᠴᠠᠭ ᠦᠶ᠎ᠡ ᠰᠢᠨ᠎ᠡ ᠠᠶᠠᠨ᠎ᠳᠤ᠂ ᠨᠡᠢᠭᠡᠮ ᠵᠢᠷᠤᠮᠲᠤ ᠳᠤᠮᠳᠠᠳᠤ ᠤᠯᠤᠰ ᠰᠡᠬᠦᠢᠨ ᠰᠦᠨᠳᠡᠷᠯᠡᠵᠦ᠂ ᠳᠤᠮᠳᠠᠳᠤ᠎ᠶᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ ᠬᠣᠷᠢᠭ᠍ᠯᠠᠭᠳᠠᠰᠢ ᠦᠭᠡᠢ᠃
ᠴᠠᠭ ᠦᠶ᠎ᠡ᠎ᠶᠢᠨ ᠤᠷᠤᠰᠬᠠᠯ᠎ᠤᠨ ᠡᠮᠦᠨ᠎ᠡ ᠵᠣᠭᠰᠣᠵᠤ᠂ 105 ᠵᠢᠯ᠎ᠦᠨ ᠲᠤᠷᠰᠢᠬᠢ ᠲᠡᠦᠬᠡᠨ ᠶᠠᠪᠤᠴᠠ᠎ᠶᠢ ᠡᠷᠭᠢᠴᠡᠭᠦᠯᠬᠦᠶ᠎ᠡ᠂ ᠰᠢ ᠵᠢᠨ ᠫᠢᠩ᠎ᠦᠨ ᠰᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ᠋᠎ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ ᠢᠯᠠᠩᠭᠤᠶ᠎ᠠ ᠰᠢ ᠵᠢᠨ ᠫᠢᠩ᠎ᠦᠨ ᠨᠠᠮ᠎ᠤᠨ ᠪᠠᠢᠭᠤᠯᠤᠯᠲᠠ᠎ᠶᠢᠨ ᠦᠵᠡᠯ ᠰᠠᠨᠠᠭ᠎ᠠ᠎ᠶᠢ ᠭᠦᠨᠵᠡᠭᠡᠢ ᠰᠤᠷᠤᠯᠴᠠᠨ ᠣᠢᠯᠠᠭᠠᠬᠤ ᠨᠢ᠂ ᠮᠠᠨ᠎ᠤ ᠨᠠᠮ ᠶᠠᠭᠠᠬᠢᠭᠠᠳ ᠢᠮᠠᠭᠲᠠ ᠥᠷᠨᠢᠭᠦᠨ ᠪᠠᠳᠠᠷᠠᠩᠭᠤᠢ ᠠᠮᠢᠵᠢᠷᠠᠯ᠎ᠤᠨ ᠬᠦᠴᠦᠨ᠎ᠢᠶᠡᠨ ᠪᠠᠲᠤᠯᠠᠵᠤ᠂ ᠠᠷᠠᠳ ᠲᠦᠮᠡᠨ᠎ᠢ ᠪᠦᠯᠬᠦᠮᠳᠡᠭᠦᠯᠦᠨ ᠳᠠᠭᠠᠭᠤᠯᠵᠤ ᠲᠦᠷᠪᠡᠨ ᠶᠡᠬᠡ ᠶᠠᠪᠤᠳᠠᠯ᠎ᠢ ᠪᠡᠶᠡᠯᠡᠭᠦᠯᠦᠨ ᠠᠬᠢᠭᠤᠯᠵᠤ᠂ ᠳᠤᠮᠳᠠᠳᠤ᠎ᠶᠢᠨ ᠦᠨᠳᠦᠰᠦᠲᠡᠨ᠎ᠦ ᠬᠡᠳᠦᠨ ᠮᠢᠩᠭᠠᠨ ᠵᠢᠯ᠎ᠦᠨ ᠲᠡᠦᠬᠡᠨ ᠳᠡᠭᠡᠷᠡᠬᠢ ᠬᠠᠮᠤᠭ᠎ᠤᠨ ᠠᠤᠭ᠎ᠠ ᠰᠦᠷᠯᠢᠭ ᠲᠤᠤᠯᠢᠰ᠎ᠢ ᠪᠢᠴᠢᠭᠯᠡᠵᠦ᠂ ᠬᠥᠮᠥᠨ ᠲᠥᠷᠥᠯᠬᠢᠲᠡᠨ᠎ᠦ ᠬᠥᠭᠵᠢᠯᠲᠡ᠎ᠶᠢᠨ ᠲᠡᠦᠬᠡᠨ ᠳᠡᠭᠡᠷᠡᠬᠢ ᠠᠭᠤᠤ ᠶᠡᠬᠡ ᠭᠠᠢᠬᠠᠮᠰᠢᠭ᠋᠎ᠢ ᠡᠭᠦᠳᠴᠦ ᠴᠢᠳᠠᠭᠰᠠᠨ᠎ᠢ ᠨᠡᠩ ᠭᠦᠨᠵᠡᠭᠡᠢ ᠣᠢᠯᠠᠭᠠᠵᠤ ᠪᠣᠯᠣᠨ᠎ᠠ —
ᠰᠢᠨ᠎ᠡ ᠠᠷᠠᠳᠴᠢᠯᠠᠭᠰᠠᠨ ᠬᠤᠪᠢᠰᠬᠠᠯ᠎ᠤᠨ ᠴᠠᠭ ᠦᠶ᠎ᠡ᠎ᠳᠦ᠂ ᠭᠠᠯᠪᠠ ᠶᠢᠷᠲᠢᠨᠴᠦ ᠵᠢ ᠪᠦᠲᠦᠭᠡᠵᠦ ᠤᠯᠤᠰ᠎ᠢᠶᠠᠨ ᠠᠪᠤᠷᠠᠬᠤ ᠶᠡᠬᠡ ᠦᠢᠯᠡᠰ᠎ᠢ ᠪᠡᠶᠡᠯᠡᠭᠦᠯᠪᠡ; ᠨᠡᠢᠭᠡᠮ ᠵᠢᠷᠤᠮᠲᠤ ᠬᠤᠪᠢᠰᠬᠠᠯ ᠪᠠ ᠪᠦᠲᠦᠭᠡᠨ ᠪᠠᠢᠭᠤᠯᠤᠯᠲᠠ᠎ᠶᠢᠨ ᠴᠠᠭ ᠦᠶ᠎ᠡ᠎ᠳᠦ᠂ ᠭᠠᠯᠪᠠ ᠶᠢᠷᠲᠢᠨᠴᠦ ᠵᠢ ᠰᠢᠨᠡᠳᠭᠡᠵᠦ ᠤᠯᠤᠰ ᠣᠷᠣᠨ᠎ᠢᠶᠠᠨ ᠬᠥᠭᠵᠢᠭᠦᠯᠦᠨ ᠮᠠᠨᠳᠤᠭᠤᠯᠬᠤ ᠶᠡᠬᠡ ᠦᠢᠯᠡᠰ᠎ᠢ ᠪᠡᠶᠡᠯᠡᠭᠦᠯᠪᠡ; ᠥᠭᠡᠷᠡᠴᠢᠯᠡᠯᠲᠡ ᠨᠡᠭᠡᠭᠡᠯᠲᠡ ᠪᠠ ᠨᠡᠢᠭᠡᠮ ᠵᠢᠷᠤᠮᠲᠤ ᠣᠳᠣᠬᠢᠴᠢᠯᠠᠯᠲᠠ ᠵᠢᠨ ᠪᠦᠲᠦᠭᠡᠨ ᠪᠠᠢᠭᠤᠯᠤᠯᠲᠠ᠎ᠶᠢᠨ ᠰᠢᠨ᠎ᠡ ᠴᠠᠭ ᠦᠶ᠎ᠡ᠎ᠳᠤ᠂ ᠭᠠᠯᠪᠠ ᠶᠢᠷᠲᠢᠨᠴᠦ ᠵᠢ ᠦᠭᠡᠷᠡᠴᠢᠯᠡᠵᠦ ᠤᠯᠤᠰ᠎ᠢᠶᠡᠨ ᠪᠠᠶᠠᠵᠢᠭᠤᠯᠬᠤ ᠶᠡᠬᠡ ᠦᠢᠯᠡᠰ᠎ᠢ ᠠᠬᠢᠭᠤᠯᠪᠠ; ᠳᠤᠮᠳᠠᠳᠤ ᠤᠯᠤᠰ᠎ᠤᠨ ᠣᠨᠴᠠᠯᠢᠭ᠋᠎ᠪᠦᠬᠦᠢ ᠨᠡᠢᠭᠡᠮ ᠵᠢᠷᠤᠮ᠎ᠤᠨ ᠰᠢᠨ᠎ᠡ ᠴᠠᠭ ᠦᠶ᠎ᠡ᠎ᠳᠦ᠂ ᠭᠠᠯᠪᠠ ᠶᠢᠷᠲᠢᠨᠴᠦ ᠵᠢ ᠳᠣᠩᠰᠣᠯᠭᠠᠵᠤ ᠬᠦᠴᠦᠷᠬᠡᠭ ᠤᠯᠤᠰ᠎ᠤᠨ ᠶᠡᠬᠡ ᠦᠢᠯᠡᠰ᠎ᠢ ᠠᠬᠢᠭᠤᠯᠪᠠ᠃
《ᠣᠢᠷ᠎ᠠ ᠦᠶ᠎ᠡ᠎ᠡᠴᠡ ᠨᠠᠭᠠᠰᠢᠬᠢ ᠳᠤᠮᠳᠠᠳᠤ᠎ᠶᠢᠨ ᠦᠨᠳᠦᠰᠦᠲᠡᠨ᠎ᠦ ᠬᠥᠭᠵᠢᠯᠲᠡ᠎ᠶᠢᠨ ᠴᠢᠭᠯᠡᠯ ᠪᠣᠯᠣᠨ ᠠᠬᠢᠴᠠ᠎ᠶᠢ ᠭᠦᠨᠵᠡᠭᠡᠢ ᠬᠤᠪᠢᠷᠠᠭᠤᠯᠵᠤ᠂ ᠳᠤᠮᠳᠠᠳᠤ ᠤᠯᠤᠰ᠎ᠤᠨ ᠠᠷᠠᠳ ᠲᠦᠮᠡᠨ ᠪᠣᠯᠣᠨ ᠳᠤᠮᠳᠠᠳᠤ᠎ᠶᠢᠨ ᠦᠨᠳᠦᠰᠦᠲᠡᠨ᠎ᠦ ᠢᠷᠡᠭᠡᠳᠦᠢ ᠪᠣᠯᠣᠨ ᠬᠤᠪᠢ ᠵᠠᠶᠠᠭ᠎ᠠ᠎ᠶᠢ ᠭᠦᠨᠵᠡᠭᠡᠢ ᠬᠤᠪᠢᠷᠠᠭᠤᠯᠵᠤ᠂ ᠳᠡᠯᠡᠬᠡᠢ᠎ᠶᠢᠨ ᠬᠥᠭᠵᠢᠯᠲᠡ᠎ᠶᠢᠨ ᠬᠠᠨᠳᠤᠰᠢ ᠪᠣᠯᠣᠨ ᠪᠠᠢᠷᠢᠰᠢᠯ᠎ᠢ ᠭᠦᠨᠵᠡᠭᠡᠢ ᠬᠤᠪᠢᠷᠠᠭᠤᠯᠪᠠ》᠃
(ᠬᠣᠶᠠᠷ)
ᠠᠭᠤᠤ ᠶᠡᠬᠡ ᠴᠠᠭ ᠦᠶ᠎ᠡ ᠨᠢ ᠰᠢᠨᠵᠢᠯᠡᠬᠦ ᠤᠬᠠᠭᠠᠨᠴᠢ ᠦᠵᠡᠯ ᠰᠠᠨᠠᠭ᠎ᠠ᠎ᠶᠢ ᠪᠣᠢᠵᠢᠭᠤᠯᠵᠤ᠂ ᠰᠢᠨᠵᠢᠯᠡᠬᠦ ᠤᠬᠠᠭᠠᠨᠴᠢ ᠦᠵᠡᠯ ᠰᠠᠨᠠᠭ᠎ᠠ ᠨᠢ ᠰᠢᠨ᠎ᠡ᠎ᠶᠢ ᠡᠭᠦᠳᠬᠦ ᠦᠢᠯᠡᠳᠦᠯᠭᠡ᠎ᠶᠢ ᠬᠥᠲᠥᠯᠥᠨ ᠳᠠᠭᠠᠭᠤᠯᠤᠨ᠎ᠠ᠃
ᠰᠢ ᠵᠢᠨ ᠫᠢᠩ᠎ᠦᠨ ᠨᠠᠮ᠎ᠤᠨ ᠪᠠᠢᠭᠤᠯᠤᠯᠲᠠ᠎ᠶᠢᠨ ᠦᠵᠡᠯ ᠰᠠᠨᠠᠭ᠎ᠠ᠎ᠳᠤ᠂ ᠨᠠᠮ᠎ᠤᠨ ᠤᠳᠤᠷᠢᠳᠤᠯᠭ᠎ᠠ᠎ᠶᠢ ᠪᠠᠷᠢᠮᠲᠠᠯᠠᠬᠤ ᠪᠣᠯ ᠳᠤᠮᠳᠠᠳᠤ ᠤᠯᠤᠰ᠎ᠤᠨ ᠣᠨᠴᠠᠯᠢᠭ᠋᠎ᠪᠦᠬᠦᠢ ᠨᠡᠢᠭᠡᠮ ᠵᠢᠷᠤᠮ᠎ᠤᠨ ᠬᠠᠮᠤᠭ᠎ᠤᠨ ᠮᠥᠨ ᠴᠢᠨᠠᠷ᠎ᠤᠨ ᠣᠨᠴᠠᠯᠢᠭ᠋ ᠮᠥᠨ ᠵᠡᠷᠭᠡ 《ᠠᠷᠪᠠᠨ ᠲᠦᠷᠪᠡᠨ ᠪᠠᠷᠢᠮᠲᠠᠯᠠᠯ》 ᠢ᠋ ᠲᠣᠳᠣᠷᠬᠠᠢ ᠳᠤᠷᠠᠳᠴᠤ᠂ ᠰᠢᠨ᠎ᠡ ᠴᠠᠭ ᠦᠶ᠎ᠡ᠎ᠶᠢᠨ ᠨᠠᠮ᠎ᠤᠨ ᠪᠠᠢᠭᠤᠯᠤᠯᠲᠠ᠎ᠶᠢ ᠴᠢᠩᠭᠠᠳᠬᠠᠬᠤ ᠦᠨᠳᠦᠰᠦᠨ ᠵᠢᠷᠤᠮᠯᠠᠯ ᠪᠤᠯᠤᠨ᠎ᠠ᠃
ᠡᠨᠡ ᠬᠦ᠌ ᠦᠵᠡᠯ ᠰᠠᠨᠠᠭ᠎ᠠ ᠨᠢ ᠶᠠᠮᠠᠷ ᠶᠠᠩᠵᠤ᠎ᠶᠢᠨ ᠤᠷᠳᠤ ᠬᠤᠭᠤᠴᠠᠭ᠎ᠠ᠎ᠪᠠᠷ ᠲᠦᠷᠦ ᠪᠠᠷᠢᠬᠤ ᠮᠠᠷᠺᠰ᠎ᠤᠨ ᠦᠵᠡᠯ᠎ᠦᠨ ᠲᠦᠷᠦ᠎ᠶᠢᠨ ᠨᠠᠮ᠎ᠢ ᠪᠠᠶ᠋ᠢᠭᠤᠯᠬᠤ᠂ ᠬᠡᠷᠬᠢᠨ ᠤᠷᠳᠤ ᠬᠤᠭᠤᠴᠠᠭ᠎ᠠ᠎ᠪᠠᠷ ᠲᠦᠷᠦ ᠪᠠᠷᠢᠬᠤ ᠮᠠᠷᠺᠰ᠎ᠤᠨ ᠦᠵᠡᠯ᠎ᠦᠨ ᠲᠦᠷᠦ᠎ᠶᠢᠨ ᠨᠠᠮ᠎ᠢ ᠪᠠᠶ᠋ᠢᠭᠤᠯᠬᠤ ᠴᠢᠬᠤᠯᠠ ᠶᠡᠬᠡ ᠴᠠᠭ ᠦᠶ᠎ᠡ᠎ᠶᠢᠨ ᠰᠡᠳᠦᠪᠲᠦ ᠭᠦᠨᠵᠡᠭᠡᠢ ᠬᠠᠷᠢᠭᠤᠯᠲᠠ ᠥᠭᠴᠦ᠂ ᠮᠠᠷᠺᠰ᠎ᠤᠨ ᠦᠵᠡᠯ᠎ᠦᠨ ᠨᠠᠮ ᠪᠠᠶ᠋ᠢᠭᠤᠯᠬᠤ ᠰᠤᠷᠭᠠᠯ᠎ᠢ ᠬᠥᠭᠵᠢᠭᠦᠯᠬᠦ᠎ᠳᠦ ᠴᠢᠬᠤᠯᠠ ᠶᠡᠬᠡ ᠤᠤᠭᠠᠯ ᠡᠭᠦᠳᠦᠯᠲᠡ᠎ᠶᠢᠨ ᠴᠢᠨᠠᠷᠲᠠᠢ ᠬᠤᠪᠢ ᠨᠡᠮᠡᠷᠢ ᠦᠵᠡᠭᠦᠯᠵᠦ᠂ ᠨᠠᠮ᠎ᠢ ᠬᠦᠴᠦᠷᠬᠡᠭᠵᠢᠭᠦᠯᠵᠦ ᠤᠯᠤᠰ᠎ᠢᠶᠠᠨ ᠬᠦᠴᠦᠷᠬᠡᠭᠵᠢᠭᠦᠯᠬᠦ᠎ᠳᠦ ᠴᠢᠬᠤᠯᠠ ᠶᠡᠬᠡ ᠪᠣᠳᠠᠲᠤ ᠠᠴᠢ ᠬᠣᠯᠪᠣᠭᠳᠠᠯ ᠪᠠ ᠠᠯᠤᠰ ᠬᠡᠳᠤ᠎ᠶᠢᠨ ᠵᠢᠯᠤᠭᠣᠳᠬᠤ ᠠᠴᠢ ᠬᠣᠯᠪᠣᠭᠳᠠᠯ᠎ᠲᠠᠢ ᠶᠤᠮ᠃
6 ᠰᠠᠷ᠎ᠠ᠎ᠶᠢᠨ 15 ᠤ᠋ ᠡᠳᠦᠷ ᠬᠤᠷᠠᠯᠳᠤᠭᠰᠠᠨ ᠪᠦᠬᠦ ᠤᠯᠤᠰ᠎ᠤᠨ ᠨᠠᠮ᠎ᠤᠨ ᠪᠠᠢᠭᠤᠯᠤᠯᠲᠠ᠎ᠶᠢᠨ ᠠᠵᠢᠯ᠎ᠤᠨ ᠶᠠᠷᠢᠯᠴᠠᠬᠤ ᠬᠤᠷᠠᠯ᠎ᠡᠴᠡ᠂ ᠰᠢ ᠵᠢᠨ ᠫᠢᠩ᠎ᠦᠨ ᠨᠠᠮ᠎ᠤᠨ ᠪᠠᠢᠭᠤᠯᠤᠯᠲᠠ᠎ᠶᠢᠨ ᠦᠵᠡᠯ ᠰᠠᠨᠠᠭ᠎ᠠ᠎ᠶᠢ ᠰᠤᠷᠤᠯᠴᠠᠨ ᠲᠤᠭᠤᠰᠢᠯᠠᠭᠤᠯᠬᠤ ᠪᠣᠯ ᠣᠳᠣᠬᠠᠨ᠎ᠤ ᠪᠠ ᠬᠣᠢᠰᠢᠳᠠ᠎ᠶᠢᠨ ᠬᠡᠰᠡᠭ ᠬᠤᠭᠤᠴᠠᠭᠠᠨ᠎ᠤ ᠪᠦᠬᠦ ᠨᠠᠮ᠎ᠤᠨ ᠨᠢᠭᠡᠨ ᠴᠢᠬᠤᠯᠠ ᠤᠯᠤᠰ ᠲᠦᠷᠦ᠎ᠶᠢᠨ ᠡᠭᠦᠷᠭᠡ ᠪᠣᠯᠣᠨ᠎ᠠ ᠭᠡᠵᠦ ᠴᠢᠬᠤᠯᠠᠴᠢᠯᠠᠪᠠ᠃
ᠨᠠᠮ᠎ᠤᠨ ᠪᠠᠢᠭᠤᠯᠤᠯᠲᠠ᠎ᠶᠢ ᠨᠢᠭᠡᠨ ᠠᠭᠤᠤ ᠶᠡᠬᠡ ᠢᠨᠵᠧᠨᠧᠷᠢᠩ ᠪᠣᠯᠭᠠᠨ ᠠᠬᠢᠭᠤᠯᠬᠤ ᠵᠢᠨ ᠬᠠᠮᠲᠤ ᠨᠠᠮ ᠨᠢ ᠨᠠᠮ᠎ᠢᠶᠡᠨ ᠬᠠᠮᠢᠶᠠᠷᠬᠤ᠂ ᠨᠠᠮ᠎ᠢ ᠴᠢᠩᠭ᠎ᠠ ᠵᠠᠰᠠᠬᠤ ᠵᠠᠷᠴᠢᠮ ᠪᠠ ᠴᠢᠭᠯᠡᠯᠲᠡ᠎ᠶᠢ ᠢᠮᠠᠭᠲᠠ ᠪᠠᠷᠢᠮᠲᠠᠯᠠᠬᠤ ᠪᠣᠯ ᠮᠠᠨ᠎ᠤ ᠨᠠᠮ᠎ᠤᠨ ᠨᠢᠭᠡᠨ ᠶᠡᠬᠡ ᠡᠭᠦᠳᠦᠯᠲᠡ ᠮᠥᠨ᠂ ᠪᠠᠰᠠ ᠴᠤ᠌ ᠨᠠᠮ ᠪᠠᠢᠭᠤᠯᠵᠤ ᠤᠯᠤᠰ ᠪᠠᠶ᠋ᠢᠭᠤᠯᠬᠤ᠂ ᠨᠠᠮ᠎ᠢ ᠬᠦᠴᠦᠷᠬᠡᠭᠵᠢᠭᠦᠯᠵᠦ ᠤᠯᠤᠰ᠎ᠢᠶᠠᠨ ᠬᠦᠴᠦᠷᠬᠡᠭᠵᠢᠭᠦᠯᠬᠦ᠎ᠶᠢᠨ ᠨᠢᠭᠡᠨ ᠶᠡᠬᠡ ᠡᠷᠳᠡᠨᠢ ᠮᠥᠨ᠃
ᠳᠡᠯᠡᠬᠡᠢ ᠳ᠋ᠠᠬᠢᠨ᠎ᠢ ᠪᠠᠷᠠᠯᠠᠬᠤᠶ᠎ᠠ᠂ ᠶᠠᠮᠠᠷᠪᠠ ᠨᠢᠭᠡᠨ ᠲᠦᠷᠦ᠎ᠶᠢᠨ ᠨᠠᠮ ᠴᠤ᠌ ᠳᠤᠮᠳᠠᠳᠤ ᠤᠯᠤᠰ᠎ᠤᠨ ᠡᠪ ᠬᠠᠮᠲᠤ ᠨᠠᠮ ᠰᠢᠭ᠋ ᠥᠪᠡᠷ ᠪᠡᠶ᠎ᠡ᠎ᠶᠢᠨ ᠪᠠᠢᠭᠤᠯᠤᠯᠲᠠ᠎ᠳᠠᠭᠠᠨ ᠡᠢᠮᠦᠷᠬᠥᠥ ᠲᠥᠪ ᠴᠢᠩᠭ᠎ᠠ ᠨᠠᠷᠢᠨ ᠬᠢᠨᠠᠮᠠᠭᠠᠢ ᠬᠠᠨᠳᠤᠵᠤ ᠴᠢᠳᠠᠬᠤ ᠦᠭᠡᠢ ᠶᠤᠮ᠂ 《ᠡᠨᠡ ᠪᠣᠯ ᠮᠠᠨ᠎ᠤ ᠨᠠᠮ᠎ᠤᠨ ᠢᠯᠡᠳᠲᠡ ᠳᠠᠪᠠᠭᠤᠯᠢᠭ᠋ ᠮᠥᠨ᠂ ᠪᠠᠰᠠ ᠴᠤ᠌ ᠴᠠᠭ ᠦᠶ᠎ᠡ᠎ᠶᠢ ᠬᠥᠲᠥᠯᠥᠨ ᠳᠠᠭᠠᠭᠤᠯᠬᠤ ᠢᠯᠠᠯᠲᠠ ᠣᠯᠬᠤ ᠠᠷᠭ᠎ᠠ ᠵᠠᠮ ᠮᠥᠨ》᠃
ᠦᠵᠡᠯ ᠰᠠᠨᠠᠭ᠎ᠠ ᠪᠣᠯ ᠳᠠᠷᠤᠢ ᠲᠤᠭ ᠲᠡᠮᠳᠡᠭ ᠮᠥᠨ᠂ ᠲᠠᠷᠤᠢ ᠴᠢᠭᠯᠡᠯ ᠮᠥᠨ᠃
ᠴᠠᠭ ᠦᠶᠡᠴᠢ ᠴᠢᠨᠠᠷ᠎ᠢ ᠢᠯᠡᠷᠡᠭᠦᠯᠦᠨ᠂ ᠵᠢᠮ᠎ᠡ ᠶᠣᠰᠣᠴᠢ ᠴᠢᠨᠠᠷ᠎ᠢ ᠡᠵᠡᠮᠳᠡᠵᠦ᠂ ᠪᠦᠲᠦᠭᠡᠯᠴᠢ ᠴᠢᠨᠠᠷ᠎ᠢᠶᠠᠷ ᠪᠠᠶᠠᠯᠢᠭ᠋ ᠪᠠᠢᠳᠠᠭ᠃
ᠨᠠᠮ᠎ᠤᠨ ᠠᠷᠪᠠᠨ ᠨᠠᠢ᠍ᠮᠠᠳᠤᠭᠠᠷ ᠶᠡᠬᠡ ᠬᠤᠷᠠᠯ᠎ᠤᠨ ᠲᠠᠷᠠᠭ᠎ᠠ᠂ ᠶᠡᠷᠦᠩᠬᠡᠢ ᠱᠦᠵᠢ ᠰᠢ ᠵᠢᠨ ᠫᠢᠩ 《ᠨᠠᠮ᠎ᠢ ᠪᠦᠬᠦ ᠲᠠᠯ᠎ᠠ᠎ᠪᠠᠷ ᠴᠢᠩᠭ᠎ᠠ ᠵᠠᠰᠠᠬᠤ》 ᠵᠢ ᠲᠣᠳᠣᠷᠬᠠᠢ ᠳᠤᠷᠠᠳᠤᠨ ᠭᠠᠷᠭᠠᠭᠰᠠᠨ ᠪᠥᠭᠡᠳ ᠲᠡᠭᠦᠨ᠎ᠢ ᠴᠢᠨᠡᠭᠡᠯᠢᠭ ᠨᠡᠢᠭᠡᠮ᠎ᠢ ᠪᠦᠬᠦ ᠲᠠᠯ᠎ᠠ᠎ᠪᠠᠷ ᠪᠠᠢᠭᠤᠯᠤᠨ ᠪᠦᠲᠦᠭᠡᠬᠦ᠂ ᠥᠭᠡᠷᠡᠴᠢᠯᠡᠯᠲᠡ᠎ᠶᠢ ᠪᠦᠬᠦ ᠲᠠᠯ᠎ᠠ᠎ᠪᠠᠷ ᠭᠦᠨᠵᠡᠭᠡᠢᠷᠡᠭᠦᠯᠬᠦ᠂ ᠪᠦᠬᠦ ᠲᠠᠯ᠎ᠠ᠎ᠪᠠᠷ ᠬᠠᠤᠯᠢ ᠶᠣᠰᠣᠭᠠᠷ ᠤᠯᠤᠰ᠎ᠢᠶᠠᠨ ᠵᠠᠰᠠᠬᠤ᠎ᠲᠠᠢ ᠵᠡᠷᠭᠡᠴᠡᠭᠦᠯᠵᠦ᠂ 《ᠲᠦᠷᠪᠡᠨ ᠪᠦᠬᠦ ᠲᠠᠯ᠎ᠠ》 ᠵᠢᠨ ᠪᠠᠢᠯᠳᠤᠬᠤ ᠪᠣᠳᠣᠯᠭ᠎ᠠ᠎ᠶᠢᠨ ᠪᠠᠢᠷᠢᠯᠠᠭᠤᠯᠤᠯᠲᠠ᠎ᠶᠢ ᠪᠤᠢ ᠪᠣᠯᠭᠠᠪᠠ᠃
ᠨᠢᠭᠡ ᠦᠶ᠎ᠡ ᠣᠷᠣᠰᠢᠵᠤ ᠪᠠᠢᠭᠰᠠᠨ ᠨᠠᠮ᠎ᠤᠨ ᠤᠳᠤᠷᠢᠳᠤᠯᠭ᠎ᠠ ᠵᠢ ᠨᠠᠢᠳᠠᠪᠦᠷᠢᠵᠢᠭᠤᠯᠬᠤ ᠲᠠᠯ᠎ᠠ ᠪᠡᠷ ᠰᠤᠯᠠᠷᠠᠬᠤ᠂ ᠬᠡᠢᠰᠪᠦᠷᠢ ᠪᠠᠢᠬᠤ᠂ ᠬᠦᠩᠭᠡᠪᠴᠢᠯᠡᠬᠦ ᠠᠰᠠᠭᠤᠳᠠᠯ᠎ᠳᠤ ᠴᠢᠭᠯᠡᠭᠦᠯᠦᠨ᠂ 《ᠨᠠᠮ᠎ᠤᠨ ᠲᠥᠪ ᠬᠤᠷᠢᠶ᠎ᠠ ᠵᠢᠨ ᠲᠥᠪᠯᠡᠷᠡᠩᠭᠦᠢ ᠨᠢᠭᠡᠳᠦᠯᠲᠡᠢ ᠤᠳᠤᠷᠢᠳᠤᠯᠭ᠎ᠠ᠎ᠶᠢ ᠪᠠᠷᠢᠮᠲᠠᠯᠠᠬᠤ ᠪᠣᠯ ᠬᠠᠮᠤᠭ᠎ᠤᠨ ᠳᠡᠭᠡᠳᠦ ᠤᠯᠤᠰ ᠲᠦᠷᠦ᠎ᠶᠢᠨ ᠵᠠᠷᠴᠢᠮ ᠮᠥᠨ》 ᠭᠡᠵᠦ ᠲᠣᠳᠣᠷᠬᠠᠢ ᠳᠤᠷᠠᠳᠤᠨ ᠭᠠᠷᠭᠠᠵᠤ᠂ ᠪᠦᠬᠦ ᠨᠠᠮ᠎ᠢ ᠦᠵᠡᠯ ᠰᠠᠨᠠᠭᠠᠨ᠎ᠤ ᠲᠠᠯ᠎ᠠ᠎ᠪᠠᠷ ᠨᠡᠩ ᠨᠢᠭᠡᠳᠦᠯᠲᠡᠢ᠂ ᠤᠯᠤᠰ ᠲᠦᠷᠦ᠎ᠶᠢᠨ ᠲᠠᠯ᠎ᠠ᠎ᠪᠠᠷ ᠨᠡᠩ ᠪᠦᠯᠬᠦᠮᠳᠡᠯ᠎ᠲᠠᠢ᠂ ᠦᠢᠯᠡ ᠠᠵᠢᠯᠯᠠᠭ᠎ᠠ᠎ᠶᠢᠨ ᠲᠠᠯ᠎ᠠ᠎ᠪᠠᠷ ᠨᠡᠩ ᠨᠢᠭᠡᠳᠦᠯᠲᠡᠢ ᠪᠣᠯᠭᠠᠪᠠ;
ᠨᠠᠮ᠎ᠢ ᠬᠠᠮᠢᠶᠠᠷᠴᠤ ᠨᠠᠮ᠎ᠢ ᠵᠠᠰᠠᠬᠤ ᠲᠠᠯ᠎ᠠ ᠪᠡᠷ ᠨᠢᠭᠡ ᠦᠶ᠎ᠡ ᠠᠭᠤᠵᠢᠭᠤ ᠰᠤᠯᠠ ᠵᠥᠭᠡᠯᠡᠨ ᠪᠠᠢᠭᠰᠠᠨ ᠪᠠᠢᠳᠠᠯ᠎ᠤᠨ ᠡᠮᠦᠨ᠎ᠡ᠂ ᠴᠢᠩᠭ᠎ᠠ ᠱᠠᠭᠠᠷᠳᠠᠯᠭ᠎ᠠ᠎ᠶᠢ ᠨᠠᠮ᠎ᠢ ᠬᠠᠮᠢᠶᠠᠷᠴᠤ ᠨᠠᠮ᠎ᠢ ᠵᠠᠰᠠᠬᠤ ᠡᠯ᠎ᠡ ᠲᠠᠯ᠎ᠠ ᠡᠯ᠎ᠡ ᠭᠣᠭᠴᠣᠭ᠎ᠠ᠎ᠳᠤ ᠢᠯᠡᠷᠡᠭᠦᠯᠵᠦ᠂ ᠤᠷᠢᠳ ᠡᠮᠦᠨ᠎ᠡ ᠪᠠᠢᠭ᠎ᠠ ᠦᠭᠡᠢ ᠰᠥᠰᠥ ᠵᠣᠷᠢᠭ᠋ ᠪᠠ ᠲᠣᠭᠲᠠᠯ ᠬᠦᠴᠦᠨ᠎ᠢᠶᠡᠷ ᠨᠠᠮ᠎ᠤᠨ ᠰᠤᠷᠲᠠᠯ ᠴᠢᠬᠡᠴᠢ ᠵᠠᠰᠠᠭ᠎ᠤᠨ ᠪᠠᠢᠭᠤᠯᠤᠯᠲᠠ ᠪᠠ ᠢᠯᠵᠢᠷᠠᠯ᠎ᠢ ᠡᠰᠡᠷᠭᠦᠴᠡᠬᠦ ᠲᠡᠮᠡᠴᠡᠯ᠎ᠢ ᠠᠬᠢᠭᠤᠯᠪᠠ ᠁
ᠰᠢᠨ᠎ᠡ ᠴᠠᠭ ᠦᠶ᠎ᠡ᠎ᠶᠢᠨ ᠨᠠᠮ᠎ᠤᠨ ᠪᠠᠢᠭᠤᠯᠤᠯᠲᠠ᠎ᠶᠢᠨ ᠰᠢᠨ᠎ᠡ ᠠᠭᠤᠤ ᠶᠡᠬᠡ ᠢᠨᠵᠧᠨᠧᠷᠢᠩ᠎ᠢ ᠭᠦᠨᠵᠡᠭᠡᠢ ᠠᠬᠢᠭᠤᠯᠵᠤ᠂ ᠨᠠᠮ᠎ᠤᠨ ᠥᠪᠡᠷ᠎ᠢ᠎ᠪᠡᠨ ᠴᠡᠪᠡᠷᠰᠢᠭᠦᠯᠬᠦ᠂ ᠥᠪᠡᠷ᠎ᠢ᠎ᠪᠡᠨ ᠲᠡᠭᠦᠯᠳᠡᠷᠵᠢᠭᠦᠯᠬᠦ᠂ ᠥᠪᠡᠷ᠎ᠢ᠎ᠪᠡᠨ ᠰᠢᠨᠡᠴᠢᠯᠡᠬᠦ᠂ ᠥᠪᠡᠷ᠎ᠢ᠎ᠪᠡᠨ ᠳᠡᠭᠡᠭᠰᠢᠯᠡᠭᠦᠯᠬᠦ ᠴᠢᠳᠠᠪᠤᠷᠢ ᠢᠯᠡᠳᠲᠡ ᠴᠢᠩᠭᠠᠷᠠᠵᠤ᠂ ᠨᠠᠮ᠎ᠤᠨ ᠤᠯᠤᠰ ᠲᠦᠷᠦ᠎ᠶᠢᠨ ᠤᠳᠤᠷᠢᠳᠬᠤ ᠬᠦᠴᠦᠨ᠂ ᠦᠵᠡᠯ ᠰᠠᠨᠠᠭᠠᠨ᠎ᠤ ᠬᠥᠲᠥᠯᠥᠨ ᠳᠠᠭᠠᠭᠤᠯᠬᠤ ᠬᠦᠴᠦᠨ᠂ ᠤᠯᠠᠨ ᠲᠦᠮᠡᠨ᠎ᠢ ᠵᠣᠬᠢᠶᠠᠨ ᠪᠠᠶ᠋ᠢᠭᠤᠯᠬᠤ ᠬᠦᠴᠦᠨ᠂ ᠨᠡᠢᠭᠡᠮ᠎ᠦᠨ ᠤᠷᠢᠶᠠᠯᠠᠬᠤ ᠬᠦᠴᠦᠨ ᠢᠯᠡᠳᠲᠡ ᠴᠢᠩᠭᠠᠷᠠᠪᠠ᠃
ᠭᠣᠣᠯᠯᠠᠭᠴᠢ ᠪᠤᠯ ᠲᠠᠷᠤᠢ ᠰᠦᠭ ᠰᠦᠨᠡᠰᠦ ᠮᠦᠨ᠂ ᠲᠠᠷᠤᠢ ᠬᠦᠴᠦᠨ ᠴᠢᠳᠠᠯ ᠮᠦᠨ᠃
ᠪᠢᠳᠡᠨ᠎ᠤ ᠡᠢᠮᠦ ᠲᠤᠮᠤ ᠨᠠᠮ᠂ ᠡᠢᠮᠦ ᠲᠤᠮᠤ ᠤᠯᠤᠰ᠎ᠲᠤ ᠨᠠᠮ᠎ᠤᠨ ᠲᠥᠪ ᠬᠣᠷᠢᠶ᠎ᠠ ᠵᠢᠨ ᠨᠢᠭᠡ ᠯᠡ ᠳᠡᠭᠡᠷ᠎ᠡ ᠲᠣᠭᠲᠠᠭᠠᠵᠤ᠂ ᠦᠨᠳᠦᠷ ᠪᠠᠷᠢᠮᠵᠢᠶᠠᠯᠠᠬᠤ ᠡᠷᠬᠡ ᠰᠦᠷ ᠪᠠᠢᠬᠤ ᠦᠭᠡᠢ ᠪᠣᠯ ᠳᠠᠷᠤᠢ ᠲᠤᠰ ᠲᠤᠰ᠎ᠲᠠᠭᠠᠨ ᠲᠤᠭ ᠪᠣᠰᠬᠠᠵᠤ᠂ ᠪᠤᠳᠤᠵᠤ ᠰᠠᠨᠠᠭᠰᠠᠨᠢᠶᠠᠷᠢᠶᠠᠨ ᠬᠢᠬᠦ ᠪᠠᠢᠳᠠᠯ ᠭᠠᠷᠴᠤ᠂ ᠶᠠᠮᠠᠷ ᠴᠤ᠌ ᠶᠠᠪᠤᠳᠠᠯ᠎ᠢ ᠴᠤ᠌ ᠪᠦᠲᠦᠭᠡᠵᠦ ᠴᠢᠳᠠᠬᠤ ᠦᠭᠡᠢ ᠪᠣᠯᠣᠨ᠎ᠠ᠃
《ᠨᠠᠮ᠎ᠤᠨ ᠲᠥᠪ ᠬᠤᠷᠢᠶ᠎ᠠ ᠵᠢᠨ ᠲᠥᠪᠯᠡᠷᠡᠩᠭᠦᠢ ᠨᠢᠭᠡᠳᠦᠯᠲᠡᠢ ᠤᠳᠤᠷᠢᠳᠤᠯᠭ᠎ᠠ᠎ᠶᠢ ᠬᠠᠮᠠᠭᠠᠯᠠᠬᠤ ᠪᠣᠯ ᠨᠢᠭᠡᠨ ᠪᠣᠯᠪᠠᠰᠤᠷᠠᠩᠭᠤᠢ ᠮᠠᠷᠺᠰ᠎ᠤᠨ ᠦᠵᠡᠯ᠎ᠦᠨ ᠲᠦᠷᠦ ᠪᠠᠷᠢᠭ᠍ᠴᠢ ᠨᠠᠮ᠎ᠤᠨ ᠴᠢᠬᠤᠯᠠ ᠶᠡᠬᠡ ᠨᠠᠮ ᠪᠠᠶ᠋ᠢᠭᠤᠯᠬᠤ ᠵᠠᠷᠴᠢᠮ ᠪᠣᠯᠣᠨ᠎ᠠ》᠃
ᠡᠨᠡ ᠵᠢᠯ ᠪᠣᠯ ᠤᠯᠠᠭᠠᠨ ᠴᠡᠷᠢᠭ᠎ᠦᠨ ᠤᠷᠳᠤ ᠵᠠᠮ᠎ᠤᠨ ᠠᠶᠠᠨ ᠲᠠᠢ᠍ᠢᠨ ᠢᠯᠠᠯᠲᠠ ᠣᠯᠣᠭᠰᠠᠨ 90 ᠵᠢᠯ᠎ᠦᠨ ᠤᠢ ᠪᠣᠯᠣᠨ᠎ᠠ᠃
1935 ᠣᠨ᠎ᠤ ᠽᠦᠨ ᠢ ᠵᠢᠨ ᠬᠤᠷᠠᠯᠳᠤᠭᠠᠨ ᠳᠡᠭᠡᠷ᠎ᠡ᠂ ᠨᠠᠮ᠎ᠤᠨ ᠲᠡᠦᠬᠡᠨ ᠳᠡᠭᠡᠷᠡᠬᠢ 《ᠨᠢᠭᠡᠨ ᠦᠬᠦᠵᠦ ᠰᠡᠭᠡᠬᠦ᠎ᠳᠦ ᠬᠣᠯᠪᠣᠭᠳᠠᠬᠤ ᠡᠷᠭᠢᠯᠲᠡ ᠵᠢᠨ ᠴᠠᠭ ᠦᠶ᠎ᠡ》᠎ᠳ᠋ᠤ᠌᠂ ᠮᠠᠤ ᠽᠧ ᠳ᠋ᠦᠩ ᠨᠥᠬᠥᠷ᠎ᠢᠶᠡᠷ ᠭᠣᠣᠯ ᠲᠥᠯᠥᠭᠡᠯᠡᠭᠴᠢ ᠪᠣᠯᠭᠠᠭᠰᠠᠨ ᠮᠠᠷᠺᠰ᠎ᠤᠨ ᠦᠵᠡᠯ᠎ᠦᠨ ᠵᠥᠪ ᠱᠤᠭᠤᠮ᠎ᠤᠨ ᠨᠠᠮ᠎ᠤᠨ ᠲᠥᠪ ᠬᠣᠷᠢᠶᠠᠨ᠎ᠳᠠᠬᠢ ᠤᠳᠤᠷᠢᠳᠬᠤ ᠪᠠᠢᠷᠢ ᠰᠠᠭᠤᠷᠢ᠎ᠶᠢ ᠡᠬᠢᠯᠡᠨ ᠲᠣᠭᠲᠠᠭᠠᠵᠤ᠂ ᠮᠠᠤ ᠽᠧ ᠳ᠋ᠦᠩ ᠨᠥᠬᠥᠷ᠎ᠢᠶᠡᠷ ᠭᠣᠣᠯ ᠪᠤᠯᠭᠠᠭᠰᠠᠨ ᠨᠠᠮ᠎ᠤᠨ ᠨᠢᠭᠡᠳᠦᠭᠡᠷ ᠦᠶ᠎ᠡ᠎ᠶᠢᠨ ᠲᠥᠪ ᠬᠤᠷᠢᠶ᠎ᠠ ᠵᠢᠨ ᠤᠳᠤᠷᠢᠳᠬᠤ ᠬᠠᠮᠲᠤ᠎ᠶᠢ ᠡᠬᠢᠯᠡᠨ ᠪᠦᠷᠢᠯᠳᠦᠭᠦᠯᠪᠡ᠃
《ᠬᠠᠮᠤᠭ᠎ᠤᠨ ᠲᠦᠭᠰᠢᠭᠦᠷᠢᠲᠡᠢ ᠵᠠᠩᠭᠢᠯᠠᠭ᠎ᠠ᠎ᠶᠢᠨ ᠦᠶ᠎ᠡ᠎ᠳᠦ ᠨᠠᠮ᠎ᠢ ᠠᠪᠤᠷᠠᠵᠤ᠂ ᠤᠯᠠᠭᠠᠨ ᠴᠡᠷᠢᠭ᠎ᠢ ᠠᠪᠤᠷᠠᠵᠤ᠂ ᠳᠤᠮᠳᠠᠳᠤ ᠤᠯᠤᠰ᠎ᠤᠨ ᠬᠤᠪᠢᠰᠬᠠᠯ᠎ᠢ ᠠᠪᠤᠷᠠᠵᠠᠢ》᠃
ᠰᠢᠨ᠎ᠡ ᠴᠠᠭ ᠦᠶ᠎ᠡ᠎ᠳᠦ ᠣᠷᠣᠭᠰᠠᠨ᠎ᠤ ᠳᠠᠷᠠᠭ᠎ᠠ᠂ ᠨᠠᠮ ᠪᠠ ᠤᠯᠤᠰ᠎ᠲᠤ ᠲᠤᠯᠭᠠᠷᠠᠵᠤ ᠪᠠᠢᠭ᠎ᠠ ᠪᠠᠢᠳᠠᠯ᠎ᠤᠨ ᠨᠠᠷᠢᠨ ᠪᠤᠳᠤᠯᠢᠶᠠᠨᠲᠠᠢ᠂ ᠲᠡᠮᠡᠴᠡᠯ᠎ᠤᠨ ᠬᠠᠲᠠᠭᠤ ᠴᠢᠩᠭ᠎ᠠ᠂ ᠥᠭᠡᠷᠡᠴᠢᠯᠡᠯᠲᠡ ᠬᠥᠭᠵᠢᠯᠲᠡ ᠲᠣᠭᠲᠠᠭᠤᠨ᠎ᠤ ᠡᠭᠦᠷᠭᠡ ᠵᠢᠨ ᠪᠡᠷᠬᠡ ᠬᠠᠲᠠᠭᠤᠵᠢᠯᠲᠠᠢ ᠬᠡᠮᠵᠢᠶ᠎ᠡ ᠨᠢ ᠳᠡᠯᠡᠬᠡᠢ᠎ᠳᠦ ᠬᠣᠪᠣᠷ᠂ ᠲᠡᠦᠬᠡᠨ᠎ᠳᠦ ᠬᠣᠪᠣᠷ ᠶᠤᠮ᠃
ᠰᠢ ᠵᠢᠨ ᠫᠢᠩ ᠨᠥᠬᠥᠷ᠎ᠦᠨ ᠨᠠᠮ᠎ᠤᠨ ᠲᠥᠪ ᠬᠤᠷᠢᠶ᠎ᠠ ᠵᠢᠨ ᠭᠣᠣᠯᠯᠠᠭ᠍ᠴᠢ᠂ ᠪᠦᠬᠦ ᠨᠠᠮ᠎ᠤᠨ ᠭᠣᠣᠯᠯᠠᠭ᠍ᠴᠢ᠎ᠶᠢᠨ ᠪᠠᠢᠷᠢ ᠰᠠᠭᠤᠷᠢ᠎ᠶᠢ ᠲᠣᠭᠲᠠᠭᠠᠵᠤ᠂ ᠰᠢ ᠵᠢᠨ ᠫᠢᠩ᠎ᠦᠨ ᠰᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ᠋᠎ᠪᠦᠬᠦᠢ ᠨᠡᠢᠭᠡᠮ ᠵᠢᠷᠤᠮ᠎ᠤᠨ ᠦᠵᠡᠯ ᠰᠠᠨᠠᠭᠠᠨ᠎ᠤ ᠵᠢᠯᠤᠭᠣᠳᠬᠤ ᠪᠠᠢᠷᠢ ᠰᠠᠭᠤᠷᠢ᠎ᠶᠢ ᠲᠣᠭᠲᠠᠭᠠᠭᠰᠠᠨ᠎ᠡᠴᠡ ᠨᠠᠮ ᠰᠠᠶᠢ ᠨᠠᠮ᠎ᠤᠨ ᠤᠷᠲᠤ ᠬᠤᠭᠤᠴᠠᠭ᠎ᠠ᠎ᠪᠠᠷ ᠲᠦᠷᠦ ᠪᠠᠷᠢᠬᠤ᠂ ᠤᠯᠤᠰ᠎ᠤᠨ ᠥᠨᠢ ᠤᠳᠠᠭᠠᠨ ᠠᠮᠤᠷ ᠲᠦᠪᠰᠢᠨ ᠪᠠᠢᠬᠤ᠂ ᠠᠷᠠᠳ ᠲᠦᠮᠡᠨ᠎ᠦ ᠵᠣᠯ ᠵᠢᠷᠭᠠᠯ ᠠᠮᠤᠷ ᠠᠮᠤᠭᠤᠯᠠᠩ᠎ᠢ ᠨᠥᠯᠥᠭᠡᠯᠡᠵᠦ ᠪᠠᠢᠭᠰᠠᠨ ᠲᠣᠪᠣᠢᠮ᠎ᠠ ᠵᠥᠷᠢᠴᠡᠯ ᠪᠣᠯᠣᠨ ᠠᠰᠠᠭᠤᠳᠠᠯ᠎ᠢ ᠬᠦᠴᠦᠲᠡᠢ ᠰᠢᠢᠳᠪᠦᠷᠢᠯᠡᠵᠦ᠂ ᠨᠠᠮ᠂ ᠤᠯᠤᠰ᠂ ᠴᠡᠷᠢᠭ ᠠᠩᠭᠢ᠎ᠶᠢᠨ ᠳᠣᠲᠣᠭᠠᠳᠤ᠎ᠳᠤ ᠣᠷᠣᠰᠢᠵᠤ ᠪᠠᠢᠭᠰᠠᠨ ᠬᠦᠨᠳᠦ ᠨᠣᠴᠢᠲᠠᠢ ᠬᠡᠮ ᠰᠣᠭᠣᠭ᠎ᠢ ᠠᠷᠢᠯᠭᠠᠵᠤ᠂ ᠤᠯᠤᠰ᠎ᠤᠨ ᠬᠥᠭᠵᠢᠯᠲᠡ ᠳᠠᠪᠰᠢᠯᠲᠠ᠎ᠶᠢᠨ ᠬᠤᠪᠢ ᠵᠠᠶᠠᠭ᠎ᠠ᠎ᠶᠢ ᠳᠤᠮᠳᠠᠳᠤ ᠤᠯᠤᠰ᠎ᠤᠨ ᠠᠷᠠᠳ ᠲᠦᠮᠡᠨ᠎ᠦ ᠭᠠᠷ᠎ᠲᠤ ᠪᠠᠲᠤ ᠡᠵᠡᠮᠰᠢᠭᠦᠯᠬᠦ᠎ᠶᠢ ᠦᠨᠳᠦᠰᠦᠨ᠎ᠡᠴᠡ ᠨᠢ ᠪᠠᠲᠤᠯᠠᠭᠰᠠᠨ ᠪᠠᠢᠨ᠎ᠠ᠃
《ᠬᠣᠶᠠᠷ᠎ᠢ ᠲᠣᠭᠲᠠᠭᠠᠭᠰᠠᠨ》 ᠪᠣᠯ ᠨᠠᠮ᠎ᠤᠨ ᠰᠢᠨ᠎ᠡ ᠴᠠᠭ ᠦᠶ᠎ᠡ᠎ᠳᠦ ᠣᠯᠣᠭᠰᠠᠨ ᠴᠢᠬᠤᠯᠠ ᠶᠡᠬᠡ ᠤᠯᠤᠰ ᠲᠦᠷᠦ᠎ᠶᠢᠨ ᠦᠷ᠎ᠡ ᠪᠦᠲᠦᠭᠡᠯ ᠮᠥᠨ᠂ ᠪᠢᠳᠡᠨ᠎ᠦ ᠠᠯᠢᠪᠠ ᠬᠦᠴᠢᠷ ᠪᠡᠷᠬᠡᠰᠢᠶᠡᠯ ᠬᠠᠷᠰᠢ ᠰᠠᠭᠠᠳ᠎ᠢ ᠢᠯᠠᠨ ᠳᠠᠪᠠᠵᠤ᠂ ᠠᠯᠢᠪᠠ ᠲᠣᠭᠲᠠᠭᠠᠯᠲᠤ ᠪᠤᠰᠤ ᠴᠢᠨᠠᠷ᠎ᠢ ᠠᠷᠭᠠᠴᠠᠭᠠᠬᠤ ᠵᠢᠨ ᠬᠠᠮᠤᠭ᠎ᠤᠨ ᠶᠡᠬᠡ ᠲᠣᠭᠲᠠᠭᠠᠯᠲᠤ ᠴᠢᠨᠠᠷ᠂ ᠬᠠᠮᠤᠭ᠎ᠤᠨ ᠶᠡᠬᠡ ᠢᠳᠡ ᠬᠦᠴᠦ᠂ ᠬᠠᠮᠤᠭ᠎ᠤᠨ ᠶᠡᠬᠡ ᠪᠠᠲᠤᠯᠠᠭ᠎ᠠ ᠪᠤᠯᠤᠨ᠎ᠠ᠃
ᠶᠠᠮᠠᠷ ᠣᠷᠴᠢᠨ ᠨᠥᠬᠥᠴᠡᠯ ᠪᠠᠢᠭᠰᠠᠨ ᠴᠤ᠌᠂ ᠨᠠᠮ ᠶᠠᠭᠠᠬᠢᠭᠠᠳ ᠪᠦᠷ ᠲᠡᠦᠬᠡ᠎ᠶᠢᠨ ᠰᠠᠨᠠᠭᠠᠴᠢᠯᠠᠭᠠᠲᠤ ᠡᠷᠬᠡ᠎ᠶᠢ ᠡᠵᠡᠮᠳᠡᠵᠦ ᠴᠢᠳᠠᠳᠠᠭ ᠪᠤᠢ?
ᠶᠡᠷᠦᠩᠬᠡᠢ ᠱᠦᠵᠢ ᠰᠢ ᠵᠢᠨ ᠫᠢᠩ᠄ 《ᠤᠷᠳᠤ ᠵᠠᠮ᠎ᠤᠨ ᠠᠶᠠᠨ ᠲᠠᠢ᠍ᠢᠨ ᠪᠣᠯ ᠥᠨᠳᠥᠷ ᠠᠭᠤᠯᠠ ᠠᠰᠬ᠎ᠠ ᠬᠠᠳᠠ᠎ᠶᠢ ᠲᠤᠭᠤᠯᠵᠤ᠂ ᠶᠡᠬᠡ ᠭᠣᠣᠯ ᠪᠠᠷᠲᠠᠭᠠᠲᠤ ᠲᠠᠩ᠎ᠢ ᠭᠠᠲᠤᠯᠵᠤ᠂ ᠲᠠᠯ᠎ᠠ ᠨᠤᠲᠤᠭ ᠡᠵᠡᠭᠦᠢ ᠬᠡᠭᠡᠷ᠎ᠡ᠎ᠶᠢ ᠭᠡᠲᠦᠯᠦᠭᠰᠡᠨ ᠶᠤᠮ᠂ ᠭᠡᠪᠡᠴᠦ ᠠᠶᠠᠨ ᠨᠢᠭᠡ ᠪᠦᠷᠢ᠂ ᠰᠢᠪᠲᠤᠯᠤᠯᠲᠠ ᠨᠢᠭᠡ ᠪᠦᠷᠢ᠂ ᠪᠠᠢᠯᠳᠤᠭᠠᠨ ᠨᠢᠭᠡ ᠪᠦᠷᠢ ᠨᠢ ᠴᠥᠮ ᠪᠠᠢᠯᠳᠤᠬᠤ ᠪᠣᠳᠣᠯᠭ᠎ᠠ᠎ᠶᠢᠨ ᠪᠦᠬᠦ ᠲᠠᠯ᠎ᠠ᠎ᠡᠴᠡ ᠡᠭᠦᠰᠴᠦ᠂ ᠲᠠᠢ᠍ᠢᠨ᠎ᠦ ᠢᠯᠠᠯᠲᠠ᠎ᠶᠢ ᠣᠯᠣᠭᠰᠠᠨ ᠪᠥᠭᠡᠳ ᠪᠠᠰᠠ ᠪᠠᠢᠯᠳᠤᠬᠤ ᠪᠣᠳᠣᠯᠭ᠎ᠠ᠎ᠶᠢᠨ ᠰᠠᠨᠠᠭᠠᠴᠢᠯᠠᠭᠠᠲᠤ ᠡᠷᠬᠡ᠎ᠶᠢ ᠣᠯᠣᠭᠰᠠᠨ ᠪᠠᠢᠨ᠎ᠠ》 ᠭᠡᠵᠦ ᠵᠢᠭᠠᠵᠤ ᠭᠠᠷᠭᠠᠪᠠ᠃
ᠲᠡᠦᠬᠡ᠂ ᠪᠣᠳᠠᠲᠤ ᠠᠬᠤᠢ᠂ ᠢᠷᠡᠭᠡᠳᠦᠢ᠎ᠶᠢ ᠨᠡᠪᠲᠡᠷᠡᠭᠦᠯᠵᠦ᠂ ᠲᠡᠦᠬᠡ᠎ᠶᠢᠨ ᠰᠡᠳᠬᠢᠬᠦᠢ᠂ ᠪᠠᠢᠯᠳᠤᠬᠤ ᠪᠣᠳᠣᠯᠭ᠎ᠠ᠎ᠶᠢᠨ ᠰᠡᠳᠬᠢᠬᠦᠢ᠎ᠶᠢ ᠪᠤᠢ ᠪᠣᠯᠭᠠᠵᠤ᠂ ᠲᠡᠦᠬᠡ᠎ᠶᠢᠨ ᠰᠠᠨᠠᠭᠠᠴᠢᠯᠠᠭᠠᠲᠤ ᠡᠷᠬᠡ᠎ᠶᠢ ᠡᠵᠡᠮᠳᠡᠵᠦ᠂ ᠠᠭᠤᠤ ᠶᠡᠬᠡ ᠰᠡᠷᠭᠦᠨ ᠮᠠᠨᠳᠤᠯᠲᠠ᠎ᠶᠢ ᠪᠡᠶᠡᠯᠡᠭᠦᠯᠬᠦ ᠪᠣᠯ ᠶᠡᠷᠦᠩᠬᠡᠢ ᠱᠦᠵᠢ᠎ᠶᠢᠨ ᠪᠢᠳᠡᠨ᠎ᠳᠦ ᠵᠢᠭᠠᠵᠤ ᠥᠭᠭᠦᠭᠰᠡᠨ ᠦᠵᠡᠯ ᠰᠠᠨᠠᠭᠠᠨ᠎ᠤ ᠠᠷᠭ᠎ᠠ ᠪᠣᠯᠣᠨ ᠠᠵᠢᠯ᠎ᠤᠨ ᠠᠷᠭ᠎ᠠ ᠪᠣᠯᠣᠨ᠎ᠠ᠃
《ᠬᠡᠬᠦᠳᠡᠭ ᠴᠡᠭᠡᠵᠢᠨ᠎ᠳᠡᠭᠡᠨ ᠬᠣᠶᠠᠷ ᠶᠡᠬᠡ ᠲᠠᠯ᠎ᠠ᠎ᠶᠢ ᠪᠠᠭᠲᠠᠭᠠᠵᠤ᠂ ᠨᠢᠭᠡ ᠨᠢ ᠳᠤᠮᠳᠠᠳᠤ᠎ᠶᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶᠢᠨ ᠪᠠᠢᠯᠳᠤᠬᠤ ᠪᠣᠳᠣᠯᠭ᠎ᠠ᠎ᠶᠢᠨ ᠪᠦᠬᠦ ᠲᠠᠯ᠎ᠠ ᠪᠣᠯᠣᠨ᠎ᠠ᠂ ᠨᠦᠬᠦᠬᠡ ᠨᠢ ᠳᠡᠯᠡᠬᠡᠢ ᠳ᠋ᠠᠬᠢᠨ᠎ᠤ ᠵᠠᠭᠤᠨ ᠵᠢᠯ᠎ᠳᠦ ᠲᠣᠬᠢᠶᠠᠯᠳᠤᠭ᠎ᠠ ᠦᠭᠡᠢ ᠶᠡᠬᠡ ᠬᠤᠪᠢᠰᠤᠯᠲᠠ ᠪᠣᠯᠣᠨ᠎ᠠ᠂ ᠡᠨᠡ ᠪᠣᠯ ᠪᠢᠳᠡᠨ᠎ᠤ ᠠᠵᠢᠯ᠎ᠢᠶᠠᠨ ᠤᠬᠠᠭᠠᠯᠨ ᠲᠦᠯᠦᠪᠯᠡᠬᠦ᠎ᠶᠢᠨ ᠦᠨᠳᠦᠰᠦᠨ ᠵᠣᠷᠢᠯᠲᠠ ᠪᠣᠯᠣᠨ᠎ᠠ》᠃
ᠳᠤᠮᠳᠠᠳᠤ ᠤᠯᠤᠰ᠎ᠤᠨ ᠤᠯᠤᠰ ᠲᠦᠷᠦ᠎ᠶᠢᠨ ᠲᠠᠪᠴᠠᠩ᠎ᠳᠤ ᠭᠠᠷᠤᠭᠰᠠᠨ ᠲᠡᠷᠡ ᠮᠥᠴᠡ᠎ᠡᠴᠡ ᠡᠬᠢᠯᠡᠨ᠂ ᠨᠠᠮ ᠡᠴᠡ ᠲᠠᠷᠤᠢ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠶᠢᠨ᠎ᠢᠶᠠᠨ ᠲᠥᠯᠥᠭᠡ ᠢᠮᠠᠭᠲᠠ ᠴᠥᠬᠥᠷᠡᠰᠢ ᠦᠭᠡᠢ ᠲᠡᠮᠡᠴᠡᠵᠦ᠂ 《ᠳᠤᠮᠳᠠᠳᠤ᠎ᠶᠢᠨ ᠦᠨᠳᠦᠰᠦᠲᠡᠨ ᠡᠬᠢᠯᠡᠬᠦ᠎ᠳᠡᠭᠡᠨ ᠬᠦᠴᠢᠷ ᠪᠡᠷᠬᠡᠰᠢᠶᠡᠯ᠎ᠲᠠᠢ ᠪᠣᠯᠪᠠᠴᠤ ᠬᠤᠷᠢᠭᠯᠠᠭᠳᠠᠰᠢ ᠦᠭᠡᠢ ᠪᠡᠷ ᠠᠭᠤᠤ ᠶᠡᠬᠡ ᠰᠡᠷᠭᠦᠨ ᠮᠠᠨᠳᠤᠯᠲᠠ ᠲᠡᠢᠰᠢ ᠤᠷᠤᠭᠰᠢᠯᠠᠭᠰᠠᠨ ᠪᠠᠢᠨ᠎ᠠ》᠃
ᠰᠢᠨ᠎ᠡ ᠴᠠᠭ ᠦᠶ᠎ᠡ᠎ᠶᠢ ᠨᠡᠭᠡᠭᠡᠵᠦ᠂ ᠰᠢᠨ᠎ᠡ ᠠᠶᠠᠨ᠎ᠢ ᠡᠬᠢᠯᠡᠭᠦᠯᠵᠦ᠂ ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ᠎ᠶᠢ ᠠᠮᠵᠢᠯᠲᠠ᠎ᠲᠠᠢ ᠪᠡᠷ ᠠᠬᠢᠭᠤᠯᠤᠨ ᠥᠷᠭᠡᠳᠬᠡᠵᠦ᠂ 《ᠳᠤᠮᠳᠠᠳᠤ ᠤᠯᠤᠰ᠎ᠤᠨ ᠵᠠᠰᠠᠯᠲᠠ ᠦᠷᠦᠨᠡᠳᠠᠬᠢᠨ᠎ᠤ ᠰᠠᠮᠠᠭᠤᠷᠠᠯ》 ᠤ᠋ᠨ ᠬᠠᠷᠢᠴᠠᠭᠤᠯᠤᠯ ᠢᠯᠡ ᠲᠣᠳᠣ᠌ ᠪᠠᠢᠵᠤ᠂ ᠳᠤᠮᠳᠠᠳᠤ᠎ᠶᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶᠢᠨ ᠲᠡᠦᠬᠡ᠎ᠶᠢᠨ ᠶᠡᠬᠡ ᠬᠠᠨᠳᠤᠰᠢ ᠬᠣᠷᠢᠭ᠍ᠯᠠᠭᠳᠠᠰᠢ ᠦᠭᠡᠢ ᠪᠣᠯᠵᠠᠢ᠃
ᠪᠣᠳᠠᠲᠤ ᠠᠬᠤᠢ ᠪᠣᠯ ᠲᠡᠦᠬᠡᠨ ᠶᠠᠪᠤᠴᠠ ᠲᠤᠮᠳᠠ᠎ᠡᠴᠡ ᠠᠯᠬᠤᠮ ᠠᠯᠬᠤᠮ᠎ᠢᠶᠠᠷ ᠢᠷᠡᠭᠰᠡᠨ ᠶᠤᠮ᠂ ᠶᠡᠷᠦᠩᠬᠡᠢ ᠱᠦᠵᠢ ᠨᠠᠮ᠎ᠤᠨ ᠲᠡᠮᠡᠴᠡᠯ᠎ᠤᠨ ᠳᠤᠮᠳᠠᠬᠢ ᠬᠣᠶᠠᠷ ᠶᠡᠬᠡ ᠲᠠᠯ᠎ᠠ᠎ᠶᠢᠨ ᠬᠠᠷᠢᠴᠠᠭ᠎ᠠ ᠶ᠋ᠢ ᠢᠩᠭᠢᠵᠦ ᠬᠤᠷᠢᠶᠠᠩᠭᠤᠢᠯᠠᠪᠠ —
ᠰᠢᠨ᠎ᠡ ᠳᠤᠮᠳᠠᠳᠤ ᠤᠯᠤᠰ᠎ᠢ ᠴᠣᠭᠴᠠᠯᠠᠨ ᠪᠠᠢᠭᠤᠯᠵᠤ᠂ 《ᠳᠤᠮᠳᠠᠳᠤ᠎ᠶᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶᠢᠨ ᠲᠡᠦᠬᠡ᠎ᠶᠢᠨ ᠰᠢᠨ᠎ᠡ ᠡᠷᠢᠨ᠎ᠢ ᠨᠡᠭᠡᠭᠡᠪᠡ》᠂ 《ᠳᠡᠯᠡᠬᠡᠢ᠎ᠶᠢᠨ ᠤᠯᠤᠰ ᠲᠦᠷᠦ᠎ᠶᠢᠨ ᠪᠠᠢᠷᠢᠰᠢᠯ᠎ᠢ ᠲᠤᠢᠯ᠎ᠤᠨ ᠶᠡᠬᠡᠪᠡᠷ ᠬᠤᠪᠢᠷᠠᠭᠤᠯᠪᠠ》᠃
ᠨᠡᠢᠭᠡᠮ ᠵᠢᠷᠤᠮᠲᠤ ᠬᠤᠪᠢᠰᠬᠠᠯ᠎ᠢ ᠪᠡᠶᠡᠯᠡᠭᠦᠯᠵᠦ ᠨᠡᠢᠭᠡᠮ ᠵᠢᠷᠤᠮᠲᠤ ᠪᠦᠲᠦᠭᠡᠨ ᠪᠠᠢᠭᠤᠯᠤᠯᠲᠠ᠎ᠶᠢ ᠠᠬᠢᠭᠤᠯᠵᠤ᠂ 《ᠳᠤᠮᠳᠠᠳᠤ᠎ᠶᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶᠢ ᠪᠡᠶᠡᠯᠡᠭᠦᠯᠬᠦ᠎ᠳᠦ ᠦᠨᠳᠦᠰᠦᠨ ᠤᠯᠤᠰ ᠲᠦᠷᠦ᠎ᠶᠢᠨ ᠤᠷᠢᠲᠠᠯ ᠪᠠ ᠪᠠᠢᠭᠤᠯᠤᠯ᠎ᠤᠨ ᠰᠠᠭᠤᠷᠢ᠎ᠶᠢ ᠲᠠᠯᠪᠢᠵᠤ》᠂ ᠳᠡᠯᠡᠬᠡᠢ᠎ᠶᠢᠨ ᠨᠡᠢᠭᠡᠮ ᠵᠢᠷᠤᠮ᠎ᠤᠨ ᠬᠦᠴᠦᠨ᠎ᠢ ᠲᠤᠢᠯ᠎ᠤᠨ ᠶᠡᠬᠡᠪᠡᠷ ᠪᠤᠵᠠᠭᠠᠢᠷᠠᠭᠤᠯᠪᠠ᠃
ᠥᠭᠡᠷᠡᠴᠢᠯᠡᠯᠲᠡ ᠨᠡᠭᠡᠭᠡᠯᠲᠡ ᠪᠣᠯᠣᠨ ᠨᠡᠢᠭᠡᠮ ᠵᠢᠷᠤᠮᠲᠤ ᠣᠳᠣᠬᠢᠴᠢᠯᠠᠯᠲᠠ᠎ᠶᠢᠨ ᠪᠦᠲᠦᠭᠡᠨ ᠪᠠᠢᠭᠤᠯᠤᠯᠲᠠ᠎ᠶᠢ ᠠᠬᠢᠭᠤᠯᠵᠤ᠂ ᠳᠤᠮᠳᠠᠳᠤ᠎ᠶᠢᠨ ᠦᠨᠳᠦᠰᠦᠲᠡᠨ ᠲᠣᠮᠣ᠌ ᠠᠯᠬᠤᠮ᠎ᠢᠶᠠᠷ ᠴᠠᠭ ᠦᠶ᠎ᠡ᠎ᠶᠢ ᠬᠥᠭᠡᠭᠡᠵᠦ ᠭᠦᠢᠴᠡᠵᠦ᠂ 《ᠳᠤᠮᠳᠠᠳᠤ ᠤᠯᠤᠰ᠎ᠢ ᠭᠦᠨᠵᠡᠭᠡᠢ ᠬᠤᠪᠢᠷᠠᠭᠤᠯᠤᠭᠰᠠᠨ᠎ᠢᠶᠠᠷ ᠪᠠᠷᠠᠬᠤ ᠦᠭᠡᠢ᠂ ᠳᠡᠯᠡᠬᠡᠢ ᠳ᠋ᠠᠬᠢᠨ᠎ᠢ ᠴᠤ᠌ ᠭᠦᠨᠵᠡᠭᠡᠢ ᠨᠥᠯᠥᠭᠡᠯᠡᠪᠡ》᠃
ᠮᠠᠷᠺᠰ᠎ᠤᠨ ᠦᠵᠡᠯ᠎ᠦᠨ ᠰᠢᠨᠵᠢᠯᠡᠬᠦ ᠤᠬᠠᠭᠠᠨᠴᠢ ᠤᠨᠤᠯ᠎ᠢᠶᠠᠷ ᠴᠠᠭ ᠦᠶ᠎ᠡ᠎ᠶᠢ ᠠᠵᠢᠭ᠍ᠯᠠᠵᠤ᠂ ᠴᠠᠭ ᠦᠶ᠎ᠡ᠎ᠶᠢ ᠡᠵᠡᠮᠳᠡᠵᠦ᠂ ᠴᠠᠭ ᠦᠶ᠎ᠡ᠎ᠶᠢ ᠬᠥᠲᠥᠯᠥᠨ ᠳᠠᠭᠠᠭᠤᠯᠵᠤ᠂ ᠵᠥᠪ ᠣᠨᠣᠪᠴᠢᠲᠠᠢ ᠤᠯᠤᠰ ᠲᠦᠷᠦ᠎ᠶᠢᠨ ᠪᠠᠢᠯᠳᠤᠬᠤ ᠪᠣᠳᠣᠯᠭ᠎ᠠ᠎ᠶᠢᠨ ᠠᠷᠭ᠎ᠠ ᠪᠣᠳᠣᠯᠭ᠎ᠠ᠎ᠶᠢ ᠲᠣᠭᠲᠠᠭᠠᠨ ᠬᠡᠷᠡᠭᠵᠢᠭᠦᠯᠵᠦ᠂ ᠳᠤᠮᠳᠠᠳᠤ ᠤᠯᠤᠰ᠎ᠤᠨ ᠡᠪ ᠬᠠᠮᠲᠤ ᠨᠠᠮ ᠲᠡᠦᠬᠡ᠎ᠶᠢᠨ ᠰᠠᠨᠠᠭᠠᠴᠢᠯᠠᠭᠠᠲᠤ ᠡᠷᠬᠡ᠎ᠶᠢ ᠪᠠᠲᠤ ᠡᠵᠡᠮᠳᠡᠵᠦ᠂ ᠬᠣᠶᠠᠷ ᠶᠡᠬᠡ ᠲᠠᠯ᠎ᠠ᠎ᠶᠢᠨ ᠢᠳᠡᠪᠬᠢᠲᠡᠢ ᠪᠡᠷ ᠤᠯᠠᠷᠢᠨ ᠬᠤᠪᠢᠷᠠᠬᠤ᠎ᠶᠢᠨ ᠬᠠᠮᠲᠤ ᠰᠠᠢᠨ ᠰᠠᠢᠬᠠᠨ ᠬᠤᠷᠰᠢᠯᠴᠠᠯ᠎ᠢ ᠠᠬᠢᠭᠤᠯᠬᠤ ᠴᠢᠬᠤᠯᠠ ᠬᠦᠴᠦᠨ ᠪᠣᠯᠪᠠ᠃
《ᠳᠤᠮᠳᠠᠳᠤ ᠤᠯᠤᠰ᠎ᠤᠨ ᠠᠷᠠᠳ ᠲᠦᠮᠡᠨ᠎ᠳᠦ ᠵᠣᠯ ᠵᠢᠷᠭᠠᠯ ᠡᠳ᠋ᠯᠡᠭᠦᠯᠵᠦ᠂ ᠳᠤᠮᠳᠠᠳᠤ᠎ᠶᠢᠨ ᠦᠨᠳᠦᠰᠦᠲᠡᠨ᠎ᠦ ᠰᠡᠷᠭᠦᠨ ᠮᠠᠨᠳᠤᠯᠲᠠ᠎ᠶᠢ ᠪᠡᠶᠡᠯᠡᠭᠦᠯᠬᠦ ᠮᠥᠷᠲᠡᠭᠡᠨ ᠪᠠᠰᠠ ᠬᠥᠮᠥᠨ ᠲᠥᠷᠥᠯᠬᠢᠲᠡᠨ᠎ᠤ ᠲᠠᠪᠰᠢᠯᠳᠠ᠎ᠶᠢ ᠡᠷᠢᠯᠬᠢᠯᠡᠵᠦ᠂ ᠳᠡᠯᠡᠬᠡᠢ ᠳ᠋ᠠᠬᠢᠨ᠎ᠤ ᠡᠪ ᠨᠢᠭᠡᠳᠦᠯ᠎ᠦᠨ ᠲᠥᠯᠥᠭᠡ ᠴᠢᠷᠮᠠᠢᠨ᠎ᠠ》᠂ ᠡᠭᠦᠨ᠎ᠤ ᠲᠤᠮᠳᠠ᠎ᠡᠴᠡ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠡᠦᠬᠡ᠎ᠶᠢᠨ ᠰᠠᠨᠠᠭᠠᠴᠢᠯᠠᠭᠠᠲᠤ ᠡᠷᠬᠡ᠎ᠶᠢ ᠡᠵᠡᠮᠳᠡᠵᠦ᠂ ᠠᠭᠤᠤ ᠶᠡᠬᠡ ᠦᠢᠯᠡᠰ᠎ᠢ ᠠᠬᠢᠭᠤᠯᠬᠤ ᠶᠡᠬᠡ ᠯᠣᠭᠢᠭ᠋᠎ᠢ ᠨᠡᠩ ᠭᠦᠨᠵᠡᠭᠡᠢ ᠣᠢᠯᠠᠭᠠᠵᠤ ᠪᠣᠯᠣᠨ᠎ᠠ᠃
(ᠭᠤᠷᠪᠠ)
ᠳᠤᠮᠳᠠᠳᠤ ᠤᠯᠤᠰ᠎ᠤᠨ ᠠᠷᠠᠳ ᠲᠦᠮᠡᠨ᠎ᠳᠦ ᠵᠣᠯ ᠵᠢᠷᠭᠠᠯ ᠡᠳ᠋ᠯᠡᠭᠦᠯᠵᠦ᠂ ᠳᠤᠮᠳᠠᠳᠤ ᠤᠯᠤᠰ᠎ᠤᠨ ᠡᠪ ᠬᠠᠮᠲᠤ ᠨᠠᠮ ᠳᠤᠮᠳᠠᠳᠤ ᠤᠯᠤᠰ᠎ᠤᠨ ᠠᠷᠠᠳ ᠲᠦᠮᠡᠨ᠎ᠦ ᠢᠷᠡᠭᠡᠳᠦᠢ ᠬᠤᠪᠢ ᠵᠠᠶᠠᠭ᠎ᠠ᠎ᠶᠢ ᠦᠨᠳᠦᠰᠦᠨ᠎ᠡᠴᠡ ᠨᠢ ᠬᠤᠪᠢᠷᠠᠭᠤᠯᠵᠤ᠂ ᠢᠮᠠᠭᠲᠠ ᠪᠠᠲᠤ ᠰᠠᠬᠢᠳᠠᠭ ᠠᠷᠠᠳ ᠲᠦᠮᠡᠨ᠎ᠢ ᠳᠡᠭᠡᠳᠦᠯᠡᠬᠦ ᠣᠢᠯᠠᠭᠠᠭᠳᠠᠬᠤᠨ ᠪᠠ ᠦᠢᠯᠡᠳᠦᠯᠭᠡ᠎ᠪᠡᠷ ᠳᠡᠯᠡᠬᠡᠢ᠎ᠶᠢᠨ ᠣᠳᠣᠬᠢᠴᠢᠯᠠᠯᠲᠠ᠎ᠶᠢᠨ ᠴᠢᠭᠯᠡᠯ᠎ᠢ ᠭᠦᠨᠵᠡᠭᠡᠢ ᠨᠥᠯᠥᠭᠡᠯᠡᠪᠡ᠃
《ᠠᠷᠠᠳ ᠲᠦᠮᠡᠨ᠎ᠢ ᠳᠡᠭᠡᠳᠦᠯᠡᠬᠦ᠎ᠶᠢ ᠡᠷᠬᠡᠪᠰᠢ ᠪᠠᠷᠢᠮᠲᠠᠯᠠᠬᠤ ᠬᠡᠷᠡᠭᠲᠡᠢ》᠂ ᠡᠨᠡ ᠪᠣᠯ ᠰᠢ ᠵᠢᠨ ᠫᠢᠩ᠎ᠦᠨ ᠰᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ᠋ ᠪᠦᠬᠦᠢ ᠨᠡᠢᠭᠡᠮ ᠵᠢᠷᠤᠮ᠎ᠤᠨ ᠦᠵᠡᠯ ᠰᠠᠨᠠᠭᠠᠨ᠎ᠤ ᠶᠢᠷᠲᠢᠨᠴᠦ᠎ᠶᠢᠨ ᠦᠵᠡᠯᠲᠡ᠂ ᠠᠷᠭ᠎ᠠ᠎ᠶᠢᠨ ᠤᠨᠤᠯ ᠪᠠ ᠲᠡᠭᠦᠨ᠎ᠳᠦ ᠲᠤᠭᠤᠰᠢᠯᠠᠭᠳᠠᠵᠤ ᠪᠠᠢᠭ᠎ᠠ ᠵᠣᠭᠰᠣᠯᠲᠠ ᠦᠵᠡᠯᠲᠡ ᠠᠷᠭ᠎ᠠ᠎ᠶᠢᠨ ᠴᠢᠬᠤᠯᠠ ᠢᠯᠡᠷᠡᠯ ᠮᠥᠨ᠃
ᠠᠷᠠᠳ ᠲᠦᠮᠡᠨ᠎ᠢ ᠳᠠᠭᠠᠭᠤᠯᠤᠨ《ᠭᠤᠷᠪᠠᠨ ᠶᠡᠬᠡ ᠠᠭᠤᠯᠠ (ᠡᠵᠡᠷᠬᠡᠭ ᠲᠦᠷᠢᠮᠡᠬᠡᠢᠲᠡᠨ᠂ ᠹᠧᠤᠳᠠᠯ ᠶᠤᠰᠤ᠂ ᠨᠤᠶᠠᠨᠴᠢ ᠬᠦᠷᠦᠩᠭᠡ᠎ᠲᠤ ᠶᠤᠰᠤ)》 ᠶ᠋ᠢ ᠲᠦᠯᠬᠢᠨ ᠤᠨᠠᠭᠠᠭᠰᠠᠨ᠎ᠡᠴᠡ ᠪᠦᠬᠦ ᠶᠠᠪᠤᠴᠠ᠎ᠶᠢᠨ ᠠᠷᠠᠳ᠎ᠤᠨ ᠠᠷᠠᠳᠴᠢᠯᠠᠯ᠎ᠢ ᠬᠥᠭᠵᠢᠭᠦᠯᠬᠦ ᠬᠦᠷᠲᠡᠯ᠎ᠡ᠂ ᠠᠷᠠᠳ ᠲᠦᠮᠡᠨ ᠢᠮᠠᠭᠲᠠ ᠤᠯᠤᠰ ᠣᠷᠣᠨ᠂ ᠨᠡᠢᠭᠡᠮ ᠪᠠ ᠥᠪᠡᠷ᠎ᠦᠨ ᠬᠤᠪᠢ ᠵᠠᠶᠠᠭᠠᠨ᠎ᠤ᠎ᠪᠠᠨ ᠡᠵᠡᠨ ᠪᠣᠯᠬᠤ᠎ᠶᠢ ᠪᠠᠲᠤᠯᠠᠪᠠ;
ᠶᠠᠳᠠᠭᠤ ᠬᠣᠭᠣᠰᠤᠨ ᠪᠠᠢᠬᠰᠠᠨ ᠰᠠᠭᠤᠷᠢᠨ ᠳᠡᠭᠡᠷ᠎ᠡ ᠢᠳᠡᠵᠦ ᠡᠮᠦᠰᠬᠦ᠎ᠳᠡᠭᠡᠨ ᠵᠥᠪ ᠪᠣᠯᠬᠤ ᠠᠰᠠᠭᠤᠳᠠᠯ᠎ᠢ ᠦᠨᠳᠦᠰᠦᠨ᠎ᠳᠡᠭᠡᠨ ᠰᠢᠢᠳᠪᠦᠷᠢᠯᠡᠬᠦ᠎ᠶᠢ ᠠᠬᠢᠭᠤᠯᠤᠭᠰᠠᠨ᠎ᠡᠴᠡ ᠲᠣᠭᠲᠠᠭᠰᠠᠨ ᠬᠤᠭᠤᠴᠠᠭᠠᠨ᠎ᠳᠤ ᠶᠠᠳᠠᠭᠤ᠎ᠡᠴᠡ ᠠᠩᠭᠢᠵᠢᠷᠠᠭᠤᠯᠬᠤ ᠪᠣᠭᠣᠮᠲᠠ ᠰᠢᠪᠲᠤᠯᠤᠭᠰᠠᠨ ᠳᠠᠢᠯᠠᠯᠳᠤᠭᠠᠨ᠎ᠤ ᠢᠯᠠᠯᠲᠠ᠎ᠶᠢ ᠣᠯᠵᠤ᠂ ᠲᠣᠭᠲᠠᠭᠰᠠᠨ ᠬᠤᠭᠤᠴᠠᠭᠠᠨ᠎ᠳᠤ ᠴᠢᠨᠡᠭᠡᠯᠢᠭ ᠨᠡᠢᠭᠡᠮ᠎ᠢ ᠪᠦᠬᠦ ᠲᠠᠯ᠎ᠠ᠎ᠪᠠᠷ ᠪᠠᠢᠭᠤᠯᠤᠨ ᠪᠦᠲᠦᠭᠡᠵᠦ᠂ ᠬᠠᠮᠲᠤ᠎ᠪᠠᠷ ᠪᠠᠶᠠᠵᠢᠬᠤ ᠵᠢ ᠯᠠᠪᠳᠠᠭᠤᠨ᠎ᠢᠶᠠᠷ ᠠᠬᠢᠭᠤᠯᠬᠤ ᠬᠦᠷᠲᠡᠯ᠎ᠡ ᠁
ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠡᠦᠬᠡ ᠪᠣᠯ ᠳᠠᠷᠤᠢ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠦᠢᠯᠡᠳᠦᠯᠭᠡᠵᠢᠭᠦᠯᠦᠭᠰᠡᠨ ᠲᠡᠦᠬᠡ ᠮᠥᠨ᠂ ᠳᠠᠷᠤᠢ ᠠᠷᠠᠳ ᠲᠦᠮᠡᠨ᠎ᠲᠠᠢ ᠰᠡᠳᠬᠢᠯ ᠵᠢᠷᠦᠬᠡ᠎ᠪᠡᠨ ᠬᠣᠯᠪᠣᠨ᠂ ᠠᠮᠢᠰᠬᠤᠭ᠎ᠠ᠎ᠪᠠᠨ ᠨᠢᠭᠡᠳᠬᠡᠵᠦ᠂ ᠬᠤᠪᠢ ᠵᠠᠶᠠᠭ᠎ᠠ᠎ᠪᠠᠨ ᠬᠠᠮᠲᠤᠳᠬᠠᠭᠰᠠᠨ ᠲᠡᠦᠬᠡ ᠮᠥᠨ᠃
ᠶᠠᠭᠠᠬᠢᠭᠠᠳ ᠳᠤᠮᠳᠠᠳᠤ ᠤᠯᠤᠰ᠎ᠤᠨ ᠡᠪ ᠬᠠᠮᠲᠤ ᠨᠠᠮ ᠴᠠᠭ᠎ᠤᠨ ᠡᠷᠬᠡ᠎ᠪᠡᠷ ᠮᠡᠨᠳᠦᠯᠡᠮᠡᠭᠴᠡ᠂ ᠳᠤᠮᠳᠠᠳᠤ ᠤᠯᠤᠰ᠎ᠤᠨ ᠠᠷᠠᠳ ᠲᠦᠮᠡᠨ ᠤᠶᠤᠨ ᠰᠠᠨᠠᠭᠠᠨ᠎ᠤ ᠲᠠᠯ᠎ᠠ᠎ᠪᠠᠷ ᠰᠠᠨᠠᠭᠠᠴᠢᠯᠠᠭ᠎ᠠ ᠦᠭᠡᠢ ᠪᠠᠢᠭᠰᠠᠨ ᠡᠴᠡ᠎ᠪᠠᠨ ᠰᠠᠨᠠᠭᠠᠴᠢᠯᠠᠭ᠎ᠠ᠎ᠲᠠᠢ ᠪᠣᠯᠵᠤ ᠴᠢᠳᠠᠭᠰᠠᠨ ᠪᠤᠢ?
ᠠᠷᠠᠳ ᠲᠦᠮᠡᠨ᠎ᠢᠶᠡᠷ ᠭᠣᠣᠯ ᠪᠣᠯᠭᠠᠬᠤ᠎ᠶᠢ ᠪᠠᠷᠢᠮᠲᠠᠯᠠᠵᠤ᠂ ᠢᠮᠠᠭᠲᠠ ᠠᠷᠠᠳ ᠲᠦᠮᠡᠨ᠎ᠦ ᠵᠣᠭᠰᠣᠯᠲᠠ ᠵᠢ ᠦᠨᠳᠦᠰᠦᠨ ᠵᠣᠭᠰᠣᠯᠲᠠ᠎ᠪᠠᠨ ᠪᠣᠯᠭᠠᠵᠤ᠂ ᠠᠷᠠᠳ ᠲᠦᠮᠡᠨ᠎ᠳᠦ ᠵᠣᠯ ᠵᠢᠷᠭᠠᠯ ᠣᠯᠭᠣᠬᠤ ᠵᠢ ᠦᠨᠳᠦᠰᠦᠨ ᠡᠭᠦᠷᠭᠡ᠎ᠪᠡᠨ ᠪᠣᠯᠭᠠᠵᠤ᠂ ᠪᠦᠬᠦ ᠰᠡᠳᠬᠢᠯ ᠪᠦᠬᠦ ᠵᠣᠷᠢᠭ᠋᠎ᠢᠶᠠᠷ᠎ᠢᠶᠠᠨ ᠠᠷᠠᠳ ᠲᠦᠮᠡᠨ᠎ᠳᠦ ᠦᠢᠯᠡᠴᠢᠯᠡᠬᠦ ᠦᠨᠳᠦᠰᠦᠨ ᠵᠣᠷᠢᠯᠲᠠ᠎ᠪᠠᠨ ᠪᠠᠷᠢᠮᠲᠠᠯᠠᠬᠤ ᠪᠣᠯ ᠨᠠᠮ ᠪᠠᠢᠭᠤᠯᠵᠤ ᠨᠠᠮ᠎ᠢᠶᠡᠨ ᠮᠠᠨᠳᠤᠭᠤᠯᠵᠤ ᠨᠠᠮ᠎ᠢᠶᠡᠨ ᠬᠦᠴᠦᠷᠬᠡᠭᠵᠢᠭᠦᠯᠬᠦ᠎ᠶᠢᠨ ᠦᠨᠳᠦᠰᠦᠨ ᠰᠢᠯᠲᠠᠭᠠᠨ ᠮᠥᠨ᠂ ᠨᠠᠮ ᠡᠴᠡ ᠳᠤᠮᠳᠠᠳᠤ ᠤᠯᠤᠰ᠎ᠤᠨ ᠠᠷᠠᠳ ᠲᠦᠮᠡᠨ᠎ᠢ ᠳᠠᠭᠠᠭᠤᠯᠤᠨ ᠲᠡᠦᠬᠡ᠎ᠶᠢᠨ ᠰᠠᠨᠠᠭᠠᠴᠢᠯᠠᠭᠠᠲᠤ ᠵᠣᠷᠢᠭ᠋ ᠰᠠᠨᠠᠭ᠎ᠠ᠎ᠪᠠᠷ ᠠᠭᠤᠤ ᠶᠡᠬᠡ ᠲᠡᠦᠬᠡ᠎ᠶᠢ ᠡᠭᠦᠳᠦᠭᠰᠡᠨᠦ ᠦᠨᠳᠦᠰᠦᠨ ᠰᠢᠯᠲᠠᠭᠠᠨ ᠮᠥᠨ᠃
《ᠬᠤᠸᠠᠩ ᠫᠦ ᠵᠢᠶᠠᠩ ᠮᠥᠷᠡᠨ ᠰᠦᠵᠸᠦ ᠭᠣᠣᠯ》᠎ᠳ᠋ᠤ᠌ ᠬᠤᠪᠢᠷᠠᠰᠢ ᠦᠭᠡᠢ ᠰᠠᠨᠠᠭᠠᠰᠢᠷᠠᠯ ᠠᠭᠤᠯᠤᠭᠳᠠᠵᠤ᠂ ᠠᠷᠠᠳ ᠲᠦᠮᠡᠨ᠎ᠢ ᠳᠡᠭᠡᠳᠦᠯᠡᠬᠦ᠂ ᠠᠷᠠᠳ᠎ᠤᠨ ᠠᠮᠢᠳᠤᠷᠠᠯ᠎ᠢ ᠳᠡᠷᠢᠬᠦᠨ᠎ᠳᠦ ᠳᠠᠯᠪᠢᠬᠤ ᠴᠥᠬᠥᠷᠡᠰᠢ ᠦᠭᠡᠢ ᠬᠥᠭᠡᠭᠡᠴᠡᠯᠳᠦᠯ᠎ᠢ ᠲᠤᠰᠬᠠᠪᠠ᠃
ᠬᠤᠸᠠᠩ ᠫᠦ ᠵᠢᠶᠠᠩ ᠮᠥᠷᠡᠨ᠂ ᠰᠦᠵᠧᠦ ᠭᠣᠣᠯ ᠱᠠᠩᠬᠠᠢ ᠬᠣᠲᠠ ᠪᠡᠷ ᠤᠷᠤᠰ᠎ᠤᠨ ᠥᠩᠭᠡᠷᠡᠨ᠎ᠡ᠃ ᠥᠩᠭᠡᠷᠡᠭᠰᠡᠨ᠎ᠳᠦ᠂ ᠪᠡᠭᠡ ᠮᠡᠲᠦ ᠪᠣᠬᠢᠷᠲᠤᠭᠰᠠᠨ ᠰᠦᠵᠧᠦ ᠭᠣᠣᠯ᠎ᠤᠨ ᠤᠰᠤ ᠨᠢ ᠵᠢᠶᠠᠩᠶᠢᠦ ᠮᠡᠳᠦ ᠬᠤᠸᠠᠩ ᠫᠦ ᠵᠢᠶᠠᠩ ᠮᠥᠷᠡᠨ᠎ᠦ ᠤᠰᠤ᠎ᠲᠠᠢ ᠬᠣᠩ ᠺᠧᠦ ᠳ᠋ᠤ᠌ ᠨᠡᠢᠯᠡᠭᠡᠳ 《ᠬᠣᠶᠠᠷ ᠳᠠᠪᠬᠤᠷ ᠪᠤᠯᠠᠩᠬᠢᠷ ᠤᠰᠤ》 ᠲᠠᠢ ᠪᠠᠢᠳᠠᠯ᠎ᠢ ᠪᠣᠯᠭᠠᠭᠰᠠᠨ ᠪᠠᠢᠳᠠᠭ᠃
ᠳᠡᠭᠡᠷ᠎ᠡ ᠵᠠᠭᠤᠨ᠎ᠤ ᠨᠠᠶᠠᠭᠠᠳ ᠣᠨ᠎ᠳᠤ ᠪᠣᠬᠢᠷ ᠦᠮᠡᠬᠡᠢ ᠤᠰᠤᠨ ᠴᠣᠭᠴᠠ᠎ᠶᠢ ᠵᠠᠰᠠᠬᠤ ᠠᠩᠬᠠᠨ᠎ᠤ ᠫᠤᠤ᠎ᠶᠢ ᠲᠠᠯᠪᠢᠭ᠍ᠰᠠᠨ ᠡᠴᠡ 《ᠠᠷᠪᠠᠨ ᠳᠥᠷᠪᠡᠳᠦᠭᠡᠷ ᠲᠠᠪᠤᠨ ᠵᠢᠯ》 ᠡᠴᠡ ᠨᠠᠭᠠᠰᠢ ᠬᠠᠮᠤᠭ᠎ᠤᠨ ᠥᠨᠳᠥᠷ ᠪᠠᠷᠢᠮᠵᠢᠶ᠎ᠠ᠂ ᠬᠠᠮᠤᠭ᠎ᠤᠨ ᠰᠠᠢᠨ ᠬᠢᠷᠢ ᠲᠦᠪᠰᠢᠨ᠎ᠢᠶᠡᠷ ᠡᠷᠭᠢ ᠳᠠᠭᠠᠤ ᠣᠯᠠᠨ ᠨᠡᠶ᠋ᠢᠲᠡ᠎ᠶᠢᠨ ᠣᠷᠣᠨ ᠵᠠᠢ᠎ᠶᠢ ᠨᠡᠪᠲᠡᠷᠡᠯᠴᠡᠭᠦᠯᠦᠨ ᠨᠡᠭᠡᠭᠡᠯᠲᠡ ᠬᠢᠬᠦ ᠪᠠ ᠴᠢᠳᠠᠮᠵᠢ᠎ᠶᠢ ᠥᠷᠭᠡᠳᠬᠡᠬᠦ᠎ᠶᠢ ᠦᠷᠭᠦᠯᠵᠢᠯᠡᠨ ᠠᠬᠢᠭᠤᠯᠤᠭᠰᠠᠨ ᠬᠦᠷᠳᠡᠯ᠎ᠡ ᠁
ᠥᠩᠭᠡᠷᠡᠭᠰᠡᠨ᠎ᠦ 《ᠮᠥᠷᠡᠨ᠎ᠤ ᠡᠷᠬᠢᠳᠦ ᠬᠦᠷᠦᠭᠰᠡᠨᠴᠤ ᠮᠦᠷᠡᠨ ᠬᠡᠮᠡᠨ ᠳᠠᠨᠢᠭᠳᠠᠬᠤ ᠦᠭᠡᠢ》 ᠪᠠᠢᠭᠰᠠᠨ ᠡᠴᠡ ᠤᠳᠤ 《ᠤᠰᠤ ᠵᠢ ᠬᠠᠷᠠᠬᠤ ᠪᠡᠷ ᠪᠠᠷᠠᠬᠤ ᠦᠭᠡᠢ ᠤᠰᠤᠨ᠎ᠳᠦ ᠤᠢᠷᠠᠳᠴᠤ ᠳᠡᠢᠯᠬᠦ》 ᠪᠣᠯᠵᠤ᠂ ᠱᠠᠩᠬᠠᠢ᠎ᠶᠢᠨ 《ᠬᠤᠸᠠᠩ ᠫᠦ ᠵᠢᠶᠠᠩ ᠮᠥᠷᠡᠨ ᠰᠦᠵᠸᠦ ᠭᠣᠣᠯ》 ᠳᠠᠭᠠᠤ ᠱᠤᠭᠤᠮ ᠨᠢ ᠠᠮᠢ ᠠᠬᠤᠢ᠎ᠶᠢᠨ ᠪᠣᠯᠪᠠᠰᠤᠨ᠎ᠤ ᠪᠠᠢᠭᠤᠯᠤᠯᠲᠠ ᠪᠣᠯᠣᠨ ᠪᠣᠬᠢᠷᠲᠤᠯ ᠦᠭᠡᠢ ᠬᠥᠭᠵᠢᠯᠲᠡ᠎ᠶᠢᠨ ᠳᠡᠯᠡᠬᠡᠢ᠎ᠶᠢᠨ ᠲᠡᠰ᠎ᠤᠨ ᠴᠣᠩᠬᠣᠪᠴᠢ ᠪᠣᠯᠵᠤ ᠳᠤᠢᠯᠪᠤᠷᠢᠳᠠᠢ ᠬᠤᠪᠢᠷᠠᠪᠠ᠃ ᠡᠷᠳᠡᠮᠲᠡᠳ ᠡᠴᠡ᠂ ᠡᠢᠮᠦ ᠬᠣᠯᠠ ᠵᠠᠢ᠎ᠶᠢᠨ᠂ ᠶᠡᠬᠡ ᠬᠡᠪᠴᠢᠶᠡᠨ᠎ᠦ ᠤᠰᠤᠨ᠎ᠤ ᠬᠥᠪᠡᠭᠡ ᠡᠷᠬᠢ᠎ᠶᠢᠨ ᠱᠤᠭᠤᠮ᠎ᠢ ᠨᠡᠪᠲᠡᠷᠡᠭᠦᠯᠦᠭᠰᠡᠨ ᠢᠨᠵᠧᠨᠧᠷᠢᠩ ᠪᠣᠯ 《ᠳᠡᠯᠡᠬᠡᠢ ᠳᠡᠭᠡᠷᠡᠬᠢ ᠪᠤᠰᠤᠳ ᠬᠣᠲᠠ᠎ᠳᠤ ᠪᠠᠢᠬᠤ ᠦᠭᠡᠢ ᠶᠤᠮ》 ᠭᠡᠵᠡᠢ᠃
《ᠬᠤᠸᠠᠩ ᠫᠦ ᠵᠢᠶᠠᠩ ᠮᠥᠷᠡᠨ ᠰᠦᠵᠸᠦ ᠭᠣᠣᠯ》 ᠤ᠋ᠨ ᠰᠢᠨ᠎ᠡ ᠠᠮᠢᠯᠠᠯ ᠪᠣᠯ ᠴᠢᠪ ᠬᠡᠮᠡᠨ ᠠᠷᠠᠳ ᠲᠦᠮᠡᠨ᠎ᠦ ᠬᠤᠳᠠ᠎ᠶᠢᠨ ᠣᠢᠯᠠᠭᠠᠭᠳᠠᠬᠤᠨ᠎ᠢ ᠭᠦᠨᠵᠡᠭᠡᠢ ᠦᠢᠯᠡᠳᠦᠯᠭᠡᠵᠢᠭᠦᠯᠵᠦ᠂ 《ᠬᠠᠮᠤᠭ᠎ᠤᠨ ᠰᠠᠢᠨ ᠡᠬᠢ ᠪᠠᠶᠠᠯᠢᠭ᠋᠎ᠢ ᠠᠷᠠᠳ ᠲᠦᠮᠡᠨ᠎ᠳᠦ ᠦᠯᠡᠳᠡᠭᠡᠵᠦ ᠥᠭᠬᠦ》 ᠠᠮᠠᠯᠠᠯᠲᠠ᠎ᠪᠠᠨ ᠪᠡᠶᠡᠯᠡᠭᠦᠯᠦᠭᠰᠡᠨ ᠶᠠᠪᠤᠳᠠᠯ ᠪᠣᠯᠣᠨ᠎ᠠ᠃
ᠠᠷᠠᠳ ᠲᠦᠮᠡᠨ᠎ᠳᠦ ᠪᠤᠶᠠᠨ ᠦᠢᠯᠡᠳᠬᠦ᠎ᠳᠦ ᠠᠯᠤᠰ ᠬᠡᠲᠦ ᠵᠢ ᠪᠣᠳᠣᠯᠬᠢᠯᠠᠬᠤ ᠬᠡᠷᠡᠭᠳᠡᠢ᠃
ᠱᠠᠩᠬᠠᠢ᠎ᠶᠢᠨ ᠪᠠᠢᠳᠠᠯ ᠡᠴᠡ ᠪᠦᠬᠦ ᠤᠯᠤᠰ᠎ᠢ ᠬᠠᠷᠠᠬᠤᠶ᠎ᠠ᠂ ᠶᠡᠬᠡ ᠮᠥᠷᠡᠨ ᠭᠣᠣᠯ᠎ᠦᠨ ᠵᠠᠰᠠᠯᠲᠠ᠂ ᠣᠷᠣᠨ ᠪᠦᠰᠡ᠎ᠶᠢᠨ ᠵᠣᠬᠢᠴᠠᠩᠭᠤᠢ ᠬᠥᠭᠵᠢᠯᠲᠡ᠎ᠶᠢᠨ ᠪᠠᠢᠯᠳᠤᠬᠤ ᠪᠣᠳᠣᠯᠭ᠎ᠠ᠎ᠳᠤ᠂ ᠬᠠᠮᠤᠭ᠎ᠤᠨ ᠥᠷᠭᠡᠨ ᠤᠯᠠᠨ ᠠᠷᠠᠳ ᠲᠦᠮᠡᠨ᠎ᠦ ᠦᠨᠳᠦᠰᠦᠨ ᠠᠰᠢᠭ᠋ ᠲᠤᠰᠠ᠎ᠶᠢ ᠰᠠᠢᠲᠤᠷ ᠪᠡᠶᠡᠯᠡᠭᠦᠯᠬᠦ᠂ ᠰᠠᠢᠲᠤᠷ ᠬᠠᠮᠠᠭᠠᠯᠠᠬᠤ᠂ ᠰᠠᠢᠲᠤᠷ ᠬᠥᠭᠵᠢᠭᠦᠯᠬᠦ ᠤᠷᠢᠳᠠᠴᠢ ᠪᠠᠢᠷᠢᠰᠢᠭᠤᠯᠤᠯᠲᠠ᠂ ᠪᠠᠢᠯᠳᠤᠬᠤ ᠪᠣᠳᠣᠯᠭ᠎ᠠ᠎ᠶᠢᠨ ᠲᠥᠯᠦᠪᠵᠢᠭᠦᠯᠭᠡ ᠠᠭᠤᠯᠤᠭᠳᠠᠵᠤ ᠪᠠᠢᠨ᠎ᠠ᠃
ᠭᠣᠣᠯ ᠮᠥᠷᠡᠨ ᠠᠮᠤᠷ ᠠᠮᠤᠭᠤᠯᠠᠩ ᠪᠠᠢᠬᠤ ᠪᠣᠯ ᠳᠤᠮᠳᠠᠳᠤ᠎ᠶᠢᠨ ᠬᠥᠪᠡᠭᠦᠳ ᠥᠬᠢᠳ᠎ᠦᠨ ᠥᠨᠢ ᠤᠳᠠᠭᠠᠨ ᠵᠢᠯ᠎ᠦᠨ ᠬᠦᠰᠡᠯ ᠡᠷᠡᠮᠡᠯᠵᠡᠯ ᠮᠥᠨ᠃ ᠥᠩᠭᠡᠷᠡᠭᠰᠡᠨ᠎ᠳᠦ᠂ 《〈ᠬᠥᠬᠡᠮᠥ᠋ᠷᠡᠨ ᠡᠪᠡᠳᠴᠢᠬᠡᠯᠡ〉᠂ ᠲᠡᠷᠡ ᠮᠥᠷᠲᠡᠭᠡᠨ ᠬᠦᠨᠳᠦ ᠡᠪᠡᠳᠴᠢᠯᠡᠪᠡ》᠂ 《ᠬᠠᠳᠤᠨ ᠭᠣᠣᠯ ᠶᠡᠷᠦ ᠡᠴᠡ ᠪᠡᠶ᠎ᠡ ᠮᠠᠭᠤ ᠡᠪᠡᠳᠴᠢᠨ ᠤᠯᠠᠨ᠂ ᠤᠰᠤᠨ᠎ᠤ ᠭᠠᠮᠰᠢᠭ᠋ ᠳᠠᠩᠳᠠ ᠡᠭᠦᠰᠳᠡᠭ》 ᠪᠠᠢᠪᠠ᠃
ᠶᠡᠷᠦᠩᠬᠡᠢ ᠱᠦᠵᠢ ᠰᠢ ᠵᠢᠨ ᠫᠢᠩ᠄ 《ᠬᠥᠬᠡᠮᠥ᠋ᠷᠡᠨ᠎ᠦ ᠠᠵᠤ ᠠᠬᠤᠢ᠎ᠶᠢᠨ ᠪᠦᠰᠡ᠎ᠶᠢᠨ ᠬᠥᠭᠵᠢᠯᠲᠡ᠎ᠶᠢᠨ ᠪᠠᠢᠯᠳᠤᠬᠤ ᠪᠣᠳᠣᠯᠭ᠎ᠠ᠎ᠶᠢᠨ ᠳᠠᠷᠠᠭ᠎ᠠ᠂ ᠪᠢᠳᠡ ᠬᠠᠲᠤᠨ ᠭᠣᠣᠯ᠎ᠤᠨ ᠰᠠᠪᠠ ᠭᠠᠵᠠᠷ᠎ᠤᠨ ᠠᠮᠢ ᠠᠬᠤᠢ᠎ᠶᠢᠨ ᠬᠠᠮᠠᠭᠠᠯᠠᠯᠲᠠ ᠪᠠ ᠴᠢᠨᠠᠷ ᠰᠠᠢᠲᠠᠢ ᠬᠥᠭᠵᠢᠯᠲᠡ᠎ᠶᠢᠨ ᠪᠠᠢᠯᠳᠤᠬᠤ ᠪᠣᠳᠣᠯᠭ᠎ᠠ᠎ᠶᠢ ᠳᠤᠷᠠᠳᠴᠤ᠂ ᠤᠯᠤᠰ᠎ᠤᠨ〈ᠮᠥᠷᠡᠨ ᠭᠣᠣᠯ᠎ᠦᠨ ᠪᠠᠢᠯᠳᠤᠬᠤ ᠪᠣᠳᠣᠯᠭ᠎ᠠ〉ᠵᠢ ᠲᠣᠭᠲᠠᠭᠠᠪᠠ》᠃
《ᠬᠠᠮᠳᠤ ᠪᠡᠷ ᠬᠠᠮᠠᠭᠠᠯᠠᠯᠳᠠ ᠵᠢ ᠶᠡᠬᠡᠪᠡᠷ ᠠᠳᠬᠤᠵᠤ᠂ ᠶᠡᠬᠡ ᠬᠡᠪᠴᠢᠶ᠎ᠡ ᠪᠡᠷ ᠨᠡᠭᠡᠭᠡᠨ ᠠᠰᠢᠭᠯᠠᠬᠤ ᠵᠢ ᠳᠡᠪᠴᠢᠬᠦ ᠬᠡᠷᠡᠭᠳᠡᠢ》᠂ ᠠᠷᠪᠠᠨ ᠵᠢᠯ᠎ᠤᠨ ᠳᠤᠷᠰᠢ᠂ ᠬᠥᠬᠡᠮᠥ᠋ᠷᠡᠨ᠎ᠦ ᠠᠵᠤ ᠠᠬᠤᠢ᠎ᠶᠢᠨ ᠪᠦᠰᠡ᠎ᠶᠢᠨ ᠰᠢᠯᠢᠳᠡᠭ ᠤᠰᠤᠨ᠎ᠤ ᠴᠢᠨᠠᠷ᠎ᠤᠨ ᠬᠠᠷᠢᠴᠠᠯ 67 % ᠪᠠᠢᠭᠰᠠᠨ ᠡᠴᠡ᠎ᠪᠠᠨ ᠳᠡᠭᠡᠭᠰᠢᠯᠡᠭᠡᠳ 96.5 % ᠪᠣᠯᠪᠠ᠃ ᠤᠰᠤᠨ ᠤ᠋ ᠬᠡᠮᠵᠢᠶ᠎ᠡ ᠪᠡᠷ ᠬᠤᠲᠠ᠎ᠶᠢᠨ ᠪᠦᠳᠦᠭᠡᠨ ᠪᠠᠢᠭᠤᠯᠤᠯᠳᠠ ᠪᠠᠨ ᠲᠣᠭᠲᠠᠭᠠᠵᠤ᠂ ᠤᠰᠤᠨ ᠤ᠋ ᠬᠡᠮᠵᠢᠶ᠎ᠡ ᠪᠡᠷ ᠭᠠᠵᠠᠷ ᠳᠠᠷᠢᠶ᠎ᠠ ᠪᠠᠨ ᠲᠣᠭᠲᠠᠭᠠᠵᠤ᠂ ᠤᠰᠤᠨ ᠤ᠋ ᠬᠡᠮᠵᠢᠶ᠎ᠡ ᠪᠡᠷ ᠬᠥᠮᠥᠨ ᠠᠮᠠ᠎ᠶᠢᠨ ᠳᠠᠭᠠᠭᠠᠴᠠ ᠵᠢ ᠲᠣᠭᠲᠠᠭᠠᠵᠤ᠂ ᠤᠰᠤᠨ ᠤ᠋ ᠬᠡᠮᠵᠢᠶ᠎ᠡ ᠪᠡᠷ ᠦᠢᠯᠡᠳᠪᠦᠷᠢᠯᠡᠯ᠎ᠢᠶᠡᠨ ᠲᠣᠭᠲᠠᠭᠠᠵᠤ᠂ ᠬᠥᠮᠥᠨ ᠠᠮᠠ᠂ ᠬᠤᠲᠠ ᠪᠠ ᠠᠵᠤ ᠦᠢᠯᠡᠰ᠎ᠦᠨ ᠬᠥᠭᠵᠢᠯᠲᠡ᠎ᠶᠢ ᠵᠦᠢ ᠵᠣᠬᠢᠰᠲᠠᠢ ᠲᠥᠯᠥᠪᠵᠢᠭᠦᠯᠵᠦ᠂ ᠭᠠᠵᠠᠷ ᠣᠷᠣᠨ᠎ᠤ ᠦᠢᠯᠡᠳᠪᠦᠷᠢᠯᠡᠯ᠎ᠦᠨ ᠶᠡᠷᠦᠩᠬᠡᠢ ᠦᠷᠲᠡᠭ᠎ᠢ ᠨᠢᠭᠡ ᠳᠠᠬᠢᠨ ᠢᠯᠡᠭᠦᠦ ᠨᠡᠮᠡᠭᠳᠡᠭᠦᠯᠵᠦ᠂ ᠪᠦᠬᠦ ᠤᠯᠤᠰ᠎ᠲᠤ ᠡᠵᠡᠯᠡᠬᠦ ᠬᠤᠪᠢ᠎ᠶᠢᠨ ᠵᠢᠩ᠎ᠢ 42.2 % ᠪᠠᠢᠭᠰᠠᠨ ᠡᠴᠡ 47.3 % ᠪᠣᠯᠲᠠᠯ᠎ᠠ ᠳᠡᠭᠡᠭᠰᠢᠯᠡᠭᠦᠯᠪᠡ᠃
《ᠬᠠᠳᠤᠨ ᠭᠣᠣᠯ᠎ᠢ ᠠᠷᠠᠳ ᠲᠦᠮᠡᠨ᠎ᠳᠦ ᠪᠤᠶᠠᠨ ᠦᠢᠯᠡᠳᠬᠦ ᠵᠣᠯ ᠵᠢᠷᠭᠠᠯ᠎ᠤᠨ ᠭᠣᠣᠯ ᠪᠣᠯᠭᠠᠬᠤ᠎ᠪᠠᠷ ᠴᠢᠷᠮᠠᠢᠵᠤ》᠂ ᠬᠠᠳᠤᠨ ᠭᠣᠣᠯ᠎ᠤᠨ ᠶᠡᠬᠡ ᠳᠤᠬᠤᠢ ᠤᠷᠤᠨ ᠤ᠋ ᠪᠣᠭᠣᠮᠲᠠ ᠰᠢᠪᠲᠤᠯᠬᠤ ᠳᠠᠢᠯᠠᠯᠳᠤᠭᠠᠨ᠎ᠢ ᠰᠠᠢᠲᠤᠷ ᠬᠢᠵᠦ᠂ ᠠᠭᠤᠯᠠ ᠤᠰᠤ ᠣᠢ ᠮᠣᠳᠣ᠌ ᠭᠠᠵᠠᠷ ᠲᠠᠷᠢᠶ᠎ᠠ ᠨᠠᠭᠤᠷ ᠪᠦᠷᠢᠳᠦ ᠨᠤᠲᠤᠭ ᠪᠡᠯᠴᠢᠭᠡᠷ ᠡᠯᠡᠰᠦ ᠮᠠᠩᠬ᠎ᠠ᠎ᠶᠢ ᠬᠠᠮᠠᠭᠠᠯᠠᠬᠤ ᠪᠠ ᠵᠠᠰᠠᠬᠤ᠎ᠶᠢ ᠨᠢᠭᠡ ᠴᠣᠭᠴᠠᠵᠢᠭᠤᠯᠤᠨ ᠠᠬᠢᠭᠤᠯᠵᠤ᠂ ᠠᠮᠢ ᠠᠬᠤᠢ᠎ᠶᠢᠨ ᠬᠠᠯᠬᠠᠪᠴᠢ᠎ᠶᠢ ᠪᠡᠬᠢᠵᠢᠭᠦᠯᠪᠡ᠃
ᠥᠨᠥᠳᠥᠷ᠎ᠦᠨ ᠳᠤᠮᠳᠠᠳᠤ ᠤᠯᠤᠰ᠎ᠲᠤ᠂ ᠦᠢᠯᠡᠳᠪᠦᠷᠢᠯᠡᠯ᠎ᠦᠨ ᠣᠷᠣᠨ ᠵᠠᠢ᠂ ᠠᠮᠢᠳᠤᠷᠠᠯ᠎ᠤᠨ ᠣᠷᠣᠨ ᠵᠠᠢ᠂ ᠠᠮᠢ ᠠᠬᠤᠢ᠎ᠶᠢᠨ ᠣᠷᠣᠨ ᠵᠠᠢ ᠬᠠᠷᠢᠯᠴᠠᠨ ᠠᠰᠢᠭ᠍ᠲᠠᠢ ᠬᠠᠮᠲᠤ᠎ᠪᠠᠷ ᠴᠡᠴᠡᠭᠯᠡᠨ ᠬᠥᠭᠵᠢᠵᠦ᠂ ᠤᠰᠤ ᠬᠢᠭᠡᠳ ᠬᠥᠮᠥᠨ᠂ ᠤᠰᠤ ᠬᠢᠭᠡᠳ ᠬᠤᠳᠠ᠂ ᠬᠥᠮᠥᠨ ᠬᠢᠭᠡᠳ ᠪᠠᠢᠭᠠᠯᠢ ᠡᠶ᠎ᠡ ᠵᠣᠬᠢᠴᠠᠯ᠎ᠲᠠᠢ᠎ᠪᠠᠷ ᠬᠠᠮᠲᠤ ᠣᠷᠣᠰᠢᠵᠤ ᠁ 《ᠮᠥᠷᠡᠨ ᠭᠣᠣᠯ᠎ᠦᠨ ᠪᠠᠢᠯᠳᠤᠬᠤ ᠪᠣᠳᠣᠯᠭ᠎ᠠ》 ᠨᠢ ᠨᠢᠭᠡ ᠯᠡ ᠮᠥᠷᠡᠨ᠂ ᠨᠢᠭᠡ ᠯᠡ ᠭᠣᠣᠯ᠎ᠤᠨ ᠲᠦᠯᠦᠭᠡ ᠪᠢᠰᠢ᠂ ᠨᠡᠩ ᠴᠤ᠌ ᠠᠷᠠᠳ ᠤᠯᠠᠨ ᠵᠣᠯ ᠵᠢᠷᠭᠠᠯ᠎ᠲᠠᠢ ᠠᠮᠤᠷ ᠠᠮᠤᠭᠤᠯᠠᠩ ᠠᠮᠢᠳᠤᠷᠠᠵᠤ᠂ ᠳᠤᠮᠳᠠᠳᠤ᠎ᠶᠢᠨ ᠦᠨᠳᠦᠰᠦᠲᠡᠨ ᠥᠨᠢ ᠡᠭᠦᠷᠢᠳᠡ ᠦᠷᠭᠦᠯᠵᠢᠯᠡᠨ ᠬᠥᠭᠵᠢᠬᠦ᠎ᠶᠢ ᠡᠷᠢᠯᠬᠢᠯᠡᠭᠰᠡᠨ ᠶᠤᠮ᠃
《ᠡᠪ ᠬᠠᠮᠲᠤ ᠨᠠᠮ ᠭᠡᠭᠴᠢ ᠶᠠᠭᠤ ᠬᠢᠳᠡᠭ ᠪᠤᠢ? ᠠᠷᠠᠳ ᠲᠦᠮᠡᠨ᠎ᠳᠦ ᠦᠢᠯᠡᠴᠢᠯᠡᠵᠦ᠂ ᠳᠤᠮᠳᠠᠳᠤ᠎ᠶᠢᠨ ᠦᠨᠳᠦᠰᠦᠲᠡᠨ᠎ᠦ ᠰᠡᠷᠭᠦᠨ ᠮᠠᠨᠳᠤᠯᠲᠠ ᠵᠢ ᠪᠡᠶᠡᠯᠡᠬᠦᠯᠬᠦ ᠵᠢ ᠵᠤᠷᠢᠳᠠᠭ ᠶᠤᠮ᠂ ᠡᠢᠮᠦ᠎ᠡᠴᠡ ᠪᠢᠳᠡ ᠠᠯᠢ ᠠᠯᠢ ᠶᠠᠪᠤᠳᠠᠯ᠎ᠢ ᠰᠠᠢᠲᠤᠷ ᠬᠢᠬᠦ᠂ ᠠᠯᠢ ᠠᠯᠢ ᠶᠠᠪᠤᠳᠠᠯ᠎ᠢ ᠡᠷᠬᠡᠪᠰᠢ ᠠᠯᠬᠤᠴᠠ᠎ᠪᠠᠨ ᠲᠦᠷᠭᠡᠳᠬᠡᠨ ᠰᠠᠢᠲᠤᠷ ᠬᠢᠬᠦ ᠬᠡᠷᠡᠭᠲᠡᠢ ᠪᠠᠢᠬᠤ᠎ᠶᠢ ᠲᠠᠰᠤᠷᠠᠯᠳᠠ ᠦᠭᠡᠢ ᠠᠩᠬᠠᠷᠬᠤ ᠬᠡᠷᠡᠭᠲᠡᠢ 》᠃
《ᠠᠷᠪᠠᠨ ᠳᠥᠷᠪᠡᠳᠦᠭᠡᠷ ᠲᠠᠪᠤᠨ ᠵᠢᠯ》 ᠡᠴᠡ ᠨᠠᠭᠠᠰᠢ᠂ ᠲᠤᠤᠾᠧ ᠭᠣᠣᠯ᠎ᠤᠨ ᠤᠰᠤ᠎ᠶᠢ ᠲᠠᠲᠠᠵᠤ ᠤᠰᠤ ᠬᠠᠩᠭᠠᠬᠤ ᠢᠨᠵᠧᠨᠧᠷᠢᠩ᠎ᠢᠶᠡᠷ ᠳᠠᠮᠵᠢᠨ 600 ᠲᠦᠮᠡ ᠰᠢᠬᠠᠮ ᠤᠯᠠᠨ ᠲᠦᠮᠡᠨ᠎ᠳᠦ ᠠᠷᠢᠭᠤᠨ ᠴᠡᠪᠡᠷ ᠰᠢᠬᠢᠷᠯᠢᠭ ᠲᠤᠤᠾᠧ ᠭᠣᠣᠯ᠎ᠤᠨ ᠤᠰᠤ ᠵᠢ ᠤᠤᠭᠤᠯᠭᠠᠭᠰᠠᠨ ᠡᠴᠡ᠂ ᠮᠥᠷᠡᠨ᠎ᠳᠦ ᠨᠡᠪᠲᠡᠷᠡᠵᠦ ᠲᠠᠯᠠᠢ᠎ᠳᠦ ᠬᠦᠷᠬᠦ ᠫᠢᠩ ᠲᠠᠩ ᠵᠢᠶᠠᠩ ᠪᠠ ᠯᠤ᠌ ᠡᠦ ᠵᠸᠨ ᠪᠠᠯᠭᠠᠰᠤᠨ ᠤ᠋ ᠲᠠᠲᠠᠮᠠᠯ ᠭᠣᠣᠯ ᠨᠢ ᠦᠢᠯᠡᠳᠪᠦᠷᠢᠯᠡᠯ᠎ᠢ ᠬᠥᠭᠵᠢᠭᠦᠯᠵᠦ ᠠᠷᠠᠳ᠎ᠢ ᠪᠠᠶᠠᠵᠢᠭᠤᠯᠬᠤ 《ᠵᠣᠯ ᠵᠢᠷᠭᠠᠯ᠎ᠤᠨ ᠭᠣᠣᠯ》 ᠪᠤᠯᠤᠭᠰᠠᠨ ᠬᠦᠷᠳᠡᠯ᠎ᠡ᠂ ᠲᠠᠬᠢᠭᠠᠳ ᠳᠡᠯᠡᠬᠡᠢ ᠳᠡᠭᠡᠷᠡᠬᠢ ᠬᠡᠪᠴᠢᠶ᠎ᠡ᠎ᠪᠡᠷ ᠬᠠᠮᠤᠭ᠎ᠤᠨ ᠶᠡᠬᠡ᠂ ᠴᠢᠳᠠᠮᠵᠢ᠎ᠪᠠᠷ ᠬᠠᠮᠤᠭ᠎ᠤᠨ ᠪᠦᠷᠢᠨ᠂ ᠠᠰᠢᠭ ᠬᠦᠷᠳᠡᠭᠰᠡᠨ ᠬᠥᠮᠥᠨ ᠠᠮᠠ ᠬᠠᠮᠤᠭ᠎ᠤᠨ ᠤᠯᠠᠨ ᠤᠰᠤᠨ ᠠᠰᠢᠭ᠍ᠯᠠᠯᠲᠠ᠎ᠶᠢᠨ ᠰᠠᠭᠤᠷᠢ ᠲᠥᠬᠦᠭᠡᠷᠦᠮᠵᠢ᠎ᠶᠢᠨ ᠰᠢᠰᠲᠧᠮ᠎ᠢ ᠪᠦᠷᠢᠯᠳᠦᠭᠦᠯᠦᠭᠰᠡᠨ ᠬᠦᠷᠳᠡᠯ᠎ᠡ ᠁
ᠳᠤᠰᠤᠯ ᠤᠰᠤ ᠳᠣᠯᠭᠢᠶᠠᠯᠠᠨ ᠤᠷᠤᠰᠴᠤ᠂ ᠡᠬᠡᠯ ᠠᠷᠠᠳ᠎ᠢ ᠤᠮᠳᠠᠯᠠᠨ᠂ ᠤᠭ ᠰᠠᠨᠠᠭ᠎ᠠ ᠦᠯᠦ ᠬᠤᠪᠢᠷᠠᠨ᠎ᠠ᠃
ᠳᠡᠯᠡᠬᠡᠢ ᠳᠡᠭᠡᠷᠡᠬᠢ ᠠᠳᠠᠯᠢ ᠪᠤᠰᠤ ᠲᠦᠷᠦ᠎ᠶᠢᠨ ᠨᠠᠮ᠎ᠤᠨ ᠬᠥᠭᠡᠭᠡᠴᠡᠯᠳᠦᠯ ᠨᠢ ᠮᠠᠰᠢ ᠠᠳᠠᠯᠢ ᠪᠤᠰᠤ ᠪᠠᠢᠳᠠᠭ᠂ ᠡᠭᠦᠨ᠎ᠳᠦ ᠠᠷᠠᠳ ᠤᠯᠠᠨ᠎ᠳᠤ ᠠᠰᠢᠭ᠋ ᠲᠤᠰᠠ ᠣᠯᠭᠣᠬᠤ ᠲᠦᠷᠦ᠎ᠶᠢᠨ ᠨᠠᠮ ᠴᠤ᠌ ᠮᠠᠰᠢ ᠤᠯᠠᠨ ᠪᠠᠢᠳᠠᠭ᠂ ᠶᠠᠭᠠᠬᠢᠭᠠᠳ ᠭᠠᠭᠴᠠ ᠬᠦ᠌ ᠳᠤᠮᠳᠠᠳᠤ ᠤᠯᠤᠰ᠎ᠤᠨ ᠡᠪ ᠬᠠᠮᠲᠤ ᠨᠠᠮ ᠯᠠ ᠠᠷᠠᠳ ᠲᠦᠮᠡᠨ᠎ᠳᠦ ᠲᠡᠦᠬᠡᠲᠦ ᠴᠢᠨᠠᠷᠲᠠᠢ ᠬᠤᠪᠢᠷᠠᠯᠲᠠ ᠵᠢ ᠠᠪᠴᠢᠷᠠᠨ ᠦᠭᠴᠦ᠂ ᠠᠷᠠᠳ ᠲᠦᠮᠡᠨ᠎ᠢ ᠳᠠᠭᠠᠭᠤᠯᠤᠨ ᠲᠤᠤᠯᠢᠰ ᠮᠡᠲᠦ ᠲᠠᠪᠰᠢᠯᠳᠠ ᠤᠯᠤᠭᠰᠠᠨ ᠪᠤᠢ?
《ᠪᠦᠬᠦ ᠰᠡᠳᠬᠢᠯ ᠪᠦᠬᠦ ᠵᠣᠷᠢᠭ᠋》 《ᠪᠦᠬᠦ ᠠᠷᠠᠳ ᠲᠦᠮᠡᠨ》 ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠢ ᠣᠢᠯᠠᠭᠠᠬᠤ ᠲᠦᠯᠬᠢᠭᠦᠷ ᠮᠥᠨ᠃
《ᠠᠯᠢᠪᠠ ᠪᠦᠬᠦᠨ ᠠᠷᠠᠳ ᠲᠦᠮᠡᠨ᠎ᠦ ᠲᠥᠯᠥᠭᠡ᠂ ᠠᠯᠢᠪᠠ ᠪᠦᠬᠦᠨ ᠠᠷᠠᠳ ᠲᠦᠮᠡᠨ᠎ᠳᠦ ᠲᠦᠰᠢᠭᠯᠡᠬᠦ ᠵᠢ ᠪᠠᠷᠢᠮᠲᠠᠯᠠᠵᠤ᠂ ᠠᠷᠠᠳ ᠲᠦᠮᠡᠨ᠎ᠦ ᠲᠥᠯᠥᠭᠡ ᠲᠦᠷᠦ ᠪᠠᠷᠢᠬᠤ᠂ ᠠᠷᠠᠳ ᠲᠦᠮᠡᠨ᠎ᠳᠦ ᠲᠦᠰᠢᠭᠯᠡᠨ ᠲᠦᠷᠦ ᠪᠠᠷᠢᠬᠤ᠎ᠶᠢ ᠪᠠᠷᠢᠮᠲᠠᠯᠠᠵᠤ᠂ ᠬᠥᠭᠵᠢᠯᠳᠡ ᠨᠢ ᠠᠷᠠᠳ ᠲᠦᠮᠡᠨ᠎ᠦ ᠲᠥᠯᠥᠭᠡ᠂ ᠬᠥᠭᠵᠢᠯᠳᠡ᠎ᠳᠦ ᠠᠷᠠᠳ ᠲᠦᠮᠡᠨ᠎ᠢ ᠲᠦᠰᠢᠭᠯᠡᠬᠦ᠂ ᠬᠥᠭᠵᠢᠯᠲᠡ᠎ᠶᠢᠨ ᠦᠷ᠎ᠡ ᠪᠦᠲᠦᠭᠡᠯ᠎ᠢ ᠠᠷᠠᠳ ᠲᠦᠮᠡᠨ᠎ᠳᠦ ᠬᠠᠮᠲᠤ᠎ᠪᠠᠷ ᠡᠳ᠋ᠯᠡᠭᠦᠯᠬᠦ᠎ᠶᠢ ᠪᠠᠷᠢᠮᠲᠠᠯᠠᠵᠤ᠂ ᠪᠦᠬᠦ ᠠᠷᠠᠳ ᠲᠦᠮᠡᠨ ᠬᠠᠮᠲᠤ᠎ᠪᠠᠷ ᠴᠢᠨᠡᠭᠡᠯᠢᠭᠵᠢᠬᠦ ᠵᠠᠮ᠎ᠢᠶᠠᠷ ᠡᠷᠡᠰ ᠭᠤᠢᠪᠢᠰᠢ ᠦᠭᠡᠢ ᠵᠠᠮᠨᠠᠬᠤ ᠬᠡᠷᠡᠭᠲᠡᠢ》;
《ᠡᠳ᠋ ᠪᠣᠳᠠᠰ ᠡᠯᠪᠡᠭ ᠳᠡᠯᠪᠡᠭ ᠪᠠᠢᠬᠤ ᠬᠡᠷᠡᠭᠲᠡᠢ ᠮᠥᠷᠲᠡᠭᠡᠨ ᠪᠠᠰᠠ ᠤᠶᠤᠨ ᠰᠠᠨᠠᠭ᠎ᠠ ᠡᠯᠪᠡᠭ ᠪᠠᠶᠠᠯᠢᠭ᠋ ᠪᠠᠢᠬᠤ ᠬᠡᠷᠡᠭᠲᠡᠢ》 《ᠪᠦᠬᠦ ᠠᠷᠠᠳ ᠲᠦᠮᠡᠨ᠎ᠦ ᠲᠡᠦᠬᠡ᠎ᠶᠢᠨ ᠰᠠᠨᠠᠭᠠᠴᠢᠯᠠᠭᠠᠲᠤ ᠵᠣᠷᠢᠭ᠋ ᠰᠠᠨᠠᠭ᠎ᠠ᠎ᠶᠢ ᠭᠦᠢᠴᠡᠳ ᠬᠥᠭᠵᠢᠭᠡᠬᠦ ᠬᠡᠷᠡᠭᠲᠡᠢ》᠃
ᠠᠷᠠᠳ ᠲᠦᠮᠡᠨ ᠪᠣᠯ ᠲᠡᠦᠬᠡ᠎ᠶᠢ ᠡᠭᠦᠳᠦᠨ ᠪᠦᠲᠦᠭᠡᠬᠦ ᠦᠨᠳᠦᠰᠦᠨ ᠬᠥᠳᠡᠯᠭᠡᠭᠴᠢ ᠬᠦᠴᠦᠨ ᠮᠥᠨ᠂ ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ᠎ᠶᠢᠨ ᠭᠤᠤᠯ ᠴᠣᠭᠴᠠ ᠮᠥᠨ᠃
ᠠᠷᠠᠳ ᠲᠦᠮᠡᠨ᠎ᠦ ᠰᠠᠢᠨ ᠰᠠᠢᠬᠠᠨ ᠠᠮᠢᠳᠤᠷᠠᠯ᠎ᠤᠨ ᠲᠤᠬᠠᠢ ᠬᠦᠰᠡᠯ ᠡᠷᠡᠮᠡᠯᠵᠡᠯ᠎ᠢᠶᠡᠷ ᠲᠡᠮᠡᠴᠡᠬᠦ ᠬᠠᠷᠠᠯᠲᠠ᠎ᠪᠠᠨ ᠪᠣᠯᠭᠠᠵᠤ᠂ ᠣᠳᠣᠬᠢᠴᠢᠯᠠᠯᠳᠠ᠎ᠶᠢᠨ ᠪᠦᠲᠦᠭᠡᠨ ᠪᠠᠢᠭᠤᠯᠤᠯᠲᠠ᠎ᠶᠢᠨ ᠦᠷ᠎ᠡ ᠪᠦᠲᠦᠭᠡᠯ᠎ᠢ ᠪᠦᠬᠦ ᠠᠷᠠᠳ ᠲᠦᠮᠡᠨ᠎ᠳᠦ ᠨᠡᠩ ᠤᠯᠠᠨ ᠨᠡᠩ ᠡᠷᠬᠡ ᠲᠡᠭᠰᠢ᠎ᠪᠡᠷ ᠬᠦᠷᠲᠡᠭᠡᠵᠦ᠂ ᠨᠠᠮ᠎ᠤᠨ ᠤᠳᠤᠷᠢᠳᠤᠯᠭ᠎ᠠ ᠨᠢ ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ᠎ᠶᠢ ᠪᠦᠲᠦᠭᠡᠨ ᠪᠠᠶ᠋ᠢᠭᠤᠯᠬᠤ ᠰᠦᠷ ᠳᠠᠯᠠᠢᠴᠠᠲᠠᠢ ᠬᠦᠴᠦᠨ᠎ᠢ ᠨᠢᠭ᠍ᠲᠠᠷᠠᠭᠤᠯᠪᠠ᠃
ᠣᠳᠣᠬᠢᠴᠢᠯᠠᠯᠲᠠ᠎ᠶᠢᠨ ᠵᠠᠮ᠎ᠢᠶᠠᠷ ᠡᠴᠦᠰ ᠳᠡᠭᠡᠨ ᠶᠠᠪᠤᠵᠤ ᠳᠡᠶ᠋ᠢᠯᠬᠦ ᠡᠰᠡᠬᠦ᠂ ᠳᠤᠭᠳᠠᠭᠤᠨ ᠠᠶᠠᠯᠠᠵᠤ ᠳᠡᠶ᠋ᠢᠯᠬᠦ ᠡᠰᠡᠬᠦ᠎ᠶᠢᠨ ᠵᠠᠩᠭᠢᠯᠠᠭ᠎ᠠ ᠨᠢ ᠠᠷᠠᠳ ᠲᠦᠮᠡᠨ᠎ᠢᠶᠡᠷ ᠭᠣᠣᠯ ᠪᠣᠯᠭᠠᠬᠤ᠎ᠶᠢ ᠪᠠᠷᠢᠮᠲᠠᠯᠠᠭᠰᠠᠨ ᠡᠰᠡᠬᠦ᠎ᠳᠦ ᠪᠠᠢᠨ᠎ᠠ᠃
2023 ᠣᠨ᠎ᠤ 3 ᠰᠠᠷ᠎ᠠ᠎ᠳᠤ᠂ ᠳᠤᠮᠳᠠᠳᠤ ᠤᠯᠤᠰ᠎ᠤᠨ ᠡᠪ ᠬᠠᠮᠲᠤ ᠨᠠᠮ ᠪᠣᠯᠣᠨ ᠳᠡᠯᠡᠬᠡᠢ᠎ᠶᠢᠨ ᠲᠦᠷᠦ᠎ᠶᠢᠨ ᠨᠠᠮ ᠯᠤᠭ᠎ᠠ᠎ᠶᠢᠨ ᠳᠡᠭᠡᠳᠦ ᠲᠡᠰ᠎ᠤᠨ ᠶᠠᠷᠢᠯᠴᠠᠭ᠎ᠠ᠎ᠶᠢᠨ ᠬᠤᠷᠠᠯ ᠳᠡᠭᠡᠷ᠎ᠡ᠂ ᠶᠡᠷᠦᠩᠬᠡᠢ ᠱᠦᠵᠢ ᠰᠢ ᠵᠢᠨ ᠫᠢᠩ᠄ 《ᠪᠢᠳᠠ ᠠᠷᠠᠳ ᠲᠦᠮᠡᠨ᠎ᠢ ᠳᠡᠭᠡᠳᠦᠯᠡᠬᠦ ᠣᠢᠯᠠᠭᠠᠭᠳᠠᠬᠤᠨ᠎ᠢ ᠪᠠᠲᠤ ᠰᠠᠬᠢᠵᠤ᠂ ᠣᠳᠣᠬᠢᠴᠢᠯᠠᠯᠲᠠ᠎ᠶᠢᠨ ᠴᠢᠭᠯᠡᠯ᠎ᠦᠨ ᠠᠷᠠᠳᠴᠢ ᠴᠢᠨᠠᠷ᠎ᠢ ᠲᠤᠪᠤᠢ᠍ᠢᠯᠭᠠᠬᠤ ᠬᠡᠷᠡᠭᠲᠡᠢ》 ᠭᠡᠵᠦ ᠵᠢᠭᠠᠵᠤ ᠭᠠᠷᠭᠠᠪᠠ᠃
《ᠳᠤᠮᠳᠠᠳᠤ ᠤᠯᠤᠰ᠎ᠤᠨ ᠵᠠᠰᠠᠯᠲᠠ᠎ᠶᠢᠨ ᠵᠠᠭᠪᠤᠷ ᠨᠢ ᠠᠷᠠᠳ ᠲᠦᠮᠡᠨ᠎ᠢᠶᠡᠷ ᠭᠣᠣᠯ ᠪᠣᠯᠭᠠᠵᠤ᠂ ᠪᠠᠢᠯᠳᠤᠬᠤ ᠪᠣᠳᠣᠯᠭ᠎ᠠ᠎ᠶᠢᠨ ᠠᠯᠤᠰ᠎ᠤᠨ ᠬᠠᠷᠠᠴᠠ᠎ᠲᠠᠢ ᠪᠠᠢᠵᠤ᠂ ᠡᠯ᠎ᠡ ᠤᠯᠤᠰ᠎ᠤᠨ ᠬᠢᠨ᠎ᠦ ᠨᠠᠷᠢᠨ ᠪᠤᠳᠤᠯᠢᠶᠠᠨᠲᠠᠢ ᠪᠦᠬᠦ ᠪᠥᠮᠪᠥᠷᠴᠡᠭ᠎ᠦᠨ ᠥᠷᠢᠰᠦᠯᠳᠦᠭᠡᠨ᠎ᠢ ᠠᠷᠭᠠᠴᠠᠭᠠᠬᠤ᠎ᠳᠤ ᠬᠥᠮᠥᠰ᠎ᠢ ᠪᠢᠰᠢᠷᠡᠭᠦᠯᠦᠮ᠎ᠡ ᠦᠯᠢᠭᠡᠷ ᠵᠢᠱ᠌ᠢᠶ᠎ᠡ ᠬᠠᠩᠭᠠᠪᠠ》 ᠭᠡᠵᠦ ᠬᠠᠩᠭᠠᠷᠢ᠎ᠶᠢᠨ ᠠᠵᠢᠯᠴᠢᠨ᠎ᠤ ᠨᠠᠮ᠎ᠤᠨ ᠲᠡᠷᠢᠭᠦᠯᠡᠭᠴᠢ ᠲᠢᠯᠮᠸᠷ·ᠵᠢᠯᠣ᠋ ᠦᠵᠡᠪᠡ᠃
《ᠲᠦᠷᠦ ᠭᠦᠷᠦᠨ ᠪᠣᠯ ᠠᠷᠠᠳ ᠲᠦᠮᠡᠨ ᠮᠦᠨ᠂ ᠠᠷᠠᠳ ᠲᠦᠮᠡᠨ ᠪᠣᠯ ᠲᠦᠷᠦ ᠭᠦᠷᠦᠨ ᠮᠥᠨ》᠂ ᠡᠨᠡ ᠪᠣᠯ ᠳᠤᠮᠳᠠᠳᠤ ᠤᠯᠤᠰ᠎ᠤᠨ ᠡᠪ ᠬᠠᠮᠲᠤᠴᠤᠳ᠎ᠤᠨ ᠯᠣᠭᠢᠭ᠋᠎ᠤᠨ ᠡᠬᠢᠯᠡᠯᠲᠡ ᠮᠥᠨ᠂ ᠪᠠᠰᠠ ᠴᠤ᠌ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠳᠡᠯᠡᠬᠡᠢ ᠳ᠋ᠠᠬᠢᠨ᠎ᠳᠤ ᠣᠯᠭᠣᠭᠰᠠᠨ ᠴᠢᠬᠤᠯᠠ ᠰᠡᠩᠬᠡᠷᠡᠭᠦᠯᠦᠯ ᠮᠥᠨ᠃
(ᠳᠥᠷᠪᠡ)
ᠳᠤᠮᠳᠠᠳᠤ᠎ᠶᠢᠨ ᠦᠨᠳᠦᠰᠦᠲᠡᠨ᠎ᠦ ᠰᠡᠷᠭᠦᠨ ᠮᠠᠨᠳᠤᠯᠲᠠ᠎ᠶᠢ ᠪᠡᠶᠡᠯᠡᠭᠦᠯᠬᠦ᠎ᠶᠢᠨ ᠲᠥᠯᠥᠭᠡ᠂ ᠳᠤᠮᠳᠠᠳᠤ ᠤᠯᠤᠰ᠎ᠤᠨ ᠡᠪ ᠬᠠᠮᠲᠤ ᠨᠠᠮ ᠠᠷᠠᠳ ᠲᠦᠮᠡᠨ᠎ᠢ ᠤᠳᠤᠷᠢᠳᠤᠨ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠭᠡᠬᠦ ᠴᠤᠷ᠎ᠤᠨ ᠭᠠᠭᠴᠠ ᠵᠥᠪ ᠵᠠᠮ᠎ᠢ ᠠᠮᠵᠢᠯᠲᠠ᠎ᠲᠠᠢ ᠨᠡᠭᠡᠭᠡᠵᠦ᠂ ᠳᠤᠮᠳᠠᠳᠤ᠎ᠶᠢᠨ ᠦᠨᠳᠦᠰᠦᠲᠡᠨ᠎ᠦ ᠬᠣᠷᠢᠭ᠍ᠯᠠᠭᠳᠠᠰᠢ ᠦᠭᠡᠢ ᠰᠦᠷ ᠬᠦᠴᠦᠳᠤ ᠠᠯᠬᠤᠭ᠎ᠠ᠎ᠪᠠᠷ ᠠᠭᠤᠤ ᠶᠡᠬᠡ ᠰᠡᠷᠭᠦᠨ ᠮᠠᠨᠳᠤᠯᠲᠠ ᠲᠡᠢᠰᠢ ᠤᠷᠤᠭᠰᠢᠯᠠᠬᠤ᠎ᠶᠢ ᠠᠬᠢᠭᠤᠯᠵᠤ᠂ ᠳᠡᠯᠡᠬᠡᠢ ᠶᠢᠷᠳᠢᠨᠴᠤ᠎ᠶᠢᠨ ᠵᠠᠭᠤᠨ ᠵᠢᠯ᠎ᠳᠦ ᠳᠤᠬᠢᠶᠠᠯᠳᠤᠭ᠎ᠠ ᠦᠭᠡᠢ ᠬᠤᠪᠢᠰᠤᠯᠲᠠ᠎ᠶᠢᠨ ᠬᠠᠨᠳᠤᠰᠢ᠎ᠶᠢ ᠨᠥᠯᠥᠭᠡᠯᠡᠬᠦ ᠵᠠᠩᠭᠢᠯᠠᠭ᠎ᠠ᠎ᠶᠢᠨ ᠡᠯᠧᠮᠧᠨ᠋ᠲ ᠪᠣᠯᠵᠠᠢ᠃
ᠶᠡᠷᠦᠩᠬᠡᠢ ᠱᠦᠵᠢ ᠰᠢ ᠵᠢᠨ ᠫᠢᠩ᠄ 《1840 ᠣᠨ᠎ᠤ ᠬᠠᠷ᠎ᠠ ᠲᠠᠮᠠᠬᠢ᠎ᠶᠢᠨ ᠲᠠᠢ᠍ᠢᠨ᠎ᠦ ᠲᠠᠷᠠᠭ᠎ᠠ᠂ ᠳᠤᠮᠳᠠᠳᠤ᠎ᠶᠢᠨ ᠦᠨᠳᠦᠰᠦᠲᠡᠨ ᠪᠠᠰᠠ ᠬᠡᠳᠦᠨ ᠵᠠᠭᠤᠨ ᠵᠢᠯ᠎ᠳᠦ ᠲᠣᠬᠢᠶᠠᠯᠳᠤᠭ᠎ᠠ ᠦᠭᠡᠢ ᠶᠡᠬᠡ ᠬᠤᠪᠢᠰᠤᠯᠲᠠ᠎ᠶᠢ ᠥᠩᠭᠡᠷᠡᠭᠦᠯᠵᠦ᠂ ᠲᠡᠭᠦᠨ᠎ᠡᠴᠡ ᠬᠣᠢᠰᠢ ᠮᠠᠨ᠎ᠤ ᠤᠯᠤᠰ᠎ᠤᠨ ᠪᠠᠢᠳᠠᠯ ᠡᠳᠦᠷ᠎ᠡᠴᠡ ᠡᠳᠦᠷ ᠤᠷᠤᠭᠤᠳᠠᠵᠤ᠂ ᠳᠤᠮᠳᠠᠳᠤ᠎ᠶᠢᠨ ᠦᠨᠳᠦᠰᠦᠲᠡᠨ ᠪᠠᠷᠤᠭ ᠤᠯᠤᠰ ᠮᠥᠬᠥᠵᠦ ᠤᠭᠰᠠᠭ᠎ᠠ ᠰᠥᠨᠥᠬᠦ ᠭᠦᠨ ᠬᠦᠪ᠎ᠲᠦ ᠤᠨᠠᠬᠤ ᠰᠢᠬᠠᠵᠠᠢ! ᠤᠳᠤ ᠬᠠᠷᠢᠨ ᠪᠦᠷᠢᠮᠦᠰᠦᠨ ᠠᠳᠠᠯᠢ ᠦᠭᠡᠢ ᠪᠣᠯᠵᠤ᠂ ᠳᠤᠮᠳᠠᠳᠤ᠎ᠶᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ ᠤᠷᠢᠳ ᠡᠮᠦᠨ᠎ᠡ ᠪᠠᠢᠭ᠎ᠠ ᠦᠭᠡᠢ ᠭᠡᠭᠡᠨ ᠰᠠᠷᠠᠭᠤᠯ ᠢᠷᠡᠭᠡᠳᠦᠢ᠎ᠲᠠᠢ ᠪᠣᠯᠵᠠᠢ》 ᠭᠡᠵᠦ ᠵᠢᠭᠠᠵᠤ ᠭᠠᠷᠭᠠᠪᠠ᠃
《ᠪᠦᠷᠢᠮᠦᠰᠦᠨ ᠤᠷᠤᠭᠤᠳᠠᠨ ᠳᠤᠷᠤᠢᠳᠠᠭᠰᠠᠨ》 ᠪᠠᠢᠳᠠᠯ ᠡᠴᠡ 《ᠡᠳᠦᠷ ᠡᠴᠡ ᠡᠳᠦᠷ ᠴᠡᠴᠡᠭᠯᠡᠨ ᠬᠦᠭᠵᠢᠭᠰᠡᠨ》 ᠪᠠᠢᠳᠠᠯ ᠢᠯᠡᠷᠡᠭᠰᠡᠨ ᠬᠦᠷᠳᠡᠯ᠎ᠡ᠂ ᠳᠤᠮᠳᠠᠳᠤ᠎ᠶᠢᠨ ᠪᠣᠯᠪᠠᠰᠤᠨ᠎ᠤ ᠲᠠᠪᠤᠨ ᠮᠢᠩᠭ᠎ᠠ ᠭᠠᠷᠤᠢ ᠵᠢᠯ᠎ᠦᠨ ᠲᠡᠦᠬᠡ᠎ᠶᠢ ᠪᠠᠷᠠᠯᠠᠬᠤᠶ᠎ᠠ᠂ ᠳᠤᠮᠳᠠᠳᠤ ᠤᠯᠤᠰ᠎ᠤᠨ ᠡᠪ ᠬᠠᠮᠲᠤ ᠨᠠᠮ ᠰᠢᠭ᠋ ᠢᠢᠮᠦ ᠭᠦᠨᠵᠡᠭᠡᠢ᠂ ᠲᠡᠦᠬᠡᠲᠦ ᠴᠢᠨᠠᠷᠲᠠᠢ᠎ᠪᠠᠷ ᠳᠤᠮᠳᠠᠳᠤ᠎ᠶᠢᠨ ᠦᠨᠳᠦᠰᠦᠲᠡᠨ᠎ᠦ ᠬᠥᠭᠵᠢᠯᠲᠡ᠎ᠶᠢᠨ ᠠᠬᠢᠴᠠ᠎ᠶᠢ ᠠᠬᠢᠭᠤᠯᠵᠤ ᠴᠢᠳᠠᠭᠰᠠᠨ ᠤᠯᠤᠰ ᠲᠦᠷᠦ᠎ᠶᠢᠨ ᠬᠦᠴᠦᠨ ᠭᠡᠵᠦ ᠪᠠᠢᠭ᠎ᠠ ᠦᠭᠡᠢ᠃
《ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ ᠪᠣᠯ ᠪᠢᠳᠡᠨ᠎ᠦ 〈ᠨᠤᠢᠷᠰᠤᠬᠰᠠᠨ ᠠᠷᠰᠯᠠᠨ〉 ᠢ᠋ ᠬᠡᠷᠬᠢᠨ ᠲᠠᠭᠤᠳᠠᠨ ᠰᠡᠷᠡᠭᠡᠵᠤ᠂ ᠦᠨᠳᠦᠰᠦᠲᠡᠨ᠎ᠦ ᠰᠡᠷᠭᠦᠨ ᠮᠠᠨᠳᠤᠯᠲᠠ᠎ᠶᠢ ᠬᠡᠷᠬᠢᠨ ᠪᠡᠶᠡᠯᠡᠭᠦᠯᠬᠦ ᠭᠡᠬᠦ ᠡᠨᠡ ᠬᠦ᠌ ᠴᠢᠬᠤᠯᠠ ᠶᠡᠬᠡ ᠲᠡᠦᠬᠡ᠎ᠶᠢᠨ ᠰᠡᠳᠦᠪᠲᠦ ᠥᠭᠭᠦᠭᠰᠡᠨ ᠬᠠᠷᠢᠭᠤᠯᠲᠠ ᠮᠥᠨ》᠃
ᠦᠨᠡᠨ ᠶᠣᠰᠣᠨ᠎ᠤ ᠭᠡᠷᠡᠯ ᠬᠢᠯᠪᠠᠭ᠎ᠠ ᠰᠡᠷᠭᠦᠨ ᠮᠠᠨᠳᠤᠯᠲᠠ᠎ᠶᠢᠨ ᠵᠠᠮ᠎ᠢ ᠬᠡᠢᠬᠦᠯᠦᠨᠠ᠃
ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ᠎ᠶᠢᠨ ᠤᠨᠤᠯ᠎ᠤᠨ ᠰᠢᠨᠵᠢᠯᠡᠬᠦ ᠤᠬᠠᠭᠠᠨᠴᠢ ᠵᠢᠯᠣᠭᠣᠳᠤᠯᠭ᠎ᠠ ᠲᠤᠮᠳᠠ ᠡᠴᠡ 《ᠥᠩᠭᠡᠷᠡᠭᠰᠡᠨ᠎ᠳᠦ ᠪᠢᠳᠡ ᠶᠠᠭᠠᠬᠢᠭᠠᠳ ᠠᠮᠵᠢᠯᠲᠠ ᠣᠯᠵᠤ ᠴᠢᠳᠠᠭᠰᠠᠨ᠂ ᠢᠷᠡᠭᠡᠳᠦᠢ᠎ᠳᠦ ᠶᠠᠭᠠᠬᠢᠪᠠᠯ ᠰᠠᠶᠢ ᠦᠷᠭᠦᠯᠵᠢᠯᠡᠨ ᠠᠮᠵᠢᠯᠲᠠ ᠣᠯᠵᠤ ᠴᠢᠳᠠᠬᠤ》 ᠵᠢ ᠤᠯᠠᠮ ᠨᠢᠭᠡ ᠠᠯᠬᠤᠮ ᠲᠣᠳᠣᠷᠬᠠᠢ ᠣᠢᠯᠠᠭᠠᠵᠤ ᠪᠣᠯᠣᠨ᠎ᠠ᠃
ᠰᠢᠨ᠎ᠡ ᠬᠥᠭᠵᠢᠯᠲᠡ᠎ᠶᠢᠨ ᠣᠢᠯᠠᠭᠠᠭᠳᠠᠬᠤᠨ᠎ᠢ ᠭᠦᠨᠵᠡᠭᠡᠢ ᠲᠤᠭᠤᠰᠢᠯᠠᠭᠤᠯᠵᠤ᠂ ᠶᠠᠰᠤ ᠴᠢᠨᠠᠷ᠎ᠤᠨ ᠬᠤᠪᠢᠰᠤᠯᠲᠠ᠂ ᠦᠷ᠎ᠡ ᠪᠦᠲᠦᠮᠵᠢ᠎ᠶᠢᠨ ᠬᠤᠪᠢᠰᠤᠯᠲᠠ᠂ ᠬᠥᠳᠡᠯᠭᠡᠬᠦ ᠬᠦᠴᠦᠨ᠎ᠦ ᠬᠤᠪᠢᠰᠤᠯᠲᠠ᠎ᠶᠢ ᠵᠢᠯᠣᠭᠣᠳᠤᠨ ᠠᠬᠢᠭᠤᠯᠵᠤ᠂ ᠮᠠᠨ᠎ᠤ ᠤᠯᠤᠰ᠎ᠤᠨ ᠨᠡᠢᠭᠡᠮ᠎ᠦᠨ ᠭᠣᠣᠯ ᠵᠥᠷᠢᠴᠡᠯ᠎ᠢ ᠰᠢᠢᠳᠪᠦᠷᠢᠯᠡᠬᠦ᠎ᠪᠡᠷ ᠬᠦᠴᠦᠯᠡᠨ ᠴᠢᠷᠮᠠᠢᠪᠠ;
ᠰᠢᠨ᠎ᠡ ᠴᠢᠨᠠᠷ᠎ᠤᠨ ᠦᠢᠯᠡᠳᠪᠦᠷᠢᠯᠡᠯ᠎ᠦᠨ ᠬᠦᠴᠦᠨ᠎ᠦ ᠤᠨᠤᠯ᠎ᠢ ᠪᠦᠲᠦᠭᠡᠯᠴᠢ᠎ᠪᠡᠷ ᠳᠤᠷᠠᠳᠴᠤ᠂ ᠴᠢᠨᠠᠷ ᠰᠠᠢᠲᠠᠢ᠂ ᠦᠷᠭᠦᠯᠵᠢᠯᠡᠬᠦ ᠬᠥᠭᠵᠢᠯᠲᠡ᠎ᠶᠢᠨ ᠲᠤᠬᠠᠢ ᠨᠡᠩ ᠶᠡᠬᠡ ᠠᠬᠢᠭᠤᠯᠬᠤ ᠬᠦᠴᠦᠨ᠎ᠦ ᠠᠰᠠᠭᠤᠳᠠᠯ᠎ᠢ ᠰᠢᠢᠳᠪᠦᠷᠢᠯᠡᠬᠦ᠎ᠪᠡᠷ ᠴᠢᠷᠮᠠᠢᠵᠤ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠳᠤ ᠬᠦᠴᠦᠷᠬᠡᠭ ᠶᠡᠬᠡ ᠬᠥᠳᠡᠯᠭᠡᠬᠦ ᠡᠨᠧᠷᠭᠢ ᠬᠠᠩᠭᠠᠪᠠ;
ᠨᠡᠢᠭᠡᠮ ᠵᠢᠷᠤᠮ᠎ᠤᠨ ᠵᠠᠬ᠎ᠠ ᠳᠡᠯᠭᠡᠭᠦᠷ᠎ᠦᠨ ᠠᠵᠤ ᠠᠬᠤᠢ᠎ᠶᠢᠨ ᠨᠥᠬᠥᠴᠡᠯ ᠳᠣᠣᠷᠠᠬᠢ ᠰᠢᠨ᠎ᠡ ᠬᠡᠯᠪᠡᠷᠢ ᠵᠢᠨ ᠤᠯᠤᠰ ᠳᠠᠶᠠᠭᠠᠷ᠎ᠤᠨ ᠪᠠᠢᠭᠤᠯᠤᠯ᠎ᠢ ᠪᠦᠷᠢᠨᠰᠢᠭᠦᠯᠬᠦ ᠵᠢ ᠳᠤᠷᠠᠳᠴᠤ᠂ 《ᠪᠣᠭᠣᠮᠢ》 ᠶ᠋ᠢᠨ ᠠᠰᠠᠭᠤᠳᠠᠯ᠎ᠢ ᠰᠢᠢᠳᠪᠦᠷᠢᠯᠡᠬᠦ᠎ᠪᠡᠷ ᠬᠦᠴᠦᠯᠡᠨ ᠴᠢᠷᠮᠠᠢᠵᠤ᠂ 2035 ᠣᠨ᠎ᠳᠤ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠬᠦᠴᠦᠷᠬᠡᠭ ᠤᠯᠤᠰ᠎ᠢ ᠪᠠᠶ᠋ᠢᠭᠤᠯᠬᠤ᠎ᠳᠤ ᠳᠦᠷᠢᠮ᠎ᠦᠨ ᠲᠤᠯᠭᠠᠭᠤᠷᠢᠯᠠᠯ ᠬᠠᠩᠭᠠᠪᠠ;
ᠰᠢᠨ᠎ᠡ ᠬᠥᠭᠵᠢᠯᠲᠡ᠎ᠶᠢᠨ ᠪᠠᠢᠷᠢᠰᠢᠯ᠎ᠢ ᠪᠠᠶ᠋ᠢᠭᠤᠯᠬᠤ ᠪᠠᠢᠯᠳᠤᠬᠤ ᠪᠣᠳᠣᠯᠭ᠎ᠠ᠎ᠶᠢᠨ ᠰᠢᠢᠳᠪᠦᠷᠢᠲᠦ ᠪᠣᠳᠣᠯᠭ᠎ᠠ᠎ᠶᠢ ᠲᠣᠭᠲᠠᠭᠠᠵᠤ᠂ ᠬᠥᠭᠵᠢᠯᠲᠡ᠎ᠶᠢᠨ ᠠᠮᠤᠷ ᠲᠦᠪᠰᠢᠨ ᠴᠢᠨᠠᠷ᠂ ᠲᠣᠭᠲᠠᠪᠤᠷᠢᠳᠤ ᠴᠢᠨᠠᠷ᠎ᠤᠨ ᠠᠰᠠᠭᠤᠳᠠᠯ᠎ᠢ ᠰᠢᠢᠳᠪᠦᠷᠢᠯᠡᠬᠦ᠎ᠪᠡᠷ ᠬᠦᠴᠦᠯᠡᠨ ᠴᠢᠷᠮᠠᠢᠵᠤ᠂ ᠮᠠᠨ᠎ᠤ ᠤᠯᠤᠰ᠎ᠤᠨ ᠠᠵᠤ ᠠᠬᠤᠢ᠎ᠶᠢᠨ ᠣᠳᠣᠬᠢᠴᠢᠯᠠᠯᠲᠠ᠎ᠶᠢᠨ ᠵᠠᠮ ᠱᠤᠭᠤᠮ᠎ᠤᠨ ᠰᠣᠩᠭᠣᠯᠲᠠ ᠪᠣᠯᠪᠠ;
᠁ ᠁
ᠶᠡᠷᠦᠩᠬᠡᠢ ᠱᠦᠵᠢ ᠰᠢ ᠵᠢᠨ ᠫᠢᠩ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠢᠯᠡᠳᠬᠡᠯ᠎ᠳᠦ ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ᠎ᠶᠢᠨ ᠤᠨᠤᠯ᠎ᠢ ᠬᠤᠷᠢᠶᠠᠩᠭᠤᠢᠯᠠᠨ ᠳᠤᠷᠠᠳᠤᠭᠰᠠᠨ ᠪᠥᠭᠡᠳ ᠭᠦᠨᠵᠡᠭᠡᠢ ᠲᠣᠳᠣᠷᠬᠠᠢᠯᠠᠨ ᠥᠭᠦᠯᠡᠵᠡᠢ᠂ ᠡᠨᠡ ᠪᠣᠯ ᠳᠡᠯᠡᠬᠡᠢ᠎ᠶᠢᠨ ᠣᠳᠣᠬᠢᠴᠢᠯᠠᠯᠲᠠ᠎ᠶᠢᠨ ᠤᠨᠤᠯ ᠪᠠ ᠦᠢᠯᠡᠳᠦᠯᠭᠡ᠎ᠶᠢᠨ ᠴᠢᠬᠤᠯᠠ ᠶᠡᠬᠡ ᠰᠢᠨ᠎ᠡ ᠡᠭᠦᠳᠦᠯᠲᠡ ᠮᠥᠨ᠂ ᠬᠥᠮᠥᠨ ᠲᠥᠷᠥᠯᠬᠢᠲᠡᠨ᠎ᠦ ᠪᠣᠯᠪᠠᠰᠤᠨ᠎ᠤ ᠲᠡᠦᠬᠡᠨ ᠳᠡᠭᠡᠷ᠎ᠡ ᠬᠥᠰᠢᠶ᠎ᠡ ᠳᠤᠷᠠᠰᠬᠠᠯ᠎ᠤᠨ ᠠᠴᠢ ᠬᠣᠯᠪᠣᠭᠳᠠᠯ᠎ᠲᠠᠢ ᠶᠤᠮ᠃
ᠳᠤᠮᠳᠠᠳᠤ ᠤᠯᠤᠰ᠎ᠤᠨ ᠠᠰᠠᠭᠤᠯᠲᠠ᠂ ᠳᠡᠯᠡᠬᠡᠢ᠎ᠶᠢᠨ ᠠᠰᠠᠭᠤᠯᠲᠠ᠂ ᠠᠷᠠᠳ ᠲᠦᠮᠡᠨ᠎ᠦ ᠠᠰᠠᠭᠤᠯᠲᠠ᠂ ᠴᠠᠭ ᠦᠶ᠎ᠡ᠎ᠶᠢᠨ ᠠᠰᠠᠭᠤᠯᠲᠠ ᠵᠢᠨ ᠳᠤᠷᠠᠳᠤᠭᠰᠠᠨ ᠰᠢᠨ᠎ᠡ ᠰᠢᠯᠭᠠᠯᠲᠠ᠎ᠶᠢᠨ ᠰᠡᠳᠦᠪᠲᠤ᠌ ᠴᠢᠭᠯᠡᠭᠦᠯᠦᠨ᠂ ᠤᠨᠤᠯ ᠪᠣᠯᠣᠨ ᠦᠢᠯᠡᠳᠦᠯᠭᠡ᠎ᠶᠢᠨ ᠤᠶᠠᠯᠳᠤᠯ᠎ᠤᠨ ᠲᠠᠯ᠎ᠠ ᠡᠴᠡ ᠲᠠᠰᠤᠷᠠᠯᠳᠠ ᠦᠭᠡᠢ ᠬᠠᠷᠢᠭᠤᠯᠲᠠ ᠦᠭᠴᠤ᠂ ᠰᠢ ᠵᠢᠨ ᠫᠢᠩ᠎ᠦᠨ ᠰᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ᠋ ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ ᠨᠡᠩ ᠬᠦᠴᠦᠷᠬᠡᠭ ᠶᠡᠬᠡ᠂ ᠨᠡᠩ ᠢᠲᠡᠭᠡᠭᠦᠯᠬᠦ ᠬᠦᠴᠦᠨ᠎ᠲᠠᠢ ᠦᠨᠡᠨ ᠶᠣᠰᠣᠨ᠎ᠤ ᠬᠦᠴᠦᠨ ᠪᠣᠯᠣᠨ ᠦᠢᠯᠡᠳᠦᠯᠭᠡ᠎ᠶᠢᠨ ᠠᠤᠭ᠎ᠠ ᠬᠦᠴᠦᠨ᠎ᠢ ᠢᠯᠡᠷᠡᠭᠦᠯᠪᠡ᠃
ᠳᠤᠮᠳᠠᠳᠤ ᠤᠯᠤᠰ᠎ᠤᠨ ᠵᠠᠮ᠂ ᠳᠤᠮᠳᠠᠳᠤ ᠤᠯᠤᠰ᠎ᠤᠨ ᠬᠥᠭᠥᠷᠭᠡ᠂ ᠳᠤᠮᠳᠠᠳᠤ ᠤᠯᠤᠰ᠎ᠤᠨ ᠮᠠᠰᠢᠨ ᠲᠡᠷᠭᠡ᠂ ᠳᠤᠮᠳᠠᠳᠤ ᠤᠯᠤᠰ᠎ᠤᠨ ᠭᠠᠷᠠᠮ᠂ ᠳᠤᠮᠳᠠᠳᠤ ᠤᠯᠤᠰ᠎ᠤᠨ ᠳᠤᠤᠷ ᠰᠦᠯᠵᠢᠶ᠎ᠠ ᠁ ᠰᠢᠨ᠎ᠡ ᠴᠠᠭ ᠦᠶ᠎ᠡ ᠢᠯᠠᠩᠭᠤᠶ᠎ᠠ ᠥᠩᠭᠡᠷᠡᠭᠰᠡᠨ 5 ᠵᠢᠯ᠎ᠦᠨ ᠲᠤᠷᠰᠢᠬᠢ 《ᠲᠣᠮᠣ᠌ ᠤᠯᠤᠰ᠎ᠤᠨ ᠰᠠᠷᠠᠭᠤᠯ ᠳᠠᠷᠳᠠᠩ ᠵᠠᠮ》 ᠡᠴᠡ ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ᠎ᠶᠢ ᠦᠵᠡᠪᠡᠯ᠂ ᠳᠤᠮᠳᠠᠳᠤ᠎ᠶᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶᠢᠨ ᠬᠣᠷᠢᠭ᠍ᠯᠠᠭᠳᠠᠰᠢ ᠦᠭᠡᠢ ᠰᠦᠷ ᠬᠦᠴᠦᠨ᠎ᠤ ᠳᠣᠲᠣᠭᠠᠳᠤ ᠯᠣᠭᠢᠭ᠋᠎ᠢ ᠭᠦᠨᠵᠡᠭᠡᠢ ᠡᠵᠡᠮᠳᠡᠵᠦ ᠪᠣᠯᠣᠨ᠎ᠠ᠃
ᠳᠤᠮᠳᠠᠳᠤ ᠤᠯᠤᠰ᠎ᠤᠨ ᠵᠠᠮ᠎ᠢ ᠦᠵᠡᠬᠦ᠎ᠳᠦ᠂ ᠲᠦᠷᠭᠡᠨ᠎ᠦ ᠲᠡᠮᠦᠷ ᠵᠠᠮ᠎ᠤᠨ ᠡᠵᠡᠩᠨᠡᠯᠲᠡ᠎ᠶᠢᠨ ᠵᠠᠮ᠎ᠤᠨ ᠪᠦᠬᠦ ᠣᠷᠳᠣ᠌ 5 ᠲᠦᠮᠡᠨ ᠺᠢᠯᠣᠮᠧᠲᠷ᠎ᠢ ᠳᠠᠪᠠᠵᠤ᠂ ᠲᠦᠷᠭᠡᠨ᠎ᠦ ᠵᠠᠰᠠᠮᠠᠯ ᠵᠠᠮ᠎ᠤᠨ ᠪᠥᠬᠥ ᠣᠷᠳᠣ᠌ 19.1 ᠲᠦᠮᠡᠨ ᠺᠢᠯᠣᠮᠧᠲᠷ᠎ᠢ ᠳᠠᠪᠠᠪᠠ ᠁
ᠣᠷᠣᠨ ᠪᠦᠰᠡ᠎ᠶᠢᠨ ᠵᠣᠬᠢᠴᠠᠩᠭᠤᠢ ᠬᠥᠭᠵᠢᠯᠲᠡ᠎ᠶᠢᠨ ᠪᠠᠢᠯᠳᠤᠬᠤ ᠪᠣᠳᠣᠯᠭ᠎ᠠ᠂ ᠣᠷᠣᠨ ᠪᠦᠰᠡ᠎ᠶᠢᠨ ᠴᠢᠬᠤᠯᠠ ᠶᠡᠬᠡ ᠪᠠᠢᠯᠳᠤᠬᠤ ᠪᠣᠳᠣᠯᠭ᠎ᠠ᠂ ᠭᠣᠣᠯ ᠴᠣᠭᠴᠠ᠎ᠶᠢᠨ ᠴᠢᠳᠠᠮᠵᠢᠲᠤ ᠣᠷᠣᠨ᠎ᠤ ᠪᠠᠢᠯᠳᠤᠬᠤ ᠪᠣᠳᠣᠯᠭ᠎ᠠ᠂ ᠰᠢᠨ᠎ᠡ ᠬᠡᠯᠪᠡᠷᠢ᠎ᠶᠢᠨ ᠬᠣᠲᠠ ᠪᠠᠯᠭᠠᠰᠤᠵᠢᠯᠲᠠ᠎ᠶᠢᠨ ᠪᠠᠢᠯᠳᠤᠬᠤ ᠪᠣᠳᠣᠯᠭ᠎ᠠ᠎ᠶᠢᠨ ᠳᠠᠪᠬᠤᠴᠠᠯ ᠦᠢᠯᠡᠳᠦᠯ᠎ᠢ ᠪᠠᠳᠠᠷᠠᠭᠤᠯᠵᠤ ᠂ ᠬᠥᠮᠥᠨ᠎ᠦ ᠤᠷᠤᠰᠬᠠᠯ᠂ ᠪᠠᠷᠠᠭᠠᠨ᠎ᠤ ᠭᠦᠢᠯᠭᠡᠭᠡ᠂ ᠮᠡᠳᠡᠭᠡ ᠵᠠᠩᠭᠢ᠎ᠶᠢᠨ ᠰᠣᠯᠢᠯᠴᠠᠭ᠎ᠠ ᠥᠨᠳᠥᠷ ᠪᠦᠲᠦᠮᠵᠢᠲᠡᠶ ᠰᠣᠯᠪᠢᠴᠠᠵᠤ᠂ ᠴᠢᠨᠠᠷ ᠰᠠᠢᠲᠠᠢ ᠬᠥᠭᠵᠢᠯᠲᠡ᠎ᠶᠢᠨ ᠬᠥᠳᠡᠯᠭᠡᠬᠦ ᠡᠨᠧᠷᠭᠢ ᠴᠢᠩᠭ᠎ᠠ ᠬᠦᠴᠦᠲᠡᠢ ᠪᠤᠯᠪᠠ᠃
ᠳᠤᠮᠳᠠᠳᠤ ᠤᠯᠤᠰ᠎ᠤᠨ ᠬᠥᠭᠥᠷᠭᠡ᠎ᠶᠢ ᠠᠵᠢᠬᠤ᠎ᠳᠦ᠂ 《〈ᠬᠥᠨᠳᠡᠯᠡᠨ ᠭᠤᠯᠳᠤ〉 ᠪᠡᠷ᠎ᠢᠶᠡᠨ ᠴᠦᠮ ᠳᠡᠯᠡᠬᠡᠢ᠎ᠶᠢᠨ ᠨᠢᠭᠡᠳᠦᠭᠡᠷ᠎ᠲᠦ ᠣᠷᠣᠭᠰᠠᠨ》 ᠭᠦᠢᠵᠧᠦ᠎ᠶᠢᠨ ᠬᠤᠸᠠ ᠵᠢᠶᠠᠩ ᠬᠠᠪᠴᠢᠯ᠎ᠤᠨ ᠶᠡᠬᠡ ᠬᠥᠭᠥᠷᠭᠡ ᠨᠢ 《ᠳᠡᠯᠡᠬᠡᠢ᠎ᠶᠢᠨ ᠪᠥᠮᠪᠥᠷᠴᠡᠭ᠎ᠦᠨ ᠠᠩ ᠵᠠᠪᠰᠠᠷ》 ᠢ᠋ ᠳᠠᠪᠠᠵᠤ᠂ 《ᠬᠥᠭᠥᠷᠭᠡ᠂ ᠠᠷᠠᠯ᠂ ᠨᠦᠬᠡᠨ ᠵᠠᠮ ᠂ ᠤᠰᠤᠨ ᠳᠣᠣᠷᠠᠬᠢ ᠵᠢ ᠬᠠᠷᠢᠯᠴᠠᠨ ᠨᠡᠪᠲᠡᠷᠡᠯᠴᠡᠬᠦᠯᠬᠦ》 ᠶ᠋ᠢ ᠨᠢᠭᠡ ᠴᠣᠭᠴᠠᠵᠢᠭᠤᠯᠤᠭᠰᠠᠨ ᠱᠸᠨᠵᠸᠨ ᠡᠴᠡ ᠵᠦᠩᠱᠠᠨ ᠬᠦᠷᠬᠦ ᠨᠡᠪᠳᠡᠷᠡᠬᠦ ᠵᠠᠮ ᠨᠢ ᠭᠤᠸᠠᠩᠳᠦ᠋ᠩ ᠰᠢᠶᠠᠩᠭᠠᠩ ᠣᠣᠮᠧᠨ᠎ᠦ ᠲᠤᠮᠤ ᠪᠤᠯᠤᠩ᠎ᠤᠨ ᠣᠷᠣᠨ᠎ᠤ ᠵᠠᠮ ᠬᠠᠷᠢᠯᠴᠠᠭᠠᠨ᠎ᠤ 《ᠭᠣᠣᠯ ᠰᠤᠳᠠᠰᠤ》 ᠪᠣᠯᠪᠠ ᠁
ᠰᠢᠨ᠎ᠡ ᠬᠡᠯᠪᠡᠷᠢ᠎ᠶᠢᠨ ᠤᠯᠤᠰ ᠳᠠᠶᠠᠭᠠᠷ᠎ᠤᠨ ᠪᠠᠢᠭᠤᠯᠤᠯ᠎ᠤᠨ ᠳᠠᠪᠠᠭᠤᠯᠢᠭ᠋᠎ᠢ ᠪᠠᠳᠠᠷᠠᠭᠤᠯᠵᠤ᠂ ᠬᠦᠴᠦᠨ᠎ᠢᠶᠡᠨ ᠲᠥᠪᠯᠡᠷᠡᠭᠦᠯᠦᠨ ᠠᠩᠬᠠᠨ᠎ᠤ ᠡᠭᠦᠳᠦᠯᠲᠡ᠎ᠶᠢᠨ ᠴᠢᠨᠠᠷᠲᠠᠢ᠂ ᠬᠥᠲᠥᠯᠥᠨ ᠳᠠᠭᠠᠭᠤᠯᠬᠤ ᠴᠢᠨᠠᠷᠲᠠᠢ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠪᠣᠭᠣᠮᠲᠠ ᠰᠢᠪᠲᠤᠯᠤᠯᠲᠠ ᠬᠢᠵᠦ᠂ ᠳᠤᠮᠳᠠᠳᠤ ᠤᠯᠤᠰ ᠪᠦᠬᠦ ᠪᠥᠮᠪᠥᠷᠴᠡᠭ᠎ᠦᠨ ᠰᠢᠨ᠎ᠡ᠎ᠶᠢ ᠡᠭᠦᠳᠬᠦ ᠲᠤᠷᠰᠢᠯᠲᠠ᠎ᠶᠢᠨ ᠲᠠᠰᠤᠭ ᠪᠠ ᠴᠢᠬᠤᠯᠠ ᠬᠥᠳᠡᠯᠭᠡᠭᠦᠷ ᠪᠣᠯᠪᠠ᠃
ᠳᠤᠮᠳᠠᠳᠤ ᠤᠯᠤᠰ᠎ᠤᠨ ᠮᠠᠰᠢᠨ ᠲᠡᠷᠭᠡ᠎ᠶᠢ ᠦᠵᠡᠪᠡᠯ᠂ CR450 ᠬᠥᠳᠡᠯᠭᠡᠬᠦ ᠬᠦᠴᠦᠨ᠎ᠳᠤ ᠴᠤᠪᠤᠭ᠎ᠠ ᠲᠡᠷᠭᠡ 《ᠳᠤᠮᠳᠠᠳᠤ ᠤᠯᠤᠰ᠎ᠤᠨ ᠬᠤᠷᠳᠤᠴᠠ》 ᠵᠢ ᠰᠢᠨᠡᠳᠬᠡᠵᠦ᠂ ᠳᠦᠷᠭᠡᠨ ᠤ᠋ ᠲᠡᠮᠦᠷ ᠵᠠᠮ᠎ᠤᠨ ᠮᠡᠷᠭᠡᠵᠢᠯ᠎ᠦᠨ ᠳᠡᠯᠡᠬᠡᠢ᠎ᠶᠢᠨ ᠳᠠᠭᠠᠭᠤᠯᠤᠭ᠍ᠴᠢ᠎ᠶᠢᠨ ᠳᠠᠪᠠᠭᠤᠯᠢᠭ᠋᠎ᠢ ᠪᠡᠬᠢᠵᠢᠭᠦᠯᠦᠨ ᠥᠷᠭᠡᠳᠬᠡᠪᠡ; ᠰᠢᠨ᠎ᠡ ᠡᠨᠧᠷᠭᠢ᠎ᠶᠢᠨ ᠮᠠᠰᠢᠨ ᠲᠡᠷᠭᠡᠨ᠎ᠦ ᠦᠢᠯᠡᠳᠪᠦᠷᠢᠯᠡᠯ ᠪᠠ ᠪᠣᠷᠤᠯᠠᠭᠤᠯᠭ᠎ᠠ ᠲᠣᠰ ᠲᠣᠰ 1600 ᠲᠦᠮᠡ᠎ᠶᠢ ᠳᠠᠪᠠᠵᠤ᠂ 11 ᠵᠢᠯ ᠳᠠᠷᠠᠭᠠᠯᠠᠨ ᠪᠥᠬᠥ ᠳᠡᠯᠡᠬᠡᠢ᠎ᠳᠦ ᠲᠦᠷᠦᠭᠦᠯᠡᠪᠡ᠃
ᠪᠣᠳᠠᠲᠤ ᠴᠣᠭᠴᠠ᠎ᠶᠢᠨ ᠠᠵᠤ ᠠᠬᠤᠢ᠎ᠪᠠᠷ ᠰᠠᠭᠤᠷᠢ ᠪᠣᠯᠭᠠᠵᠤ᠂ ᠲᠡᠷᠢᠭᠦᠨ᠎ᠦ ᠦᠢᠯᠡᠳᠬᠦ ᠦᠢᠯᠡᠰ᠎ᠢᠶᠡᠷ ᠭᠣᠣᠯᠯᠠᠭ᠍ᠴᠢ ᠪᠣᠯᠭᠠᠭᠰᠠᠨ ᠣᠳᠣᠬᠢᠴᠢᠯᠠᠭᠰᠠᠨ ᠠᠵᠤ ᠦᠢᠯᠡᠰ᠎ᠦᠨ ᠰᠢᠰᠲ᠋ᠸᠮ᠎ᠢ ᠪᠠᠢᠭᠤᠯᠵᠤ᠂ 《ᠡᠳᠡᠭᠡᠷ ᠵᠢᠯ᠎ᠦᠳ᠎ᠲᠦ ᠮᠠᠨ᠎ᠤ ᠤᠯᠤᠰ᠎ᠤᠨ ᠠᠵᠤ ᠠᠬᠤᠢ ᠰᠠᠯᠬᠢ ᠳᠠᠪᠠᠯᠭᠠᠨ᠎ᠢ ᠰᠥᠷᠦᠨ ᠤᠷᠤᠭᠰᠢᠯᠠᠵᠤ᠂ ᠬᠦᠴᠦᠷᠬᠡᠭ ᠶᠡᠬᠡ ᠤᠶᠠᠨ ᠬᠠᠳᠠᠨ ᠴᠢᠨᠠᠷ ᠪᠠ ᠠᠮᠢᠵᠢᠷᠠᠯ᠎ᠤᠨ ᠬᠦᠴᠦᠨ᠎ᠢᠶᠡᠨ ᠪᠠᠲᠤᠯᠠᠭᠰᠠᠭᠠᠷ ᠢᠷᠡᠪᠡ》᠃
ᠳᠤᠮᠳᠠᠳᠤ ᠤᠯᠤᠰ᠎ᠤᠨ ᠭᠠᠷᠠᠮ᠎ᠢ ᠦᠵᠡᠪᠡᠯ᠂ ᠪᠦᠬᠦ ᠪᠥᠮᠪᠥᠷᠴᠡᠭ᠎ᠦᠨ ᠪᠠᠷᠠᠭ᠎ᠠ ᠵᠢᠨ ᠲᠡᠭᠡᠭᠡᠪᠦᠷᠢ ᠂ ᠴᠢᠩᠭᠡᠯᠢᠭ᠎ᠢ ᠣᠷᠣᠭᠤᠯᠵᠤ ᠭᠠᠷᠭᠠᠭᠰᠠᠨ ᠬᠡᠮᠵᠢᠶ᠎ᠡ᠎ᠶᠢᠨ ᠡᠮᠦᠨ᠎ᠡ ᠠᠷᠪᠠ᠎ᠳᠤ ᠵᠢᠭ᠍ᠰᠠᠭᠠᠭᠳᠠᠭᠰᠠᠨ ᠭᠠᠷᠠᠮ᠎ᠳᠤ᠂ ᠳᠤᠮᠳᠠᠳᠤ ᠤᠯᠤᠰ᠎ᠤᠨ ᠭᠠᠷᠠᠮ ᠲᠤᠰ ᠲᠤᠰ ᠨᠠᠢ᠍ᠮᠠᠳᠤᠭᠠᠷ ᠪᠠ ᠵᠢᠷᠭᠤᠳᠤᠭᠠᠷ ᠤᠷᠤ᠎ᠵᠢ ᠡᠵᠡᠯᠡᠪᠡ᠃
ᠰᠢᠨ᠎ᠡ ᠬᠥᠭᠵᠢᠯᠲᠡ᠎ᠶᠢᠨ ᠪᠠᠢᠷᠢᠰᠢᠯ᠎ᠢ ᠪᠠᠢᠭᠤᠯᠵᠤ᠂ ᠥᠨᠳᠥᠷ ᠲᠦᠪᠰᠢᠨ ᠪᠦᠬᠦᠢ ᠭᠠᠳᠠᠭᠠᠳᠤ ᠨᠡᠭᠡᠭᠡᠯᠲᠡ᠎ᠶᠢ ᠲᠣᠭᠲᠠᠭᠤᠨ᠎ᠢᠶᠠᠷ ᠥᠷᠭᠡᠳᠬᠡᠵᠦ᠂ ᠣᠯᠠᠨ ᠤᠯᠤᠰ᠎ᠤᠨ ᠠᠵᠤ ᠠᠬᠤᠢ᠎ᠶᠢᠨ ᠬᠠᠮᠲᠤᠷᠠᠯᠴᠠᠭ᠎ᠠ ᠪᠠ ᠥᠷᠢᠰᠦᠯᠳᠦᠭᠡᠨ᠎ᠦ ᠰᠢᠨ᠎ᠡ ᠳᠠᠪᠠᠭᠤᠯᠢᠭ᠋᠎ᠢ ᠲᠠᠰᠤᠷᠠᠯᠲᠠ ᠦᠭᠡᠢ ᠪᠣᠶ ᠪᠣᠯᠭᠠᠵᠤ᠂ ᠪᠥᠬᠥ ᠪᠥᠮᠪᠥᠷᠴᠡᠭ᠎ᠦᠨ ᠠᠵᠤ ᠠᠬᠤᠢ᠎ᠳᠤ ᠦᠷᠭᠦᠯᠵᠢᠯᠡᠨ ᠰᠢᠨ᠎ᠡ ᠬᠥᠳᠡᠯᠭᠡᠬᠦ ᠡᠨᠧᠷᠭᠢ ᠨᠡᠮᠡᠷᠢᠯᠡᠪᠡ᠃
ᠳᠤᠮᠳᠠᠳᠤ ᠤᠯᠤᠰ᠎ᠤᠨ ᠳᠤᠤᠷ᠎ᠢ ᠦᠵᠡᠪᠡᠯ᠂ ᠤᠯᠤᠰ᠎ᠤᠨ ᠤᠰᠤᠨ᠎ᠤ ᠲᠣᠣᠷ᠎ᠤᠨ ᠬᠠᠮᠤᠷᠬᠤ ᠬᠡᠪᠴᠢᠶ᠎ᠡ ᠨᠢ ᠤᠯᠤᠰ᠎ᠤᠨ ᠨᠤᠲᠤᠭ ᠳᠡᠪᠢᠰᠬᠡᠷ᠎ᠦᠨ ᠲᠠᠯᠠᠪᠠᠶ᠎ᠶᠢᠨ 80.3% ᠶ᠋ᠢ ᠡᠵᠡᠯᠡᠵᠦ᠂ 5G ᠵᠢᠨ ᠰᠠᠭᠤᠷᠢ ᠥᠷᠲᠡᠭᠡ ᠨᠢ ᠪᠥᠬᠥ ᠤᠯᠤᠰ᠎ᠤᠨ ᠪᠣᠶ ᠪᠦᠬᠦᠢ ᠲᠤᠰᠬᠠᠢ ᠣᠷᠣᠨ᠎ᠤ ᠲᠠᠰ᠎ᠤᠨ ᠬᠣᠲᠠ ᠪᠠ ᠰᠢᠶᠠᠨ᠎ᠤ ᠬᠣᠲᠠ᠎ᠶᠢᠨ ᠲᠣᠭᠣᠷᠢᠭ᠋᠎ᠢ ᠪᠦᠷᠬᠦᠪᠡ ᠁ 《ᠠᠷᠪᠠᠨ ᠲᠠᠪᠤᠳᠤᠭᠠᠷ ᠲᠠᠪᠤᠨ ᠵᠢᠯ》 ᠳ᠋ᠤ ᠬᠠᠨᠳᠤᠨ᠂ 《ᠵᠢᠷᠭᠤᠭᠠᠨ ᠲᠣᠣᠷ》 ᠤ᠋ᠨ ᠲᠥᠯᠦᠪᠵᠢᠭᠦᠯᠭᠡ᠎ᠶᠢᠨ ᠪᠦᠲᠦᠭᠡᠨ ᠪᠠᠢᠭᠤᠯᠤᠯᠲᠠ᠎ᠶᠢᠨ ᠠᠯᠬᠤᠴᠠ ᠲᠦᠷᠭᠡᠳᠪᠡ᠃
ᠳᠣᠲᠣᠭᠠᠳᠤ ᠬᠡᠷᠡᠭᠴᠡᠭᠡ᠎ᠶᠢ ᠥᠷᠭᠡᠳᠬᠡᠬᠦ ᠡᠨᠡ ᠬᠦ᠌ ᠪᠠᠢᠯᠳᠤᠬᠤ ᠪᠣᠳᠣᠯᠭ᠎ᠠ᠎ᠶᠢᠨ ᠰᠠᠭᠤᠷᠢ ᠴᠡᠭ᠎ᠢ ᠪᠠᠷᠢᠮᠲᠠᠯᠠᠵᠤ᠂ ᠬᠦᠴᠦᠷᠬᠡᠭ ᠶᠡᠬᠡ ᠤᠯᠤᠰ᠎ᠤᠨ ᠳᠣᠲᠣᠭᠠᠳᠤ᠎ᠶᠢᠨ ᠵᠠᠬ᠎ᠠ ᠳᠡᠯᠭᠡᠭᠦᠷ᠎ᠢ ᠪᠦᠲᠦᠭᠡᠨ ᠪᠠᠢᠭᠤᠯᠵᠤ᠂ ᠳᠤᠮᠳᠠᠳᠤ ᠤᠯᠤᠰ᠎ᠤᠨ ᠬᠥᠭᠵᠢᠯᠲᠡ᠎ᠶᠢᠨ ᠳᠣᠲᠣᠭᠠᠳᠤ ᠬᠥᠳᠡᠯᠭᠡᠬᠦ ᠬᠦᠴᠦᠨ ᠬᠦᠴᠦᠷᠭᠡᠭᠵᠢᠪᠠ᠃
ᠨᠢᠬᠡᠨ 10 ᠭᠠᠷᠤᠢ ᠳ᠋ᠦᠩᠰᠢᠭᠤᠷ ᠬᠥᠮᠥᠨ ᠠᠮᠠ᠎ᠲᠠᠢ ᠲᠣᠮᠣ᠌ ᠤᠯᠤᠰ᠂ 《ᠬᠡᠳᠦᠨ ᠠᠷᠪᠠᠨ ᠵᠢᠯ᠎ᠳᠦ ᠬᠡᠳᠦᠨ ᠵᠠᠭᠤᠨ ᠵᠢᠯ᠎ᠤᠨ ᠶᠠᠪᠤᠬᠤ ᠵᠠᠮ᠎ᠢ ᠶᠠᠪᠤᠬᠰᠠᠨ》 ᠴᠠᠭ ᠣᠷᠣᠨ ᠵᠠᠢ᠎ᠶᠢᠨ ᠠᠪᠴᠢᠯᠲᠠ᠎ᠶᠢᠨ ᠳᠤᠮᠳᠠ ᠳᠡᠯᠡᠬᠡᠢ ᠳ᠋ᠠᠬᠢᠨ᠎ᠤ ᠠᠩᠬᠠᠷᠤᠯ᠎ᠢ ᠲᠠᠲᠠᠭᠰᠠᠨ 《ᠬᠣᠶᠠᠷ ᠶᠡᠬᠡ ᠭᠠᠢᠬᠠᠮᠰᠢᠭ᠋》 ᠢ᠋ ᠡᠭᠦᠳᠪᠡ᠂ ᠡᠨᠡ ᠪᠣᠯ ᠤᠷᠢᠳ ᠡᠮᠦᠨ᠎ᠡ ᠪᠠᠢᠭ᠎ᠠ ᠦᠭᠡᠢ ᠠᠭᠤᠤ ᠶᠡᠬᠡ ᠡᠭᠦᠳᠦᠯᠲᠡ ᠪᠣᠯᠣᠨ᠎ᠠ᠃
ᠳᠤᠮᠳᠠᠳᠤ ᠤᠯᠤᠰ᠎ᠤᠨ ᠡᠪ ᠬᠠᠮᠲᠤ ᠨᠠᠮ ᠡᠬᠦᠨ᠎ᠢ ᠬᠡᠷᠬᠢᠨ ᠬᠢᠵᠦ ᠴᠢᠳᠠᠭᠰᠠᠨ ᠪᠤᠢ?
ᠲᠡᠮᠡᠴᠡᠬᠦ ᠬᠠᠷᠠᠯᠲᠠ ᠠᠭᠤᠤ ᠶᠡᠬᠡ ᠠᠶᠠᠨ᠎ᠢ ᠬᠥᠲᠥᠯᠥᠨ ᠳᠠᠭᠠᠭᠤᠯᠤᠨ᠎ᠠ᠃
ᠨᠠᠮ᠎ᠤᠨ ᠠᠷᠪᠠ ᠶᠢᠰᠦᠳᠦᠭᠡᠷ ᠬᠤᠭᠤᠴᠠᠭᠠᠨ᠎ᠤ ᠲᠥᠪ ᠬᠤᠷᠢᠶ᠎ᠠ᠎ᠶᠢᠨ ᠲᠠᠪᠤᠳᠤᠭᠠᠷ ᠪᠦᠬᠦᠳᠠ ᠬᠤᠷᠠᠯ ᠡᠴᠡ 《ᠴᠢᠨᠡᠭᠡᠯᠢᠭ ᠨᠡᠢᠭᠡᠮ᠎ᠢ ᠪᠦᠬᠦ ᠲᠠᠯ᠎ᠠ᠎ᠪᠠᠷ ᠪᠡᠶᠡᠯᠡᠭᠦᠯᠬᠦ》 ᠶ᠋ᠢ 《ᠨᠡᠢᠭᠡᠮ ᠵᠢᠷᠤᠮ᠎ᠤᠨ ᠣᠳᠣᠬᠢᠴᠢᠯᠠᠭᠰᠠᠨ ᠤᠯᠤᠰ᠎ᠢ ᠪᠦᠬᠦ ᠲᠠᠯ᠎ᠠ᠎ᠪᠠᠷ ᠪᠦᠲᠦᠭᠡᠨ ᠪᠠᠶ᠋ᠢᠭᠤᠯᠬᠤ》 ᠪᠣᠯᠭᠠᠨ ᠲᠣᠬᠢᠷᠠᠭᠤᠯᠤᠨ ᠬᠥᠭᠵᠢᠭᠦᠯᠵᠦ᠂ ᠨᠠᠮ᠎ᠤᠨ ᠬᠣᠷᠢᠳᠤᠭᠠᠷ ᠶᠡᠬᠡ ᠬᠤᠷᠠᠯ ᠡᠴᠡ ᠨᠡᠢᠭᠡᠮ ᠵᠢᠷᠤᠮ᠎ᠤᠨ ᠣᠳᠣᠬᠢᠴᠢᠯᠠᠭᠰᠠᠨ ᠬᠦᠴᠦᠷᠬᠡᠭ ᠤᠯᠤᠰ᠎ᠢ ᠪᠦᠬᠦ ᠲᠠᠯ᠎ᠠ᠎ᠪᠠᠷ ᠪᠦᠲᠦᠭᠡᠨ ᠪᠠᠶ᠋ᠢᠭᠤᠯᠬᠤ᠎ᠳᠦ 《ᠬᠣᠶᠠᠷ ᠠᠯᠬᠤᠮ᠎ᠢᠶᠠᠷ ᠶᠠᠪᠤᠬᠤ》 ᠪᠠᠢᠯᠳᠤᠬᠤ ᠪᠣᠳᠣᠯᠭ᠎ᠠ᠎ᠶᠢᠨ ᠲᠣᠬᠢᠷᠠᠭᠤᠯᠤᠯᠲᠠ ᠬᠢᠪᠡ ᠁
《ᠠᠩᠬᠠᠳᠤᠭᠠᠷ ᠲᠠᠪᠤᠨ ᠵᠢᠯ》 ᠤ᠋ᠨ ᠲᠥᠯᠥᠪᠯᠡᠭᠡ᠎ᠡᠴᠡ ᠠᠪᠤᠭᠠᠳ 《ᠠᠷᠪᠠᠨ ᠲᠠᠪᠤᠳᠤᠭᠠᠷ ᠲᠠᠪᠤᠨ ᠵᠢᠯ》 ᠤ᠋ᠨ ᠲᠥᠯᠦᠪᠵᠢᠭᠦᠯᠭᠡ᠎ᠶᠢᠨ ᠬᠤᠭᠤᠴᠠᠭᠠᠨ᠎ᠳᠤ ᠬᠦᠷᠳᠡᠯ᠎ᠡ ᠮᠠᠨ᠎ᠤ ᠤᠯᠤᠰ᠎ᠢᠶᠠᠨ ᠨᠡᠢᠭᠡᠮ ᠵᠢᠷᠤᠮ᠎ᠤᠨ ᠣᠳᠣᠬᠢᠴᠢᠯᠠᠭᠰᠠᠨ ᠤᠯᠤᠰ ᠪᠣᠯᠭᠠᠨ ᠪᠦᠲᠦᠭᠡᠨ ᠪᠠᠶ᠋ᠢᠭᠤᠯᠬᠤ ᠭᠣᠣᠯ ᠰᠡᠳᠦᠪ᠎ᠢ ᠢᠮᠠᠭᠲᠠ ᠲᠤᠭᠤᠰᠢᠯᠠᠭᠤᠯᠤᠬᠰᠠᠨ ᠶᠤᠮ᠃ 《ᠨᠢᠭᠡ ᠱᠠᠲᠤ ᠦᠶ᠎ᠠ ᠨᠢᠭᠡ ᠱᠠᠲᠤ ᠦᠶ᠎ᠠ᠎ᠪᠠᠷ ᠤᠷᠤᠭ᠍ᠰᠢ ᠠᠬᠢᠭᠤᠯᠵᠤ》᠂ ᠪᠢᠳᠠ 《 ᠬᠠᠷᠢ᠎ᠶᠢᠨ ᠭᠠᠯ᠂ ᠬᠠᠷᠢ᠎ᠶᠢᠨ ᠰᠠᠪᠤᠩ᠂ ᠬᠠᠷᠢ᠎ᠶᠢᠨ ᠲᠡᠮᠦᠷ ᠵᠡᠷᠭᠡ᠎ᠶᠢ ᠬᠤᠳᠠᠯᠳᠤᠨ ᠠᠪᠬᠤ᠎ᠳᠤ ᠲᠦᠰᠢᠭᠯᠡᠵᠦ》 ᠪᠠᠢᠭᠰᠠᠨ᠎ᠠᠴᠠ᠎ᠪᠠᠨ 《ᠠᠵᠤ ᠦᠢᠯᠡᠳᠪᠦᠷᠢ᠎ᠶᠢᠨ ᠲᠦᠷᠦᠯ ᠵᠦᠢᠯ᠎ᠢᠶᠡᠷ ᠬᠠᠮᠤᠭ᠎ᠤᠨ ᠪᠦᠷᠢᠨ ᠳᠡᠯᠡᠬᠡᠢ᠎ᠶᠢᠨ ᠦᠢᠯᠡᠳᠬᠦ ᠦᠢᠯᠡᠰ᠎ᠦᠨ ᠨᠢᠭᠡᠳᠦᠭᠡᠷ ᠲᠣᠮᠣ᠌ ᠤᠯᠤᠰ》 ᠪᠣᠯᠵᠤ ᠬᠥᠭᠵᠢᠪᠡ᠃
《ᠬᠣᠶᠠᠷ᠎ᠢ ᠤᠶᠠᠯᠳᠤᠭᠤᠯᠬᠤ》 ᠪᠣᠯ ᠮᠠᠨ᠎ᠤ ᠠᠮᠵᠢᠯᠲᠠ ᠣᠯᠤᠬᠰᠠᠨᠤ ᠬᠠᠮᠤᠭ᠎ᠤᠨ ᠶᠡᠬᠡ ᠡᠷᠳᠡᠨᠢ ᠮᠥᠨ᠃
《ᠳᠤᠮᠳᠠᠳᠤ᠎ᠶᠢᠨ ᠲᠠᠪᠤᠨ ᠮᠢᠩᠭᠠᠨ ᠵᠢᠯ᠎ᠦᠨ ᠪᠣᠯᠪᠠᠰᠤᠨ ᠪᠠᠢᠭᠰᠠᠨ ᠦᠭᠡᠢ ᠪᠣᠯ ᠮᠠᠨ᠎ᠤ ᠥᠨᠥᠳᠥᠷ᠎ᠦᠨ ᠠᠮᠵᠢᠯᠲᠠ᠎ᠶᠢᠨ ᠵᠠᠮ ᠬᠡᠷᠬᠢᠨ ᠪᠠᠢᠵᠤ ᠴᠢᠳᠠᠬᠤ ᠪᠤᠢ》᠃
《ᠣᠳᠣᠬᠢᠴᠢᠯᠠᠭᠰᠠᠨ ᠤᠯᠤᠰ᠎ᠢ ᠪᠦᠲᠦᠭᠡᠨ ᠪᠠᠶ᠋ᠢᠭᠤᠯᠬᠤ᠎ᠳᠤ᠂ ᠠᠮᠧᠷᠢᠺᠠ ᠡᠸᠦ᠋ᠷᠦᠫᠡ᠎ᠶᠢᠨ ᠬᠠᠭᠤᠴᠢᠨ ᠵᠠᠮ᠎ᠢᠶᠠᠷ ᠵᠠᠮᠨᠠᠵᠤ ᠪᠤᠯᠬᠤ ᠦᠭᠡᠢ ᠶᠤᠮ》᠂ ᠦᠢᠯᠡᠳᠪᠦᠷᠢᠯᠡᠯ ᠬᠥᠭᠵᠢᠭᠰᠡᠨ᠂ ᠠᠮᠢᠳᠤᠷᠠᠯ ᠪᠠᠶᠠᠨ ᠴᠢᠨᠡᠭᠡᠯᠢᠭᠵᠢᠭᠰᠡᠨ᠂ ᠠᠮᠢ ᠠᠬᠤᠢ ᠰᠠᠢᠨ ᠰᠠᠢᠬᠠᠨ ᠪᠣᠯᠪᠠᠰᠤᠨ ᠬᠥᠭᠵᠢᠯᠲᠡ᠎ᠶᠢᠨ ᠵᠠᠮ᠎ᠢᠶᠠᠷ ᠡᠷᠡᠰ ᠭᠤᠢᠪᠢᠰᠢ ᠦᠭᠡᠢ ᠵᠠᠮᠨᠠᠬᠤ ᠭᠡᠷᠡᠭᠲᠡᠢ;
ᠰᠢᠨ᠎ᠡ ᠴᠠᠭ ᠦᠶ᠎ᠡ᠎ᠶᠢᠨ 《ᠹᠧᠨᠭᠴᠢᠶᠤᠤ ᠵᠢᠨ ᠲᠤᠷᠰᠢᠯᠭ᠎ᠠ》 ᠶ᠋ᠢ ᠪᠠᠷᠢᠮᠲᠠᠯᠠᠨ ᠬᠥᠭᠵᠢᠭᠦᠯᠵᠦ᠂ 《ᠰᠢᠨ᠎ᠡ ᠴᠠᠭ ᠦᠶ᠎ᠡ᠎ᠶᠢᠨ ᠵᠢᠷᠭᠤᠭᠠᠨ ᠲᠤᠬᠤᠢ ᠭᠤᠳᠤᠮᠵᠢ᠎ᠶᠢᠨ ᠠᠵᠢᠯᠯᠠᠬᠤ ᠠᠷᠭ᠎ᠠ》 ᠶ᠋ᠢ ᠬᠡᠷᠡᠭᠵᠢᠭᠦᠯᠵᠦ᠂ 《ᠡᠪ ᠨᠠᠢᠷᠠᠮᠳᠠᠯ》 ᠤ᠋ᠨ ᠰᠣᠶᠣᠯ᠎ᠤᠨ ᠠᠭᠤᠯᠤᠭᠳᠠᠬᠤᠨ᠎ᠢ ᠦᠨᠳᠦᠰᠦᠨ ᠱᠠᠲᠤᠨ᠎ᠤ ᠵᠠᠰᠠᠯᠲᠠ᠎ᠶᠢᠨ ᠪᠣᠳᠠᠲᠠᠢ᠎ᠲᠠᠢ ᠤᠶᠠᠯᠳᠤᠭᠤᠯᠵᠤ᠂ ᠨᠡᠢᠭᠡᠮ᠎ᠦᠨ ᠵᠥᠷᠢᠴᠡᠯ ᠵᠠᠭᠤᠷᠠᠯᠳᠤᠭᠠᠨ᠎ᠢ ᠤᠯᠠᠨ ᠡᠰᠢᠵᠢᠭᠦᠯᠦᠨ ᠰᠢᠢᠳᠪᠦᠷᠢᠯᠡᠬᠦ ᠲᠣᠭᠲᠠᠴᠠ᠎ᠶᠢ ᠲᠡᠭᠦᠯᠳᠡᠷᠵᠢᠭᠦᠯᠪᠠ;
᠁ ᠁
ᠪᠦᠭᠦ ᠠᠷᠠᠳ ᠲᠦᠮᠡᠨ᠎ᠢ ᠬᠠᠮᠲᠤ᠎ᠪᠠᠷ ᠣᠳᠣᠬᠢᠴᠢᠯᠠᠯᠲᠠ ᠲᠡᠢᠰᠢ ᠤᠷᠤᠭᠰᠢᠯᠠᠭᠤᠯᠵᠤ᠂ ᠬᠥᠮᠥᠨ ᠨᠢᠭᠡᠪᠦᠷᠢ᠎ᠶᠢ ᠰᠠᠢᠨ ᠰᠠᠢᠬᠠᠨ ᠠᠮᠢᠳᠤᠷᠠᠭᠤᠯᠵᠤ᠂ ᠬᠥᠮᠥᠰ᠎ᠦᠨ ᠪᠣᠳᠠᠰ᠎ᠤᠨ ᠪᠠ ᠤᠶᠤᠨ᠎ᠤ ᠶᠢᠷᠲᠢᠨᠴᠦ᠎ᠶᠢ ᠠᠳᠠᠯᠢᠬᠠᠨ ᠪᠠᠶᠠᠨ ᠴᠢᠨᠡᠭᠡᠯᠢᠭ ᠪᠤᠯᠭᠠᠵᠤ᠂ ᠬᠥᠮᠥᠨ ᠬᠢᠭᠡᠳ ᠪᠠᠢᠭᠠᠯᠢ ᠡᠶ᠎ᠡ ᠵᠣᠬᠢᠴᠠᠩᠭᠤᠢ᠎ᠪᠠᠷ ᠬᠠᠮᠲᠤ ᠤᠷᠤᠰᠢᠬᠤ ᠵᠢ ᠪᠡᠶᠡᠯᠡᠬᠦᠯᠦᠨ᠎ᠡ ᠁
ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ ᠨᠢ 《ᠵᠥᠪ ᠶᠠᠪᠤᠵᠤ ᠴᠢᠳᠠᠬᠤ᠎ᠪᠠᠷ ᠪᠠᠷᠠᠬᠤ ᠦᠭᠡᠢ᠂ ᠯᠠᠪᠳᠠᠭᠤᠨ ᠶᠠᠪᠤᠵᠤ ᠴᠢᠳᠠᠨ᠎ᠠ᠂ ᠰᠠᠢᠨ ᠶᠠᠪᠤᠵᠤ ᠴᠢᠳᠠᠨ᠎ᠠ》᠃
ᠥᠨᠥᠳᠥᠷ᠂ ᠪᠢᠳᠡ ᠳᠤᠮᠳᠠᠳᠤ᠎ᠶᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶᠢ ᠪᠡᠶᠡᠯᠡᠭᠦᠯᠬᠦ ᠬᠠᠷᠠᠯᠲᠠ᠎ᠳᠤ ᠲᠡᠦᠬᠡ᠎ᠶᠢᠨ ᠠᠯᠢ ᠴᠤ᠌ ᠴᠠᠭ ᠦᠶ᠎ᠡ᠎ᠡᠴᠡ ᠢᠯᠡᠭᠦᠦ ᠣᠶ᠋ᠢᠷᠠᠳᠴᠤ᠂ ᠨᠡᠩ ᠢᠯᠡᠭᠦᠦ ᠢᠲᠡᠭᠡᠯ ᠪᠠ ᠴᠢᠳᠠᠪᠤᠷᠢ᠎ᠲᠠᠢ ᠪᠣᠯᠤᠭᠰᠠᠨ ᠪᠠᠢᠨ᠎ᠠ᠃
ᠵᠠᠮ᠎ᠢᠶᠠᠨ ᠬᠤᠪᠢᠷᠠᠭᠤᠯᠬᠤ ᠦᠭᠡᠢ᠂ ᠵᠣᠷᠢᠭ᠋ᠮᠤᠬᠤᠬᠤ ᠦᠬᠡᠢ ᠪᠠᠢᠬᠤ᠎ᠶᠢ ᠪᠠᠷᠢᠮᠲᠠᠯᠠᠪᠠᠯ᠂ 《ᠶᠠᠮᠠᠷ ᠴᠤ᠌ ᠬᠦᠴᠦᠨ ᠭᠡᠳ ᠳᠤᠮᠳᠠᠳᠤ ᠤᠯᠤᠰ᠎ᠤᠨ ᠠᠷᠠᠳ ᠲᠦᠮᠡᠨ ᠪᠣᠯᠣᠨ ᠳᠤᠮᠳᠠᠳᠤ᠎ᠶᠢᠨ ᠦᠨᠳᠦᠰᠦᠲᠡᠨ᠎ᠦ ᠤᠷᠤᠭᠰᠢᠯᠠᠯᠲᠠ᠎ᠶᠢᠨ ᠠᠯᠬᠤᠭ᠎ᠠ᠎ᠵᠢ ᠬᠣᠷᠢᠭ᠍ᠯᠠᠵᠤ ᠳᠡᠶ᠋ᠢᠯᠭᠦ ᠦᠭᠡᠢ》᠃
(ᠲᠠᠪᠤ)
ᠬᠥᠮᠥᠨ ᠲᠥᠷᠥᠯᠬᠢᠲᠡᠨ᠎ᠦ ᠳᠠᠪᠰᠢᠯᠲᠠ᠎ᠶᠢᠨ ᠲᠥᠯᠥᠭᠡ᠂ ᠳᠡᠯᠡᠬᠡᠢ᠎ᠶᠢᠨ ᠶᠡᠬᠡ ᠨᠢᠭᠡᠳᠦᠯ᠎ᠦᠨ ᠲᠥᠯᠥᠭᠡ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠠᠷᠠᠳ ᠲᠦᠮᠡᠨ᠎ᠢ ᠤᠳᠤᠷᠢᠳᠤᠨ ᠨᠡᠭᠡᠭᠡᠭᠰᠡᠨ ᠰᠠᠷᠠᠭᠤᠯ ᠳᠠᠷᠳᠠᠩ ᠵᠠᠮ ᠨᠢ ᠬᠥᠮᠥᠨ ᠲᠥᠷᠥᠯᠬᠢᠲᠡᠨ᠎ᠦ ᠣᠳᠣᠬᠢᠴᠢᠯᠠᠯᠲᠠ ᠲᠡᠢᠰᠢ ᠤᠷᠤᠭᠰᠢᠯᠠᠬᠤ ᠰᠢᠨ᠎ᠡ ᠵᠠᠮ᠎ᠢ ᠨᠡᠭᠡᠭᠡᠵᠦ᠂ ᠬᠥᠮᠥᠨ ᠲᠥᠷᠥᠯᠬᠢᠲᠡᠨ᠎ᠦ ᠪᠣᠯᠪᠠᠰᠤᠨ᠎ᠤ ᠰᠢᠨ᠎ᠡ ᠭᠡᠯᠪᠡᠷᠢ᠎ᠶᠢ ᠡᠭᠦᠳᠴᠦ᠂ ᠲᠡᠬᠦᠨ᠎ᠦ ᠳᠤᠷᠠᠳᠤᠭᠰᠠᠨ ᠬᠥᠮᠥᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶᠢᠨ ᠴᠣᠭᠴᠠ᠎ᠶᠢ ᠪᠠᠶ᠋ᠢᠭᠤᠯᠬᠤ ᠣᠢᠯᠠᠭᠠᠭᠳᠠᠬᠤᠨ ᠨᠢ ᠴᠠᠭ ᠦᠶ᠎ᠡ᠎ᠶᠢᠨ ᠤᠷᠤᠭᠰᠢᠯᠠᠯᠲᠠ᠎ᠶᠢ ᠬᠥᠲᠥᠯᠥᠨ ᠳᠠᠭᠠᠭᠤᠯᠬᠤ ᠭᠡᠷᠡᠯ ᠰᠠᠴᠤᠷᠠᠩᠭᠤᠢ ᠲᠤᠭ ᠪᠣᠯᠵᠤ᠂ ᠳᠡᠯᠡᠬᠡᠢᠳ᠋ᠡᠬᠢᠨᠤ ᠡᠩᠬᠡ ᠲᠠᠢᠪᠤᠩ᠂ ᠠᠮᠤᠷ ᠲᠦᠪᠰᠢᠨ᠂ ᠬᠥᠭᠵᠢᠯ ᠴᠡᠴᠡᠭᠯᠡᠯ᠂ ᠲᠠᠪᠰᠢᠯᠳᠠ᠎ᠶᠢᠨ ᠭᠡᠭᠡᠨ ᠰᠠᠷᠠᠭᠤᠯ ᠢᠷᠡᠭᠡᠳᠦᠢ ᠲᠡᠢᠰᠢ ᠤᠷᠤᠭᠰᠢᠯᠠᠬᠤ᠎ᠶᠢ ᠠᠬᠢᠭᠤᠯᠤᠭᠰᠠᠨ ᠪᠠᠢᠨ᠎ᠠ᠃
《ᠬᠡᠬᠦᠳᠡᠭ ᠴᠡᠭᠡᠵᠢᠨ᠎ᠳᠡᠭᠡᠨ ᠳᠡᠯᠡᠬᠡᠢ ᠳ᠋ᠠᠬᠢᠨ᠎ᠢ ᠪᠠᠭᠲᠠᠭᠠᠬᠤ》 ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠴᠥᠬᠥᠷᠡᠰᠢ ᠦᠭᠡᠢ ᠲᠡᠮᠡᠴᠡᠭᠰᠡᠨ ᠲᠡᠦᠬᠡᠨ ᠲᠤᠷᠰᠢᠯᠭ᠎ᠠ ᠪᠣᠯᠣᠨ᠎ᠠ᠂ ᠰᠢ ᠵᠢᠨ ᠫᠢᠨᠭ ᠤᠨ ᠰᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ᠋ ᠪᠦᠬᠦᠢ ᠨᠡᠢᠭᠡᠮ ᠵᠢᠷᠤᠮ᠎ᠤᠨ ᠦᠵᠡᠯ ᠰᠠᠨᠠᠭᠠᠨ᠎ᠤ ᠤᠨᠤᠯ᠎ᠤᠨ ᠬᠡᠪ ᠴᠢᠨᠠᠷ ᠪᠣᠯᠣᠨ᠎ᠠ᠃
ᠶᠡᠷᠦᠩᠬᠡᠢ ᠱᠦᠵᠢ ᠰᠢ᠎ᠶᠢᠨ ᠫᠢᠩ᠂ 《ᠠᠷᠪᠠᠨ ᠲᠠᠪᠤᠳᠤᠭᠠᠷ ᠲᠠᠪᠤᠨ ᠵᠢᠯ》᠎ᠤ᠋ᠨ ᠲᠥᠯᠦᠪᠵᠢᠭᠦᠯᠭᠡ ᠨᠢ 《ᠢᠷᠡᠭᠡᠳᠦᠢ ᠶ᠋ᠢᠨ ᠲᠠᠪᠤᠨ ᠵᠢᠯ᠎ᠦᠨ ᠳᠤᠮᠳᠠᠳᠤ ᠤᠯᠤᠰ᠎ᠤᠨ ᠬᠥᠭᠵᠢᠯᠲᠡ ᠶ᠋ᠢᠨ ᠠᠯᠤᠰ᠎ᠤᠨ ᠲᠥᠰᠥᠪ ᠢ᠋ ᠵᠢᠷᠤᠭᠯᠠᠵᠤ ᠥᠭᠭᠦᠭᠰᠡᠨ ᠪᠥᠭᠡᠳ ᠪᠠᠰᠠ ᠳᠡᠯᠡᠬᠡᠢ ᠳ᠋ᠠᠬᠢᠨ᠎ᠳᠤ ᠨᠢᠬᠡᠨ ᠬᠤᠪᠢ 〈ᠠᠵᠠ ᠲᠣᠭᠢᠶᠠᠯ᠎ᠤᠨ ᠨᠠᠷᠢᠨ ᠳᠠᠩᠰᠠ〉 ᠶ᠋ᠢ ᠬᠠᠩᠭᠠᠭᠰᠠᠨ ᠪᠠᠢᠨ᠎ᠠ》 ᠭᠡᠵᠤ ᠴᠢᠬᠤᠯᠠᠴᠢᠯᠠᠪᠠ᠃
ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ᠎ᠶᠢᠨ ᠨᠢᠭᠡᠨ ᠴᠢᠬᠤᠯᠠ ᠣᠨᠴᠠᠯᠢᠭ᠋ ᠪᠣᠯ ᠳᠠᠷᠤᠢ ᠡᠩᠬᠡ ᠲᠠᠢᠪᠤᠩ ᠬᠥᠭᠵᠢᠯᠲᠡ᠎ᠶᠢ ᠪᠠᠷᠢᠮᠲᠠᠯᠠᠵᠤ᠂ ᠳᠡᠯᠡᠬᠡᠢ᠎ᠶᠢᠨ ᠡᠩᠬᠡ ᠲᠠᠢᠪᠤᠩ ᠪᠣᠯᠣᠨ ᠬᠥᠭᠵᠢᠯᠲᠡ᠎ᠶᠢ ᠡᠷᠡᠰ ᠬᠠᠮᠠᠭᠠᠯᠠᠬᠤ ᠳᠤᠮᠳᠠ ᠲᠤᠰ ᠪᠡᠶ᠎ᠡ᠎ᠶᠢᠨ ᠬᠥᠭᠵᠢᠯᠲᠡ᠎ᠪᠡᠨ ᠡᠷᠢᠯᠬᠢᠯᠡᠵᠦ᠂ ᠪᠠᠰᠠ ᠲᠤᠰ ᠪᠡᠶ᠎ᠡ᠎ᠶᠢᠨ ᠬᠥᠭᠵᠢᠯᠲᠡ᠎ᠪᠡᠷ᠎ᠢᠶᠡᠨ ᠳᠡᠯᠡᠬᠡᠢ᠎ᠶᠢᠨ ᠡᠩᠬᠡ ᠲᠠᠢᠪᠤᠩ ᠪᠣᠯᠣᠨ ᠬᠥᠭᠵᠢᠯᠲᠡ᠎ᠶᠢ ᠨᠡᠩ ᠰᠠᠢᠲᠤᠷ ᠬᠠᠮᠠᠭᠠᠯᠠᠵᠤ᠂ ᠬᠥᠮᠥᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶᠢᠨ ᠴᠣᠭᠴᠠ᠎ᠶᠢ ᠪᠠᠶ᠋ᠢᠭᠤᠯᠬᠤ᠎ᠶᠢ ᠠᠬᠢᠭᠤᠯᠬᠤ ᠶᠠᠪᠤᠳᠠᠯ ᠪᠣᠯᠣᠨ᠎ᠠ᠃
《ᠬᠥᠮᠥᠨ ᠲᠥᠷᠥᠯᠬᠢᠲᠡᠨ᠎ᠦ ᠨᠡᠢᠭᠡᠮ᠎ᠦᠨ ᠬᠥᠭᠵᠢᠯᠲᠡ᠎ᠶᠢᠨ ᠠᠯᠢ ᠤᠯᠠᠨ ᠬᠦᠴᠢᠷ ᠠᠰᠠᠭᠤᠳᠠᠯ᠎ᠢ ᠰᠢᠢᠳᠪᠦᠷᠢᠯᠡᠵᠦ᠂ ᠬᠥᠷᠥᠩᠭᠡ᠎ᠪᠡᠷ ᠭᠣᠣᠯ ᠪᠤᠯᠭᠠᠬ᠍ᠰᠠᠨ ᠥᠷᠥᠨᠡᠳᠠᠬᠢᠨ᠎ᠤ ᠣᠳᠣᠬᠢᠴᠢᠯᠠᠯᠲᠠ᠂ ᠬᠣᠶᠠᠷ ᠲᠡᠢᠰᠢ ᠲᠤᠢᠯᠰᠢᠷᠠᠬᠤ ᠣᠳᠣᠬᠢᠴᠢᠯᠠᠯᠲᠠ᠂ ᠪᠣᠳᠠᠰ᠎ᠤᠨ ᠦᠵᠡᠯ ᠲᠠᠢᠯᠦᠩᠭᠦᠢ ᠪᠠᠢᠬᠤ ᠣᠳᠣᠬᠢᠴᠢᠯᠠᠯᠲᠠ᠂ ᠭᠠᠳᠠᠭ᠍ᠰᠢ ᠲᠦᠷᠢᠵᠦ ᠳᠡᠭᠡᠷᠡᠮᠳᠡᠬᠦ ᠣᠳᠣᠬᠢᠴᠢᠯᠠᠯᠲᠠ᠎ᠶᠢᠨ ᠬᠠᠭᠤᠴᠢᠨ ᠵᠠᠮ᠎ᠢ ᠲᠠᠶᠠᠭᠳᠠᠵᠤ᠂ ᠬᠥᠭᠵᠢᠵᠦ ᠪᠠᠢᠭ᠎ᠠ ᠤᠯᠤᠰ᠎ᠤᠨ ᠣᠳᠣᠬᠢᠴᠢᠯᠠᠯᠲᠠ ᠲᠡᠢᠰᠢ ᠵᠠᠮᠨᠠᠬᠤ ᠵᠠᠮ᠎ᠢ ᠥᠷᠭᠡᠳᠬᠡᠵᠦ᠂ ᠬᠥᠮᠥᠨ ᠲᠥᠷᠥᠯᠬᠢᠲᠡᠨ᠎ᠦ ᠨᠡᠩ ᠰᠠᠢᠨ ᠨᠡᠢᠭᠡᠮ᠎ᠦᠨ ᠪᠠᠢᠭᠤᠯᠤᠯ᠎ᠢ ᠰᠦᠪᠡᠭᠴᠢᠯᠡᠬᠦ᠎ᠳᠦ ᠳᠤᠮᠳᠠᠳᠤ ᠤᠯᠤᠰ᠎ᠤᠨ ᠲᠥᠰᠥᠯ᠎ᠢ ᠬᠠᠩᠭᠠᠵᠠᠢ》᠃
ᠪᠦᠭᠦ ᠪᠥᠮᠪᠥᠷᠴᠡᠭ᠎ᠦᠨ ᠬᠥᠭᠵᠢᠯᠲᠡ᠎ᠶᠢᠨ ᠰᠠᠨᠠᠭᠠᠴᠢᠯᠠᠭ᠎ᠠ᠂ ᠪᠦᠭᠦ ᠪᠥᠮᠪᠥᠷᠴᠡᠭ᠎ᠦᠨ ᠠᠮᠤᠷ ᠲᠦᠪᠰᠢᠨ᠎ᠦ ᠰᠠᠨᠠᠭᠠᠴᠢᠯᠠᠭ᠎ᠠ᠂ ᠪᠦᠭᠦ ᠪᠥᠮᠪᠥᠷᠴᠡᠭ᠎ᠦᠨ ᠪᠣᠯᠪᠠᠰᠤᠨ᠎ᠤ ᠰᠠᠨᠠᠭᠠᠴᠢᠯᠠᠭ᠎ᠠ᠂ ᠪᠦᠭᠦ ᠪᠥᠮᠪᠥᠷᠴᠡᠭ᠎ᠦᠨ ᠵᠠᠰᠠᠯᠲᠠ᠎ᠶᠢᠨ ᠰᠠᠨᠠᠭᠠᠴᠢᠯᠠᠭ᠎ᠠ᠎ᠶᠢ ᠨᠠᠢᠳᠠᠪᠤᠷᠢᠵᠢᠭᠤᠯᠬᠤ᠎ᠪᠠᠷ ᠪᠠᠢᠯᠳᠤᠬᠤ ᠪᠣᠳᠣᠯᠭ᠎ᠠ᠎ᠶᠢᠨ ᠵᠢᠯᠣᠭᠣᠳᠤᠮᠵᠢ ᠪᠤᠯᠭᠠᠵᠤ᠂ 《ᠨᠢᠭᠡ ᠪᠦᠰᠡ ᠨᠢᠭᠡ ᠵᠠᠮ》 ᠢ᠋ ᠴᠢᠨᠠᠷ ᠰᠠᠢᠲᠠᠢ ᠬᠠᠮᠲᠤ ᠪᠠᠷ ᠪᠠᠶ᠋ᠢᠭᠤᠯᠬᠤ᠎ᠪᠠᠷ ᠦᠢᠯᠡᠳᠦᠯᠭᠡ᠎ᠶᠢᠨ ᠲᠠᠪᠴᠠᠩ ᠪᠣᠯᠭᠠᠪᠠ ᠁ ᠬᠥᠮᠥᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶᠢᠨ ᠴᠣᠭᠴᠠ᠎ᠶᠢ ᠪᠠᠶ᠋ᠢᠭᠤᠯᠬᠤ ᠪᠣᠯ 《ᠶᠠᠮᠠᠷ ᠶᠠᠩᠵᠤ᠎ᠶᠢᠨ ᠳᠡᠯᠡᠬᠡᠢ ᠶᠢᠷᠲᠢᠨᠴᠦ᠎ᠶᠢ ᠪᠠᠶ᠋ᠢᠭᠤᠯᠬᠤ᠂ ᠡᠨᠡᠬᠦ ᠳᠡᠯᠡᠬᠡᠢ ᠶᠢᠷᠲᠢᠨᠴᠦ᠎ᠶᠢ ᠬᠡᠷᠬᠢᠨ ᠪᠠᠶ᠋ᠢᠭᠤᠯᠬᠤ ᠠᠰᠠᠭᠤᠯᠳᠠ᠎ᠳᠤ ᠥᠭᠭᠦᠭᠰᠡᠨ ᠳᠤᠮᠳᠠᠳᠤ ᠤᠯᠤᠰ᠎ᠤᠨ ᠲᠥᠰᠥᠯ》 ᠪᠣᠯᠣᠨ᠎ᠠ᠃
ᠳᠤᠮᠳᠠᠳᠤ ᠤᠯᠤᠰ᠎ᠤᠨ ᠲᠥᠰᠥᠯ᠎ᠦᠨ ᠦᠷᠳᠡᠭ᠎ᠦᠨ ᠣᠢᠯᠠᠭᠠᠭᠳᠠᠬᠤᠨ᠎ᠤ ᠲᠤᠮᠳᠠ᠎ᠠᠴᠠ ᠰᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠡᠪ ᠬᠠᠮᠲᠤᠴᠤᠳ᠎ᠤᠨ ᠳᠡᠯᠡᠬᠡᠢ ᠳ᠋ᠠᠬᠢᠨ᠎ᠤ ᠬᠠᠢᠷ᠎ᠠ ᠰᠡᠳᠬᠢᠯᠭᠡ᠎ᠶᠢ ᠭᠦᠨᠵᠡᠭᠡᠢ ᠡᠵᠡᠮᠰᠢᠵᠦ ᠪᠣᠯᠣᠨ᠎ᠠ᠃
ᠡᠶ᠎ᠡ ᠨᠡᠢᠷᠲᠠᠢ ᠬᠠᠮᠳᠤ ᠪᠡᠷ ᠣᠷᠣᠰᠢᠬᠤ︱《ᠳᠤᠮᠳᠠᠳᠤ ᠤᠯᠤᠰ᠎ᠤᠨ 〈ᠡᠶ᠎ᠡ ᠨᠠᠶ᠋ᠢᠷᠠᠮᠳᠠᠭᠤ〉 ᠵᠢᠨ ᠰᠣᠶᠣᠯ ᠥᠨᠢ ᠤᠳᠠᠭᠠᠨ ᠤᠯᠠᠮᠵᠢᠯᠠᠯ᠎ᠲᠠᠢ ᠪᠠᠢᠵᠤ᠂ ᠡᠪ ᠨᠢᠭᠡᠳᠦᠯ᠎ᠤᠨ ᠶᠢᠷᠲᠢᠨᠴᠦ᠎ᠶᠢᠨ ᠦᠵᠡᠯᠲᠡ᠂ ᠤᠯᠠᠨ ᠤᠯᠤᠰ ᠡᠶ᠎ᠡ ᠨᠠᠶ᠋ᠢᠷᠠᠮᠳᠠᠭᠤ ᠤᠷᠤᠰᠢᠬᠤ ᠳᠡᠯᠡᠬᠡᠢ᠎ᠶᠢᠨ ᠦᠵᠡᠯᠲᠡ᠂ ᠡᠶ᠎ᠡ ᠲᠠᠢ ᠠᠳᠠᠯ᠎ᠠ ᠠᠳᠠᠯᠢ ᠪᠤᠰᠤ ᠨᠡᠢᠭᠡᠮ᠎ᠦᠨ ᠦᠵᠡᠯᠲᠡ᠂ ᠬᠥᠮᠥᠨ᠎ᠦ ᠰᠡᠳᠬᠢᠯ ᠡᠶᠡᠯᠰᠡᠭ ᠡᠨᠡᠷᠢᠩᠬᠦᠢ ᠶᠣᠰᠣ᠌ ᠰᠤᠷᠲᠠᠬᠤᠨ᠎ᠤ ᠦᠵᠡᠯᠲᠡ ᠠᠭᠤᠯᠤᠭᠳᠠᠵᠤ ᠪᠤᠢ》 ᠃
ᠤᠯᠠᠨ ᠤᠯᠤᠰ᠎ᠤᠨ ᠡᠶᠡᠳᠡᠭᠦᠯᠭᠡ᠎ᠶᠢᠨ ᠬᠣᠷᠢᠶ᠎ᠠ᠎ᠶᠢ ᠲᠦᠷᠦᠭᠦᠯᠡᠨ ᠪᠠᠢᠭᠤᠯᠵᠤ᠂ ᠡᠯ᠎ᠡ ᠤᠯᠤᠰ᠎ᠲᠤ ᠵᠥᠷᠢᠯᠳᠦᠭᠡᠨ᠎ᠢ ᠨᠠᠢᠷᠠᠮᠳᠠᠯ᠎ᠢᠶᠠᠷ ᠨᠠᠮᠳᠠᠭᠤᠯᠬᠤ ᠰᠢᠨ᠎ᠡ ᠲᠠᠪᠴᠠᠩ᠎ᠢ ᠪᠠᠢᠭᠤᠯᠵᠤ ᠥᠭᠪᠡ; ᠰᠢᠨ᠎ᠡ ᠬᠡᠯᠪᠡᠷᠢ ᠵᠢᠨ ᠲᠣᠮᠣ᠌ ᠤᠯᠤᠰ᠎ᠤᠨ ᠬᠠᠷᠢᠯᠴᠠᠭ᠎ᠠ᠎ᠶᠢ ᠪᠠᠶ᠋ᠢᠭᠤᠯᠬᠤ᠎ᠶᠢ ᠠᠬᠢᠭᠤᠯᠵᠤ᠂ ᠳᠡᠯᠡᠬᠡᠢ᠎ᠶᠢᠨ ᠡᠩᠬᠡ ᠲᠠᠢᠪᠤᠩ᠎ᠢ ᠬᠠᠮᠠᠭᠠᠯᠠᠬᠤ᠎ᠳᠤ ᠲᠣᠮᠣ᠌ ᠤᠯᠤᠰ᠎ᠤᠨ ᠡᠬᠦᠷᠬᠡᠯᠡᠯ᠎ᠢ ᠢᠯᠡᠷᠡᠭᠦᠯᠪᠠ ᠁
《ᠨᠠᠢᠷᠠᠮᠳᠠᠯ᠎ᠢᠶᠠᠷ ᠵᠡᠷᠭᠡᠴᠡᠨ ᠣᠷᠣᠰᠢᠬᠤ ᠲᠠᠪᠤᠨ ᠵᠠᠷᠴᠢᠮ᠎ᠤᠨ ᠲᠡᠦᠬᠡ᠎ᠶᠢᠨ ᠬᠠᠷᠢᠭᠤᠯᠲᠠ》 ᠡᠴᠡ 《ᠬᠥᠮᠥᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶᠢᠨ ᠴᠣᠭᠴᠠ᠎ᠶᠢ ᠪᠠᠶ᠋ᠢᠭᠤᠯᠬᠤ ᠡᠨᠡᠬᠦ ᠴᠠᠭ ᠦᠶ᠎ᠡ᠎ᠶᠢᠨ ᠬᠠᠷᠢᠭᠤᠯᠲᠠ》 ᠭᠦᠷᠲᠡᠯ᠎ᠡ᠂ 《ᠡᠶ᠎ᠠ ᠨᠠᠢᠷᠠᠮᠳᠠᠯ》 ᠤ᠋ᠨ ᠲᠤᠬᠠᠢ ᠬᠥᠭᠡᠭᠡᠴᠡᠯᠳᠦᠯ ᠨᠢ ᠤᠳᠤᠮ ᠤᠯᠠᠮᠵᠢᠯᠠᠯ ᠨᠢᠭᠡᠲᠡᠢ ᠪᠥᠭᠡᠳ ᠢᠮᠠᠬᠳᠠ ᠲᠤᠭᠤᠰᠢᠯᠠᠭᠤᠯᠤᠬᠳᠠᠬᠰᠠᠨ ᠶᠤᠮ᠃
《ᠡᠶ᠎ᠡ ᠨᠠᠶ᠋ᠢᠷᠠᠮᠳᠠᠭᠤ ᠵᠢᠨ ᠰᠣᠶᠣᠯ ᠪᠣᠯ ᠮᠥᠷᠭᠦᠯᠳᠦᠭᠡᠨ ᠬᠠᠭᠠᠴᠠᠯ ᠢ᠋ ᠠᠷᠢᠯᠭᠠᠬᠤ 〈ᠬᠦᠴᠦᠲᠡᠢ ᠬᠣᠣᠷ᠎ᠢ ᠲᠠᠢᠯᠬᠤ ᠡᠮ〉ᠮᠥᠨ》 ᠭᠡᠵᠦ ᠣᠯᠠᠨ ᠤᠯᠤᠰ᠎ᠤᠨ ᠬᠣᠯᠪᠣᠭᠠᠲᠤ ᠪᠠᠢᠭᠤᠯᠭ᠎ᠠ ᠶ᠋ᠢᠨ ᠵᠠᠷᠢᠮ ᠲᠤᠰᠢᠶᠠᠯᠲᠠᠨ ᠦᠵᠡᠵᠦ ᠪᠤᠢ᠃
ᠳᠤᠮᠳᠠᠳᠤ ᠤᠯᠤᠰ᠎ᠤᠨ ᠲᠥᠰᠥᠯ ᠨᠢ ᠭᠦᠨ ᠵᠤᠵᠠᠭᠠᠨ ᠡᠶ᠎ᠡ ᠨᠠᠢᠷᠰᠠᠭ ᠰᠣᠶᠣᠯ᠎ᠳᠤ ᠰᠠᠭᠤᠷᠢᠯᠠᠵᠤ᠂ ᠡᠯ᠎ᠡ ᠤᠯᠤᠰ᠎ᠤᠨ ᠳᠡᠯᠡᠬᠡᠢ᠎ᠶᠢᠨ ᠪᠥᠮᠪᠥᠷᠴᠡᠭ᠎ᠢᠶᠡᠨ ᠡᠶ᠎ᠡ ᠨᠠᠢᠷᠲᠠᠢ ᠶᠡᠬᠡ ᠭᠡᠷ ᠪᠦᠯᠢ ᠪᠣᠯᠭᠠᠨ ᠪᠦᠲᠦᠭᠡᠨ ᠪᠠᠶ᠋ᠢᠭᠤᠯᠬᠤ᠎ᠶᠢ ᠠᠬᠢᠭᠤᠯᠬᠤ ᠪᠣᠯᠣᠨ᠎ᠠ᠃
ᠬᠠᠮᠲᠤᠷᠠᠯᠴᠠᠵᠤ ᠬᠠᠮᠲᠤ᠎ᠪᠠᠷ ᠠᠰᠢᠭ᠋ ᠭᠦᠷᠳᠡᠨ᠎ᠡ ︱ 《ᠭᠠᠭᠴᠠ ᠬᠦ᠌ ᠬᠠᠮᠲᠤᠷᠠᠯᠴᠠᠵᠤ ᠬᠠᠮᠲᠤ᠎ᠪᠠᠷ ᠠᠰᠢᠭ᠋ ᠭᠦᠷᠳᠡᠪᠡᠯ ᠰᠠᠶᠢ ᠤᠴᠢᠷ ᠶᠠᠪᠤᠳᠠᠯ ᠢ᠋ ᠪᠦᠲᠦᠭᠡᠵᠦ᠂ ᠰᠠᠢᠨ ᠶᠠᠪᠤᠳᠠᠯ᠂ ᠶᠡᠬᠡ ᠶᠠᠪᠤᠳᠠᠯ ᠢ᠋ ᠪᠦᠲᠦᠭᠡᠵᠦ ᠴᠢᠳᠠᠨ᠎ᠠ》 ᠃
ᠡᠨᠡ ᠵᠢᠯ᠎ᠦᠨ 5 ᠰᠠᠷ᠎ᠠ᠎ᠶᠢᠨ 1 ᠤ᠋ ᠡᠳᠦᠷ᠎ᠡᠴᠡ ᠡᠬᠢᠯᠡᠨ᠂ ᠳᠤᠮᠳᠠᠳᠤ ᠤᠯᠤᠰ ᠠᠹᠷᠢᠺᠠ ᠲᠢᠪ᠎ᠦᠨ ᠭᠠᠳᠠᠭᠠᠳᠤ ᠬᠠᠷᠢᠯᠴᠠᠭ᠎ᠠ ᠪᠠᠢᠭᠤᠯᠤᠭᠰᠠᠨ 53 ᠤᠯᠤᠰ᠎ᠲᠤ ᠪᠣᠭᠣᠮᠲᠠ᠎ᠶᠢᠨ ᠭᠠᠢᠯᠢ ᠥᠯᠥ ᠲᠠᠲᠠᠪᠤᠷᠢᠯᠠᠬᠤ ᠠᠷᠭ᠎ᠠ ᠬᠡᠮᠵᠢᠶ᠎ᠡ᠎ᠶᠢ ᠪᠦᠭᠦ ᠲᠠᠯ᠎ᠠ᠎ᠪᠠᠷ ᠬᠡᠷᠡᠭᠵᠢᠭᠦᠯᠵᠦ᠂ ᠠᠹᠷᠢᠺᠠ ᠲᠢᠪ᠎ᠦᠨ ᠭᠠᠳᠠᠭᠠᠳᠤ ᠬᠠᠷᠢᠯᠴᠠᠭ᠎ᠠ ᠪᠠᠢᠭᠤᠯᠤᠭᠰᠠᠨ ᠪᠤᠶ ᠪᠦᠬᠦᠢ ᠤᠯᠤᠰ᠎ᠲᠤ ᠭᠠᠭᠴᠠ ᠲᠠᠯ᠎ᠠ᠎ᠪᠠᠷ ᠪᠦᠭᠦᠨ᠎ᠢ ᠪᠦᠷᠬᠦᠬᠦᠯᠦᠭᠰᠡᠨ ᠪᠣᠭᠣᠮᠲᠠ᠎ᠶᠢᠨ ᠭᠠᠢᠯᠢ ᠥᠯᠥ ᠲᠠᠲᠠᠪᠤᠷᠢᠯᠠᠬᠤ ᠬᠠᠷᠠᠭᠠᠯᠵᠠᠯ ᠦᠵᠡᠬᠦᠯᠬᠦ᠎ᠵᠢ ᠪᠡᠶᠡᠯᠡᠭᠦᠯᠦᠭᠰᠡᠨ ᠪᠦᠭᠦ ᠳᠡᠯᠡᠬᠡᠢ᠎ᠶᠢᠨ ᠠᠩᠬᠠᠳᠠᠭ᠍ᠴᠢ ᠭᠣᠣᠯ ᠠᠵᠤ ᠠᠬᠤᠢ᠎ᠶᠢᠨ ᠴᠣᠭᠴᠠ ᠪᠣᠯᠤᠭᠰᠠᠨ ᠪᠠᠢᠨ᠎ᠠ᠃
ᠰᠠᠨᠠᠭᠠᠴᠢᠯᠠᠭ᠎ᠠ᠎ᠡᠴᠡ᠎ᠪᠠᠨ ᠳᠡᠯᠡᠬᠡᠢ ᠳ᠋ᠠᠬᠢᠨ᠎ᠳᠤ ᠵᠠᠬ᠎ᠠ ᠳᠡᠯᠭᠡᠭᠦᠷ᠎ᠢᠶᠡᠨ ᠨᠡᠭᠡᠭᠡᠵᠦ᠂ ᠪᠦᠭᠦ ᠳᠡᠯᠡᠬᠡᠢ᠎ᠶᠢᠨ ᠠᠩᠬᠠᠳᠠᠭ᠍ᠴᠢ ᠭᠠᠳᠠᠭᠠᠳᠤ ᠣᠷᠣᠭᠤᠯᠤᠯᠲᠠ᠎ᠪᠠᠷ ᠭᠣᠣᠯ ᠰᠡᠳᠦᠪ ᠪᠤᠯᠭᠠᠬ᠍ᠰᠠᠨ ᠤᠯᠤᠰ᠎ᠤᠨ ᠲᠡᠰ᠎ᠤᠨ ᠦᠵᠡᠰᠬᠦᠯᠡᠩ᠎ᠤᠨ ᠴᠤᠭᠯᠠᠭᠠᠨ ᠪᠣᠯᠤᠭᠰᠠᠨ᠎ᠤ ᠬᠤᠪᠢ᠎ᠳᠤ᠂ ᠦᠵᠡᠰᠭᠦᠯᠡᠩ᠎ᠦᠨ ᠴᠤᠭᠯᠠᠭᠠᠨ᠎ᠳᠤ ᠣᠷᠤᠯᠴᠠᠬᠤ ᠪᠣᠯᠵᠣᠭ᠎ᠠ ᠨᠢ 《ᠳᠡᠯᠡᠬᠡᠢ᠎ᠶᠢᠨ ᠰᠠᠢᠨ ᠡᠳ᠋ ᠪᠣᠳᠠᠰ》 ᠢ᠋ 《ᠪᠦᠭᠦ ᠪᠥᠮᠪᠥᠷᠴᠡᠭ᠎ᠦᠨ ᠬᠤᠳᠠᠯᠳᠤᠭᠠᠨ᠎ᠤ ᠠᠵᠠ ᠲᠣᠭᠢᠶᠠᠯ》 ᠪᠤᠯᠭᠠᠵᠤ᠂ ᠰᠠᠨᠠᠮᠵᠢ ᠵᠢᠨ ᠬᠡᠷ᠎ᠡ ᠲᠤᠬᠳᠠᠵᠤ ᠠᠷᠠᠯᠵᠢᠶ᠎ᠠ ᠪᠦᠲᠦᠭᠰᠡᠨ ᠦᠷᠳᠡᠭ 5800 ᠳ᠋ᠦᠩᠰᠢᠭᠤᠷ ᠳ᠋ᠣᠯᠯᠠᠷ᠎ᠢ ᠳᠠᠪᠠᠵᠠᠢ᠃
ᠳᠤᠮᠳᠠᠳᠤ ᠯᠠᠤᠰ᠎ᠤᠨ ᠤᠯᠤᠰ ᠠᠯᠤᠰᠯᠠᠭᠰᠠᠨ 《ᠴᠠᠭᠢᠯᠭᠠᠨ ᠬᠦᠴᠦᠨ᠎ᠦ ᠲᠦᠷᠭᠡᠨ᠎ᠦ ᠵᠠᠮ》 ᠬᠥᠭᠵᠢᠯᠲᠡ᠎ᠶᠢᠨ ᠬᠤᠷᠳᠤᠴᠠ᠎ᠶᠢ ᠲᠦᠷᠭᠡᠳᠬᠡᠵᠦ᠂ ᠭᠷᠧᠭ᠎ᠦᠨ ᠫᠢᠷᠧᠢᠶᠧᠹᠰ ᠭᠠᠷᠠᠮ 《ᠭᠠᠵᠠᠷ᠎ᠤᠨ ᠳᠤᠮᠳᠠᠳᠤ ᠲᠠᠩᠭᠢᠰ᠎ᠤᠨ ᠨᠢᠭᠡᠨ ᠥᠨᠴᠥᠭ》 ᠡᠴᠡ 《ᠪᠦᠭᠦ ᠪᠥᠮᠪᠥᠷᠴᠡᠭ᠎ᠦᠨ ᠬᠦᠢᠰᠦ》 ᠲᠡᠢᠰᠢ ᠤᠷᠤᠭᠰᠢᠯᠠᠪᠠ ᠁ 《ᠨᠢᠭᠡ ᠪᠦᠰᠡ ᠨᠢᠭᠡ ᠵᠠᠮ》 ᠢ᠋ ᠬᠠᠮᠲᠤ ᠪᠠᠷ ᠪᠦᠲᠦᠭᠡᠨ ᠪᠠᠶ᠋ᠢᠭᠤᠯᠬᠤ᠎ᠨᠢ ᠥᠪᠡᠷ᠎ᠢᠶᠡᠨ ᠰᠠᠢᠨ ᠰᠠᠢᠬᠠᠨ ᠠᠮᠢᠳᠤᠷᠠᠬᠤ᠎ᠶᠢ ᠡᠷᠬᠢᠮᠯᠡᠵᠦ ᠪᠠᠢᠬᠤ ᠪᠥᠭᠡᠳ ᠪᠤᠰᠤᠳ᠎ᠢ ᠴᠤ᠌ ᠰᠠᠢᠨ ᠰᠠᠢᠬᠠᠨ ᠠᠮᠢᠳᠤᠷᠠᠭᠤᠯᠬᠤ᠎ᠶᠢ ᠡᠷᠬᠢᠮᠯᠡᠪᠠ᠃
ᠳᠤᠮᠳᠠᠳᠤ ᠤᠯᠤᠰ᠎ᠤᠨ ᠲᠥᠰᠥᠯ ᠨᠢ ᠬᠠᠮᠲᠤ ᠪᠠᠷ ᠬᠥᠭᠵᠢᠬᠦ᠂ ᠬᠠᠷᠢᠯᠴᠠᠨ ᠠᠰᠢᠭ᠍ᠲᠠᠢ ᠪᠠᠢᠵᠤ ᠬᠠᠮᠲᠤ ᠪᠠᠷ ᠠᠰᠢᠭ᠋ ᠭᠦᠷᠳᠡᠭᠦ᠎ᠶᠢ ᠡᠷᠢᠯᠬᠢᠯᠡᠵᠦ᠂ ᠳᠤᠮᠳᠠᠳᠤ ᠤᠯᠤᠰ᠎ᠤᠨ ᠰᠢᠨ᠎ᠡ ᠬᠥᠭᠵᠢᠯᠲᠡ᠎ᠪᠡᠷ ᠳᠠᠰᠤᠷᠠᠯᠳᠠ ᠦᠭᠡᠢ ᠳᠡᠯᠡᠬᠡᠢ ᠳ᠋ᠠᠬᠢᠨ᠎ᠳᠤ ᠰᠢᠨ᠎ᠡ ᠠᠵᠠ ᠲᠣᠭᠢᠶᠠᠯ ᠤᠯᠭᠤᠬᠤ ᠪᠣᠯᠣᠨ᠎ᠠ᠃
ᠪᠦᠭᠦ ᠪᠥᠮᠪᠥᠷᠴᠡᠭ᠎ᠢᠶᠡᠷ᠎ᠢᠶᠡᠨ ᠬᠠᠮᠲᠤ ᠪᠠᠷ ᠤᠷᠤᠬᠰᠢᠯᠨᠨᠠ︱《ᠳᠡᠯᠡᠬᠡᠢ᠎ᠶᠢᠨ ᠬᠡᠷᠡᠭ ᠶᠠᠪᠤᠳᠠᠯ᠎ᠢ ᠡᠯ᠎ᠡ ᠤᠯᠤᠰ ᠵᠥᠪᠳᠡᠯᠴᠡᠵᠦ ᠪᠠᠢᠭᠠᠳ ᠬᠢᠵᠦ᠂ ᠤᠯᠠᠨ᠎ᠤ ᠵᠥᠪᠰᠢᠶᠡᠷᠡᠭᠰᠡᠨ ᠳᠦᠷᠢᠮ ᠲᠣᠭᠲᠠᠭᠠᠯ ᠶᠣᠰᠣᠭᠠᠷ ᠬᠢᠵᠦ᠂ ᠡᠯ᠎ᠡ ᠤᠯᠤᠰ᠎ᠤᠨ ᠠᠰᠢᠭ᠋ ᠲᠤᠰᠠ ᠪᠣᠯᠣᠨ ᠠᠩᠬᠠᠷᠤᠯ ᠲᠠᠯᠪᠢᠵᠤ ᠪᠠᠢᠭ᠎ᠠ ᠠᠰᠠᠭᠤᠳᠠᠯ᠎ᠢ ᠬᠠᠮᠲᠤ ᠳ᠋ᠤᠨᠢ ᠬᠠᠷᠠᠭᠠᠯᠵᠠᠬᠤ ᠬᠡᠷᠡᠭᠲᠡᠢ》᠃
2025 ᠣᠨ᠎ᠤ 9 ᠰᠠᠷ᠎ᠠ᠎ᠳᠤ᠂ ᠱᠠᠩᠬᠠᠢ᠎ᠶᠢᠨ ᠬᠠᠮᠲᠤᠷᠠᠯᠴᠠᠭᠠᠨ᠎ᠤ ᠵᠣᠬᠢᠶᠠᠨ ᠪᠠᠢᠭᠤᠯᠤᠯᠲᠠ᠎ᠶᠢᠨ ᠲᠢᠶᠠᠨᠵᠢᠨ᠎ᠳ᠋ᠡᠬᠢ ᠲᠦᠷᠦᠭᠦᠴᠦᠳ ᠤ᠋ᠨ ᠬᠤᠷᠠᠯᠲᠡᠬᠡᠷᠡ᠂ ᠲᠡᠷᠢᠭᠦᠯᠡᠭᠴᠢ ᠰᠢ᠎ᠶᠢᠨ ᠫᠢᠩ ᠪᠦᠭᠦ ᠪᠥᠮᠪᠥᠷᠴᠡᠭ᠎ᠦᠨ ᠵᠠᠰᠠᠯᠲᠠ᠎ᠶᠢᠨ ᠰᠠᠨᠠᠭᠠᠴᠢᠯᠠᠭ᠎ᠠ᠎ᠶᠢ ᠲᠥᠪ ᠴᠢᠩᠭ᠎ᠠ᠎ᠪᠠᠷ ᠳᠤᠷᠠᠳᠴᠤ᠂ ᠳᠡᠯᠡᠬᠡᠢ ᠳ᠋ᠠᠬᠢᠨ᠎ᠢᠶᠠᠷ᠎ᠢᠶᠠᠨ ᠪᠦᠭᠦ ᠪᠥᠮᠪᠥᠷᠴᠡᠭ᠎ᠦᠨ ᠵᠠᠰᠠᠯᠲᠠ᠎ᠶᠢᠨ ᠬᠤᠪᠢᠰᠤᠯᠲᠠ᠎ᠶᠢᠨ 《ᠳᠤᠮᠳᠠᠳᠤ ᠤᠯᠤᠰ᠎ᠤᠨ ᠴᠠᠭ ᠮᠥᠴᠡ》 ᠶ᠋ᠢ ᠭᠡᠷᠡᠴᠢᠯᠡᠪᠡ᠃
《ᠠᠯᠳᠠᠨ ᠲᠣᠭᠣᠰᠭ᠎ᠠ ᠤᠯᠤᠰ᠎ᠤᠳ᠎ᠤᠨ ᠬᠠᠮᠲᠤᠷᠠᠯᠴᠠᠭ᠎ᠠ》 ᠶ᠋ᠢ ᠠᠬᠢᠭᠤᠯᠵᠤ᠂ 《ᠳᠤᠮᠳᠠᠳᠤ ᠤᠯᠤᠰ ︱ ᠳᠤᠮᠳᠠ ᠠᠽᠢᠶ᠎ᠠ᠎ᠶᠢᠨ ᠵᠣᠷᠢᠭ᠋ ᠰᠠᠨᠠᠭ᠎ᠠ》 ᠶ᠋ᠢ ᠪᠠᠳᠠᠷᠠᠭᠤᠯᠪᠠ ᠁ ᠳᠤᠮᠳᠠᠳᠤ ᠤᠯᠤᠰ ᠢᠮᠠᠭᠲᠠ ᠪᠦᠭᠦ ᠪᠥᠮᠪᠥᠷᠴᠡᠭ᠎ᠦᠨ ᠬᠦᠭᠵᠢᠵᠦ ᠪᠠᠢᠭ᠎ᠠ ᠤᠯᠤᠰ᠎ᠲᠠᠢ ᠰᠡᠳᠬᠢᠯ ᠵᠢᠷᠦᠬᠡ᠎ᠪᠡᠨ ᠬᠣᠯᠪᠣᠵᠤ᠂ ᠪᠦᠭᠦ ᠪᠥᠮᠪᠥᠷᠴᠡᠭ᠎ᠦᠨ ᠬᠦᠭᠵᠢᠵᠦ ᠪᠠᠢᠭ᠎ᠠ ᠤᠯᠤᠰ ᠲᠤ᠌ ᠦᠨᠳᠦᠰᠦᠯᠡᠵᠦ᠂ ᠪᠦᠭᠦ ᠪᠥᠮᠪᠥᠷᠴᠡᠭ᠎ᠦᠨ ᠬᠦᠭᠵᠢᠵᠤ ᠪᠠᠢᠭᠠᠤᠯᠤᠰᠤᠳᠤᠨ ᠪᠦᠯᠦᠭ ᠴᠤᠬᠴᠠ ᠵᠢᠨ ᠴᠢᠨᠠᠷᠲᠠᠢ ᠬᠥᠭᠵᠢᠨ ᠮᠠᠨᠳᠤᠬᠰᠠᠨ ᠨᠢ ᠪᠦᠭᠦ ᠪᠥᠮᠪᠥᠷᠴᠡᠭ᠎ᠦᠨ ᠵᠠᠰᠠᠯᠲᠠ᠎ᠶᠢᠨ ᠰᠢᠰᠲ᠋ᠧᠮ᠎ᠤᠨ ᠥᠭᠡᠷᠡᠴᠢᠯᠡᠯᠲᠡ᠎ᠶᠢᠨ ᠠᠬᠢᠴᠠᠲᠤᠮᠳᠠᠬᠢ ᠲᠤᠲᠠᠭᠳᠠᠵᠤ ᠪᠣᠯᠣᠰᠢ ᠦᠭᠡᠢ ᠴᠢᠬᠤᠯᠠ ᠬᠦᠴᠦᠨ ᠪᠣᠯᠪᠠ᠃
ᠵᠣᠬᠢᠶᠠᠮᠠᠯ ᠣᠶᠤᠨᠴᠢ ᠴᠢᠳᠠᠪᠤᠷᠢ᠎ᠶᠢᠨ ᠪᠦᠭᠦ ᠪᠥᠮᠪᠥᠷᠴᠡᠭ᠎ᠦᠨ ᠵᠠᠰᠠᠯᠲᠠ᠎ᠠᠴᠠ ᠠᠭᠤᠷ ᠠᠮᠢᠰᠬᠤᠯ᠎ᠤᠨ ᠬᠤᠪᠢᠷᠠᠯᠲᠠ᠎ᠶᠢᠨ ᠪᠦᠭᠦ ᠪᠥᠮᠪᠥᠷᠴᠡᠭ᠎ᠦᠨ ᠵᠠᠰᠠᠯᠲᠠ ᠭᠦᠷᠲᠡᠯ᠎ᠡ᠂ ᠳᠤᠮᠳᠠᠳᠤ ᠤᠯᠤᠰ ᠴᠥᠮ ᠢᠳᠡᠪᠬᠢᠲᠡᠢ ᠣᠷᠣᠯᠴᠠᠭ᠍ᠴᠢ ᠂ ᠴᠢᠬᠤᠯᠠ ᠬᠤᠪᠢ ᠨᠡᠮᠡᠷᠢ ᠦᠵᠡᠭᠦᠯᠦᠭᠴᠢ ᠂ ᠵᠠᠩᠭᠢᠯᠠᠭ᠎ᠠ᠎ᠶᠢᠨ ᠳᠠᠭᠠᠭᠤᠯᠤᠭ᠍ᠴᠢ ᠪᠣᠯᠪᠠ᠃
ᠣᠢᠷ᠎ᠠ᠎ᠳᠤ ᠂ ᠢᠲ᠋ᠠᠯᠢ᠎ᠶᠢᠨ ᠡᠷᠳᠡᠮᠲᠡᠳ᠎ᠦᠨ ᠬᠠᠮᠲᠤᠷᠠᠨ ᠵᠣᠬᠢᠶᠠᠭᠰᠠᠨ《ᠳᠤᠮᠳᠠᠳᠤ ᠤᠯᠤᠰ᠎ᠤᠨ ᠪᠦᠭᠦ ᠪᠥᠮᠪᠥᠷᠴᠡᠭ᠎ᠦᠨ ᠤᠳᠤᠷᠢᠳᠬᠤ ᠬᠦᠴᠦᠨ᠎ᠦ ᠠᠯᠤᠰ᠎ᠤᠨ ᠲᠦᠰᠦᠪ》ᠭᠡᠬᠦ ᠨᠣᠮ᠎ᠳᠤ ᠳᠤᠮᠳᠠᠳᠤ ᠤᠯᠤᠰ᠎ᠤᠨ ᠪᠦᠭᠦ ᠪᠥᠮᠪᠥᠷᠴᠡᠭ᠎ᠦᠨ ᠵᠠᠰᠠᠯᠲᠠ᠎ᠶᠢᠨ ᠣᠢᠯᠠᠭᠠᠭᠳᠠᠬᠤᠨ᠎ᠢ ᠰᠢᠰᠲᠧᠮ ᠲᠠᠢ ᠲᠠᠢᠯᠪᠤᠷᠢᠯᠠᠵᠤ᠂ ᠡᠸᠦ᠋ᠷᠦᠫᠡ ᠲᠢᠪ᠎ᠦᠨ ᠡᠷᠳᠡᠮ ᠰᠢᠨᠵᠢᠯᠡᠭᠡᠨ᠎ᠦ ᠡᠲᠡᠭᠡᠳ᠎ᠦᠨ ᠲᠤᠮᠳᠠ 《ᠬᠠᠯᠠᠮᠰᠢᠯ》 ᠪᠤᠯᠤᠭᠰᠠᠨ ᠪᠠᠢᠨ᠎ᠠ᠃
ᠭᠧᠷᠮᠠᠨ᠎ᠤ ᠵᠠᠭᠤᠴᠢᠯᠠᠭᠤᠷ᠎ᠤᠨ ᠭᠢᠨ ᠵᠣᠬᠢᠶᠠᠯ ᠨᠡᠢᠲᠡᠯᠡᠵᠦ ᠬᠡᠯᠡᠬᠦ᠎ᠳᠡᠭᠡᠨ᠄ 《ᠳᠡᠯᠡᠬᠡᠢ ᠶᠢᠷᠲᠢᠨᠴᠦ ᠠᠯᠢ ᠡᠷᠲᠡ᠎ᠡᠴᠡ ᠶᠠᠪᠤᠬᠤ ᠲᠤᠳᠤᠮ ᠳᠤᠮᠳᠠᠳᠤ ᠤᠯᠤᠰᠴᠢᠯᠠᠬᠤ ᠪᠣᠯᠵᠤ ᠪᠤᠢ᠂ ᠡᠨᠡ ᠨᠢ ᠳᠤᠮᠳᠠᠳᠤ ᠤᠯᠤᠰ ᠶᠢᠷᠲᠢᠨᠴᠦ᠎ᠶᠢᠨ ᠦᠵᠡᠯᠲᠡ᠎ᠪᠡᠨ ᠭᠠᠳᠠᠭ᠍ᠰᠢ ᠤᠬᠠᠭᠤᠯᠵᠤ ᠪᠠᠢᠬᠤ᠎ᠠᠴᠠ ᠪᠣᠯᠤᠭᠰᠠᠨ ᠪᠢᠰᠢ᠂ ᠬᠠᠷᠢᠨ ᠳᠡᠯᠡᠬᠡᠢ ᠶᠢᠷᠲᠢᠨᠴᠦ ᠶᠠᠭ ᠡᠨᠡ ᠬᠦ᠌ ᠶᠢᠷᠲᠢᠨᠴᠦ᠎ᠶᠢᠨ ᠦᠵᠡᠯᠲᠡ᠎ᠳᠦ ᠵᠣᠬᠢᠴᠠᠵᠤ ᠪᠠᠢᠬᠤ᠎ᠠᠴᠠ ᠪᠣᠯᠤᠭᠰᠠᠨ ᠶᠤᠮ》 ᠭᠡᠵᠡᠢ᠃
ᠳᠤᠮᠳᠠᠳᠤ ᠤᠯᠤᠰ᠎ᠤᠨ ᠲᠥᠰᠥᠯ ᠨᠢ ᠬᠠᠮᠲᠤ ᠪᠠᠷ ᠵᠥᠪᠳᠡᠯᠴᠡᠬᠦ ᠬᠠᠮᠲᠤ ᠪᠠᠷ ᠪᠠᠶ᠋ᠢᠭᠤᠯᠬᠤ ᠬᠠᠮᠲᠤ ᠪᠠᠷ ᠡᠳ᠋ᠯᠡᠬᠦ ᠪᠦᠭᠦ ᠪᠥᠮᠪᠥᠷᠴᠡᠭ᠎ᠦᠨ ᠵᠠᠰᠠᠯᠲᠠ᠎ᠶᠢᠨ ᠦᠵᠡᠯᠲᠡ᠎ᠶᠢ ᠰᠠᠨᠠᠭᠠᠴᠢᠯᠠᠵᠤ᠂ 《ᠤᠯᠠᠨ ᠤᠯᠤᠰ᠎ᠤᠨ ᠡᠮᠬᠢ ᠳᠢᠭ᠌ᠯᠢᠮ ᠪᠣᠯᠣᠨ ᠪᠦᠭᠦ ᠪᠥᠮᠪᠥᠷᠴᠡᠭ᠎ᠦᠨ ᠵᠠᠰᠠᠯᠲᠠ᠎ᠶᠢᠨ ᠰᠢᠰᠲᠧᠮ᠎ᠤᠨ ᠨᠡᠩ ᠲᠥᠪ ᠭᠣᠣᠯᠴᠢ ᠵᠦᠢ ᠵᠣᠬᠢᠰᠲᠠᠢ ᠴᠢᠭᠯᠡᠯ᠎ᠢᠶᠡᠷ ᠬᠥᠭᠵᠢᠬᠦ᠎ᠶᠢ ᠠᠬᠢᠭᠤᠯᠪᠠ》᠃
ᠠᠩᠭ᠌ᠯᠢ᠎ᠶᠢᠨ ᠠᠯᠳᠠᠷᠲᠤ ᠡᠷᠳᠡᠮᠲᠡᠨ ᠮᠠᠷᠲᠢᠨ·ᠶᠠᠺᠤᠨᠦᠵᠡᠬᠦᠪᠡᠷ᠂ ᠳᠤᠮᠳᠠᠳᠤ ᠤᠯᠤᠰ᠎ᠤᠨ ᠭᠡᠯᠪᠡᠷᠢ᠎ᠶᠢᠨ ᠬᠤᠪᠢᠷᠠᠯᠲᠠ ᠨᠢ ᠪᠦᠭᠦᠶ᠋ᠢᠯᠡ ᠣᠳᠣᠬᠢᠴᠢᠯᠠᠯᠲᠠ᠎ᠶᠢᠨ ᠴᠠᠭ ᠦᠶ᠎ᠡ᠎ᠳᠠᠬᠢ ᠬᠠᠮᠤᠭ᠎ᠤᠨ ᠭᠡᠷᠡᠯ ᠰᠠᠴᠤᠷᠠᠩᠭᠤᠢ ᠤᠯᠤᠰ ᠲᠦᠷᠦ᠎ᠶᠢᠨ ᠠᠮᠵᠢᠯᠲᠠ ᠪᠦᠲᠦᠮᠵᠢ ᠪᠣᠯᠵᠤ᠂ ᠳᠡᠯᠡᠬᠡᠢ᠎ᠶᠢᠨ ᠤᠳᠤ ᠦᠶ᠎ᠡ᠎ᠶᠢᠨ ᠴᠢᠨᠠᠷ᠎ᠤᠨ ᠪᠡᠯᠭᠡ ᠲᠡᠮᠳᠡᠭ ᠪᠤᠯᠪᠠ᠃
《ᠳᠣᠲᠣᠭᠠᠳᠤ᠎ᠶᠢᠨ ᠬᠥᠳᠡᠯᠭᠡᠬᠦ ᠬᠦᠴᠦᠨ᠎ᠢ ᠬᠥᠭᠵᠢᠭᠡᠬᠦ ᠪᠠ ᠭᠠᠳᠠᠭᠠᠳᠤ᠎ᠶᠢᠨ ᠡᠬᠢ ᠪᠠᠶᠠᠯᠢᠭ᠋᠎ᠢ ᠨᠠᠢᠷᠠᠮᠳᠠᠯ᠎ᠢᠶᠠᠷ ᠠᠰᠢᠭ᠍ᠯᠠᠬᠤ᠎ᠶᠢ ᠤᠶᠠᠯᠳᠤᠭᠤᠯᠬᠤ ᠠᠷᠭ᠎ᠠ ᠭᠡᠯᠪᠡᠷᠢ᠎ᠪᠡᠷ ᠤᠯᠤᠰ᠎ᠤᠨ ᠬᠥᠭᠵᠢᠯᠲᠡ᠎ᠶᠢ ᠪᠡᠶᠡᠯᠡᠭᠦᠯᠦᠨ᠎ᠡ》᠂ 《ᠳᠤᠮᠳᠠᠳᠤ ᠤᠯᠤᠰ᠎ᠤᠨ ᠠᠷᠠᠳ ᠲᠦᠮᠡᠨ᠎ᠳᠦ ᠪᠤᠶᠠᠨ ᠦᠢᠯᠡᠳᠬᠦ ᠮᠥᠷᠲᠡᠭᠡᠨ ᠳᠡᠯᠡᠬᠡᠢ᠎ᠶᠢᠨ ᠡᠯ᠎ᠡ ᠤᠯᠤᠰ᠎ᠤᠨ ᠣᠳᠣᠬᠢᠴᠢᠯᠠᠯᠲᠠ᠎ᠶᠢ ᠴᠤ᠌ ᠠᠬᠢᠭᠤᠯᠤᠨ᠎ᠠ》 ᠁
ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ ᠨᠢ ᠨᠢᠭᠡ ᠵᠦᠢᠯ᠎ᠦᠨ ᠴᠣ ᠰᠢᠨ᠎ᠡ ᠣᠳᠣᠬᠢᠴᠢᠯᠠᠯᠲᠠ᠎ᠶᠢᠨ ᠵᠠᠭᠪᠤᠷ᠎ᠢᠶᠠᠷ ᠳᠡᠯᠡᠬᠡᠢ᠎ᠶᠢᠨ ᠣᠳᠣᠬᠢᠴᠢᠯᠠᠯᠲᠠ᠎ᠶᠢᠨ ᠤᠨᠤᠯ ᠪᠣᠯᠣᠨ ᠦᠢᠯᠡᠳᠦᠯᠭᠡ᠎ᠶᠢᠨ ᠴᠢᠬᠤᠯᠠ ᠶᠡᠬᠡ ᠰᠢᠨ᠎ᠡ ᠡᠭᠦᠳᠦᠯᠲᠡ᠎ᠶᠢ ᠪᠡᠶᠡᠯᠡᠭᠦᠯᠵᠦ᠂ ᠨᠢᠭᠡ ᠵᠦᠢᠯ᠎ᠦᠨ ᠴᠣ ᠰᠢᠨ᠎ᠡ ᠬᠥᠮᠥᠨ ᠲᠥᠷᠥᠯᠬᠢᠲᠡᠨ᠎ᠦ ᠪᠣᠯᠪᠠᠰᠤᠨ᠎ᠤ ᠭᠡᠯᠪᠡᠷᠢ᠎ᠪᠡᠷ ᠬᠥᠮᠥᠨ ᠲᠥᠷᠥᠯᠬᠢᠲᠡᠨ᠎ᠦ ᠢᠷᠡᠭᠡᠳᠦᠢ᠎ᠶᠢᠨ ᠲᠤᠬᠠᠢ ᠲᠥᠰᠥᠭᠡᠯᠡᠯ᠎ᠢ ᠳᠠᠰᠤᠷᠠᠯᠳᠠ ᠦᠭᠡᠢ ᠥᠷᠭᠡᠳᠬᠡᠵᠦ᠂ ᠥᠷᠥᠨᠡᠳᠠᠬᠢᠨ᠎ᠤ ᠣᠳᠣᠬᠢᠴᠢᠯᠠᠯᠲᠠ᠎ᠶᠢᠨ ᠵᠠᠭᠪᠤᠷ᠎ᠲᠠᠢ ᠠᠳᠠᠯᠢ ᠦᠭᠡᠢ ᠰᠢᠨ᠎ᠡ ᠵᠢᠷᠤᠭ ᠲᠥᠰᠥᠪ᠎ᠢ ᠳᠡᠯᠭᠡᠨ ᠦᠵᠡᠭᠦᠯᠵᠡᠢ᠃
ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ ᠪᠣᠯ ᠮᠥᠨ ᠴᠢᠨᠠᠷ ᠳᠡᠭᠡᠷ᠎ᠡ᠎ᠪᠡᠨ ᠪᠣᠯᠪᠠᠰᠤᠨ ᠮᠠᠶᠢᠭ᠋᠎ᠤᠨ ᠣᠳᠣᠬᠢᠴᠢᠯᠠᠯᠲᠠ ᠮᠥᠨ ᠭᠡᠵᠦ ᠭᠠᠳᠠᠭᠠᠳᠤ᠎ᠶᠢᠨ ᠡᠷᠳᠡᠮᠲᠡᠳ ᠦᠨᠡᠯᠡᠵᠦ ᠪᠠᠢᠨ᠎ᠠ᠃
《ᠠᠷᠪᠠᠨ ᠲᠠᠪᠤᠳᠤᠭᠠᠷ ᠲᠠᠪᠤᠨ ᠵᠢᠯ》᠎ᠤ᠋ᠨ ᠲᠥᠯᠦᠪᠵᠢᠭᠦᠯᠭᠡ᠎ᠶᠢᠨ ᠡᠭᠢᠯᠡᠯᠲᠡ᠎ᠶᠢᠨ ᠵᠢᠯ᠎ᠳᠦ ᠳᠤᠮᠳᠠᠳᠤ ᠤᠯᠤᠰ 《ᠳᠤᠮᠳᠠᠳᠤ ᠤᠯᠤᠰ᠎ᠲᠤ ᠠᠢᠯᠴᠢᠯᠠᠬᠤ ᠤᠷᠤᠰᠬᠠᠯ》᠎ᠢ᠋ ᠤᠭᠲᠤᠨ ᠠᠪᠤᠯ᠎ᠠ᠃ ᠶᠡᠷᠦᠩᠬᠡᠢᠯᠡᠭᠴᠢ ᠮᠣᠽᠠᠮᠪᠢᠺ ᠪᠤᠢ᠍ᠢᠳᠠ ᠪᠥᠭᠯᠡᠭᠦᠦ ᠬᠥᠳᠡᠭᠡ ᠲᠣᠰᠬᠣᠨ᠎ᠳᠤ ᠬᠦᠷᠴᠦ᠂ 《ᠳᠤᠮᠳᠠᠳᠤ ᠤᠯᠤᠰ᠎ᠤᠨ ᠶᠠᠳᠠᠭᠤ ᠬᠦᠴᠢᠷᠳᠡᠯ ᠲᠠᠢ ᠬᠦᠮᠦᠨ ᠠᠮᠠ᠎ᠶᠢ ᠪᠠᠭᠠᠰᠬᠠᠬᠰᠠᠨ ᠲᠤᠷᠰᠢᠯᠭ᠎ᠠ ᠪᠣᠯᠣᠨ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠳᠠᠢᠯᠠᠯᠳᠤᠭᠠᠨ᠎ᠤ ᠢᠯᠠᠯᠲᠠ᠎ᠶᠢᠨ ᠦᠷ᠎ᠡ ᠪᠦᠲᠦᠭᠡᠯ》 ᠢ᠋ ᠨᠢᠳᠦ᠎ᠪᠡᠷ᠎ᠢᠶᠡᠨ ᠦᠵᠡᠪᠡ; ᠸᠢᠶᠧᠲᠨᠠᠮ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠵᠢᠨ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭᠴᠢ ᠰᠤ᠌ ᠯᠢᠨ ᠲᠦᠷᠭᠡᠨ᠎ᠦ ᠭᠠᠯᠲᠤ ᠲᠡᠷᠭᠡᠨ᠎ᠳᠦ ᠰᠠᠭᠤᠵᠤ ᠰᠢᠶᠦ᠋ᠩ ᠠᠨ᠎ᠳᠤ ᠬᠦᠷᠴᠦ᠂ 《ᠢᠷᠡᠭᠡᠳᠦᠢ᠎ᠶᠢᠨ ᠬᠤᠳᠠ》 ᠵᠢᠨ ᠠᠮᠢᠵᠢᠷᠠᠯ᠎ᠤᠨ ᠬᠦᠴᠦᠨ᠎ᠢ ᠪᠡᠶᠡᠴᠢᠯᠡᠨ ᠣᠢᠯᠠᠭᠠᠪᠠ ᠁
ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠠᠮᠵᠢᠯᠲᠠ ᠪᠠ ᠬᠤᠪᠢ ᠨᠡᠮᠡᠷᠢ ᠪᠣᠯ ᠲᠡᠦᠬᠡᠲᠦ ᠴᠢᠨᠠᠷᠲᠠᠢ᠎ᠪᠠᠷ ᠪᠠᠷᠠᠬᠤ ᠦᠭᠡᠢ ᠪᠠᠰᠠ ᠴᠤ᠌ ᠳᠡᠯᠡᠬᠡᠢ᠎ᠶᠢᠨ ᠴᠢᠨᠠᠷᠲᠠᠢ ᠶᠤᠮ᠃
《ᠳᠤᠮᠳᠠᠳᠤ ᠤᠯᠤᠰ ᠣᠳᠣ᠌ ᠶᠠᠭ ᠭᠡᠷᠡᠯ ᠰᠠᠴᠤᠷᠠᠩᠭᠤᠢ ᠦᠢᠯᠡᠰ ᠢ᠋ ᠪᠦᠲᠦᠭᠡᠵᠦ ᠪᠠᠢᠨ᠎ᠠ᠂ ᠳᠡᠯᠡᠬᠡᠢ ᠶ᠋ᠢᠨ ᠢᠷᠡᠭᠡᠳᠦᠢ᠎ᠳᠦ ᠵᠠᠩᠭᠢᠯᠠᠭ᠎ᠠ ᠶ᠋ᠢᠨ ᠳᠦᠷᠢ ᠶ᠋ᠢ ᠲᠣᠭᠯᠠᠬᠤ ᠨᠢ ᠵᠠᠢᠯᠠᠰᠢ ᠦᠭᠡᠢ ᠶᠤᠮ》᠃ ᠡᠨᠡ ᠵᠢᠯ᠎ᠦᠨ 4 ᠰᠠᠷ᠎ᠠ᠎ᠳᠤ᠂ ᠢᠰᠫᠠᠨᠢ᠎ᠶᠢᠨ ᠲᠡᠷᠢᠭᠦᠨ ᠰᠠᠢᠳ ᠳᠤᠮᠳᠠᠳᠤ ᠤᠯᠤᠰ᠎ᠲᠤ ᠠᠢᠯᠴᠢᠯᠠᠬᠤ᠎ᠳᠠᠭᠠᠨ ᠡᠢᠨᠬᠦ ᠭᠠᠢᠬᠠᠰᠢ ᠠᠯᠳᠠᠵᠤ ᠪᠢᠯᠡ᠃
ᠥᠨᠥᠳᠥᠷ᠂ ᠳᠡᠯᠡᠬᠡᠢ ᠳ᠋ᠠᠬᠢᠨ ᠶᠠᠭ ᠰᠢᠨ᠎ᠡ ᠲᠣᠨᠣᠯᠵᠢᠨ ᠵᠠᠮ ᠳᠡᠭᠡᠷ᠎ᠡ ᠵᠣᠭᠰᠣᠵᠤ᠂ ᠪᠦᠭᠦ ᠪᠥᠮᠪᠥᠷᠴᠡᠭ᠎ᠦᠨ ᠴᠢᠨᠠᠷᠲᠠᠢ ᠥᠷᠢᠰᠦᠯᠳᠦᠭᠡᠨ ᠨᠡᠩ ᠲᠣᠪᠣᠢᠮ᠎ᠠ ᠪᠣᠯᠵᠤ ᠪᠠᠢᠨ᠎ᠠ᠃
ᠬᠥᠮᠥᠨ ᠲᠥᠷᠥᠯᠬᠢᠲᠡᠨ᠎ᠦ ᠢᠷᠡᠭᠡᠳᠦᠢ᠎ᠶᠢᠨ ᠲᠦᠯᠦᠬᠡ ᠰᠠᠨᠠᠭᠠᠰᠢᠷᠠᠵᠤ᠂ ᠠᠷᠠᠳ ᠲᠦᠮᠡᠨ᠎ᠦ ᠪᠤᠶᠠᠨ ᠵᠢᠷᠭᠠᠯ᠎ᠢ ᠰᠡᠳᠬᠢᠯ ᠳ᠋ᠡᠬᠡᠨ ᠪᠤᠳᠤᠨ᠎ᠠ᠃
《ᠣᠳᠣᠬᠢᠴᠢᠯᠠᠯᠲᠠ ᠲᠠᠢᠰᠢ ᠳᠠᠰᠤᠷᠠᠯᠳᠠ ᠦᠭᠡᠢ ᠤᠷᠤᠭᠰᠢᠯᠠᠵᠤ ᠪᠠᠢᠭ᠎ᠠ ᠳᠤᠮᠳᠠᠳᠤ ᠤᠯᠤᠰ ᠯᠠᠪᠳᠠᠶ᠎ᠠ ᠳᠡᠯᠡᠬᠡᠢ ᠳ᠋ᠠᠬᠢᠨ᠎ᠳᠤ ᠨᠡᠩ ᠤᠯᠠᠨ ᠠᠵᠠ ᠲᠣᠭᠢᠶᠠᠯ ᠬᠠᠩᠭᠠᠵᠤ᠂ ᠤᠯᠠᠨ ᠤᠯᠤᠰ᠎ᠤᠨ ᠬᠠᠮᠲᠤᠷᠠᠯᠴᠠᠭ᠎ᠠ᠎ᠳᠤ ᠨᠡᠩ ᠬᠦᠴᠦᠷᠬᠡᠭ ᠬᠥᠳᠡᠯᠭᠡᠬᠦ ᠬᠦᠴᠦᠨ ᠨᠡᠮᠡᠷᠢᠯᠡᠵᠦ᠂ ᠪᠦᠭᠦ ᠬᠥᠮᠥᠨ ᠲᠥᠷᠥᠯᠬᠢᠲᠡᠨ᠎ᠦ ᠳᠠᠪᠰᠢᠯᠳᠠ᠎ᠳᠤ ᠨᠡᠩ ᠶᠡᠬᠡ ᠬᠤᠪᠢ ᠨᠡᠮᠡᠷᠢ ᠦᠵᠡᠭᠦᠯᠭᠦ ᠪᠣᠯᠣᠨ᠎ᠠ!》᠃
(ᠵᠢᠷᠭᠤᠭ᠎ᠠ)
ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠠᠰᠠᠯᠲᠠ᠂ ᠳᠤᠮᠳᠠᠳᠤ ᠤᠯᠤᠰ᠎ᠤᠨ ᠵᠠᠰᠠᠯᠲᠠ᠂ ᠳᠡᠯᠡᠬᠡᠢ ᠳ᠋ᠠᠬᠢᠨ᠎ᠤ ᠲᠤᠭᠳᠠᠪᠤᠷᠢᠵᠢᠭᠤᠯᠤᠬᠴᠢ ᠬᠦᠴᠦᠨ᠃
ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠬᠤ ᠦᠭᠡᠢ ᠪᠣᠯ ᠨᠡᠢᠭᠡᠮ ᠵᠢᠷᠤᠮᠲᠤ ᠳᠤᠮᠳᠠᠳᠤ ᠤᠯᠤᠰ ᠪᠠᠢᠵᠤ ᠴᠢᠳᠠᠨ᠎ᠠ? ᠳᠤᠮᠳᠠᠳᠤ ᠤᠯᠤᠰ᠎ᠤᠨ ᠣᠨᠴᠠᠯᠢᠭ᠋ ᠪᠦᠬᠦᠢ ᠨᠡᠢᠭᠡᠮ ᠵᠢᠷᠤᠮ ᠪᠠᠢᠵᠤ ᠴᠢᠳᠠᠨ᠎ᠠ ? ᠳᠤᠮᠳᠠᠳᠤ᠎ᠶᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ ᠪᠠᠢᠵᠤ ᠴᠢᠳᠠᠨ᠎ᠠ?
《ᠭᠠᠭᠴᠠ ᠬᠦ᠌ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ ᠳᠣᠣᠷ᠎ᠠ ᠮᠠᠨ᠎ᠤ ᠤᠯᠤᠰ ᠰᠠᠶᠢ ᠶᠠᠳᠠᠭᠤ ᠪᠠᠭᠤᠷᠠᠢ ᠳᠦᠷᠰᠦ ᠪᠠᠢᠳᠠᠯ᠎ᠢᠶᠠᠨ ᠲᠤᠢᠯᠪᠤᠷᠢᠲᠠᠢ ᠬᠤᠪᠢᠷᠠᠭᠤᠯᠵᠤ᠂ ᠣᠳᠣᠬᠢᠴᠢᠯᠠᠯᠲᠠ ᠶ᠋ᠢᠨ ᠬᠠᠷᠠᠯᠲᠠ ᠵᠦᠭ ᠤᠷᠤᠭᠰᠢᠯᠠᠵᠤ᠂ ᠮᠠᠨ᠎ᠤ ᠦᠨᠳᠦᠰᠦᠲᠡᠨ ᠰᠠᠶᠢ ᠳᠣᠷᠣᠢᠲᠠᠯ᠎ᠤᠨ ᠳᠤᠮᠳᠠ ᠠ᠋ᠴᠠ ᠡᠷᠡᠯᠬᠡᠭᠯᠡᠨ ᠪᠣᠰᠴᠤ᠂ ᠠᠭᠤᠤ ᠶᠡᠬᠡ ᠰᠡᠷᠭᠦᠨ ᠮᠠᠨᠳᠤᠯᠲᠠ ᠶ᠋ᠢᠨ ᠭᠡᠭᠡᠨ ᠰᠠᠷᠠᠭᠤᠯ ᠢᠷᠡᠭᠡᠳᠦᠢ ᠶ᠋ᠢ ᠤᠭᠲᠤᠨ ᠠᠪᠴᠢᠷᠠᠵᠤ᠂ ᠮᠠᠨ᠎ᠤ ᠠᠷᠠᠳ ᠲᠦᠮᠡᠨ ᠰᠠᠶᠢ ᠮᠥᠯᠵᠢᠯ ᠳᠠᠷᠤᠯᠠᠯ ᠢ᠋ ᠠᠮᠰᠠᠵᠤ ᠪᠠᠢᠭ᠎ᠠ ᠪᠠᠢᠷᠢ ᠰᠠᠭᠤᠷᠢ ᠠ᠋ᠴᠠ᠎ᠪᠠᠨ ᠲᠤᠢᠯᠪᠤᠷᠢᠲᠠᠢ ᠠᠩᠭᠢᠵᠢᠷᠠᠵᠤ᠂ ᠥᠪᠡᠷ᠎ᠦᠨ ᠬᠤᠪᠢ ᠵᠠᠶᠠᠭ᠎ᠠ᠎ᠪᠠᠨ ᠦᠨᠡᠨ ᠬᠦ᠌ ᠡᠵᠡᠮᠰᠢᠵᠦ ᠴᠢᠳᠠᠨ᠎ᠠ》 ᠭᠡᠳᠡᠭ ᠢ᠋ ᠲᠡᠦᠬᠡ ᠮᠠᠷᠭᠤᠰᠢ ᠦᠭᠡᠢ ᠭᠡᠷᠡᠴᠢᠯᠡᠪᠠ᠃
《ᠣᠳᠣᠬᠠᠨ᠎ᠤ ᠳᠡᠯᠡᠬᠡᠢ ᠶᠢᠷᠲᠢᠨᠴᠦ᠎ᠳᠦ ᠠᠯᠢ ᠨᠢᠭᠡᠨ ᠲᠥᠷᠥ ᠶ᠋ᠢᠨ ᠨᠠᠮ᠂ ᠠᠯᠢ ᠨᠢᠭᠡᠨ ᠤᠯᠤᠰ᠂ ᠠᠯᠢ ᠨᠢᠭᠡᠨ ᠦᠨᠳᠦᠰᠦᠲᠡᠨ ᠪᠡᠶ᠎ᠡ᠎ᠳᠡᠭᠡᠨ ᠢᠲᠡᠭᠡᠯ᠎ᠲᠠᠢ ᠪᠠᠢᠬᠤ ᠪᠤᠢ ᠬᠡᠵᠤ ᠠᠰᠠᠭᠤᠪᠠᠯ᠂ ᠳᠤᠮᠳᠠᠳᠤ ᠤᠯᠤᠰ᠎ᠤᠨ ᠡᠪ ᠬᠠᠮᠲᠤ ᠨᠠᠮ᠂ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠂ ᠳᠤᠮᠳᠠᠳᠤ ᠶ᠋ᠢᠨ ᠦᠨᠳᠦᠰᠦᠲᠡᠨ ᠪᠣᠯ ᠬᠠᠮᠤᠭ ᠠ᠋ᠴᠠ ᠢᠯᠡᠭᠦᠦ ᠪᠡᠶ᠎ᠡ᠎ᠳᠡᠭᠡᠨ ᠢᠲᠡᠭᠡᠯ᠎ᠲᠠᠢ ᠪᠠᠢᠬᠤ ᠶᠣᠰᠣᠲᠠᠢ ᠶᠤᠮ!》
ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠢᠮᠠᠭᠲᠠ ᠪᠠᠲᠤ ᠰᠠᠬᠢᠬᠤ ᠪᠣᠯ ᠮᠠᠨ᠎ᠤ ᠨᠠᠮ᠎ᠤᠨ ᠲᠡᠦᠬᠡ᠎ᠶᠢᠨ ᠢᠲᠡᠭᠡᠯ᠎ᠲᠠᠢ ᠪᠠᠢᠬᠤ ᠬᠠᠮᠤᠭ᠎ᠤᠨ ᠶᠡᠬᠡ ᠢᠳᠡ ᠬᠦᠴᠦᠨ᠂ ᠲᠡᠦᠬᠡ᠎ᠶᠢᠨ ᠰᠠᠨᠠᠭᠠᠴᠢᠯᠠᠭᠠᠲᠤ ᠡᠷᠬᠡ᠎ᠶᠢ ᠡᠵᠡᠮᠳᠡᠬᠦ ᠬᠠᠮᠤᠭ᠎ᠤᠨ ᠶᠡᠬᠡ ᠲᠣᠭᠲᠠᠯ ᠬᠦᠴᠦᠨ ᠮᠥᠨ᠃
ᠶᠠᠪᠤᠵᠤ ᠢᠷᠡᠭᠰᠡᠨ ᠵᠠᠮ᠎ᠢᠶᠠᠨ ᠡᠷᠭᠢᠴᠡᠭᠦᠯᠬᠦᠶ᠎ᠡ᠂ 《ᠮᠠᠨ᠎ᠤ ᠨᠠᠮ ᠶᠠᠮᠠᠷ ᠶᠠᠩᠵᠤ ᠶ᠋ᠢᠨ ᠬᠦᠴᠢᠷ ᠪᠡᠷᠬᠡᠰᠢᠶᠡᠯ ᠢ᠋ ᠥᠩᠭᠡᠷᠡᠭᠦᠯᠵᠦ ᠦᠵᠡᠭᠡ ᠦᠭᠡᠢ ᠪᠤᠢ᠂ ᠶᠠᠮᠠᠷ ᠶᠠᠩᠵᠤ ᠶ᠋ᠢᠨ ᠰᠢᠯᠭᠠᠯᠲᠠ᠎ᠳᠤ ᠲᠤᠯᠭᠠᠷᠠᠵᠤ ᠦᠵᠡᠭᠡ ᠦᠭᠡᠢ ᠪᠤᠶ?》
ᠬᠥᠮᠥᠨ᠎ᠦ ᠶᠢᠷᠲᠢᠨᠴᠦ᠎ᠶᠢᠨ ᠵᠥᠪ ᠵᠠᠮ᠎ᠢᠶᠠᠷ ᠶᠠᠪᠤᠵᠤ᠂ ᠰᠢᠳᠤᠷᠭᠤ ᠶᠣᠰᠣᠨ᠎ᠤ ᠦᠢᠯᠡᠰ᠎ᠢ ᠪᠦᠲᠦᠭᠡᠨ᠎ᠡ᠃
1954 ᠣᠨ᠎ᠳᠤ᠂ ᠠᠩᠬᠠᠳᠤᠭᠠᠷ ᠬᠤᠭᠤᠴᠠᠭᠠᠨ᠎ᠤ ᠪᠦᠭᠦ ᠤᠯᠤᠰ᠎ᠤᠨ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠠᠴᠠ 《ᠨᠢᠭᠡᠨ ᠠᠭᠤᠤ ᠶᠡᠬᠡ ᠨᠡᠢᠭᠡᠮ ᠵᠢᠷᠤᠮᠲᠤ ᠤᠯᠤᠰ᠎ᠢ ᠪᠦᠲᠦᠭᠡᠨ ᠪᠠᠶ᠋ᠢᠭᠤᠯᠬᠤ᠎ᠶᠢᠨ ᠲᠥᠯᠥᠭᠡ ᠲᠡᠮᠡᠴᠡᠨ᠎ᠡ᠂ ᠳᠡᠯᠡᠬᠡᠢ᠎ᠶᠢᠨ ᠡᠩᠬᠡ ᠲᠠᠢᠪᠤᠩ᠎ᠢ ᠬᠠᠮᠠᠭᠠᠯᠠᠬᠤ ᠪᠠ ᠬᠥᠮᠥᠨ ᠲᠥᠷᠥᠯᠬᠢᠲᠡᠨ᠎ᠦ ᠳᠠᠪᠰᠢᠯᠲᠠ ᠵᠢᠨ ᠦᠢᠯᠡᠰ᠎ᠢ ᠬᠥᠭᠵᠢᠭᠦᠯᠬᠦ᠎ᠶᠢᠨ ᠲᠥᠯᠥᠭᠡ ᠲᠡᠮᠡᠴᠡᠨ᠎ᠡ》 ᠭᠡᠵᠦ ᠲᠣᠳᠣᠷᠬᠠᠢ ᠲᠣᠭᠲᠠᠭᠠᠵᠤ᠂ ᠮᠠᠤ ᠽᠧ ᠳ᠋ᠦᠩ ᠨᠥᠬᠥᠷ᠄ 《ᠮᠠᠨ᠎ᠤ ᠦᠢᠯᠡᠰ ᠪᠣᠯ ᠰᠢᠳᠤᠷᠭᠤ ᠶᠣᠰᠣᠨ᠎ᠤ ᠦᠢᠯᠡᠰ ᠮᠥᠨ᠂ ᠰᠢᠳᠤᠷᠭᠤ ᠶᠣᠰᠣᠨ᠎ᠤ ᠦᠢᠯᠡᠰ᠎ᠢ ᠶᠠᠮᠠᠷ ᠴᠤ᠌ ᠳᠠᠢᠰᠤᠨ ᠭᠡᠳ ᠡᠪᠳᠡᠵᠦ ᠴᠢᠳᠠᠬᠤ ᠦᠭᠡᠢ》 ᠭᠡᠵᠦ ᠣᠮᠣᠭ ᠲᠡᠭᠦᠯᠳᠡᠷ᠎ᠢᠶᠡᠷ ᠲᠤᠩᠬᠠᠭᠯᠠᠪᠠ᠃
2021ᠣᠨ᠎ᠳᠤ᠂ ᠨᠠᠮ ᠪᠠᠢᠭᠤᠯᠤᠭᠳᠠᠭᠰᠠᠨ ᠵᠠᠭᠤᠨ ᠵᠢᠯ᠎ᠢ ᠤᠬᠳᠤᠬᠤ ᠲᠠᠰᠢᠷᠠᠮ᠎ᠳᠤ᠂ ᠨᠠᠮ᠎ᠤᠨ ᠲᠥᠪ ᠬᠣᠷᠢᠶ᠎ᠠ᠎ᠠᠴᠠ ᠭᠤᠷᠪᠠᠳᠤᠭᠠᠷ ᠲᠡᠦᠬᠡᠨ ᠰᠢᠢᠳᠪᠦᠷᠢ ᠵᠢ ᠲᠤᠬᠳᠠᠭᠠᠵᠤ᠂ ᠶᠡᠷᠦᠨᠭᠬᠡᠢ ᠱᠦᠵᠢ ᠰᠢ᠎ᠶᠢᠨ ᠫᠢᠩ ᠪᠦᠭᠦ ᠨᠠᠮ ᠪᠦᠭᠦ ᠴᠡᠷᠢᠭ ᠪᠦᠭᠦ ᠤᠯᠤᠰ᠎ᠤᠨ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠳᠦ᠄《ᠥᠴᠥᠭᠡᠳᠦᠷ᠎ᠦᠨ ᠭᠠᠰᠠᠯᠠᠩ ᠵᠣᠪᠠᠯᠠᠩ ᠪᠠ ᠭᠡᠷᠡᠯ ᠰᠠᠴᠤᠷᠠᠩᠭᠤᠢ ᠠᠮᠵᠢᠯᠲᠠ᠎ᠪᠠᠨ ᠦᠯᠦ ᠮᠠᠷᠲᠠᠵᠤ᠂ ᠥᠨᠥᠳᠥᠷ᠎ᠦᠨ ᠡᠭᠦᠷᠭᠡ ᠬᠠᠷᠢᠭᠤᠴᠠᠯᠭ᠎ᠠ᠎ᠳᠠᠭᠠᠨ ᠣᠰᠣᠯᠳᠠᠬᠤ ᠦᠭᠡᠢ᠂ ᠮᠠᠷᠭᠠᠰᠢ᠎ᠶᠢᠨ ᠠᠭᠤᠤ ᠶᠡᠬᠡ ᠬᠦᠰᠡᠯ ᠵᠡᠭᠦᠳᠦ᠎ᠪᠡᠨ ᠦᠯᠦ ᠬᠥᠰᠡᠷᠳᠡᠭᠦᠯᠵᠦ᠂ ᠲᠡᠦᠬᠡ᠎ᠪᠡᠷ ᠲᠣᠯᠢ ᠪᠤᠯᠭᠠᠵᠤ᠂ ᠢᠷᠡᠭᠡᠳᠦᠢ᠎ᠪᠡᠨ ᠨᠡᠭᠡᠭᠡᠵᠦ᠂ ᠰᠢᠷᠭᠠᠭᠤ ᠬᠠᠲᠠᠭᠤᠵᠢᠯᠲᠠᠢ ᠠᠵᠢᠯᠯᠠᠵᠤ᠂ ᠡᠷᠡᠯᠬᠡᠭᠯᠡᠨ ᠤᠷᠤᠭᠰᠢᠯᠠᠵᠤ᠂ ᠬᠣᠶᠠᠳᠤᠭᠠᠷ ᠵᠠᠭᠤᠨ ᠵᠢᠯ᠎ᠦᠨ ᠲᠡᠮᠡᠴᠡᠬᠦ ᠬᠠᠷᠠᠯᠲᠠ᠎ᠶᠢ ᠪᠡᠶᠡᠯᠡᠭᠦᠯᠬᠦ᠂ ᠳᠤᠮᠳᠠᠳᠤ᠎ᠶᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶᠢᠨ ᠳᠤᠮᠳᠠᠳᠤ᠎ᠶᠢᠨ ᠵᠡᠭᠦᠳᠦ᠎ᠶᠢ ᠲᠡᠷᠭᠡᠯᠰᠢᠭᠦᠯᠬᠦ᠎ᠶᠢᠨ ᠲᠥᠯᠥᠭᠡ ᠴᠥᠬᠥᠷᠡᠰᠢ ᠦᠭᠡᠢ ᠲᠡᠮᠡᠴᠡᠬᠦ ᠬᠡᠷᠡᠭᠲᠡᠢ》 ᠭᠡᠵᠦ ᠠᠭᠤᠤ ᠶᠡᠬᠡ ᠤᠷᠢᠶᠠᠯᠠᠭ᠎ᠠ ᠭᠠᠷᠭᠠᠪᠠ᠃
ᠨᠡᠢᠭᠡᠮ ᠵᠢᠷᠤᠮ᠎ᠤᠨ ᠣᠳᠣᠬᠢᠴᠢᠯᠠᠭᠰᠠᠨ ᠬᠦᠴᠦᠷᠬᠡᠭ ᠤᠯᠤᠰ᠎ᠢ ᠪᠠᠢᠭᠤᠯᠤᠨ ᠪᠦᠲᠦᠭᠡᠵᠦ᠂ ᠳᠤᠮᠳᠠᠳᠤ᠎ᠶᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶᠢ ᠪᠡᠶᠡᠯᠡᠭᠦᠯᠬᠦ ᠪᠣᠯ ᠨᠢᠭᠡᠨ ᠤᠳᠠᠭᠠᠨ᠎ᠤ ᠪᠤᠤᠬᠢᠶ᠎ᠠ ᠤᠷᠤᠯᠳᠤᠭᠠᠨ ᠮᠥᠨ᠃
ᠬᠡᠳᠦᠢ ᠠᠭᠤᠤ ᠶᠡᠬᠡ ᠦᠢᠯᠡᠰ ᠪᠤᠯᠬᠤ ᠲᠤᠳᠤᠮ᠂ ᠲᠡᠳᠦᠢ ᠠᠶᠤᠯ ᠲᠦᠭᠰᠢᠭᠦᠷᠢ ᠥᠷᠢᠰᠦᠯᠳᠦᠭᠡᠨ᠎ᠢᠶᠡᠷ ᠳᠦᠭᠦᠷᠦᠨ᠎ᠡ; ᠬᠠᠷᠠᠯᠲᠠ᠎ᠳᠠᠭᠠᠨ ᠣᠢᠷᠠᠳᠬᠤ ᠲᠤᠳᠤᠮ᠂ 《ᠤᠷᠭᠢᠯᠳᠤᠷ ᠭᠠᠷᠬᠤ᠎ᠠᠴᠠ ᠬᠠᠯᠠᠰᠢᠷᠠᠬᠤ ᠦᠭᠡᠢ ᠪᠠᠢᠬᠤ》 ᠡᠷᠴᠢ ᠵᠣᠷᠢᠭ᠋᠎ᠢᠶᠠᠨ ᠤᠯᠠᠮ ᠢᠯᠡᠭᠦᠦ ᠪᠠᠷᠢᠮᠲᠠᠯᠠᠬᠤ ᠬᠡᠷᠡᠭᠲᠡᠢ᠃
ᠪᠢᠳᠡ ᠳᠤᠮᠳᠠᠳᠤ ᠤᠯᠤᠰ᠎ᠤᠨ ᠡᠪ ᠬᠠᠮᠲᠤ ᠨᠠᠮ ᠭᠡᠭᠴᠢ ᠶᠠᠭᠤ ᠪᠤᠯᠬᠤ᠂ ᠶᠠᠭᠤ ᠬᠢᠬᠦ ᠭᠡᠬᠦ ᠡᠨᠡ ᠬᠦ᠌ ᠦᠨᠳᠦᠰᠦᠨ ᠠᠰᠠᠭᠤᠳᠠᠯ᠎ᠢ ᠪᠠᠲᠤ ᠴᠡᠭᠡᠵᠢᠯᠡᠵᠦ᠂ ᠢᠮᠠᠭᠲᠠ ᠪᠠᠢᠯᠳᠤᠬᠤ ᠪᠣᠳᠣᠯᠭ᠎ᠠ᠎ᠶᠢᠨ ᠰᠡᠷᠭᠡᠭ ᠰᠡᠷᠡᠮᠵᠢ᠂ ᠪᠠᠢᠯᠳᠤᠬᠤ ᠪᠣᠳᠣᠯᠭ᠎ᠠ᠎ᠶᠢᠨ ᠢᠲᠡᠭᠡᠯ᠂ ᠪᠠᠢᠯᠳᠤᠬᠤ ᠪᠣᠳᠣᠯᠭ᠎ᠠ᠎ᠶᠢᠨ ᠰᠠᠨᠠᠭᠠᠴᠢᠯᠠᠭᠠᠲᠤ ᠪᠠᠢᠳᠠᠯ᠎ᠢᠶᠠᠨ ᠪᠠᠲᠤᠯᠠᠵᠤ᠂ ᠲᠡᠦᠬᠡ᠎ᠶᠢᠨ ᠬᠦᠴᠦᠨ ᠵᠠᠯᠭᠠᠬᠤ ᠵᠠᠩᠭᠢᠯᠠᠭ᠎ᠠ᠎ᠶᠢᠨ ᠨᠢᠭᠡ ᠪᠤᠤᠬᠢᠶ᠎ᠠ᠎ᠵᠢ ᠰᠠᠢᠲᠤᠷ ᠭᠦᠶᠦᠬᠦ ᠬᠡᠷᠡᠭᠲᠡᠢ᠃
ᠲᠡᠭᠷᠢ ᠲᠡᠨᠢᠭᠡᠷ ᠭᠠᠵᠠᠷ ᠠᠭᠤᠳᠠᠮ᠂ ᠤᠷᠤᠬᠰᠢᠯᠠᠯᠳᠠ ᠵᠢᠨ ᠰᠦᠷ ᠬᠦᠴᠦᠨ ᠬᠤᠷᠢᠬᠯᠠᠬᠳᠡᠰᠢ ᠦᠬᠡᠢ᠃
ᠰᠢ᠎ᠶᠢᠨ ᠫᠢᠩ ᠨᠥᠬᠥᠷ᠎ᠢᠶᠡᠷ ᠭᠣᠣᠯ ᠪᠤᠯᠭᠠᠬ᠍ᠰᠠᠨ ᠨᠠᠮ᠎ᠤᠨ ᠲᠥᠪ ᠬᠤᠷᠢᠶ᠎ᠠ ᠵᠢᠨ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠰᠢ᠎ᠶᠢᠨ ᠫᠢᠩ᠎ᠤᠨ ᠰᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ᠋ ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠶᠢ ᠪᠦᠭᠦ ᠲᠠᠯ᠎ᠠ᠎ᠪᠠᠷ ᠲᠤᠭᠤᠰᠢᠯᠠᠭᠤᠯᠵᠤ᠂ ᠠᠭᠤᠤ ᠶᠡᠬᠡ ᠨᠠᠮ ᠪᠠᠶ᠋ᠢᠭᠤᠯᠬᠤ ᠵᠣᠷᠢᠭ᠋ ᠰᠠᠨᠠᠭ᠎ᠠ᠎ᠶᠢ ᠶᠡᠬᠡ ᠪᠡᠷ ᠪᠠᠳᠠᠷᠠᠭᠤᠯᠵᠤ᠂ 《ᠭᠤᠷᠪᠠᠨ ᠡᠷᠬᠡᠪᠰᠢ》 ᠶ᠋ᠢ ᠪᠠᠲᠤ ᠴᠡᠭᠡᠵᠢᠯᠡᠵᠦ᠂ ᠳᠤᠮᠳᠠᠳᠤ ᠤᠯᠤᠰ᠎ᠤᠨ ᠡᠪ ᠬᠠᠮᠲᠤᠴᠤᠳ ᠡᠢᠮᠦᠷᠬᠦ ᠰᠡᠷᠭᠡᠭ ᠰᠡᠷᠡᠮᠵᠢ ᠪᠠ ᠢᠲᠡᠭᠡᠯ ᠵᠤᠷᠢᠭᠲᠠᠢ ︱
《ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠳᠠᠪᠲᠠᠨ ᠪᠤᠯᠪᠠᠰᠤᠷᠠᠭᠤᠯᠵᠤ᠂ ᠤᠷᠳᠤ ᠬᠤᠭᠤᠴᠠᠭ᠎ᠠ ᠴᠦᠬᠦᠷᠡᠰᠢ ᠦᠬᠡᠢ ᠪᠠᠷᠢᠮᠲᠠᠯᠠᠨ ᠵᠢᠳᠬᠦᠯ ᠴᠢᠷᠮᠠᠢᠯᠭ᠎ᠠ ᠭᠠᠷᠭᠠᠵᠤ᠂ ᠶᠠᠨ ᠠᠨ᠎ᠤ 〈ᠨᠦᠬᠡᠨ ᠭᠡᠷ᠎ᠲᠡᠬᠢ ᠠᠰᠠᠭᠤᠯᠲᠠ〉 ᠶ᠋ᠢ ᠦᠷᠭᠦᠯᠵᠢᠯᠡᠨ ᠰᠠᠢᠲᠤᠷ ᠬᠠᠷᠢᠭᠤᠯᠵᠤ᠂ ᠠᠷᠠᠳ ᠲᠦᠮᠡᠨ᠎ᠳᠦ ᠣᠰᠣᠯᠳᠠᠬᠤ ᠦᠭᠡᠢ ᠴᠠᠭ ᠦᠶ᠎ᠡ᠎ᠶᠢᠨ ᠬᠠᠷᠢᠭᠤᠯᠲᠠ᠎ᠶᠢᠨ ᠬᠠᠭᠤᠳᠠᠰᠤ᠎ᠶᠢ ᠪᠢᠴᠢᠭᠯᠡᠨ᠎ᠡ》᠃
《ᠲᠡᠦᠬᠡ᠎ᠶᠢᠨ ᠵᠥᠪ ᠲᠠᠯ᠎ᠠ᠎ᠳᠤ ᠵᠣᠭᠰᠣᠵᠤ᠂ ᠬᠥᠮᠥᠨ ᠲᠥᠷᠥᠯᠬᠢᠲᠡᠨ᠎ᠦ ᠲᠠᠪᠰᠢᠯᠳᠠ᠎ᠶᠢᠨ ᠲᠠᠯ᠎ᠠ᠎ᠳᠤ ᠵᠣᠭᠰᠣᠵᠤ᠂ ᠬᠥᠮᠥᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶᠢᠨ ᠴᠣᠭᠴᠠ᠎ᠶᠢ ᠪᠠᠶ᠋ᠢᠭᠤᠯᠬᠤ᠂ ᠨᠡᠩ ᠰᠠᠢᠨ ᠰᠠᠢᠬᠠᠨ ᠳᠡᠯᠡᠬᠡᠢ ᠶᠢᠷᠲᠢᠨᠴᠦ᠎ᠶᠢ ᠪᠠᠶ᠋ᠢᠭᠤᠯᠬᠤ᠎ᠶᠢ ᠠᠬᠢᠭᠤᠯᠬᠤ᠎ᠳᠤ ᠨᠡᠩ ᠶᠡᠬᠡ ᠰᠢᠨ᠎ᠡ ᠬᠤᠪᠢ ᠨᠡᠮᠡᠷᠢ ᠦᠵᠡᠭᠦᠯᠦᠨ᠎ᠡ!》᠃
《ᠪᠢᠳᠠᠨ ᠳ᠋ᠤ ᠰᠢᠨ᠎ᠡ ᠴᠠᠭ ᠦᠶ᠎ᠡ ᠰᠢᠨ᠎ᠡ ᠠᠶᠠᠨ᠎ᠳᠤ ᠳᠡᠯᠡᠬᠡᠢ ᠳ᠋ᠠᠬᠢᠨ᠎ᠤ ᠬᠥᠮᠥᠰ᠎ᠦᠨ ᠠᠩᠬᠠᠷᠤᠯ᠎ᠢ ᠲᠠᠲᠠᠭᠰᠠᠨ ᠨᠡᠩ ᠶᠡᠬᠡ ᠰᠢᠨ᠎ᠡ ᠭᠠᠢᠬᠠᠮᠰᠢᠭ᠋᠎ᠢ ᠡᠭᠦᠳᠬᠦ ᠢᠲᠡᠭᠡᠯ ᠪᠠ ᠴᠢᠳᠠᠪᠤᠷᠢ ᠪᠦᠷᠢᠮᠦᠰᠦᠨ ᠪᠤᠢ》᠃
(ᠰᠢᠨᠬᠤᠸᠠ ᠬᠤᠷᠢᠶ᠎ᠠ ᠵᠢᠨ ᠪᠡᠭᠡᠵᠢᠩ᠎ᠦᠨ 6 ᠰᠠᠷ᠎ᠠ᠎ᠶᠢᠨ 30 ᠤ᠋ ᠴᠠᠬᠢᠯᠭᠠᠨ ᠮᠡᠳᠡᠭᠡ)