7 ᠰᠠᠷ᠎ᠠ᠎ᠶᠢᠨ 1᠎ᠦ ᠥᠷᠯᠥᠭᠡ᠂
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠤ ᠠᠷᠪᠠᠨ ᠵᠢᠷᠭᠤᠳᠤᠭᠠᠷ ᠬᠤᠭᠤᠴᠠᠭᠠᠨ᠎ᠤ ᠪᠡᠶ᠎ᠡ᠎ᠶᠢᠨ ᠲᠠᠮᠢᠷ᠎ᠤᠨ
ᠴᠤᠭᠯᠠᠭᠠᠨ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠳᠣᠯᠣᠳᠤᠭᠠᠷ ᠬᠤᠭᠤᠴᠠᠭᠠᠨ᠎ᠤ ᠵᠡᠮᠳᠡᠭᠴᠦᠳ᠎ᠦᠨ
ᠪᠡᠶ᠎ᠡ᠎ᠶᠢᠨ ᠲᠠᠮᠢᠷ᠎ᠤᠨ ᠴᠤᠭᠯᠠᠭᠠᠨ ᠵᠢᠴᠢ ᠣᠨᠴᠠᠭᠠᠢ ᠣᠯᠢᠮᠫᠢᠺ᠎ᠤᠨ ᠪᠡᠶ᠎ᠡ ᠵᠢᠨ ᠲᠠᠮᠢᠷ᠎ᠤᠨ ᠴᠤᠭᠯᠠᠭᠠᠨ ᠤ
ᠭᠠᠯ ᠤᠨ ᠤᠴᠢ ᠴᠤᠭᠯᠠᠭᠤᠯᠬᠤ ᠵᠢᠴᠢ ᠭᠠᠯ ᠪᠠᠮᠪᠠᠷ ᠳᠠᠮᠵᠢᠭᠤᠯᠬᠤ ᠶᠣᠰᠣᠯᠠᠯ ᠪᠤᠭᠤᠲᠤ᠎ᠶᠢᠨ ᠰᠠᠢᠬᠠᠨᠲᠠᠯ᠎ᠠ᠎ᠳᠤ
ᠡᠬᠢᠯᠡᠪᠡ᠃ ᠦᠳᠡ᠎ᠶᠢᠨ ᠡᠮᠦᠨᠡᠬᠢ 8 ᠴᠠᠭ 50 ᠮᠢᠨᠦ᠋ᠲ᠎ᠲᠦ᠂ 《ᠪᠢ ᠲᠠᠯ᠎ᠠ ᠨᠤᠲᠤᠭ᠎ᠠᠴᠠ ᠢᠷᠡᠯ᠎ᠡ》 ᠭᠡᠬᠦ ᠢᠷᠠᠭᠤ ᠰᠠᠢᠬᠠᠨ ᠤᠶᠠᠩᠭᠠᠲᠤ ᠳᠠᠭᠤᠤ ᠪᠠ 《ᠮᠣᠷᠢᠨ ᠨᠢᠷᠤᠭᠤᠨ
ᠳᠡᠭᠡᠷᠡᠬᠢ ᠨᠠᠢᠷᠠᠯ ᠬᠥᠭᠵᠢᠮ》ᠬᠡᠮᠡᠬᠦ ᠰᠡᠳᠬᠢᠯ ᠬᠥᠳᠡᠯᠭᠡᠮ᠎ᠡ ᠪᠥᠵᠢᠭ᠎ᠤᠨ
ᠳᠤᠭᠯᠠᠯᠳᠠ ᠤᠶᠠᠯᠳᠤᠨ ᠨᠠᠢᠷᠠᠵᠤ᠂ ᠲᠥᠪ ᠬᠢᠴᠢᠶᠡᠩᠭᠦᠢ ᠪᠦᠭᠡᠳ ᠬᠦᠷ ᠬᠥᠭᠵᠢᠶᠡᠨ᠎ᠲᠠᠢ ᠠᠭᠤᠷ ᠠᠮᠢᠰᠬᠤᠯ᠎ᠤᠨ
ᠳᠤᠮᠳᠠ ᠶᠣᠰᠣᠯᠠᠯ᠎ᠤᠨ ᠬᠥᠰᠢᠭᠡ᠎ᠶᠢ ᠰᠡᠭᠦᠭᠰᠡᠨ ᠪᠠᠢᠨ᠎ᠠ᠃

9 ᠴᠠᠭ᠎ᠤᠨ ᠦᠶ᠎ᠡ᠎ᠪᠡᠷ᠂ ᠪᠦᠬᠦ
ᠲᠠᠯᠠᠪᠠᠢ᠎ᠪᠠᠷ᠎ᠢᠶᠠᠨ ᠬᠢᠴᠢᠶᠡᠩᠭᠦᠢᠯᠡᠨ ᠵᠣᠭᠰᠣᠵᠤ᠂ ᠰᠦᠷ ᠵᠢᠪᠬᠤᠯᠠᠩᠲᠤ ᠤᠯᠤᠰ᠎ᠤᠨ ᠰᠦᠯᠳᠡ ᠳᠠᠭᠤᠤ᠎ᠶᠢᠨ ᠠᠶᠠᠰ
ᠬᠠᠩᠭᠢᠨᠠᠪᠠ᠃ ᠳᠠᠶᠠᠭᠠᠷ ᠤᠯᠠᠨ᠎ᠤ ᠬᠦᠰᠡᠵᠦ ᠬᠦᠯᠢᠶᠡᠭᠰᠡᠨ ᠰᠡᠳᠬᠢᠯ ᠢ ᠳᠠᠭᠠᠵᠤ᠂ ᠠᠷᠢᠭᠤᠨ ᠭᠠᠯ᠎ᠤᠨ ᠤᠴᠢ
ᠴᠤᠭᠯᠠᠭᠤᠯᠬᠤ ᠬᠥᠩᠬᠥᠷ ᠲᠣᠯᠢ᠎ᠵᠢ ᠠᠯᠭᠤᠷᠬᠠᠨ᠎ᠢᠶᠠᠷ ᠨᠡᠷᠡᠨ ᠵᠦᠭ ᠬᠠᠨᠳᠤᠭᠤᠯᠪᠠ ︱ ᠲᠦᠳᠡᠬᠡᠨ ᠵᠠᠭᠤᠷ᠎ᠠ᠂ ᠨᠢᠭᠡᠨ ᠵᠤᠷᠪᠤᠰ ᠭᠠᠯ᠎ᠤᠨ ᠤᠴᠢ ᠳᠡᠭᠡᠭᠰᠢ ᠬᠥᠭᠡᠷᠴᠦ᠂ ᠠᠷᠢᠭᠤᠨ
ᠭᠠᠯ᠎ᠢ ᠲᠠᠯ᠎ᠠ ᠨᠤᠲᠤᠭᠡᠴᠠ ᠠᠮᠵᠢᠯᠲᠠ᠎ᠲᠠᠢ ᠴᠤᠭᠯᠠᠭᠤᠯᠤᠨ᠂ ᠠᠩᠬᠠᠨ᠎ᠤ ᠭᠠᠯ ᠪᠠᠮᠪᠠᠷ᠎ᠢ ᠠᠰᠠᠭᠠᠵᠤ᠂ ᠪᠦᠬᠦ
ᠲᠠᠯᠠᠪᠠᠢ᠎ᠳᠤ ᠨᠢᠵᠢᠭᠢᠨᠡᠭᠰᠡᠨ ᠠᠯᠠᠭ᠎ᠠ ᠲᠠᠰᠢᠯᠲᠠ ᠴᠤᠤᠷᠢᠶᠠᠳᠤᠪᠠ᠃ ᠠᠩᠬᠠᠨ᠎ᠤ ᠭᠠᠯ ᠪᠠᠮᠪᠠᠷᠴᠢᠨ ︱
ᠥᠪᠡᠷᠲᠡᠭᠡᠨ ᠵᠠᠰᠠᠬᠤ ᠣᠷᠣᠨ᠎ᠤ ᠪᠡᠶ᠎ᠡ᠎ᠶᠢᠨ ᠲᠠᠮᠢᠷ᠎ᠤᠨ ᠲᠣᠪᠴᠢᠶ᠎ᠠ᠎ᠶᠢᠨ ᠬᠠᠨ
ᠮᠧᠶ ᠦᠵᠡᠭᠦᠯᠭᠡ᠎ᠶᠢᠨ ᠲᠠᠢᠰᠠᠨ᠎ᠠᠴᠠ ᠡᠬᠢᠯᠡᠨ ᠭᠦᠶᠦᠵᠦ᠂ ᠪᠡᠶ᠎ᠡ ᠴᠢᠭᠢᠷᠠᠭᠵᠢᠭᠤᠯᠬᠤ ᠵᠠᠮ᠎ᠢᠶᠠᠷ ᠣᠪᠣᠭᠠᠨ
ᠲᠠᠯᠠᠪᠠᠶ ᠵᠦᠭ ᠤᠷᠤᠭᠰᠢᠯᠠᠵᠤ᠂ ᠭᠠᠯ ᠪᠠᠮᠪᠠᠷ᠎ᠤᠨ ᠳᠠᠮᠵᠢᠭᠤᠯᠭ᠎ᠠ ᠵᠢᠩᠬᠢᠨᠢ᠎ᠪᠡᠷ ᠡᠬᠢᠯᠡᠪᠡ᠃
ᠲᠦᠷᠦᠭᠦᠦ ᠥᠷᠲᠡᠭᠡᠨ᠎ᠳᠦ ᠨᠡᠢ᠍ᠢᠳᠡ
16 ᠭᠠᠯ ᠪᠠᠮᠪᠠᠷᠴᠢᠨ ᠲᠣᠬᠢᠷᠠᠭᠤᠯᠵᠤ᠂ ᠭᠠᠯ ᠪᠠᠮᠪᠠᠷᠴᠢᠳ ᠢᠳᠡᠷᠡᠭᠦᠨ ᠠᠯᠬᠤᠭ᠎ᠠ᠎ᠪᠠᠷ ᠤᠷᠤᠭᠰᠢᠯᠠᠵᠤ ᠵᠠᠮ
ᠳᠠᠭᠠᠤ᠎ᠶᠢᠨ ᠦᠵᠡᠭᠴᠢᠳ ᠪᠠᠶᠠᠷᠯᠠᠯᠳᠤᠨ ᠤᠤᠬᠠᠢᠯᠠᠯᠳᠤᠨᠠ᠃ ᠦᠳᠡ᠎ᠶᠢᠨ ᠡᠮᠦᠨᠡᠬᠢ 10 ᠴᠠᠭ᠎ᠤᠨ ᠦᠶ᠎ᠡ᠎ᠪᠡᠷ᠂
ᠡᠴᠤᠰ᠎ᠤᠨ ᠭᠠᠯ ᠪᠠᠮᠪᠠᠷᠴᠢᠨ ᠠᠷᠢᠭᠤᠨ ᠭᠠᠯ᠎ᠤᠨ ᠬᠣᠪᠣᠩᠢ ᠠᠰᠠᠭᠠᠭᠰᠠᠨ᠎ᠳᠤ᠂ ᠭᠠᠯ ᠪᠠᠮᠪᠠᠷ᠎ᠤᠨ ᠬᠠᠮᠠᠭᠠᠯᠠᠯᠲᠠ᠎ᠶᠢᠨ
ᠠᠩᠭᠢ᠎ᠶᠢᠨ ᠬᠢᠨ ᠠᠷᠪᠠᠨ ᠵᠢᠷᠭᠤᠳᠤᠭᠠᠷ ᠬᠤᠭᠤᠴᠠᠭᠠᠨ᠎ᠤ ᠪᠡᠶ᠎ᠡ ᠵᠢᠨ ᠳᠠᠮᠢᠷ᠎ᠤᠨ ᠴᠤᠭᠯᠠᠭᠠᠨ᠎ᠤ ᠠᠷᠢᠭᠤᠨ ᠭᠠᠯ᠎ᠢ
ᠭᠠᠯ᠎ᠤᠨ ᠤᠴᠢ ᠵᠢᠨ ᠳ᠋ᠧᠩ᠎ᠳᠦ ᠣᠷᠣᠭᠤᠯᠵᠤ᠂ ᠠᠷᠢᠭᠤᠨ ᠭᠠᠯ ᠴᠤᠭᠯᠠᠭᠤᠯᠬᠤ ᠵᠢᠴᠢ ᠲᠦᠷᠦᠭᠦᠦ ᠦᠷᠲᠡᠭᠡ᠎ᠶᠢᠨ ᠭᠠᠯ
ᠪᠠᠮᠪᠠᠷ ᠳᠠᠮᠵᠢᠭᠤᠯᠬᠤ ᠠᠵᠢᠯ ᠲᠡᠭᠦᠰ ᠠᠮᠵᠢᠯᠲᠠ᠎ᠲᠠᠢ ᠲᠡᠭᠦᠰᠪᠡ᠃
ᠲᠣᠰ ᠬᠤᠭᠤᠴᠠᠭᠠᠨ᠎ᠤ ᠭᠠᠯ
ᠪᠠᠮᠪᠠᠷ ᠨᠢ 《ᠭᠠᠯ ᠪᠠᠮᠪᠠᠷ ᠢ᠋ ᠳᠠᠭᠠᠵᠤ ᠵᠢᠭᠤᠯᠴᠢᠯᠠᠬᠤ》᠎ᠪᠡᠷ ᠭᠣᠣᠯ ᠰᠡᠳᠦᠪ ᠪᠣᠯᠭᠠᠵᠤ᠂ ᠭᠠᠯ ᠪᠠᠮᠪᠠᠷ᠎ᠤᠨ ᠲᠣᠰ ᠪᠡᠶ᠎ᠡ ᠨᠢ ᠴᠦ᠍ ᠣᠯᠠᠨ᠎ᠤ ᠠᠩᠬᠠᠷᠤᠯ
ᠢ᠋ ᠲᠠᠲᠠᠵᠤ ᠪᠠᠢᠯ᠎ᠠ᠃ ᠲᠤᠰ ᠭᠠᠯ ᠪᠠᠮᠪᠠᠷ᠎ᠢ ᠲᠤᠰᠬᠠᠢ ᠮᠡᠷᠭᠡᠵᠢᠯ᠎ᠦᠨ ᠪᠦᠯᠬᠦᠮ᠎ᠤᠨ ᠬᠢᠨ ᠲᠥᠰᠥᠪᠯᠡᠨ ᠦᠢᠯᠡᠳᠴᠦ᠂
ᠬᠢᠭᠰᠡᠨ ᠮᠠᠲᠧᠷᠢᠶᠠᠯ᠎ᠤᠨ ᠬᠢᠨᠢ ᠳᠣᠲᠣᠷ᠎ᠠ ᠰᠢᠨ᠎ᠡ᠎ᠶᠢ ᠡᠭᠦᠳᠦᠨ ᠬᠣᠪᠣᠷ ᠰᠢᠷᠣᠢ᠎ᠶᠢᠨ ᠮᠠᠲᠧᠷᠢᠶᠠᠯ᠎ᠢ ᠨᠡᠮᠡᠵᠡᠢ᠃
ᠡᠨᠡ ᠨᠢ ᠪᠤᠭᠤᠲᠤ᠎ᠶᠢᠨ ᠬᠣᠪᠣᠷ ᠰᠢᠷᠣᠢ᠎ᠶᠢᠨ ᠬᠤᠳᠠ ᠪᠣᠯᠤᠭᠰᠠᠨ ᠠᠵᠤ ᠦᠢᠯᠡᠰ᠎ᠦᠨ ᠣᠨᠴᠠᠯᠢᠭ᠋᠎ᠢ ᠢᠯᠡᠷᠡᠭᠦᠯᠦᠭᠰᠡᠨ᠎ᠢᠶᠡᠷ
ᠪᠠᠷᠠᠬᠤ ᠦᠭᠡᠢ᠂ ᠨᠡᠩ ᠴᠤ᠌ ᠭᠠᠯ ᠪᠠᠮᠪᠠᠷ᠎ᠤᠨ ᠥᠨᠳᠥᠷ ᠳᠤᠯᠠᠭᠠᠨ᠎ᠢ ᠳᠠᠭᠠᠭᠠᠬᠤ᠂ ᠢᠳᠡᠭᠳᠡᠬᠦᠯᠬᠦ ᠵᠢ ᠡᠰᠡᠷᠭᠦᠴᠡᠬᠦ
ᠴᠢᠳᠠᠪᠤᠷᠢ᠎ᠶᠢ ᠢᠯᠡᠳᠲᠡ ᠳᠡᠭᠡᠭᠰᠢᠯᠡᠭᠦᠯᠵᠦ᠂ ᠲᠤᠰ ᠡᠳᠦᠷ᠎ᠦᠨ ᠭᠠᠯ ᠪᠠᠮᠪᠠᠷ᠎ᠤᠨ ᠳᠠᠮᠵᠢᠭᠤᠯᠭ᠎ᠠ᠎ᠵᠢᠨ
ᠶᠠᠪᠤᠴᠠ ᠳ᠋ᠤ ᠲᠣᠭᠲᠠᠭᠤᠨ ᠨᠠᠢᠳᠠᠪᠤᠷᠢᠲᠠᠢ ᠪᠠᠢᠬᠤ᠎ᠶᠢ ᠢᠯᠡᠷᠡᠭᠦᠯᠵᠡᠢ᠃
ᠲᠤᠰ ᠬᠤᠭᠤᠴᠠᠭᠠᠨ ᠤ ᠭᠠᠯ
ᠪᠠᠮᠪᠠᠷ ᠳᠠᠮᠵᠢᠭᠤᠯᠬᠤ᠎ᠳᠤ ᠨᠡᠢ᠍ᠢᠳᠡ 165 ᠭᠠᠯ ᠪᠠᠮᠪᠠᠷᠴᠢᠨ ᠲᠣᠬᠢᠷᠠᠭᠤᠯᠵᠤ᠂ ᠰᠢᠯᠢᠳᠡᠭ ᠲᠠᠮᠢᠷᠴᠢᠨ᠎ᠤ ᠲᠥᠯᠥᠭᠡᠯᠡᠭᠴᠢ᠂
ᠵᠡᠮᠳᠡᠭᠴᠦᠳ᠎ᠦᠨ ᠲᠥᠯᠥᠭᠡᠯᠡᠭᠴᠢ᠂ ᠬᠥᠳᠡᠯᠮᠦᠷᠢ᠎ᠶᠢᠨ ᠵᠢᠱ᠌ᠢᠶᠡᠴᠢ ᠪᠠ ᠶᠣᠰᠣ᠌ ᠰᠤᠷᠲᠠᠬᠤᠨ᠎ᠤ ᠵᠢᠱ᠌ᠢᠶᠡᠴᠢ᠎ᠶᠢᠨ
ᠲᠥᠯᠥᠭᠡᠯᠡᠭᠴᠢ᠂ ᠠᠵᠤ ᠠᠬᠤᠢᠯᠠᠯᠲᠠᠨ᠎ᠤ ᠲᠥᠯᠥᠭᠡᠯᠡᠭᠴᠢ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠰᠢᠨ᠎ᠡ᠎ᠶᠢ
ᠡᠭᠦᠳᠦᠭᠰᠡᠨ ᠴᠢᠳᠠᠪᠤᠷᠢᠲᠠᠨ᠎ᠤ ᠲᠥᠯᠥᠭᠡᠯᠡᠭᠴᠢ ᠵᠡᠷᠭᠡ ᠲᠦᠷᠦᠯ ᠢᠯᠭᠠᠯ᠎ᠢ ᠬᠠᠮᠤᠷᠴᠠᠢ᠃ ᠠᠩᠬᠠᠨ᠎ᠤ ᠥᠷᠲᠡᠭᠡᠨ᠎ᠳᠤ
ᠭᠠᠯ ᠪᠠᠮᠪᠠᠷ᠎ᠢ ᠠᠮᠵᠢᠯᠲᠠ ᠲᠠᠢ ᠳᠠᠮᠵᠢᠭᠤᠯᠬᠤ ᠵᠢ ᠳᠠᠭᠠᠯᠳᠤᠨ᠂ ᠭᠠᠯ ᠪᠠᠮᠪᠠᠷ ᠢᠷᠡᠬᠦ ᠨᠢᠭᠡ ᠰᠠᠷ᠎ᠠ᠎ᠶᠢᠨ
ᠳᠣᠲᠣᠷ᠎ᠠ ᠪᠤᠭᠤᠲᠤ ᠬᠤᠳᠠ᠎ᠶᠢᠨ ᠡᠯ᠎ᠡ ᠬᠣᠰᠢᠭᠤ ᠰᠢᠶᠠᠨ ᠲᠣᠭᠣᠷᠢᠭ᠋᠎ᠲᠤ ᠵᠠᠯᠭᠠᠪᠡᠷ ᠬᠦᠷᠴᠦ᠂ ᠲᠤᠰ ᠲᠤᠰ ᠪᠤᠭᠤᠲᠤ᠎ᠶᠢᠨ
ᠪᠣᠯᠣᠳ ᠲᠡᠮᠦᠷ᠎ᠦᠨ ᠺᠣᠮᠫᠠᠨᠢ᠎ᠶᠢᠨ ᠠᠵᠤ ᠦᠢᠯᠡᠳᠪᠦᠷᠢ᠎ᠶᠢᠨ ᠵᠢᠭᠤᠯᠴᠢᠯᠠᠯ᠎ᠤᠨ ᠦᠵᠡᠮᠵᠢ᠎ᠶᠢᠨ ᠣᠷᠣᠨ᠂ ᠤᠮᠠᠷᠠᠲᠤ᠎ᠶᠢᠨ
ᠴᠡᠷᠢᠭ᠎ᠦᠨ ᠵᠡᠪᠰᠡᠭ᠎ᠦᠨ ᠬᠤᠳᠠ᠂ ᠬᠠᠳᠤᠨ ᠭᠣᠣᠯ᠎ᠤᠨ ᠶᠡᠬᠡ ᠴᠤᠭᠯᠠᠭᠠᠨ᠂ ᠪᠠᠷᠠᠭᠤᠨ ᠪᠤᠭᠤᠮᠲᠠ ᠵᠢᠨ ᠠᠶᠠᠨ᠎ᠤ
ᠰᠣᠶᠣᠯ᠎ᠤᠨ ᠵᠡᠭᠡᠯᠢ ᠲᠣᠭᠣᠷᠢᠭ᠋ ᠵᠡᠷᠭᠡ ᠲᠤᠬᠠᠢ᠎ᠶᠢᠨ ᠭᠠᠵᠠᠷ᠎ᠤᠨ 10 ᠲᠣᠮᠣ᠌ ᠰᠣᠶᠣᠯ ᠵᠢᠭᠤᠯᠴᠢᠯᠠᠯ᠎ᠤᠨ ᠭᠠᠵᠠᠷ
ᠵᠦᠢ ᠵᠢᠨ ᠢᠯᠡᠷᠬᠡᠢᠯᠡᠯᠳᠤ ᠴᠡᠭ᠎ᠲᠦ ᠬᠦᠷᠴᠤ᠂ ᠡᠴᠦᠰ᠎ᠲᠡᠬᠡᠨ 8 ᠰᠠᠷ᠎ᠠ᠎ᠶᠢᠨ 8᠎ᠤ ᠡᠳᠦᠷ ᠪᠤᠭᠤᠲᠤ ᠬᠤᠳᠠ᠎ᠶᠢᠨ
ᠣᠯᠢᠮᠫᠢᠺ᠎ᠤᠨ ᠲᠠᠮᠢᠷ᠎ᠤᠨ ᠲᠥᠪ᠎ᠦᠨ ᠪᠡᠶ᠎ᠡ᠎ᠶᠢᠨ ᠲᠠᠮᠢᠷ᠎ᠤᠨ ᠣᠷᠳᠣᠨ᠎ᠳᠤ ᠬᠦᠷᠴᠦ᠂ ᠡᠬᠢᠯᠡᠯᠲᠡ᠎ᠶᠢᠨ ᠶᠣᠰᠣᠯᠠᠯ᠎ᠤᠨ
ᠲᠠᠯᠠᠪᠠᠢ᠎ᠳᠤ ᠬᠠᠮᠤᠭ᠎ᠤᠨ ᠰᠡᠭᠦᠯᠴᠢ᠎ᠶᠢᠨ ᠨᠢᠭᠡ ᠭᠠᠯ ᠪᠠᠮᠪᠠᠷ᠎ᠢ ᠳᠠᠮᠵᠢᠭᠤᠯᠬᠤ ᠵᠢᠴᠢ ᠭᠠᠯ ᠪᠠᠮᠪᠠᠷ᠎ᠤᠨ
ᠰᠤᠪᠤᠷᠭ᠎ᠠ ᠵᠢ ᠠᠰᠠᠭᠠᠬᠤ ᠪᠤᠯᠦᠨ᠎ᠡ᠃
ᠠᠷᠢᠭᠤᠨ ᠭᠠᠯ ᠨᠢᠭᠡᠨᠲᠡ ᠲᠠᠯ᠎ᠠ
ᠨᠤᠲᠤᠭ᠎ᠠᠴᠠ ᠮᠣᠷᠳᠠᠵᠤ᠂ ᠪᠤᠭᠤᠲᠤ ᠬᠤᠳᠠ ᠶᠠᠭ ᠣᠷᠭᠢᠯᠤᠮ᠎ᠠ ᠬᠠᠯᠠᠭᠤᠨ ᠰᠡᠳᠬᠢᠯᠭᠡ᠎ᠪᠡᠷ ᠦᠪᠤᠷ
ᠮᠤᠩᠭᠤᠯ᠎ᠤᠨ ᠠᠷᠪᠠᠨ ᠵᠢᠷᠭᠤᠳᠤᠭᠠᠷ ᠬᠤᠭᠤᠴᠠᠭᠠᠨ᠎ᠤ ᠪᠡᠶ᠎ᠡ ᠵᠢᠨ ᠲᠠᠮᠢᠷ᠎ᠤᠨ ᠴᠤᠭᠯᠠᠭᠠᠨ᠎ᠢ ᠤᠭᠲᠤᠵᠤ ᠪᠠᠢᠨ᠎ᠠ᠃