《ᠠᠷᠠᠳ ᠢᠷᠭᠡᠳ ᠪᠣᠯᠪᠠᠰᠤ ᠠᠮᠤ ᠪᠤᠳᠠᠭ᠎ᠠ᠎ᠪᠠᠷ ᠠᠮᠢ ᠭᠣᠣᠯ᠎ᠢᠶᠠᠨ ᠪᠣᠯᠭᠠᠮᠤᠢ᠂ ᠠᠮᠤ ᠪᠤᠳᠠᠭ᠎ᠠ ᠪᠣᠯᠪᠠᠰᠤ ᠠᠮᠤᠷ ᠲᠦᠪᠰᠢᠨ᠎ᠢ ᠲᠡᠷᠢᠭᠦᠨ᠎ᠳᠦ ᠲᠠᠯᠪᠢᠮᠤᠢ》 ᠭᠡᠭᠦ᠌ ᠬᠡᠯᠡᠯᠭᠡ ᠡᠴᠨ ᠢᠳᠡᠭᠡᠨ ᠤᠮᠳᠠᠭᠠᠨ ᠨᠢ ᠬᠥᠮᠥᠨ ᠲᠥᠷᠥᠯᠬᠢᠲᠡᠨ᠎ᠦ ᠠᠮᠢᠳᠤᠷᠠᠯ᠎ᠲᠠᠶ ᠨᠢᠭᠲᠠ ᠬᠣᠯᠪᠣᠭ᠎ᠠ ᠲᠠᠶ ᠬᠡᠳᠡᠭ᠎ᠢ ᠮᠡᠳᠡᠵᠤ ᠪᠤᠯᠤᠨ᠎ᠠ᠃ ᠢᠳᠡᠭᠡᠨ ᠤᠮᠳᠠᠭᠠᠨ ᠨᠢ ᠬᠥᠮᠥᠨ ᠲᠥᠷᠥᠯᠬᠢᠲᠡᠨ᠎ᠦ ᠣᠷᠣᠰᠢᠨ ᠲᠣᠭᠲᠠᠨᠢᠬᠤ ᠪᠠ ᠬᠥᠭᠵᠢᠬᠦ᠌᠎ᠶᠢᠨ ᠪᠣᠳᠠᠰ᠎ᠤᠨ ᠰᠠᠭᠤᠷᠢ᠎ᠶᠢᠨ ᠨᠢᠭᠡ ᠪᠤᠯᠬᠤ ᠶ᠋ᠢ ᠬᠦᠮᠦᠰ ᠮᠡᠳᠡᠳᠡᠭ ᠮᠦᠷᠳᠡᠬᠡᠨ ᠮᠡᠳᠡᠷᠡᠳᠡᠭ᠃ ᠮᠦᠨ ᠴᠤ᠌ ᠬᠦᠮᠦᠨ ᠤ᠋ ᠪᠡᠶ᠎ᠡ ᠳ᠋ᠤ ᠬᠤᠤᠷ ᠭᠦᠨᠦᠭᠡᠯ ᠠᠪᠴᠢᠷᠠᠵᠤ᠂ ᠡᠷᠡᠭᠦᠯ ᠴᠢᠬᠢᠷᠠᠭ ᠢ᠋ ᠨᠦᠯᠦᠬᠡᠯᠡᠬᠦ᠌ ᠡᠰᠡᠭᠦ᠌ ᠶ᠋ᠢ ᠴᠤ᠌ ᠠᠩᠬᠠᠷᠤᠭᠰᠠᠭᠠᠷ ᠢᠷᠡᠭᠰᠡᠨ ᠶᠤᠮ᠃
ᠢᠳᠡᠭᠡᠨ᠎ᠦ ᠠᠮᠤᠷ ᠲᠦᠪᠰᠢᠨ ᠨᠢ ᠬᠥᠮᠥᠨ᠎ᠤ ᠪᠡᠶ᠎ᠡ ᠮᠠᠬᠠᠪᠤᠳ᠎ᠤᠨ ᠡᠷᠡᠭᠦᠯ ᠮᠡᠨᠳᠦ ᠪᠠ ᠠᠮᠢ ᠨᠠᠰᠤᠨ᠎ᠤ ᠠᠮᠤᠷ ᠲᠦᠪᠰᠢᠨ᠎ᠳᠦ ᠬᠣᠯᠪᠣᠭᠳᠠᠨ᠂ ᠪᠦᠬᠦ᠌ ᠪᠥᠮᠪᠥᠷᠴᠡᠭ᠎ᠦᠨ ᠴᠢᠨᠠᠷᠲᠠᠢ ᠤᠯᠠᠨ ᠨᠡᠶ᠋ᠢᠲᠡ᠎ᠶᠢᠨ ᠡᠷᠡᠭᠦᠯ ᠬᠠᠮᠠᠭᠠᠯᠠᠯ᠎ᠤᠨ ᠠᠰᠠᠭᠤᠳᠠᠯ ᠪᠣᠯᠵᠤ᠂ ᠤᠯᠤᠰ ᠣᠷᠣᠨ᠎ᠤ ᠬᠥᠭᠵᠢᠯᠲᠡ ᠪᠠ ᠨᠡᠶ᠋ᠢᠭᠡᠮ᠎ᠦᠨ ᠠᠮᠤᠷ ᠲᠦᠪᠰᠢᠨ᠂ ᠡᠩᠬᠡ ᠲᠤᠭᠳᠠᠭᠤᠨ ᠪᠠᠶ᠋ᠢᠬᠤᠯᠤᠭᠠ ᠬᠣᠯᠪᠣᠭᠳᠠᠳᠠᠭ᠃ ᠢᠳᠡᠭᠡᠨ᠎ᠦ ᠠᠮᠤᠷ ᠲᠦᠪᠰᠢᠨ᠎ᠢ ᠨᠥᠯᠥᠭᠡᠯᠡᠬᠦ᠌ ᠬᠦᠴᠦᠨ ᠵᠦᠢᠯ ᠴᠤ᠌ ᠤᠯᠠᠨ ᠶᠠᠩᠵᠤ᠎ᠶᠢᠨ ᠪᠠᠶ᠋ᠢᠳᠠᠭ᠂ ᠡᠭᠦᠨ ᠤ᠋ ᠲᠤᠳᠤᠷ᠎ᠠ ᠭᠠᠭᠴᠠ ᠬᠦ᠌ 《ᠲᠠᠷᠢᠶᠠᠨ ᠭᠠᠵᠠᠷ᠎ᠠᠴᠠ ᠬᠣᠭᠣᠯᠠᠨ ᠰᠢᠷᠡᠭᠡ ᠬᠦᠷᠲᠡᠯᠡᠬᠢ》 ᠪᠦᠬᠦ᠌ ᠶᠠᠪᠤᠴᠠ ᠳ᠋ᠤ ᠢᠳᠡᠭᠡᠨ᠎ᠦ ᠠᠮᠤᠷ ᠲᠦᠪᠰᠢᠨ᠎ᠦ ᠬᠠᠮᠢᠶᠠᠷᠤᠯᠲᠠ᠎ᠶᠢ ᠴᠢᠩᠭᠠᠳᠬᠠᠬᠤ ᠨᠢ ᠬᠠᠮᠤᠭ᠎ᠤᠨ ᠴᠢᠬᠤᠯᠠ ᠤᠴᠢᠷ ᠪᠤᠯᠵᠤ ᠪᠠᠶ᠋ᠢᠭ᠎ᠠ ᠶᠤᠮ᠃ ᠡᠨᠡ ᠬᠦ᠌ ᠪᠦᠬᠦᠶ᠋ᠢᠯᠡ ᠶᠠᠪᠤᠴᠠ ᠶ᠋ᠢᠨ ᠠᠯᠬᠤᠮ ᠪᠦᠷᠢ ᠳ᠋ᠤ ᠢᠳᠡᠭᠡᠨ ᠤᠮᠳᠠᠭᠠᠨ ᠤ᠋ ᠠᠷᠢᠭᠤᠨ ᠴᠡᠪᠡᠷ᠂ ᠠᠮᠤᠷ ᠲᠦᠪᠰᠢᠨ ᠢ᠋ ᠪᠠᠳᠤᠯᠠᠵᠤ ᠴᠢᠳᠠᠪᠠᠯ ᠰᠠᠶᠢ ᠢᠳᠡᠭᠡᠨ᠎ᠦ ᠴᠢᠨᠠᠷ ᠴᠢᠨᠰᠠᠭ᠎ᠠ ᠪᠠ ᠠᠮᠤᠷ ᠲᠦᠪᠰᠢᠨ᠎ᠢ ᠵᠢᠩᠭᠢᠨᠢ ᠪᠡᠷ ᠪᠠᠲᠤᠯᠠᠵᠤ ᠴᠢᠳᠠᠨ᠎ᠠ᠃ ᠤᠳᠤᠬᠠᠨ ᠳ᠋ᠤ ᠨᠠᠮ ᠪᠠ ᠵᠠᠰᠠᠭ᠎ᠠᠴᠠ ᠢᠳᠡᠭᠡᠨ᠎ᠦ ᠠᠮᠤᠷ ᠲᠦᠪᠰᠢᠨ᠎ᠦ ᠠᠰᠠᠭᠤᠳᠠᠯ᠎ᠢ ᠳᠡᠭᠡᠳᠦ ᠬᠡᠮᠵᠢᠶ᠎ᠡ᠎ᠪᠡᠷ ᠴᠢᠬᠤᠯᠠᠴᠢᠯᠠᠨ ᠦᠵᠡᠵᠦ᠍᠂ 《ᠪᠥᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠢᠳᠡᠭᠡᠨ᠎ᠦ ᠠᠮᠤᠷ ᠲᠦᠪᠰᠢᠨ᠎ᠦ ᠬᠠᠤᠯᠢ》 ᠶ᠋ᠢ ᠨᠡᠶ᠋ᠢᠲᠡᠯᠡᠨ ᠬᠡᠷᠡᠭᠵᠢᠭᠦᠯᠦᠭᠰᠡᠨ ᠵᠢᠴᠢ ᠢᠳᠡᠭᠡᠨ᠎ᠦ ᠠᠮᠤᠷ ᠲᠦᠪᠰᠢᠨ᠎ᠦ ᠬᠢᠨᠠᠯᠲᠠ ᠬᠠᠮᠢᠶᠠᠷᠤᠯᠲᠠ᠎ᠶᠢᠨ ᠰᠢᠰᠲ᠋ᠧᠮ᠎ᠢ ᠲᠠᠰᠤᠷᠠᠯᠳᠠ ᠦᠭᠡᠢ ᠲᠣᠬᠢᠷᠠᠭᠤᠯᠤᠨ ᠲᠡᠭᠦᠯᠳᠡᠷᠵᠢᠭᠦᠯᠬᠦ᠌ ᠪᠠ ᠰᠢᠯᠤᠭᠤᠳᠬᠠᠬᠤ᠎ᠶᠢ ᠳᠠᠭᠠᠯᠳᠤᠨ ᠮᠠᠨ᠎ᠤ ᠤᠯᠤᠰ᠎ᠤᠨ ᠢᠳᠡᠭᠡᠨ᠎ᠦ ᠠᠮᠤᠷ ᠲᠦᠪᠰᠢᠨ᠎ᠦ ᠪᠠᠶ᠋ᠢᠳᠠᠯ ᠮᠠᠰᠢ ᠲᠦᠷᠭᠡᠨ ᠰᠠᠶ᠋ᠢᠵᠢᠷᠠᠵᠤ᠂ ᠢᠳᠡᠭᠡᠨ᠎ᠦ ᠠᠮᠤᠷ ᠲᠦᠪᠰᠢᠨ᠎ᠦ ᠶᠡᠷᠦᠩᠬᠡᠢ ᠪᠠᠶ᠋ᠢᠳᠠᠯ ᠲᠣᠭᠲᠠᠭᠤᠨ ᠪᠥᠭᠡᠳ ᠰᠠᠶ᠋ᠢᠵᠢᠷᠠᠬᠤ ᠪᠠᠶ᠋ᠢᠳᠠᠯ᠎ᠲᠠᠶ ᠪᠣᠯᠤᠭᠰᠠᠠ ᠪᠠᠢᠨ᠎ᠠ᠃
《ᠪᠥᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠢᠳᠡᠭᠡᠨ᠎ᠦ ᠠᠶᠤᠯᠭᠦᠢ᠎ᠶᠢᠨ ᠬᠠᠤᠯᠢ》 ᠶ᠋ᠢᠨ ᠵᠠᠭᠤ ᠲᠠᠪᠢᠳᠤᠭᠠᠷ ᠵᠦᠢᠯ᠎ᠳᠦ ᠢᠳᠡᠭᠡᠨ ᠪᠣᠯ 《ᠬᠥᠮᠥᠨ᠎ᠦ ᠢᠳᠡᠬᠦ᠌ ᠪᠤᠶᠤ ᠤᠤᠭᠤᠬᠤ᠎ᠳᠤ ᠵᠣᠷᠢᠭᠤᠯᠤᠭᠰᠠᠨ ᠡᠯ᠎ᠡ ᠵᠦᠢᠯ᠎ᠦᠨ ᠪᠦᠲᠦᠭᠡᠭᠳᠡᠬᠦᠨ ᠪᠠ ᠲᠦᠭᠦᠬᠡᠢ ᠡᠳ᠋ ᠵᠢᠴᠢ ᠶᠠᠷᠤᠳᠠ ᠵᠢᠨ ᠢᠳᠡᠭᠡᠨ ᠪᠣᠯᠬᠤ ᠮᠥᠷᠲᠡᠭᠡᠨ ᠪᠠᠰᠠ ᠡᠮ᠎ᠦᠨ ᠮᠠᠲ᠋ᠧᠷᠢᠶᠠᠯ ᠪᠣᠯᠬᠤ ᠡᠳ᠋ ᠪᠣᠳᠠᠰ᠎ᠢ ᠵᠢᠭᠠᠵᠤ ᠪᠠᠶ᠋ᠢᠨ᠎ᠠ᠂ ᠭᠡᠪᠡᠴᠦ᠍ ᠡᠮᠨᠡᠨ ᠵᠠᠰᠠᠬᠤ᠎ᠪᠠᠷ ᠵᠣᠷᠢᠯᠭ᠎ᠠ ᠪᠣᠯᠭᠠᠭᠰᠠᠨ ᠡᠳ᠋ ᠪᠣᠳᠠᠰ ᠡᠭᠦᠨ᠎ᠳᠦ ᠪᠠᠭᠲᠠᠬᠤ ᠦᠭᠡᠢ》 ᠭᠡᠵᠦ᠍ ᠲᠣᠭᠲᠠᠭᠠᠬᠰᠠᠨ ᠪᠠᠶ᠋ᠢᠳᠠᠭ᠃ ᠡᠭᠦᠨ ᠡᠴᠠ ᠦᠵᠡᠪᠡᠯ ᠡᠮᠴᠢᠯᠡᠬᠦ ᠳ᠋ᠤ ᠭᠡᠷᠡᠭᠯᠡᠬᠦ᠌ ᠡᠮ᠎ᠤᠨ ᠵᠤᠶ᠋ᠢᠯ ᠡᠴᠠ ᠪᠤᠰᠤᠳ ᠢᠳᠡᠭᠡᠨ ᠪᠠᠭᠳᠠᠳᠠᠭ ᠪᠠᠶ᠋ᠢᠨ᠎ᠠ᠃
ᠨᠡᠶ᠋ᠢᠭᠡᠮ᠎ᠦᠨ ᠬᠥᠭᠵᠢᠯᠲᠡ᠂ ᠰᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠳᠠᠪᠰᠢᠯᠲᠠ᠎ᠶᠢ ᠳᠠᠭᠠᠯᠳᠤᠨ ᠬᠥᠮᠥᠰ᠎ᠦᠨ ᠰᠣᠩᠭᠣᠵᠤ ᠪᠣᠯᠬᠤ ᠢᠳᠡᠭᠡᠨ᠎ᠦ ᠲᠥᠷᠥᠯ ᠵᠦᠢᠯ ᠡᠳᠦᠷ ᠢᠷᠡᠬᠦᠶ᠎ᠡ ᠪᠠᠶᠠᠯᠢᠭᠵᠢᠵᠤ ᠂ ᠢᠳᠡᠭᠡᠨ᠎ᠦ ᠲᠣᠮᠢᠶᠠᠯᠠᠯ ᠴᠤ᠌ ᠲᠠᠰᠤᠷᠠᠯᠲᠠ ᠦᠭᠡᠢ ᠬᠤᠪᠢᠷᠠᠨ ᠬᠥᠭᠵᠢᠵᠦ᠍ ᠪᠠᠶ᠋ᠢᠭ᠎ᠠ ᠲᠤᠯᠠ ᠣᠳᠣ᠎ᠶᠢᠨ ᠨᠡᠶ᠋ᠢᠭᠡᠮ᠎ᠳᠦ ᠢᠳᠡᠭᠡᠨ ᠤᠮᠳᠠᠭᠠᠨ᠎ᠤ ᠭᠡᠯᠪᠡᠷᠢ᠂ ᠲᠦᠷᠦᠯ ᠵᠦᠢᠯᠴᠤ᠌ ᠤᠯᠠᠳᠴᠤ᠂ ᠨᠠᠷᠡᠶ᠋ᠢᠳᠦᠯ ᠨᠢ ᠴᠤ᠌ ᠶᠠᠩᠵᠦ᠍ ᠶᠠᠩᠵᠤ ᠵᠢᠨ ᠪᠤᠯᠵᠠᠢ᠃ ᠵᠦᠪᠬᠡᠨ ᠶᠡᠷᠤᠩᠬᠡᠢ ᠨᠠᠷᠡᠶ᠋ᠢᠳᠤᠯ ᠡᠴᠠ ᠲᠤᠷᠠᠳᠪᠠᠯ 《ᠪᠣᠬᠢᠷᠳᠤᠯ ᠦᠭᠡᠢ ᠢᠳᠡᠭᠡᠨ》᠂ 《ᠣᠷᠭᠠᠨᠢᠭ ᠢᠳᠡᠭᠡᠨ》᠂《ᠪᠠᠶ᠋ᠢᠭᠠᠯᠢᠯᠢᠭ ᠢᠳᠡᠭᠡᠨ》᠂《ᠭᠧᠨ ᠬᠤᠪᠢᠷᠠᠭᠤᠯᠤᠭᠰᠠᠨ ᠢᠳᠡᠭᠡᠨ》᠂《ᠡᠷᠡᠭᠦᠯᠵᠢᠯ᠎ᠦᠨ ᠢᠳᠡᠭᠡᠨ》 ᠭᠡᠭᠦ᠌ ᠮᠡᠳᠤ ᠵᠢᠨ ᠡᠯ᠎ᠡ ᠵᠦᠢᠯ᠎ᠦᠨ ᠢᠳᠡᠭᠡᠨ ᠨᠢ ᠬᠥᠮᠥᠰ᠎ᠦᠨ ᠨᠢᠳᠦ᠎ᠶᠢ ᠡᠷᠢᠶᠡᠯᠵᠡᠭᠦᠯᠬᠦ᠌ ᠬᠡᠮᠵᠢᠶᠠᠨ᠎ᠳᠤ ᠬᠦᠷᠴᠡᠢ᠃ ᠡᠳᠡᠭᠡᠷ ᠢᠳᠡᠭᠡᠨ ᠤᠮᠳᠠᠭᠠᠨ ᠨᠢ ᠢᠳᠡᠭᠡᠨ᠎ᠦ ᠲᠦᠷᠦᠯ ᠵᠦᠢᠯ ᠂ ᠠᠮᠲᠠ ᠰᠢᠮᠳᠠ᠎ᠶᠢ ᠤᠯᠠᠨ ᠶᠠᠩᠵᠤ᠎ᠶᠢᠨ ᠪᠣᠯᠭᠠᠬᠤ᠎ᠶᠢᠨ ᠬᠠᠮᠲᠤ᠌ ᠪᠠᠰᠠ ᠬᠥᠮᠥᠰ᠎ᠦᠨ ᠰᠢᠮ᠎ᠡ ᠲᠡᠵᠢᠭᠡᠯ᠂ ᠠᠯᠢ ᠡᠰᠡᠪᠡᠯ ᠠᠮᠤᠷ ᠲᠦᠪᠰᠢᠨ᠎ᠦ ᠲᠠᠯ᠎ᠠ᠎ᠶᠢᠨ ᠰᠠᠨᠠᠭᠠᠰᠢᠷᠠᠯ᠎ᠢ ᠴᠤ᠌ ᠲᠠᠭᠠᠯᠳᠤᠭᠤᠯᠤᠨ ᠠᠪᠴᠢᠷᠠᠬᠰᠠᠨ ᠪᠠᠶ᠋ᠢᠨ᠎ᠠ᠃ ᠡᠭᠦᠨ ᠤ᠋ ᠤᠯᠠᠮ ᠡᠴᠠ ᠢᠳᠡᠭᠡᠨ᠎ᠦ ᠠᠮᠤᠷ ᠲᠦᠪᠰᠢᠨ ᠨᠢ 《ᠥᠴᠥᠬᠡᠨ ᠴᠦ᠍ ᠠᠶᠤᠯ ᠦᠭᠡᠢ》 ᠪᠠᠢᠬᠤ ᠶ᠋ᠢ ᠪᠡᠶᠡᠯᠡᠭᠦᠯᠵᠦ᠍ ᠲᠠᠶ᠋ᠢᠯᠬᠦ ᠡᠰᠡᠬᠦ ᠠᠰᠠᠭᠤᠳᠠᠯ ᠭᠠᠷᠴᠠᠢ᠃
ᠬᠡᠷᠡᠭᠯᠡᠭᠴᠢᠳ᠎ᠤᠨ ᠬᠤᠪᠢ ᠳ᠋ᠤ ᠠᠪᠴᠤ᠌ ᠭᠡᠯᠡᠪᠡᠯ ᠢᠳᠡᠭᠡᠨ᠎ᠦ ᠠᠮᠤᠷ ᠲᠦᠪᠰᠢᠨ᠎ᠦ ᠲᠠᠯ᠎ᠠ᠎ᠪᠠᠷ ᠨᠡᠶ᠋ᠢᠳᠡᠮ᠎ᠳᠡᠭᠡᠨ 《ᠠᠮᠤᠷ ᠲᠦᠪᠰᠢᠨ》 ᠪᠠᠶ᠋ᠢᠪᠠᠯ ᠵᠣᠬᠢᠨ᠎ᠠ ᠭᠡᠵᠦ᠍ ᠦᠵᠡᠳᠡᠭ᠂ ᠭᠡᠲᠡᠯ᠎ᠡ ᠰᠢᠨᠵᠢᠯᠡᠬᠦ᠌ ᠤᠬᠠᠭᠠᠨᠲᠠᠳ ᠬᠠᠷᠢᠨ ᠢᠳᠡᠭᠡᠨ᠎ᠦ ᠠᠮᠤᠷ ᠲᠦᠪᠰᠢᠨ᠎ᠳᠦ 《ᠪᠤᠭᠢᠷᠳᠤᠯ ᠦᠬᠡᠢ》 ᠪᠠᠶ᠋ᠢᠬᠤ ᠶ᠋ᠢ ᠪᠠᠳᠤᠯᠠᠬᠤ ᠪᠤᠯ ᠲᠤᠶ᠋ᠢᠯ᠎ᠤᠨ ᠬᠦᠴᠢᠷ ᠶᠠᠪᠤᠳᠠᠯ ᠭᠡᠮᠡᠨ ᠳᠤᠷᠠᠳᠴᠤ᠌᠂ ᠢᠳᠡᠭᠡᠨ ᠢ᠋ ᠳᠠᠷᠢᠵᠤ ᠠᠷᠠᠴᠢᠯᠠᠬᠤ᠂ ᠪᠣᠯᠪᠠᠰᠤᠷᠠᠭᠤᠯᠬᠤ᠂ ᠵᠥᠭᠡᠭᠡᠪᠦᠷᠢᠯᠡᠬᠦ᠂ ᠬᠠᠳᠠᠭᠠᠯᠠᠬᠤ᠂ ᠪᠣᠷᠣᠯᠠᠭᠤᠯᠬᠤ ᠵᠡᠷᠭᠡ ᠣᠯᠠᠨ ᠭᠣᠭᠴᠣᠭ᠎ᠠ᠎ᠪᠠᠷ ᠳᠡᠮᠵᠢᠮᠠᠨᠵᠢᠨ ᠰᠠᠶᠢ ᠬᠡᠷᠡᠭᠯᠡᠭᠴᠢᠳ᠎ᠦᠨ ᠭᠠᠷ᠎ᠲᠤ᠌ ᠬᠦᠷᠳᠡᠭ᠃ ᠡᠶ᠋ᠢᠮᠦ᠍ ᠣᠯᠠᠨ ᠶᠠᠪᠤᠴᠠ᠎ᠶᠢᠨ ᠠᠯᠢ ᠨᠢᠭᠡᠨ ᠭᠤᠭᠴᠤᠭ᠎ᠠ ᠳ᠋ᠤ ᠴᠤ᠌ ᠪᠠᠶ᠎ᠠ᠎ᠳᠤ ᠨᠦᠯᠦᠬᠡ ᠪᠤᠯᠳᠠᠭ ᠵᠤᠢᠯ ᠠᠳᠠᠯᠢ ᠪᠤᠰᠤ ᠬᠡᠮᠵᠢᠶ᠎ᠠ ᠪᠡᠷ ᠢᠳᠡᠬᠡᠨ᠎ᠳᠤ ᠣᠷᠣᠬᠤ ᠪᠤᠯᠤᠮᠵᠢ ᠲᠡᠢ᠂ ᠵᠢᠱ᠌ᠢᠶᠡᠯᠡᠪᠡᠯ ᠦᠷᠭᠦᠯᠵᠢ ᠬᠠᠷᠠᠭᠳᠠᠳᠠᠭ ᠬᠠᠷ᠎ᠠ ᠲᠤᠭᠤᠯᠭ᠎ᠠ᠂ ᠮᠥᠩᠭᠥᠨ ᠤᠰᠤ ᠮᠡᠳᠤ ᠶ᠋ᠢᠨ ᠬᠦᠨᠳᠦ ᠲᠡᠮᠦᠷᠯᠢᠭ᠂ᠠᠯᠢ ᠡᠰᠡᠪᠡᠯ ᠰᠢᠷ᠎ᠠ ᠬᠥᠷᠥᠩᠭᠡ᠎ᠶᠢᠨ ᠬᠥᠭᠡᠴᠦ᠎ᠶᠢᠨ ᠬᠣᠣᠷᠲᠤ᠌ ᠡᠳ᠋᠂ ᠡᠪᠡᠳᠴᠢᠯᠡᠭᠦᠯᠬᠦ᠌ ᠪᠠᠺᠲ᠋ᠧᠷᠢ ᠵᠡᠷᠭᠡ ᠨᠢ ᠴᠥᠮ ᠦᠢᠯᠡᠳᠪᠦᠷᠢᠯᠡᠵᠦ᠍ ᠪᠣᠯᠪᠠᠰᠤᠷᠠᠭᠤᠯᠬᠤ ᠶᠠᠪᠤᠴᠠ᠎ᠳᠤ ᠢᠳᠡᠭᠡᠨ᠎ᠢ ᠪᠣᠬᠢᠷᠲᠤᠭᠤᠯᠵᠤ ᠮᠡᠳᠡᠨ᠎ᠡ᠃ ᠢᠳᠡᠭᠡᠨ᠎ᠦ ᠬᠠᠩᠭᠠᠯᠭ᠎ᠠ᠎ᠶᠢᠨ ᠪᠦᠬᠦ᠌ ᠭᠤᠭᠴᠤᠭ᠎ᠠ᠎ᠳᠦ ᠡᠳᠡᠭᠡᠷ ᠪᠠᠶ᠎ᠠ᠎ᠳᠤ ᠨᠦᠯᠦᠬᠡ ᠪᠤᠯᠳᠠᠭ ᠪᠤᠳᠠᠰ᠎ᠢ ᠪᠦᠷᠢᠮᠦᠰᠦᠨ ᠠᠷᠢᠯᠭᠠᠬᠤ ᠪᠣᠯᠣᠯᠴᠠᠭ᠎ᠠ ᠦᠭᠡᠢ ᠪᠥᠭᠡᠳ ᠪᠣᠳᠠᠲᠤ᠌ ᠪᠠᠶ᠋ᠢᠳᠠᠯ᠎ᠳᠤ ᠨᠡᠶ᠋ᠢᠴᠡᠬᠦ᠌ ᠦᠭᠡᠢ ᠶᠤᠮ᠂ ᠳᠡᠯᠡᠬᠡᠢ ᠳᠡᠭᠡᠷ᠎ᠡ ᠠᠯᠢ ᠴᠤ᠌ ᠤᠯᠤᠰ ᠭᠡᠳ ᠡᠭᠦᠨ᠎ᠢ ᠪᠡᠶᠡᠯᠡᠭᠦᠯᠵᠦ᠍ ᠴᠢᠳᠠᠬᠤ ᠦᠭᠡᠢ ᠶᠤᠮ᠃ ᠡᠶ᠋ᠢᠮᠦ᠎ᠡᠴᠡ ᠡᠯ᠎ᠡ ᠤᠯᠤᠰ᠎ᠤᠨ ᠵᠠᠰᠠᠭ᠎ᠤᠨ ᠣᠷᠳᠣᠨ ᠢᠳᠡᠭᠡᠨ᠎ᠦ ᠳᠣᠲᠣᠷᠠᠬᠢ ᠪᠠᠶ᠎ᠠ᠎ᠳᠤ ᠨᠦᠯᠦᠬᠡ ᠪᠤᠯᠳᠠᠭ ᠪᠣᠳᠠᠰ᠎ᠤᠨ ᠬᠥᠮᠥᠨ᠎ᠦ ᠪᠡᠶ᠎ᠡ᠎ᠶᠢᠨ ᠡᠷᠡᠭᠦᠯ ᠮᠡᠨᠳᠦ᠎ᠳᠦ ᠤᠴᠠᠷᠠᠭᠤᠯᠬᠤ ᠬᠣᠣᠷ ᠬᠥᠨᠥᠭᠡᠯ᠎ᠢ ᠬᠢᠵᠠᠭᠠᠷᠯᠠᠬᠤ᠎ᠶᠢᠨ ᠲᠥᠯᠥᠭᠡ ᠡᠯ᠎ᠡ ᠵᠦᠢᠯ᠎ᠦᠨ ᠬᠣᠣᠷᠲᠤ᠌ ᠡᠯᠧᠮᠧᠨ᠋ᠲ᠎ᠢ ᠬᠢᠵᠠᠭᠠᠷᠯᠠᠬᠤ ᠪᠠᠷᠢᠮᠵᠢᠶ᠎ᠠ ᠪᠠ ᠢᠳᠡᠭᠡᠨ᠎ᠢ ᠪᠣᠯᠪᠠᠰᠤᠷᠠᠭᠤᠯᠤᠨ ᠦᠢᠯᠡᠳᠬᠦ᠌ ᠠᠵᠢᠯᠯᠠᠭᠠᠨ᠎ᠤ ᠳᠦᠷᠢᠮᠵᠢᠯ᠎ᠢ ᠲᠣᠭᠲᠠᠭᠠᠵᠤ᠂ ᠡᠷᠡᠭᠦᠯ ᠮᠡᠨᠳᠦ᠎ᠶᠢᠨ ᠠᠶᠤᠯ ᠲᠦᠭᠰᠢᠭᠦᠷᠢ᠎ᠶᠢ ᠬᠢᠵᠠᠭᠠᠷᠯᠠᠵᠤ ᠪᠠᠶ᠋ᠢᠳᠠᠭ᠃
ᠢᠳᠡᠭᠡᠨ᠎ᠦ ᠠᠮᠤᠷ ᠲᠦᠪᠰᠢᠨ᠎ᠦ ᠠᠰᠠᠭᠤᠳᠠᠯ ᠨᠢ ᠬᠡᠷᠡᠭᠯᠡᠭᠴᠢ ᠨᠢᠭᠡᠪᠦᠷᠢ᠎ᠶᠢᠨ ᠠᠮᠢ ᠪᠡᠶ᠎ᠡ᠎ᠶᠢᠨ ᠠᠰᠢᠭ ᠲᠤᠰᠠᠲᠠᠶ ᠬᠣᠯᠪᠣᠭᠳᠠᠵᠤ ᠪᠠᠶ᠋ᠢᠳᠠᠭ ᠲᠤᠯᠠ ᠬᠦᠮᠦᠨ ᠪᠦᠬᠦᠨ ᠡᠳᠤᠷ ᠲᠤᠳᠤᠮ᠎ᠤᠨ ᠢᠳᠡᠭᠡᠨ ᠤᠮᠳᠠᠭᠠᠨ ᠶ᠋ᠢᠠᠨ ᠵᠤᠬᠢᠰᠳᠡᠢ ᠲᠤᠭᠢᠷᠠᠭᠤᠯᠬᠤ᠂ ᠢᠳᠡᠭᠡᠨ ᠤᠮᠳᠠᠭᠠᠨ ᠤ᠋ ᠠᠮᠤᠷ ᠲᠦᠪᠰᠢᠨ ᠤ᠋ ᠲᠤᠬᠠᠢ ᠲᠠᠨᠢᠯᠳᠠ ᠲᠡᠢ ᠪᠠᠶ᠋ᠢᠬᠤ ᠨᠢ ᠶᠠᠭᠤᠨ ᠡᠴᠠ ᠴᠤ᠌ ᠴᠢᠬᠤᠯᠠ ᠶᠤᠮ᠃ ᠢᠳᠡᠭᠡᠨ᠎ᠦ ᠠᠮᠤᠷ ᠲᠦᠪᠰᠢᠨ᠎ᠦ ᠬᠣᠯᠪᠣᠭᠳᠠᠯ ᠪᠦᠬᠦᠢ ᠰᠤᠳᠤᠯᠭᠠᠨ ᠪᠠ ᠦᠷ᠎ᠡ ᠪᠦᠲᠦᠭᠡᠯ ᠨᠢ ᠬᠥᠮᠥᠰ᠎ᠦᠨ ᠢᠳᠡᠭᠡᠨ᠎ᠦ ᠠᠮᠤᠷ ᠲᠦᠪᠰᠢᠨ᠎ᠦ ᠲᠤᠬᠠᠢ ᠲᠠᠨᠢᠯᠲᠠ᠎ᠶᠢ ᠲᠠᠰᠤᠷᠠᠯᠲᠠ ᠦᠭᠡᠢ ᠪᠠᠶᠠᠯᠢᠭᠵᠢᠭᠤᠯᠤᠨ ᠳᠡᠭᠡᠭᠰᠢᠯᠡᠭᠦᠯᠵᠦ᠍᠂ ᠡᠭᠦᠨ᠎ᠦ ᠤᠯᠠᠮ᠎ᠠᠴᠠ ᠬᠥᠮᠥᠰ᠎ᠦᠨ ᠢᠳᠡᠭᠡᠨ ᠤᠮᠳᠠᠭᠠᠨ᠎ᠢ ᠵᠦᠢ ᠵᠣᠬᠢᠰᠲᠠᠢ ᠰᠣᠩᠭᠣᠬᠤ᠂ ᠰᠢᠨᠵᠢᠯᠡᠬᠦ᠌ ᠤᠬᠠᠭᠠᠨᠴᠢ ᠡᠷᠡᠭᠦᠯ ᠢᠳᠡᠭᠡᠨ ᠤᠮᠳᠠᠭᠠᠨ᠎ᠢ ᠰᠣᠩᠭᠣᠬᠤ᠎ᠶᠢ ᠵᠢᠯᠤᠭᠣᠳᠬᠤ᠎ᠳᠤ ᠴᠢᠬᠤᠯᠠ ᠦᠢᠯᠡᠳᠦᠯ ᠦᠵᠡᠭᠦᠯᠵᠤ ᠪᠠᠶ᠋ᠢᠳᠠᠭ᠃ ᠮᠦᠨ ᠴᠤ᠌ ᠢᠳᠡᠭᠡᠨ ᠤᠮᠳᠠᠭᠠᠨ ᠤ᠋ ᠠᠮᠤᠷ ᠲᠦᠪᠰᠢᠨ᠂ ᠴᠢᠨᠠᠷᠵᠢᠭᠤᠨ ᠰᠠᠶ᠋ᠢᠨ᠂ ᠡᠷᠡᠭᠦᠯ ᠮᠠᠨᠳᠤ ᠳ᠋ᠤ ᠦᠵᠡᠬᠦᠯᠬᠦ᠌ ᠨᠦᠯᠦᠭᠡ ᠲᠤᠰᠬᠠᠯ᠎ᠤᠨ ᠲᠤᠬᠠᠢ ᠮᠡᠳᠡᠯᠭᠡ ᠮᠡᠳᠡᠴᠡ ᠶ᠋ᠢ ᠤᠬᠠᠭᠤᠯᠬᠤ᠂ ᠲᠦᠬᠡᠮᠡᠯᠵᠢᠬᠦᠯᠭᠦ᠌ ᠨᠢ ᠴᠤ᠌ ᠬᠡᠷᠡᠭᠯᠡᠭᠴᠢᠳ ᠬᠡᠰᠡᠨ ᠦᠬᠡᠢ ᠨᠠᠶ᠋ᠢᠬᠡᠮ ᠨᠠᠶ᠋ᠢᠳᠠ ᠶ᠋ᠢᠨ ᠠᠯᠢ ᠴᠤ᠌ ᠲᠠᠯ᠎ᠠ ᠳ᠋ᠤ ᠪᠦᠷ ᠲᠤᠰᠠᠳᠠᠢ ᠪᠠᠶ᠋ᠢᠳᠠᠭ᠃ ᠡᠢᠮᠤ ᠡᠴᠨ ᠪᠢᠳᠡ ᠴᠤ᠌ ᠬᠡᠰᠡᠨ ᠡᠳᠤᠷ ᠲᠤᠳᠤᠮ᠎ᠤᠨ ᠬᠤᠭᠣᠯᠠ ᠤᠮᠳᠠᠭᠠᠨ᠎ᠢᠶᠠᠨ ᠠᠩᠬᠠᠷᠤᠯᠳ᠋ᠠᠭᠠᠨ ᠠᠪᠴᠦ᠍᠂ ᠬᠡᠳᠤᠨ ᠡᠳᠤᠷ ᠦᠨᠵᠢᠭᠰᠡᠡ ᠬᠤᠭᠤᠯᠠ ᠪᠤᠳᠠᠭ᠎ᠠ ᠵᠢ ᠢᠳᠡᠬᠦ ᠦᠬᠡᠢ᠂ ᠨᠤᠭᠤᠭ᠎ᠠ ᠴᠠᠭ᠎ᠠ ᠠᠪᠬᠤ᠎ᠳᠠᠭᠠᠨ ᠴᠠᠭ ᠬᠤᠭᠤᠴᠠᠭ᠎ᠠ ᠵᠢ ᠨᠢ ᠦᠵᠡᠬᠦ ᠵᠡᠷᠬᠡ ᠵᠢ ᠠᠩᠬᠠᠷᠪᠡᠯ ᠵᠤᠬᠢᠨ᠎ᠠ᠃
《ᠪᠥᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠢᠳᠡᠭᠡᠨ᠎ᠦ ᠠᠶᠤᠯᠭᠦᠢ᠎ᠶᠢᠨ ᠬᠠᠤᠯᠢ》 ᠳ᠋ᠤ ᠢᠳᠡᠭᠡᠨ᠎ᠦ ᠠᠶᠤᠯᠭᠦᠢ ᠪᠠᠶ᠋ᠢᠬᠤ᠎ᠶᠢ 《ᠢᠳᠡᠭᠡᠨ ᠨᠢ ᠬᠣᠣᠷ ᠦᠭᠡᠢ᠂ ᠬᠥᠨᠥᠭᠡᠯ ᠦᠭᠡᠢ ᠪᠠᠶ᠋ᠢᠪᠠᠰᠤ ᠵᠣᠬᠢᠬᠤ ᠰᠢᠮ᠎ᠡ ᠲᠡᠵᠢᠭᠡᠯ᠎ᠦᠨ ᠱᠠᠭᠠᠷᠳᠠᠯᠭ᠎ᠠ᠎ᠳᠤ ᠨᠡᠶ᠋ᠢᠴᠡᠭᠰᠡᠨ ᠪᠠᠶ᠋ᠢᠬᠤ ᠬᠡᠷᠡᠭᠲᠡᠢ᠂ ᠬᠥᠮᠥᠨ᠎ᠦ ᠪᠡᠶ᠎ᠡ᠎ᠶᠢᠨ ᠡᠷᠡᠭᠦᠯ ᠮᠡᠨᠳᠦ᠎ᠳᠦ ᠶᠠᠮᠠᠷ ᠴᠤ᠌ ᠲᠦᠷᠭᠡᠨ ᠴᠢᠨᠠᠷᠲᠠᠢ ᠪᠤᠶᠤ ᠤᠳᠠᠭᠠᠨ ᠴᠢᠨᠠᠷᠲᠠᠢ ᠬᠣᠣᠷ ᠬᠥᠨᠥᠭᠡᠯ ᠤᠴᠠᠷᠠᠭᠤᠯᠬᠤ ᠦᠭᠡᠢ ᠪᠠᠶ᠋ᠢᠬᠤ ᠬᠡᠷᠡᠭᠲᠡᠢ》 ᠭᠡᠵᠦ᠍ ᠲᠤᠭᠳᠠᠭᠠᠭᠰᠠᠨ ᠪᠠᠶ᠋ᠢᠳᠠᠭ᠃ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠳᠠᠪᠰᠢᠯᠲᠠ᠎ᠶᠢ ᠳᠠᠭᠠᠯᠳᠤᠨ ᠬᠥᠮᠥᠰ᠎ᠦᠨ ᠡᠷᠡᠭᠦᠯ ᠮᠡᠨᠳᠦ᠎ᠶᠢᠨ ᠤᠬᠠᠮᠰᠠᠷ ᠪᠠ ᠬᠡᠷᠡᠭᠴᠡᠭᠡ ᠲᠠᠰᠤᠷᠠᠯᠲᠠ ᠦᠭᠡᠢ ᠳᠡᠭᠡᠭᠰᠢᠯᠡᠵᠦ᠍᠂ ᠢᠳᠡᠭᠡᠨ᠎ᠦ ᠠᠮᠤᠷ ᠲᠦᠪᠰᠢᠨ ᠲᠠᠰᠤᠷᠠᠯᠲᠠ ᠦᠭᠡᠢ ᠲᠡᠭᠦᠯᠳᠡᠷᠵᠢᠵᠤ ᠢᠷᠡᠭᠰᠡᠡ ᠪᠠᠢᠨ᠎ᠠ᠃
ᠢᠳᠡᠭᠡᠨ᠎ᠦ ᠠᠮᠤᠷ ᠲᠦᠪᠰᠢᠨ ᠪᠣᠯ ᠪᠦᠬᠦ᠌ ᠪᠥᠮᠪᠥᠷᠴᠡᠭ᠎ᠦᠨ ᠴᠢᠨᠠᠷᠲᠠᠢ ᠤᠯᠠᠨ ᠨᠡᠶ᠋ᠢᠲᠡ᠎ᠶᠢᠨ ᠡᠷᠡᠭᠦᠯ ᠬᠠᠮᠠᠭᠠᠯᠠᠯ᠎ᠤᠨ ᠠᠰᠠᠭᠤᠳᠠᠯ ᠮᠥᠨ᠂ ᠲᠡᠷᠡ ᠨᠢ ᠬᠥᠮᠥᠨ ᠨᠢᠭᠡᠪᠦᠷᠢ᠎ᠶᠢᠨ ᠪᠡᠶ᠎ᠡ ᠮᠠᠬᠠᠪᠤᠳ᠎ᠤᠨ ᠡᠷᠡᠭᠦᠯ ᠮᠡᠨᠳᠦ ᠪᠠ ᠠᠮᠢ ᠨᠠᠰᠤᠨ᠎ᠤ ᠠᠮᠤᠷ ᠲᠦᠪᠰᠢᠨ᠎ᠳᠦ ᠬᠣᠯᠪᠣᠭᠳᠠᠬᠤ᠎ᠪᠠᠷ ᠪᠠᠷᠠᠬᠤ ᠦᠭᠡᠢ ᠪᠠᠰᠠ ᠨᠡᠶ᠋ᠢᠭᠡᠮ ᠪᠠ ᠠᠵᠤ ᠠᠬᠤᠢ᠎ᠶᠢᠨ ᠬᠥᠭᠵᠢᠯᠲᠡ᠎ᠶᠢ ᠨᠥᠯᠥᠭᠡᠯᠡᠵᠦ᠍ ᠪᠠᠶ᠋ᠢᠳᠠᠭ᠃ ᠢᠳᠡᠭᠡᠨ᠎ᠦ ᠠᠮᠤᠷ ᠲᠦᠪᠰᠢᠨ᠎ᠢ ᠬᠡᠷᠬᠢᠨ ᠪᠠᠲᠤᠯᠠᠬᠤ ᠨᠢ ᠨᠢᠭᠡᠨᠲᠡ ᠳᠡᠯᠡᠬᠡᠢ᠎ᠶᠢᠨ ᠴᠢᠨᠠᠷᠲᠠᠢ ᠴᠢᠬᠤᠯᠠ ᠶᠡᠬᠡ ᠰᠡᠳᠦᠪ ᠪᠣᠯᠵᠤ᠂ ᠵᠠᠰᠠᠭ᠎ᠤᠨ ᠣᠷᠳᠣᠨ ᠪᠠ ᠬᠥᠮᠥᠰ᠎ᠤᠨ ᠡᠳᠤᠷ ᠲᠤᠳᠤᠮ᠎ᠤᠨ ᠠᠵᠢᠯ ᠠᠮᠢᠳᠤᠷᠠᠯ ᠳ᠋ᠤ ᠤᠯᠠᠮ ᠡᠴᠠ ᠤᠯᠠᠮ ᠬᠦᠨᠳᠦᠳᠭᠡᠭᠳᠡᠨ ᠱᠠᠭᠠᠷᠳᠠᠭᠳᠠᠬᠤ ᠪᠤᠯᠤᠭᠰᠠᠠ ᠪᠠᠢᠨ᠎ᠠ᠃