ᠦᠪᠦᠷ ᠮᠤᠡᠭᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠴᠠᠭ ᠠᠭᠤᠷ ᠤ᠋ᠨ ᠲᠤᠪᠴᠢᠶ᠎ᠠ ᠡᠴᠡ ᠤᠢᠯᠠᠭᠠᠭᠰᠠᠨ ᠢ᠋ᠢᠡᠷ᠂ 7 ᠰᠠᠷ᠎ᠠ ᠢ᠋ᠢᠨ 23 ᠤ᠋ ᠡᠳᠦᠷ ᠤ᠋ᠨ 9 ᠴᠠᠭᠲᠤ᠌ ᠤᠯᠤᠰ ᠤ᠋ᠨ ᠦᠶᠡᠷ ᠢ᠋ ᠰᠡᠷᠭᠡᠶ᠋ᠢᠯᠡᠵᠦ᠍ ᠭᠠᠩ ᠬᠠᠭᠰᠠᠷᠠᠭᠠᠨ ᠲᠠᠢ ᠲᠡᠮᠡᠴᠡᠬᠦ᠌ ᠶᠡᠷᠦᠩᠬᠡᠶ ᠵᠢᠯᠣᠭᠣᠳᠬᠤ ᠭᠠᠵᠠᠷ ᠡᠴᠡ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ᠂ ᠰᠢᠨᠵᠢᠶᠠᠩ ᠤ᠋ᠨ ᠤᠶ᠋ᠢᠭᠤᠷ ᠤ᠋ᠨ ᠥᠪᠡᠷᠲᠡᠭᠡᠨ ᠵᠠᠰᠠᠬᠤ ᠣᠷᠣᠨ᠂ ᠰᠢᠨᠵᠢᠶᠠᠩ ᠤ᠋ᠨ ᠦᠢᠯᠡᠳᠪᠦᠷᠢᠯᠡᠯ ᠪᠥᠲᠥᠭᠡᠨ ᠪᠠᠶ᠋ᠢᠭᠤᠯᠤᠯᠲᠠ ᠢ᠋ᠢᠨ ᠪᠢᠩᠲ᠋ᠤᠸᠠᠨ ᠳ᠋ᠤ ᠴᠢᠭᠯᠡᠭᠦᠯᠦᠨ ᠭᠠᠩ ᠬᠠᠭᠰᠠᠷᠠᠭᠠᠨ ᠲᠠᠢ ᠲᠡᠮᠡᠴᠡᠬᠦ᠌ ᠳᠥᠷᠪᠡᠳᠦᠭᠡᠷ ᠳᠡᠰ ᠤ᠋ᠨ ᠪᠠᠴᠢᠮ ᠪᠠᠶ᠋ᠢᠳᠠᠯ ᠢ᠋ ᠠᠷᠭᠠᠴᠠᠭᠠᠬᠤ ᠲᠥᠰᠦᠯ ᠢ᠋ ᠡᠬᠢᠯᠡᠭᠦᠯᠪᠡ᠃ ᠡᠬᠦᠨ ᠳ᠋ᠤ ᠥᠪᠥᠷ ᠮᠣᠩᠭᠣᠯ ᠤ᠋ᠨ ᠴᠠᠭ ᠠᠭᠤᠷ ᠤ᠋ᠨ ᠰᠠᠯᠠᠭ᠎ᠠ ᠮᠥᠴᠢᠷ ᠭᠠᠩ ᠬᠠᠭᠰᠠᠷᠠᠭᠠᠨ ᠲᠠᠢ ᠲᠡᠮᠡᠴᠡᠬᠦ᠌ ᠳᠥᠷᠪᠡᠳᠦᠭᠡᠷ ᠳᠡᠰ ᠤ᠋ᠨ ᠪᠠᠴᠢᠮ ᠪᠠᠶ᠋ᠢᠳᠠᠯ ᠢ᠋ ᠠᠷᠭᠠᠴᠠᠭᠠᠬᠤ ᠠᠵᠢᠯᠯᠠᠭ᠎ᠠ ᠢ᠋ᠢ ᠲᠠᠷᠤᠢᠬᠠᠨ ᠡᠬᠢᠯᠡᠭᠦᠯᠵᠦ᠍᠂ ᠨᠥᠯᠥᠭᠡᠯᠡᠭᠳᠡᠭᠰᠡᠨ ᠭᠠᠵᠠᠷ ᠣᠷᠣᠨ ᠤ᠋ ᠭᠠᠩ ᠤ᠋ᠨ ᠪᠠᠶ᠋ᠢᠳᠠᠯ ᠢ᠋ ᠨᠢᠭᠲᠠ ᠬᠢᠨᠠᠨ ᠬᠡᠮᠵᠢᠵᠦ᠍᠂ ᠴᠠᠭ ᠠᠭᠤᠷ ᠢ᠋ ᠤᠷᠢᠳᠴᠢᠯᠠᠨ ᠮᠡᠳᠡᠭᠡᠯᠡᠵᠦ᠍ ᠤᠷᠢᠳᠴᠢᠯᠠᠨ ᠰᠡᠷᠡᠮᠵᠢᠯᠡᠭᠦᠯᠬᠦ᠌ ᠦᠢᠯᠡᠴᠢᠯᠡᠭᠡ ᠢ᠋ᠢ ᠰᠠᠢᠲᠤᠷ ᠬᠢᠵᠦ᠍᠂ ᠬᠥᠮᠦᠨ ᠤ᠋ ᠬᠦᠴᠦ ᠪᠡᠷ ᠪᠣᠷᠣᠭᠠᠨ ᠨᠡᠮᠡᠵᠤ ᠤᠷᠤᠭᠤᠯᠬᠤ ᠠᠵᠢᠯ ᠢ᠋ ᠴᠠᠭ ᠲᠤᠨᠢ ᠥᠷᠨᠢᠭᠦᠯᠵᠦ᠍᠂ ᠭᠠᠩ ᠬᠠᠭᠰᠠᠷᠠᠭᠠᠨ ᠤ᠋ ᠨᠥᠯᠥᠭᠡ ᠬᠣᠬᠢᠷᠠᠯ ᠢ᠋ ᠬᠠᠮᠤᠭ ᠤ᠋ᠨ ᠶᠡᠬᠡ ᠬᠡᠮᠵᠢᠶ᠎ᠡ ᠪᠡᠷ ᠪᠠᠭᠠᠰᠬᠠᠵᠤ ᠪᠠᠢᠨ᠎ᠠ᠃
ᠡᠨᠡ ᠬᠠᠪᠤᠷ ᠡᠴᠡ ᠨᠠᠭᠠᠰᠢ᠂ ᠥᠪᠡᠷᠲᠡᠭᠡᠨ ᠵᠠᠰᠠᠬᠤ ᠣᠷᠣᠨ ᠤ᠋ ᠴᠠᠭ ᠠᠭᠤᠷ ᠤ᠋ᠨ ᠲᠣᠪᠴᠢᠶ᠎ᠠ ᠭᠠᠩ ᠬᠠᠭᠰᠠᠷᠠᠭᠠᠨ ᠲᠠᠢ ᠲᠡᠮᠡᠴᠡᠵᠦ᠍ ᠭᠠᠮᠰᠢᠭ ᠢ᠋ ᠪᠠᠭᠠᠰᠬᠠᠬᠤ ᠴᠠᠭ ᠠᠭᠤᠷ ᠤ᠋ᠨ ᠦᠢᠯᠡᠴᠢᠯᠡᠭᠡᠨ ᠤ᠋ ᠠᠵᠢᠯ ᠢ᠋ ᠡᠷᠴᠢᠮᠳᠠᠢ ᠠᠳᠬᠤᠵᠤ᠂ ᠪᠠᠴᠢᠮ ᠪᠠᠶ᠋ᠢᠳᠠᠯ ᠢ᠋ ᠠᠷᠭᠠᠴᠠᠭᠠᠬᠤ ᠬᠠᠮᠢᠶᠠᠷᠤᠯᠲᠠ ᠢ᠋ᠢ ᠴᠢᠩᠭᠠᠳᠬᠠᠨ᠂ ᠲᠠᠷᠢᠶᠠᠯᠠᠩ ᠮᠠᠯ ᠠᠵᠤ ᠠᠬᠤᠶ ᠪᠠ ᠤᠰᠤᠨ ᠠᠰᠢᠭᠯᠠᠯᠲᠠ ᠵᠡᠷᠭᠡ ᠰᠠᠯᠠᠭ᠎ᠠ ᠮᠥᠴᠢᠷ ᠲᠡᠶ ᠵᠥᠪᠳᠡᠯᠴᠡᠵᠦ᠍ ᠰᠤᠳᠤᠯᠤᠨ ᠮᠠᠭᠠᠳᠯᠠᠵᠤ᠂ ᠣᠶᠤᠨᠴᠢ ᠤᠷᠢᠳᠴᠢᠯᠠᠭᠰᠠᠨ ᠮᠡᠳᠡᠭᠡ᠂ ᠬᠥᠷᠥᠰᠥ᠍ ᠰᠢᠷᠣᠶ ᠢ᠋ᠢᠨ ᠴᠢᠭᠢᠭ ᠤ᠋ᠨ ᠬᠢᠨᠠᠨ ᠬᠡᠮᠵᠢᠯᠲᠠ᠂ ᠳᠠᠭᠠᠭᠤᠯᠢ ᠣᠳᠣᠨ ᠤ᠋ ᠠᠯᠤᠰ ᠰᠡᠷᠡᠯ ᠤ᠋ᠨ ᠬᠢᠨᠠᠨ ᠬᠡᠮᠵᠢᠯᠲᠡ ᠵᠡᠷᠭᠡ ᠴᠠᠭ ᠠᠭᠤᠷ ᠤ᠋ᠨ ᠲᠣᠭ᠎ᠠ ᠪᠠᠷᠢᠮᠲᠠ ᠢ᠋ᠢ ᠠᠭᠤᠰᠤᠯᠴᠠᠭᠤᠯᠤᠨ ᠬᠡᠷᠡᠭᠯᠡᠵᠦ᠍᠂ ᠭᠠᠩ ᠬᠠᠭᠰᠠᠷᠠᠭᠠᠨ ᠤ᠋ ᠲᠤᠰᠬᠠᠶ ᠰᠡᠳᠦᠪᠲᠦ᠍ ᠵᠠᠳᠠᠯᠤᠯᠲᠠ ᠢ᠋ᠢᠨ ᠮᠡᠳᠡᠭᠦᠯᠦᠯᠲᠡ ᠢ᠋ᠢ 20 ᠬᠤᠭᠤᠴᠠᠭ᠎ᠠ᠂ ᠬᠥᠷᠥᠰᠥ᠍ ᠰᠢᠷᠣᠶ ᠢ᠋ᠢᠨ ᠴᠢᠭᠢᠭ ᠤ᠋ᠨ ᠪᠠᠶ᠋ᠢᠳᠠᠯ ᠢ᠋ 28 ᠬᠤᠭᠤᠴᠠᠭ᠎ᠠ ᠨᠡᠢᠲᠡᠯᠡᠨ᠂ ᠥᠪᠡᠷᠲᠡᠭᠡᠨ ᠵᠠᠰᠠᠬᠤ ᠣᠷᠣᠨ ᠤ᠋ ᠦᠶᠡᠷ ᠢ᠋ ᠰᠡᠷᠭᠡᠶ᠋ᠢᠯᠡᠵᠦ᠍ ᠭᠠᠩ ᠬᠠᠭᠰᠠᠷᠠᠭᠠᠨ ᠲᠠᠢ ᠲᠡᠮᠡᠴᠡᠬᠦ᠌ ᠵᠢᠯᠣᠭᠣᠳᠬᠤ ᠭᠠᠵᠠᠷ ᠪᠣᠯᠤᠨ ᠬᠠᠮᠢᠶ᠎ᠠ ᠪᠥᠬᠥᠶ ᠪᠦᠷᠢᠯᠳᠦᠬᠦᠨ ᠨᠢᠭᠡᠴᠢ ᠳ᠋ᠤ ᠰᠢᠨᠵᠢᠯᠡᠬᠦ᠌ ᠤᠬᠠᠭᠠᠨᠴᠢ ᠰᠢᠢᠳᠪᠦᠷᠢᠲᠤ ᠪᠣᠳᠣᠯᠭ᠎ᠠ ᠢ᠋ᠢᠨ ᠲᠤᠯᠭᠠᠭᠤᠷᠢᠯᠠᠯ ᠬᠠᠩᠭᠠᠪᠠ; ᠪᠥᠬᠥ᠌ ᠣᠷᠣᠨ ᠤ᠋ ᠬᠥᠮᠦᠨ ᠤ᠋ ᠬᠦᠴᠦ ᠪᠡᠷ ᠴᠠᠭ ᠠᠭᠤᠷ ᠢ᠋ ᠨᠥᠯᠥᠭᠡᠯᠡᠬᠦ᠌ ᠠᠵᠢᠯ ᠢ᠋ ᠨᠢᠭᠡᠳᠦᠯᠲᠡᠶ ᠲᠦᠯᠦᠪᠵᠢᠭᠦᠯᠦᠨ ᠲᠣᠬᠢᠷᠠᠭᠤᠯᠵᠤ᠂《ᠣᠷᠣᠨ ᠪᠦᠰᠡ ᠠᠯᠤᠰᠯᠠᠭᠰᠠᠨ᠂ ᠤᠯᠠᠨ ᠬᠡᠯᠪᠡᠷᠢ᠂ ᠣᠯᠠᠨ ᠱᠠᠲᠤ᠌ ᠬᠣᠯᠪᠣᠭᠠᠯᠠᠨ ᠬᠥᠳᠡᠯᠦᠯᠴᠡᠭᠰᠡᠨ》ᠬᠥᠮᠦᠨ ᠤ᠋ ᠬᠦᠴᠦ ᠪᠡᠷ ᠴᠠᠭ ᠠᠭᠤᠷ ᠢ᠋ ᠨᠥᠯᠥᠭᠡᠯᠡᠬᠦ ᠠᠵᠢᠯ ᠢ᠋ ᠥᠨᠳᠥᠷ ᠪᠦᠲᠦᠮᠵᠢᠲᠡᠶ ᠬᠠᠮᠵᠢᠯᠴᠠᠨ ᠦᠷᠨᠢᠭᠦᠯᠵᠤ᠂ ᠤᠷᠢᠳ ᠬᠤᠵᠢᠳ ᠪᠣᠷᠣᠭᠠᠨ ᠨᠡᠮᠡᠵᠤ ᠤᠷᠤᠭᠤᠯᠬᠤ ᠠᠵᠢᠯ ᠢ᠋ 608 ᠤᠳᠠᠭ᠎ᠠ᠂ ᠮᠥᠨᠳᠥᠷ ᠢ᠋ ᠰᠡᠷᠭᠡᠶ᠋ᠢᠯᠡᠬᠦ᠌ ᠠᠵᠢᠯ ᠢ᠋ 444 ᠤᠳᠠᠭ᠎ᠠ ᠦᠷᠨᠢᠭᠦᠯᠵᠤ᠂ ᠬᠤᠷ᠎ᠠ ᠲᠤᠨᠳᠠᠰᠤᠨ ᠤ᠋ ᠬᠡᠮᠵᠢᠶ᠎ᠠ ᠵᠢ 12.36 ᠳ᠋ᠦᠩᠰᠢᠭᠤᠷ ᠲᠣᠨ ᠨᠡᠮᠡᠭᠳᠡᠭᠦᠯᠤᠨ᠂ ᠪᠣᠷᠣᠭᠠᠨ ᠨᠡᠮᠡᠵᠤ ᠤᠷᠤᠭᠤᠯᠤᠭᠰᠠᠨ ᠭᠠᠵᠠᠷ ᠤ᠋ᠨ ᠲᠠᠯᠠᠪᠠᠢ 59.41 ᠲᠦᠮᠡᠨ ᠲᠡᠭᠰᠢ ᠳᠥᠷᠪᠡᠯᠵᠢᠨ ᠺᠢᠯᠣᠮᠧᠲᠷ ᠲᠤ᠌ ᠬᠦᠷᠴᠤ᠂ ᠭᠠᠩ ᠬᠠᠭᠰᠠᠷᠠᠭᠠᠨ ᠢ᠋ ᠨᠠᠮᠳᠠᠭᠤᠯᠬᠤ᠂ ᠬᠥᠷᠥᠰᠥᠨ ᠤ᠋ ᠴᠢᠬᠢᠭ ᠢ᠋ ᠨᠡᠮᠡᠭᠳᠡᠬᠦᠯᠬᠦ᠂ ᠣᠶ ᠰᠢᠭᠤᠶ ᠨᠤᠲᠤᠭ ᠪᠡᠯᠴᠢᠭᠡᠷ ᠤ᠋ᠨ ᠲᠦᠢᠮᠡᠷ ᠤ᠋ᠨ ᠳᠡᠰ ᠢ᠋ ᠪᠠᠭᠤᠷᠠᠭᠤᠯᠬᠤ᠂ ᠠᠮᠢ ᠠᠬᠤᠢ ᠢ᠋ᠢ ᠬᠠᠮᠠᠭᠠᠯᠠᠨ ᠰᠡᠷᠭᠦᠭᠡᠬᠦ᠌ ᠲᠠᠯᠠᠪᠠᠷ ᠴᠢᠬᠤᠯᠠ ᠦᠢᠯᠡᠳᠦᠯ ᠦᠵᠡᠭᠦᠯᠵᠠᠢ᠃
ᠰᠢᠯᠢ ᠢ᠋ᠢᠨ ᠭᠤᠤᠯ ᠠᠶ᠋ᠢᠮᠠᠭ ᠤ᠋ᠨ ᠴᠠᠭ ᠠᠭᠤᠷ ᠤ᠋ᠨ ᠲᠣᠪᠴᠢᠶ᠎ᠠ ᠴᠠᠭ ᠠᠭᠤᠷ ᠤ᠋ᠨ ᠭᠠᠩ ᠬᠠᠭᠰᠠᠷᠠᠭᠠᠨ ᠤ᠋ ᠪᠠᠶ᠋ᠢᠳᠠᠯ ᠢ᠋ ᠬᠥᠳᠡᠯᠦᠩᠭᠦᠶ ᠪᠡᠷ ᠬᠢᠨᠠᠨ ᠬᠡᠮᠵᠢᠬᠦ᠌ ᠠᠵᠢᠯ ᠢ᠋ ᠢᠳᠡᠪᠬᠢᠳᠠᠢ ᠥᠷᠨᠢᠭᠦᠯᠵᠦ᠍᠂ ᠭᠠᠩ ᠬᠠᠭᠰᠠᠷᠠᠭᠠᠨ ᠤ᠋ ᠡᠷᠴᠢᠮ᠂ ᠭᠠᠩ ᠬᠠᠭᠰᠠᠷᠠᠭᠠᠨ ᠤ᠋ ᠬᠡᠪᠴᠢᠶ᠎ᠡ᠂ ᠭᠠᠩ ᠬᠠᠭᠰᠠᠷᠠᠭᠠᠨ ᠦᠷᠭᠦᠯᠵᠢᠯᠡᠭᠰᠡᠨ ᠬᠤᠭᠤᠴᠠᠭ᠎ᠠ᠂ ᠭᠠᠩ ᠬᠠᠭᠰᠠᠷᠠᠭᠠᠨ ᠤ᠋ ᠬᠤᠪᠢᠷᠠᠯᠲᠠ ᠢ᠋ᠢᠨ ᠪᠠᠶ᠋ᠢᠳᠠᠯ ᠢ᠋ ᠭᠤᠤᠯᠳᠠᠯᠭ᠎ᠠ ᠲᠠᠢ ᠮᠥᠷᠳᠡᠨ ᠰᠤᠳᠤᠯᠤᠨ ᠮᠠᠭᠠᠳᠯᠠᠵᠤ᠂ ᠤᠷᠭᠤᠮᠠᠯ ᠤ᠋ᠨ ᠬᠤᠴᠢᠯᠭ᠎ᠠ ᠢ᠋ᠢᠨ ᠪᠠᠶ᠋ᠢᠳᠠᠯ ᠢ᠋ ᠬᠢᠨᠠᠨ ᠬᠡᠮᠵᠢᠵᠦ᠍᠂ ᠣᠷᠣᠨ ᠨᠤᠲᠤᠭ ᠤ᠋ᠨ ᠨᠠᠮ ᠤ᠋ᠨ ᠬᠣᠷᠢᠶ᠎ᠠ ᠵᠠᠰᠠᠭ ᠤ᠋ᠨ ᠣᠷᠳᠣᠨ ᠳ᠋ᠤ ᠲᠤᠰᠬᠠᠶ ᠰᠢᠢᠳᠪᠦᠷᠢᠲᠤ ᠪᠣᠳᠣᠯᠭ᠎ᠠ ᠢ᠋ᠢᠨ ᠦᠢᠯᠡᠴᠢᠯᠡᠬᠡ ᠢ᠋ᠢ 6 ᠬᠤᠭᠤᠴᠠᠭ᠎ᠠ ᠮᠡᠳᠡᠭᠦᠯᠦᠨ ᠬᠦᠷᠭᠡᠵᠤ᠂ ᠭᠠᠩ ᠬᠠᠭᠰᠠᠷᠠᠭᠠᠨ ᠲᠠᠢ ᠲᠡᠮᠡᠴᠡᠬᠦ᠌᠂ ᠮᠠᠯ ᠠᠵᠤ ᠠᠬᠤᠶ ᠲᠠᠷᠢᠶᠠᠯᠠᠩ ᠤ᠋ᠨ ᠦᠢᠯᠡᠳᠪᠦᠷᠢᠯᠡᠯ ᠢ᠋ ᠨᠢᠭᠡᠳᠦᠯᠲᠡᠶ ᠲᠥᠯᠥᠪᠵᠢᠭᠦᠯᠬᠦ᠌ ᠳ᠋ᠤ ᠣᠨᠣᠪᠴᠢᠲᠠᠶ ᠴᠠᠭ ᠠᠭᠤᠷ ᠤ᠋ᠨ ᠲᠤᠯᠭᠠᠭᠤᠷᠢᠯᠠᠯ ᠬᠠᠩᠭᠠᠪᠠ; ᠪᠠᠶᠠᠨᠨᠠᠭᠤᠷ ᠬᠣᠲᠠ ᠢ᠋ᠢᠨ ᠴᠠᠭ ᠠᠭᠤᠷ ᠤ᠋ᠨ ᠲᠣᠪᠴᠢᠶ᠎ᠠ ᠯᠢᠨ ᠾᠧ ᠢ᠋ᠢᠨ ᠲᠠᠷᠢᠶᠠᠯᠠᠩ ᠤ᠋ᠨ ᠲᠤᠷᠰᠢᠯᠲᠠ ᠢ᠋ᠢᠨ ᠥᠷᠲᠡᠭᠡ᠂ ᠤᠯᠠᠭᠠᠨᠰᠤᠬᠠᠢ ᠢ᠋ᠢᠨ ᠠᠮᠢ ᠠᠬᠤᠶ ᠢ᠋ᠢᠨ ᠥᠷᠲᠡᠭᠡ ᠳ᠋ᠤ ᠴᠢᠭᠢᠭ ᠤ᠋ᠨ ᠬᠡᠮᠵᠢᠶ᠎ᠡ ᠢ᠋ᠢ ᠠᠦ᠋ᠲ᠋ᠣ᠋ ᠪᠡᠷ ᠬᠠᠷᠢᠴᠠᠭᠤᠯᠵᠤ ᠠᠵᠢᠭᠯᠠᠨ ᠬᠡᠮᠵᠢᠬᠦ᠌ ᠠᠵᠢᠯ ᠥᠷᠨᠢᠭᠦᠯᠵᠦ᠍᠂ ᠬᠢᠨᠠᠨ ᠬᠡᠮᠵᠢᠭᠰᠡᠨ ᠲᠣᠭ᠎ᠠ ᠪᠠᠷᠢᠮᠲᠠ ᠢ᠋ᠢᠨ ᠶᠠᠰᠤ ᠴᠢᠨᠠᠷ ᠢ᠋ ᠴᠢᠩᠭ᠎ᠠ ᠡᠵᠡᠮᠳᠡᠨ᠂ ᠪᠠᠴᠢᠮ ᠪᠠᠶ᠋ᠢᠳᠠᠯ ᠢ᠋ ᠠᠷᠭᠠᠴᠠᠭᠠᠬᠤ᠂ ᠲᠠᠷᠢᠶᠠᠯᠠᠩ ᠮᠠᠯ ᠠᠵᠤ ᠠᠬᠤᠶ᠂ ᠤᠰᠤᠨ ᠠᠰᠢᠭᠯᠠᠯᠲᠠ ᠵᠡᠷᠭᠡ ᠰᠠᠯᠠᠭ᠎ᠠ ᠮᠥᠴᠢᠷ ᠲᠡᠶ ᠬᠠᠮᠲᠤᠷᠠᠨ ᠭᠠᠩ ᠬᠠᠭᠰᠠᠷᠠᠭᠠᠨ ᠤ᠋ ᠪᠠᠶ᠋ᠢᠳᠠᠯ ᠪᠠ ᠲᠠᠷᠢᠶᠠᠯᠠᠩ ᠤ᠋ᠨ ᠪᠠᠶ᠋ᠢᠳᠠᠯ ᠤ᠋ᠨ ᠪᠠᠶ᠋ᠢᠴᠠᠭᠠᠯᠲᠠ ᠥᠷᠨᠢᠭᠦᠯᠵᠦ᠂ ᠭᠠᠩ ᠬᠠᠭᠰᠠᠷᠠᠭᠠᠨ ᠤ᠋ ᠬᠥᠭᠵᠢᠯᠲᠡ ᠢ᠋ᠢᠨ ᠬᠠᠨᠳᠤᠰᠢ ᠢ᠋ᠢ ᠤᠷᠢᠳᠴᠢᠯᠠᠨ ᠮᠡᠳᠡᠭᠡᠯᠡᠵᠦ᠍ ᠲᠥᠰᠦᠭᠡᠯᠡᠬᠦ᠌ ᠵᠢᠴᠢ ᠨᠥᠯᠥᠭᠡ ᠢ᠋ᠢ ᠨᠢ ᠦᠨᠡᠯᠡᠨ ᠵᠢᠱ᠌ᠢᠬᠦ᠌ ᠠᠵᠢᠯ ᠢ᠋ ᠴᠠᠭ ᠲᠤᠬᠠᠶ ᠳ᠋ᠤᠨᠢ ᠰᠠᠶ᠋ᠢᠲᠤᠷ ᠬᠢᠪᠠ; ᠠᠯᠠᠱᠠ ᠠᠶ᠋ᠢᠮᠠᠭ ᠤ᠋ᠨ ᠴᠠᠭ ᠠᠭᠤᠷ ᠤ᠋ᠨ ᠲᠣᠪᠴᠢᠶ᠎ᠠ ᠭᠠᠩ ᠬᠠᠭᠰᠠᠷᠠᠭᠠᠨ ᠢ᠋ ᠬᠢᠨᠠᠨ ᠬᠡᠮᠵᠢᠵᠦ᠍ ᠵᠠᠳᠠᠯᠤᠯᠲᠠ ᠬᠢᠭᠰᠡᠨ ᠮᠡᠳᠡᠭᠦᠯᠦᠯᠲᠡ ᠢ᠋ᠢ 16 ᠬᠤᠭᠤᠴᠠᠭ᠎ᠠ᠂ ᠴᠠᠭ ᠠᠭᠤᠷ ᠤ᠋ᠨ ᠮᠡᠳᠡᠭᠡ ᠵᠠᠩᠭᠢ ᠢ᠋ᠢ 7 ᠬᠤᠭᠤᠴᠠᠭ᠎ᠠ᠂ ᠤᠷᠭᠤᠮᠠᠯ ᠤ᠋ᠨ ᠬᠤᠴᠢᠯᠭ᠎ᠠ ᠢ᠋ᠢᠨ ᠪᠠᠶ᠋ᠢᠳᠠᠯ ᠤ᠋ᠨ ᠠᠯᠤᠰ ᠰᠡᠷᠡᠯ ᠤ᠋ᠨ ᠬᠢᠨᠠᠨ ᠬᠡᠮᠵᠢᠯᠲᠡ ᠢ᠋ᠢᠨ ᠮᠡᠳᠡᠭᠡ ᠵᠠᠩᠭᠢ ᠢ᠋ᠢ 2 ᠬᠤᠭᠤᠴᠠᠭ᠎ᠠ᠂ ᠰᠤᠪᠠᠨᠠᠭᠤᠷ ᠤ᠋ᠨ ᠤᠰᠤᠨ ᠴᠣᠭᠴᠠ ᠢ᠋ᠢ ᠬᠢᠨᠠᠨ ᠬᠡᠮᠵᠢᠭᠰᠡᠨ ᠮᠡᠳᠡᠭᠡ ᠵᠠᠩᠭᠢ ᠢ᠋ᠢ 1 ᠬᠤᠭᠤᠴᠠᠭ᠎ᠠ᠂ ᠣᠶ ᠰᠢᠭᠤᠶ ᠨᠤᠲᠤᠭ ᠪᠡᠯᠴᠢᠭᠡᠷ ᠤ᠋ᠨ ᠲᠦᠢᠮᠡᠷ ᠢ᠋ ᠰᠡᠷᠭᠡᠶ᠋ᠢᠯᠡᠨ ᠤᠨᠲᠠᠷᠠᠭᠠᠬᠤ ᠠᠯᠤᠰ ᠰᠡᠷᠡᠯ ᠤ᠋ᠨ ᠬᠢᠨᠠᠨ ᠬᠡᠮᠵᠢᠯᠲᠡ ᠢ᠋ᠢ 16 ᠬᠤᠭᠤᠴᠠᠭ᠎ᠠ ᠨᠡᠶ᠋ᠢᠲᠡᠯᠡᠵᠦ᠍᠂ ᠬᠠᠮᠢᠶ᠎ᠠ ᠪᠥᠬᠥᠶ ᠰᠠᠯᠠᠭ᠎ᠠ ᠮᠥᠴᠢᠷ ᠲᠦ᠍ ᠭᠠᠩ ᠤ᠋ᠨ ᠪᠠᠶ᠋ᠢᠳᠠᠯ ᠤ᠋ᠨ ᠵᠠᠳᠠᠯᠤᠯᠲᠠ ᠵᠢᠴᠢ ᠵᠢᠱ᠌ᠢᠯᠲᠡ ᠢ᠋ᠢᠨ ᠮᠠᠲ᠋ᠧᠷᠢᠶᠠᠯ ᠢ᠋ 14 ᠤᠳᠠᠭ᠎ᠠ ᠬᠠᠩᠭᠠᠪᠠ;ᠤᠯᠠᠭᠠᠨᠴᠠᠪ ᠬᠣᠲᠠ ᠢ᠋ᠢᠨ ᠳᠥᠷᠪᠡᠳ ᠬᠣᠰᠢᠭᠤᠨ ᠤ᠋ ᠴᠠᠭ ᠠᠭᠤᠷ ᠤ᠋ᠨ ᠲᠣᠪᠴᠢᠶ᠎ᠠ ᠤᠰᠤᠨ ᠠᠰᠢᠭᠯᠠᠯᠲᠠ᠂ ᠲᠠᠷᠢᠶᠠᠯᠠᠩ ᠮᠠᠯ ᠠᠵᠤ ᠠᠬᠤᠶ᠂ ᠪᠠᠴᠢᠮ ᠪᠠᠶ᠋ᠢᠳᠠᠯ ᠢ᠋ ᠠᠷᠭᠠᠴᠠᠭᠠᠬᠤ ᠵᠡᠷᠭᠡ ᠰᠠᠯᠠᠭ᠎ᠠ ᠮᠥᠴᠢᠷ ᠲᠡᠶ ᠬᠠᠮᠲᠤᠷᠠᠨ ᠪᠥᠬᠥ᠌ ᠬᠣᠰᠢᠭᠤᠨ ᠤ᠋ 13 ᠰᠤᠮᠤ ᠰᠢᠶᠠᠩ ᠪᠠᠯᠭᠠᠰᠤᠨ ᠳ᠋ᠤ ᠭᠠᠩ ᠬᠠᠭᠰᠠᠷᠠᠭᠠᠨ ᠲᠠᠢ ᠲᠡᠮᠡᠴᠡᠬᠦ᠌ ᠠᠵᠢᠯ ᠤ᠋ᠨ ᠪᠠᠶ᠋ᠢᠴᠠᠭᠠᠯᠲᠠ ᠬᠢᠵᠦ᠍᠂ ᠭᠠᠩ ᠬᠠᠭᠰᠠᠷᠠᠭᠠᠨ ᠲᠠᠢ ᠲᠡᠮᠡᠴᠡᠬᠦ᠌ ᠴᠠᠭ ᠠᠭᠤᠷ ᠤ᠋ᠨ ᠦᠢᠯᠡᠴᠢᠯᠡᠭᠡᠨ ᠤ᠋ ᠮᠡᠳᠡᠭᠡ ᠵᠠᠩᠭᠢ ᠢ᠋ᠢ 4 ᠬᠤᠭᠤᠴᠠᠭ᠎ᠠ ᠮᠡᠳᠡᠭᠦᠯᠪᠡ ᠁
ᠥᠪᠥᠷ ᠮᠣᠩᠭᠣᠯ ᠤ᠋ᠨ ᠴᠠᠭ ᠠᠭᠤᠷ ᠤ᠋ᠨ ᠰᠠᠯᠠᠭ᠎ᠠ ᠮᠥᠴᠢᠷ ᠭᠠᠩ ᠬᠠᠭᠰᠠᠷᠠᠭᠠᠨ ᠲᠠᠢ ᠲᠡᠮᠡᠴᠡᠬᠦ᠌ ᠴᠠᠭ ᠠᠭᠤᠷ ᠤ᠋ᠨ ᠦᠢᠯᠡᠴᠢᠯᠡᠭᠡ ᠢ᠋ᠢ ᠦᠷᠭᠦᠯᠵᠢᠯᠡᠨ ᠰᠠᠶ᠋ᠢᠲᠤᠷ ᠬᠢᠵᠦ᠍᠂ ᠭᠠᠩ ᠬᠠᠭᠰᠠᠷᠠᠭᠠᠨ ᠲᠠᠢ ᠲᠡᠮᠡᠴᠡᠬᠦ᠌ ᠴᠠᠭ ᠠᠭᠤᠷ ᠤ᠋ᠨ ᠦᠢᠯᠡᠴᠢᠯᠡᠭᠡᠨ ᠤ᠋ ᠦᠢᠯᠡᠳᠬᠦᠨ ᠢ᠋ ᠴᠠᠭ ᠲᠤᠬᠠᠶ ᠳ᠋ᠤᠨᠢ ᠨᠡᠶ᠋ᠢᠲᠡᠯᠡᠨ᠂ ᠬᠥᠷᠥᠰᠥ᠍ ᠰᠢᠷᠣᠶ ᠢ᠋ᠢᠨ ᠴᠢᠭᠢᠭ ᠤ᠋ᠨ ᠪᠠᠶ᠋ᠢᠳᠠᠯ ᠢ᠋ ᠬᠢᠨᠠᠨ ᠬᠡᠮᠵᠢᠵᠦ᠍ ᠦᠨᠡᠯᠡᠨ ᠵᠢᠱ᠌ᠢᠬᠦ᠌᠂ ᠮᠠᠯ ᠠᠵᠤ ᠠᠬᠤᠶ ᠢ᠋ᠢᠨ ᠴᠠᠭ ᠠᠭᠤᠷ ᠢ᠋ ᠬᠢᠨᠠᠨ ᠬᠡᠮᠵᠢᠬᠦ᠌ ᠪᠠ ᠴᠠᠭ ᠠᠭᠤᠷ ᠤ᠋ᠨ ᠭᠠᠮᠰᠢᠭ ᠤ᠋ᠨ ᠲᠦᠭᠰᠢᠭᠦᠷᠢ ᠢ᠋ᠢ ᠤᠷᠢᠳᠴᠢᠯᠠᠨ ᠵᠢᠱ᠌ᠢᠬᠦ᠌ ᠵᠡᠷᠭᠡ ᠦᠢᠯᠡᠳᠬᠦᠨ ᠢ᠋ ᠴᠠᠭ ᠲᠤᠬᠠᠶ ᠳ᠋ᠤᠨᠢ ᠦᠢᠯᠡᠳᠬᠦ ᠢ᠋ᠢᠨ ᠬᠠᠮᠲᠤ᠌ ᠴᠠᠭ ᠠᠭᠤᠷ ᠤ᠋ᠨ ᠬᠤᠪᠢᠷᠠᠯᠳᠠ ᠢ᠋ᠢᠨ ᠪᠠᠶ᠋ᠢᠳᠠᠯ ᠢ᠋ ᠨᠢᠭᠲᠠ ᠠᠩᠬᠠᠷᠴᠤ᠌᠂ ᠠᠰᠢᠭᠲᠠᠶ ᠨᠦᠬᠦᠴᠡᠯ ᠢ᠋ ᠠᠮᠵᠢᠨ ᠬᠥᠮᠦᠨ ᠤ᠋ ᠬᠦᠴᠦ ᠪᠡᠷ ᠴᠠᠭ ᠠᠭᠤᠷ ᠢ᠋ ᠨᠥᠯᠥᠭᠡᠯᠡᠬᠦ᠌ ᠠᠵᠢᠯ ᠢ᠋ ᠥᠷᠨᠢᠭᠦᠯᠵᠦ᠍᠂ ᠭᠠᠩ ᠬᠠᠭᠰᠠᠷᠠᠭᠠᠨ ᠲᠠᠢ ᠲᠡᠮᠡᠴᠡᠬᠦ᠌ ᠠᠵᠢᠯ ᠢ᠋ ᠪᠥᠬᠥ᠌ ᠬᠦᠴᠦᠨ ᠢ᠋ᠢᠡᠷ ᠢ᠋ᠢᠡᠨ ᠰᠠᠢᠲᠤᠷ ᠬᠢᠵᠤ ᠪᠠᠢᠨ᠎ᠠ᠃