ᠬᠠᠤᠯᠢ ᠎ᠶᠢᠨ ᠤᠬᠠᠭᠤᠯᠭ᠎ᠠ ᠰᠤᠷᠭᠠᠭᠤᠯᠢ ᠵᠢᠨ ᠬᠦᠷᠢᠶᠡᠨ ᠳ᠋ᠤ
2026-07-27 16:23:24
ᠵᠣᠬᠢᠶᠠᠭ᠍ᠴᠢ᠄
ᠪᠠᠢ ᠰᠡᠴᠡᠨ
ᠣᠩᠱᠢᠭ᠍ᠰᠠᠨ ᠣᠳᠠᠭ᠎ᠠ᠄
★★★☆☆

ᠰᠤᠷᠭᠠᠨ ᠬᠥᠮᠦᠵᠢᠯ᠎ᠤᠨ ᠪᠠᠭᠰᠢ ᠠᠵᠢᠯᠲᠠᠨ᠎ᠦ ᠨᠠᠰᠤᠨ ᠳ᠋ᠦ᠍  ᠦᠯᠦ ᠭᠦᠷᠦᠭᠰᠡᠳ᠎ᠤᠨ ᠡᠷᠭᠡ ᠠᠰᠢᠭ ᠢ᠋ ᠬᠠᠮᠠᠭᠠᠯᠠᠬᠤ ᠤᠬᠠᠮᠰᠠᠷ᠎ᠢ ᠴᠢᠨᠭᠭᠠᠳᠬᠠᠵᠦ ᠡᠭᠦᠷᠭᠡ ᠬᠠᠷᠢᠭᠤᠴᠠᠯᠭ᠎ᠠ  ᠪᠠᠨ ᠭᠦᠢᠴᠡᠳᠬᠡᠬᠦ ᠴᠢᠳᠠᠪᠤᠷᠢ ᠶ᠋ᠢ ᠤᠯᠠᠮ ᠵᠢᠡᠷ ᠲᠡᠭᠡᠭᠰᠢᠯᠡᠭᠦᠯᠵᠦ᠂ ᠠᠮᠤᠷ ᠲᠦᠪᠰᠢᠨ᠂ ᠡᠶ᠎ᠡ ᠵᠣᠬᠢᠴᠠᠯ ᠲᠠᠢ ᠰᠤᠷᠭᠠᠭᠤᠯᠢ ᠶ᠋ᠢᠨ ᠬᠦᠷᠢᠶᠠᠨ᠎ᠤ  ᠣᠷᠴᠢᠨ ᠢ᠋ ᠪᠤᠢ ᠪᠤᠯᠭᠠᠬᠤ᠎ᠶᠢᠨ ᠲᠥᠯᠥᠭᠡ᠂ ᠤᠯᠠᠭᠠᠨᠬᠠᠳᠠ ᠬᠤᠲᠠ ᠶ᠋ᠢᠨ ᠠᠷᠤ ᠬᠣᠷᠴᠢᠨ ᠬᠣᠰᠢᠭᠤᠨ ᠎ᠤ ᠠᠷᠠᠳ᠎ᠤᠨ ᠪᠠᠢᠴᠠᠭᠠᠬᠤ ᠬᠣᠷᠢᠶ᠎ᠠ ᠤᠢᠷ᠎ᠠ᠎ᠳᠤ ᠴᠢᠪᠠᠭ᠎ᠠ ᠲᠤᠷᠰᠢᠯᠲᠠ ᠶ᠋ᠢᠨ  ᠪᠠᠭ᠎ᠠ ᠰᠤᠷᠭᠠᠭᠤᠯᠢ ᠳ᠋ᠦ᠍ ᠬᠦᠷᠴᠦ᠂ ᠪᠦᠭᠦ ᠪᠠᠭ᠍ᠰᠢ ᠠᠵᠢᠯᠲᠠᠨ ᠳ᠋ᠦ᠍ ᠰᠤᠷᠭᠠᠭᠤᠯᠢ᠎ᠶᠢᠨ ᠬᠦᠷᠢᠶᠠᠨ᠎ᠤ  ᠬᠦᠴᠦᠷᠬᠡᠭᠯᠡᠯ ᠢ᠋ ᠬᠡᠷᠬᠢᠨ ᠰᠡᠷᠭᠡᠢᠯᠡᠬᠦ ᠲᠤᠬᠠᠢ ᠲᠤᠰᠬᠠᠢ ᠲᠠᠢᠯᠤᠮᠵᠢ ᠬᠢᠪᠠ᠃

ᠲᠠᠢᠯᠤᠮᠵᠢ ᠳ᠋ᠦ᠍ ᠰᠤᠷᠭᠠᠭᠤᠯᠢ ᠶ᠋ᠢᠨ ᠬᠦᠷᠢᠶᠠᠨ ᠎ᠤ ᠬᠦᠴᠦᠷᠬᠡᠭᠯᠡᠯ᠎ᠤᠨ ᠬᠦᠷᠢᠶ᠎ᠡ ᠬᠡᠪᠴᠢᠶ᠎ᠡ᠂ ᠢᠯᠡᠷᠡᠬᠦ ᠭᠡᠯᠪᠡᠷᠢ ᠵᠢᠴᠢ ᠲᠡᠭᠦᠨ᠎ᠤ ᠨᠦᠯᠦᠭᠡ ᠪᠠ ᠰᠢᠢᠳᠪᠦᠷᠢᠯᠡᠬᠦ ᠠᠷᠭ᠎ᠠ ᠪᠠᠷᠢᠯ ᠢ᠋ ᠳᠡᠯᠭᠡᠷᠡᠭᠦᠯᠦᠨ ᠶᠠᠷᠢᠪᠠ᠃ ᠪᠤᠳᠠᠳᠤ ᠬᠡᠷᠡᠭ᠎ᠵᠢᠡᠷ ᠵᠢᠱ᠌ᠢᠶᠠᠯᠠᠵᠦ᠂ ᠦᠭᠡ ᠶᠠᠷᠢᠶᠠᠨ ᠎ᠤ ᠬᠦᠴᠦᠷᠬᠡᠭᠯᠡᠯ᠂ ᠭᠠᠳᠠᠭᠤᠷᠴᠢᠯᠠᠯ ᠪᠠ ᠲᠣᠣᠷ ᠰᠦᠯᠵᠢᠶᠡᠨ ᠎ᠤ ᠬᠦᠴᠦᠷᠬᠡᠭᠯᠡᠯ ᠵᠡᠷᠭᠡ ᠰᠤᠷᠭᠠᠭᠤᠯᠢ᠎ᠶᠢᠨ ᠬᠦᠷᠢᠶᠡᠨ ᠳ᠋ᠦ᠍ ᠡᠭᠦᠰᠳᠡᠭ ᠶᠠᠨᠭᠵᠦ ᠪᠦᠷᠢ ᠵᠢᠨ ᠬᠦᠴᠦᠷᠬᠡᠭᠯᠡᠯ ᠢ᠋ ᠲᠠᠢᠯᠪᠤᠷᠢᠯᠠᠨ ᠶᠠᠷᠢᠭᠰᠠᠨ ᠪᠦᠭᠡᠳ ᠡᠳᠡᠭᠡᠷ ᠬᠦᠴᠦᠷᠬᠡᠭᠯᠡᠯ ᠨᠢ ᠰᠤᠷᠭᠠᠭᠤᠯᠢ ᠶ᠋ᠢᠨ  ᠬᠠᠮᠢᠶᠠᠷᠤᠯᠲᠠ ᠶ᠋ᠢᠨ ᠡᠮᠬᠢ ᠲᠢᠭᠯᠢᠮ ᠢ᠋  ᠬᠦᠨᠳᠦ ᠨᠣᠴᠢᠲᠠᠢ ᠡᠪᠳᠡᠬᠦ ᠪᠡᠷ ᠪᠠᠷᠠᠬᠤ ᠦᠭᠡᠢ᠂  ᠨᠠᠰᠤᠨ ᠳ᠋ᠦ᠍ ᠦᠯᠦ ᠭᠦᠷᠦᠭᠰᠡᠳ᠎ᠤᠨ ᠪᠠᠶ᠎ᠠ ᠮᠠᠬᠠᠪᠤᠳ ᠪᠤᠯᠤᠨ ᠤᠶᠤᠨ ᠰᠠᠨᠠᠭ᠎ᠠ ᠵᠢ ᠶᠡᠭᠡ ᠪᠡᠷ ᠨᠥᠯᠥᠭᠡᠯᠡᠳᠡᠭ᠎ᠢ ᠲᠠᠢᠯᠪᠤᠷᠢᠯᠠᠨ ᠦᠭᠪᠡ᠃ ᠡᠭᠦᠨ ᠎ᠤ ᠬᠠᠮᠲᠤ᠂ ᠢᠯᠡᠴᠢᠯᠡᠨ ᠮᠡᠳᠡᠭᠦᠯᠬᠦ ᠳᠦᠷᠢᠮ  ᠢ᠋ ᠲᠠᠨᠢᠯᠴᠠᠭᠤᠯᠵᠤ᠂ ᠰᠤᠷᠭᠠᠭᠤᠯᠢ ᠶ᠋ᠢᠨ ᠬᠦᠷᠢᠶᠡᠨ ᠎ᠤ ᠬᠦᠴᠦᠷᠬᠡᠭᠯᠡᠯ  ᠢ᠋ ᠰᠡᠷᠭᠡᠢᠯᠡᠬᠦ ᠪᠠ ᠰᠢᠢᠳᠪᠦᠷᠢᠯᠡᠬᠦ ᠳᠤᠮᠳᠠ ᠪᠠᠭ᠍ᠰᠢ ᠪᠣᠯᠣᠭᠰᠠᠳ ᠵᠠᠩᠭᠢᠯᠠᠭ᠎ᠠ ᠶ᠋ᠢᠨ ᠦᠢᠯᠡᠳᠦᠯ ᠎ᠢᠶᠡᠨ ᠪᠠᠳᠠᠷᠠᠭᠤᠯᠵᠤ᠂ ᠡᠷᠬᠡᠪᠰᠢ ᠴᠠᠭ ᠢᠮᠠᠭᠲᠠ ᠠᠩᠬᠠᠷᠤᠯ ᠳ᠋ᠠᠭᠠᠨ ᠠᠪᠴᠤ᠂ ᠬᠦᠴᠦᠷᠬᠡᠭᠯᠡᠯ᠎ᠤᠨ ᠴᠢᠨᠠᠷᠳᠠᠢ ᠠᠰᠠᠭᠤᠳᠠᠯ ᠴᠤᠬᠤᠢᠮᠠᠭᠴᠠ ᠳᠠᠷᠤᠢ ᠳ᠋ᠦ᠍ᠨᠢ ᠪᠦᠲᠦᠮᠵᠢᠲᠡᠢ ᠠᠷᠭ᠎ᠠ ᠠᠪᠴᠠᠯ ᠠᠪᠴᠤ ᠬᠥᠲᠥᠯᠥᠨ ᠵᠢᠯᠤᠭᠣᠳᠴᠤ᠂ ᠰᠤᠷᠭᠠᠭᠤᠯᠢ ᠶ᠋ᠢᠨ  ᠬᠦᠷᠢᠶᠠᠨ ᠎ᠤ  ᠬᠦᠴᠦᠷᠬᠡᠭᠯᠡᠯ᠎ᠢ ᠡᠬᠢ ᠡᠭᠦᠰᠦᠯ ᠡᠴᠡ ᠨᠢ ᠬᠣᠷᠢᠭ᠍ᠯᠠᠨ ᠵᠣᠭᠰᠣᠭᠠᠬᠤ ᠬᠡᠷᠡᠭᠲᠡᠢ ᠭᠡᠵᠦ ᠰᠠᠨᠠᠭᠤᠯᠵᠠᠢ᠃

ᠲᠤᠰ ᠤᠳᠠᠭ᠎ᠠ ᠵᠢᠨ ᠤᠬᠠᠭᠤᠯᠭ᠎ᠠ ᠨᠢ  ᠪᠠᠭ᠍ᠰᠢ ᠠᠵᠢᠯᠲᠠᠨ ᠎ᠦ ᠬᠠᠤᠯᠢ ᠴᠠᠭᠠᠵᠠ  ᠶ᠋ᠢᠨ ᠤᠬᠠᠮᠰᠠᠷ᠂ ᠬᠠᠷᠢᠭᠤᠴᠠᠯᠭᠠᠲᠤ ᠰᠡᠳᠬᠢᠯᠭᠡ ᠪᠠ ᠤᠷᠢᠳᠴᠢᠯᠠᠨ ᠰᠡᠷᠭᠡᠢᠯᠡᠬᠦ ᠤᠬᠠᠮᠰᠠᠷ ᠢ᠋ ᠲᠠᠭᠡᠭᠰᠢᠯᠡᠭᠦᠯᠤᠨ ᠴᠢᠨᠭᠭᠠᠳᠬᠠᠵᠤ᠂ ᠨᠠᠰᠤᠨ ᠳ᠋ᠦ᠍ ᠦᠯᠦ ᠭᠦᠷᠦᠭᠰᠡᠳ ᠢ᠋ ᠬᠠᠤᠯᠢ ᠶᠤᠰᠤᠭᠠᠷ  ᠬᠠᠮᠠᠭᠠᠯᠠᠬᠤ ᠠᠵᠢᠯ  ᠢ᠋ ᠭᠦᠨᠵᠡᠭᠡᠢᠷᠡᠭᠦᠯᠦᠨ᠂ ᠰᠤᠷᠭᠠᠭᠤᠯᠢ᠎ᠶᠢᠨ  ᠬᠦᠷᠢᠶᠡᠨ᠎ᠤ ᠣᠷᠴᠢᠨ ᠨᠡᠩ ᠡᠶ᠎ᠡ ᠵᠤᠬᠢᠴᠠᠯ ᠲᠠᠢ ᠪᠤᠯᠬᠤ ᠵᠢ ᠠᠬᠢᠭᠤᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号