ᠪᠢᠴᠢᠯ ᠰᠢᠭᠦᠮᠵᠢ
2026-07-27 10:38:55
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

7 ᠰᠠᠷ᠎ᠠ᠎ᠶᠢᠨ 19᠎ᠦ ᠡᠳᠦᠷ ᠶᠠᠪᠤᠭᠳᠠᠭᠰᠠᠨ 2026 ᠳᠡᠯᠡᠬᠡᠢ᠎ᠶᠢᠨ ᠵᠣᠬᠢᠶᠠᠮᠠᠯ ᠣᠶᠤᠨ ᠴᠢᠳᠠᠪᠤᠷᠢ᠎ᠶᠢᠨ ᠶᠡᠬᠡ ᠬᠤᠷᠠᠯ — ᠭᠠᠵᠠᠷ ᠬᠥᠳᠡᠯᠦᠯᠲᠡ᠎ᠶᠢᠨ ᠵᠣᠬᠢᠶᠠᠮᠠᠯ ᠣᠶᠤᠨ ᠴᠢᠳᠠᠪᠤᠷᠢ᠎ᠶᠢᠨ ᠶᠠᠷᠢᠶᠠᠨ᠎ᠤ ᠲᠠᠪᠴᠠᠩ ᠳᠡᠭᠡᠷ᠎ᠡ᠂ ᠳᠤᠮᠳᠠᠳᠤ ᠤᠯᠤᠰ᠎ᠤᠨ ᠭᠠᠵᠠᠷ ᠬᠥᠳᠡᠯᠦᠯᠲᠡ᠎ᠶᠢᠨ ᠲᠣᠪᠴᠢᠶ᠎ᠠ 《〈ᠵᠣᠬᠢᠶᠠᠮᠠᠯ ᠣᠶᠤᠨ ᠴᠢᠳᠠᠪᠤᠷᠢ + ᠭᠠᠵᠠᠷ ᠬᠥᠳᠡᠯᠦᠯᠲᠡ᠎ᠶᠢ ᠰᠡᠷᠭᠡᠢᠯᠡᠵᠦ ᠭᠠᠮᠰᠢᠭ᠋᠎ᠢ ᠪᠠᠭᠠᠰᠬᠠᠬᠤ〉 ᠠᠵᠢᠯᠯᠠᠭ᠎ᠠ᠎ᠶᠢᠨ ᠲᠥᠰᠥᠯ (2026 — 2028 ᠣᠨ)》᠎ᠢ ᠨᠡᠢᠲᠡᠯᠡᠪᠡ᠃ ᠢᠷᠡᠬᠦ 3 ᠵᠢᠯ᠎ᠳᠦ ᠭᠠᠵᠠᠷ ᠬᠥᠳᠡᠯᠦᠯᠲᠡ᠎ᠶᠢᠨ ᠣᠶᠤᠨᠴᠢ ᠬᠢᠨᠠᠨ ᠬᠡᠮᠵᠢᠵᠦ ᠰᠢᠢᠳᠪᠦᠷᠢᠯᠡᠬᠦ ᠰᠢᠰᠲᠧᠮ᠂ ᠣᠶᠤᠨᠴᠢᠯᠠᠭᠰᠠᠨ ᠭᠠᠵᠠᠷ ᠬᠥᠳᠡᠯᠦᠯᠲᠡ᠎ᠶᠢᠨ ᠤᠷᠢᠳᠴᠢᠯᠠᠨ ᠰᠡᠷᠡᠮᠵᠢᠯᠡᠭᠦᠯᠬᠦ ᠮᠡᠷᠭᠡᠵᠢᠯ᠎ᠢ ᠰᠤᠳᠤᠯᠤᠨ ᠨᠡᠭᠡᠭᠡᠬᠦ ᠪᠠ ᠵᠢᠱ᠌ᠢᠶ᠎ᠡ ᠦᠵᠡᠭᠦᠯᠬᠦ ᠵᠡᠷᠭᠡ ᠶᠢᠰᠦᠨ ᠲᠠᠯ᠎ᠠ᠎ᠶᠢᠨ ᠡᠭᠦᠷᠭᠡ᠎ᠶᠢᠨ ᠲᠣᠭᠣᠷᠢᠨ᠎ᠳᠤ᠂ 《ᠲᠣᠭ᠎ᠠ ᠪᠠᠷᠢᠮᠲᠠ — ᠵᠠᠭᠪᠤᠷ — ᠲᠠᠪᠴᠠᠩ — ᠬᠡᠷᠡᠭᠯᠡᠯᠲᠡ》 ᠳᠥᠷᠪᠡ᠎ᠶᠢ ᠨᠢᠭᠡ ᠴᠣᠭᠴᠠᠵᠢᠭᠤᠯᠤᠭᠰᠠᠨ ᠵᠣᠬᠢᠶᠠᠮᠠᠯ ᠣᠶᠤᠨᠴᠢ ᠮᠡᠷᠭᠡᠵᠢᠯ᠎ᠦᠨ ᠰᠢᠰᠲᠧᠮ᠎ᠢ ᠪᠠᠢᠭᠤᠯᠵᠤ᠂ ᠲᠣᠭ᠎ᠠ ᠪᠠᠷᠢᠮᠲᠠ᠎ᠶᠢᠨ ᠰᠠᠭᠤᠷᠢ᠎ᠶᠢ ᠤᠯᠠᠮ ᠨᠢᠭᠡ ᠠᠯᠬᠤᠮ ᠪᠡᠬᠢᠵᠢᠭᠦᠯᠦᠨ᠂ ᠭᠣᠣᠯᠯᠠᠬᠤ ᠮᠡᠷᠭᠡᠵᠢᠯ᠎ᠳᠦ ᠰᠢᠪᠲᠤᠯᠤᠯᠲᠠ ᠬᠢᠵᠦ᠂ 《AI + ᠭᠠᠵᠠᠷ ᠬᠥᠳᠡᠯᠦᠯᠲᠡ》 ᠵᠢᠨ ᠰᠢᠷᠢᠰ ᠲᠤᠯᠭᠠᠭᠤᠷᠢᠯᠠᠬᠤ ᠲᠠᠪᠴᠠᠩ᠎ᠢ ᠪᠠᠢᠭᠤᠯᠬᠣ ᠪᠣᠯᠣᠨ᠎ᠠ᠃

ᠦᠨᠡᠯᠡᠯᠳᠠ᠄ ᠵᠣᠬᠢᠶᠠᠮᠠᠯ ᠣᠶᠤᠨ ᠴᠢᠳᠠᠪᠤᠷᠢ ᠨᠢ ᠭᠠᠵᠠᠷ ᠬᠥᠳᠡᠯᠦᠯᠲᠡ᠎ᠶᠢᠨ ᠳᠣᠯᠭᠢᠶᠠᠨ᠎ᠤ 《ᠦᠭᠡ ᠬᠡᠯᠡ》 ᠵᠢ ᠡᠬᠢᠯᠡᠨ ᠤᠩᠰᠢᠵᠤ ᠣᠢᠯᠠᠭᠠᠪᠡᠯ᠂ ᠮᠠᠰᠢᠨ ᠬᠦᠮᠦᠨ ᠭᠠᠵᠠᠷ ᠬᠥᠳᠡᠯᠬᠦ᠎ᠵᠢ ᠣᠷᠢᠳᠴᠢᠯᠠᠨ ᠮᠡᠳᠡᠵᠦ ᠲᠡᠢᠯᠬᠦ ᠪᠤᠯᠤᠯᠴᠠᠭ᠎ᠠ ᠲᠠᠢ ᠵᠢ᠎ᠬᠠᠷᠠᠭᠣᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号