ᠥᠨᠳᠥᠷ ᠰᠦᠷᠯᠢᠭ ᠮᠤᠨᠠ ᠠᠭᠤᠯᠠ᠂ ᠳᠠᠢ᠍ᠢᠨ᠎ᠦ ᠭᠠᠯ ᠳᠦᠷᠡᠯᠵᠡᠭᠰᠡᠨ ᠭᠠᠢᠬᠠᠮᠰᠢᠭ᠍ᠲᠤ ᠣᠨ ᠰᠠᠷ᠎ᠠ᠎ᠶᠢ ᠭᠡᠷᠡᠴᠢᠯᠡᠨ᠎ᠠ; ᠮᠤᠷᠤᠯᠵᠠᠨ ᠤᠷᠤᠰᠬᠤ ᠬᠠᠲᠤᠨ ᠭᠣᠣᠯ᠂ ᠪᠣᠷᠣᠳᠣᠬᠣᠢ᠎ᠶᠢᠨ ᠦᠶ᠎ᠡ ᠦᠶ᠎ᠡ ᠵᠢᠨ ᠬᠦᠪᠡᠭᠦᠳ ᠦᠬᠢᠳ ᠢ᠋ ᠤᠮᠳᠠᠯᠠᠨ ᠪᠤᠢᠵᠢᠭᠤᠯᠤᠨ᠎ᠠ᠃ ᠪᠠᠶᠠᠨᠨᠠᠭᠤᠷ ᠬᠣᠲᠠ᠎ᠶᠢᠨ ᠤᠷᠠᠳ᠎ᠤᠨ ᠡᠮᠦᠨᠡᠲᠦ ᠬᠣᠰᠢᠭᠤᠨ᠎ᠤ ᠬᠤᠪᠢᠰᠬᠠᠯᠳᠤ ᠤᠯᠠᠮᠵᠢᠯᠠᠯ ᠨᠢ ᠶᠠᠭ ᠮᠤᠨᠠ ᠠᠭᠤᠯᠠ᠎ᠶᠢᠨ ᠬᠦᠷᠬᠢᠷ᠎ᠡ᠎ᠶᠢᠨ ᠤᠷᠤᠰᠬᠠᠯ ᠮᠡᠲᠦ ᠶᠡᠷᠦ ᠡᠴᠡ ᠲᠠᠰᠤᠷᠠᠭᠰᠠᠨ ᠦᠭᠡᠢ ᠶᠤᠮ᠃
ᠤᠷᠠᠳ᠎ᠤᠨ ᠡᠮᠦᠨᠡᠲᠦ ᠬᠣᠰᠢᠭᠤᠨ᠎ᠤ ᠪᠠᠶᠠᠨᠬᠤᠸᠠ ᠪᠠᠯᠭᠠᠰᠤᠨ᠎ᠤ ᠤᠷᠳᠤ ᠭᠤᠤᠯ ᠭᠠᠴᠠᠭ᠎ᠠ᠎ᠳᠤ ᠬᠦᠷᠬᠦ᠎ᠳᠦ᠂ ᠪᠦᠬᠦᠢᠯᠡ ᠲᠣᠰᠬᠣᠨ ᠢᠭ᠍ᠴᠤ ᠰᠠᠬᠤᠯᠢᠭ᠋ ᠤᠢ ᠮᠣᠳᠤᠨ ᠳ᠋ᠤ ᠬᠦᠷᠢᠶᠡᠯᠡᠭᠳᠡᠵᠦ᠂ ᠭᠤᠷᠴᠢᠭᠢᠨᠠᠨ ᠤᠷᠤᠰᠬᠤ ᠤᠰᠤᠨ᠎ᠤ ᠲᠠᠭᠤᠨ ᠴᠢᠬᠢᠨ᠎ᠳᠦ ᠰᠣᠨᠣᠰᠳᠠᠨ᠎ᠠ᠃ ᠲᠣᠰᠬᠣᠨ᠎ᠳᠤ ᠰᠠᠭᠤᠭ᠎ᠠ ᠨᠢᠭᠡᠳᠦᠭᠡᠷ ᠱᠦᠵᠢ ᠬᠠᠨ ᠶᠦᠨ ᠹᠸᠩ ᠰᠤᠷᠪᠤᠯᠵᠢᠯᠠᠭ᠍ᠴᠢ᠎ᠶᠢ ᠳᠠᠭᠠᠭᠤᠯᠤᠨ ᠡᠩᠬᠡᠪᠠᠶᠠᠷ ᠤᠨ ᠳᠤᠷᠠᠰᠬᠠᠯ᠎ᠤᠨ ᠣᠷᠳᠣᠨ᠎ᠤ ᠡᠭᠦᠳᠡ᠎ᠶᠢ ᠲᠦᠯᠬᠢᠨ ᠤᠷᠤᠬᠤ ᠳ᠋ᠦ ᠮᠣᠳᠣᠨ ᠡᠭᠦᠳᠡ ᠵᠢᠷᠵᠢᠬᠢᠨᠡᠨ ᠲᠤᠤᠭᠠᠷᠴᠤ᠂ ᠨᠡᠷᠡᠨ᠎ᠦ ᠭᠡᠷᠡᠯ ᠴᠣᠩᠬᠣ᠎ᠶᠢ ᠨᠡᠪᠳᠡᠯᠦᠨ ᠭᠡᠷ ᠲᠤ᠌ ᠲᠤᠰᠤᠨ᠎ᠠ᠃ ᠬᠡᠷᠡᠮ ᠲᠡᠭᠡᠷ᠎ᠠ ᠦᠰᠦᠭ ᠪᠠ ᠭᠡᠷᠡᠯ ᠵᠢᠷᠤᠭ᠎ᠢᠶᠡᠷ ᠡᠩᠬᠡᠪᠠᠶᠠᠷ᠎ᠤᠨ ᠦᠢᠯᠡ ᠶᠠᠪᠤᠳᠠᠯ᠎ᠢ ᠲᠡᠮᠳᠡᠭᠯᠡᠵᠦ᠂ ᠬᠠᠭᠤᠴᠢᠨ ᠰᠠᠭᠤᠴᠠ᠎ᠶᠢᠨ ᠳᠣᠲᠣᠷᠠᠬᠢ ᠬᠠᠭᠤᠴᠢᠷᠠᠭᠰᠠᠨ ᠰᠢᠷᠡᠭᠡ ᠪᠠ ᠰᠢᠷᠠᠯᠠᠭᠰᠠᠨ 《ᠱᠸᠨ ᠪᠤᠤ》 ᠰᠤᠨᠢᠨ ᠨᠢ ᠶᠠᠭ ᠯᠠ ᠲᠤᠬᠠᠢ᠎ᠶᠢᠨ ᠵᠢᠯ᠎ᠦᠨ ᠲᠠᠢᠨ ᠲᠠᠵᠢᠨ᠎ᠢ ᠲᠣᠭᠠᠴᠢᠵᠤ ᠪᠠᠢᠭ᠎ᠠ ᠰᠢᠭ᠋ ᠪᠠᠢᠯ᠎ᠠ᠃
20 ᠳ᠋ᠤᠭᠠᠷ ᠵᠠᠭᠤᠨ᠎ᠤ ᠡᠬᠢ᠎ᠪᠡᠷ᠂ ᠰᠢᠨ᠎ᠡ ᠦᠵᠡᠯ ᠰᠠᠨᠠᠭᠠᠨ᠎ᠤ ᠤᠷᠤᠰᠬᠠᠯ ᠳᠤᠮᠳᠠᠳᠤ ᠤᠯᠤᠰ᠎ᠢ ᠪᠦᠷᠬᠦᠵᠦ᠂ ᠤᠷᠠᠳ᠎ᠤᠨ ᠲᠠᠯ᠎ᠠ ᠨᠤᠲᠤᠭ ᠴᠤ᠌ ᠰᠡᠬᠡᠭᠡᠷᠡᠬᠦ ᠴᠠᠭ ᠮᠥᠴᠡ᠎ᠪᠡᠨ ᠤᠭᠲᠤᠨ ᠠᠪᠤᠯ᠎ᠠ᠃ ᠡᠩᠬᠡᠪᠠᠶᠠᠷ (ᠪᠠᠰᠠ ᠵᠢᠨ ᠠᠨ ᠰᠢ ᠭᠡᠳᠡᠭ)᠂ ᠡᠨᠡ ᠬᠥ᠌ ᠨᠡᠷ᠎ᠡ ᠨᠢ ᠬᠤᠪᠢᠰᠬᠠᠯ ᠤ᠋ᠨ ᠤᠨ ᠵᠢᠯ ᠤ᠋ᠨ ᠳᠤᠷᠠᠰᠤᠮᠵᠢ᠎ᠳᠤ ᠭᠡᠷᠡᠯ ᠭᠢᠯᠪᠠᠭ᠎ᠠ ᠨᠡᠮᠡᠷᠢᠯᠡᠨ᠎ᠠ᠃ 1902 ᠣᠨ᠎ᠤ 8 ᠰᠠᠷ᠎ᠠ᠎ᠳᠤ᠂ ᠡᠩᠬᠡᠪᠠᠶᠠᠷ ᠤᠷᠠᠳ᠎ᠤᠨ ᠡᠮᠦᠨᠡᠲᠦ ᠬᠣᠰᠢᠭᠤᠨ᠎ᠤ ᠨᠢᠭᠡᠨ ᠶᠠᠳᠠᠭᠤ ᠵᠦᠳᠡᠭᠦᠦ ᠮᠠᠯᠴᠢᠨ᠎ᠤ ᠭᠡᠷ᠎ᠲᠦ ᠲᠦᠷᠦᠵᠠᠢ᠂ ᠵᠠᠯᠠᠭᠤ᠎ᠳᠠᠭᠠᠨ ᠪᠡᠭᠡᠵᠢᠩ᠎ᠦᠨ ᠮᠣᠩᠭᠣᠯ ᠲᠥᠪᠡᠳ᠎ᠦᠨ ᠰᠤᠷᠭᠠᠭᠤᠯᠢ ᠳ᠋ᠤ ᠰᠤᠷᠤᠯᠴᠠᠵᠤ ᠪᠠᠢᠭᠰᠠᠨ ᠬᠤᠭᠤᠴᠠᠭᠠᠨ᠎ᠳᠤ᠂ ᠯᠢ ᠳᠡ ᠵᠤᠤ ᠵᠡᠷᠭᠡ ᠬᠤᠪᠢᠰᠬᠠᠯ᠎ᠤᠨ ᠬᠣᠰᠢᠭᠤᠴᠢ᠎ᠶᠢᠨ ᠨᠥᠯᠥᠭᠡ᠎ᠶᠢ ᠭᠦᠨ ᠬᠦᠷᠲᠡᠵᠦ᠂ ᠮᠠᠷᠺᠰ᠎ᠤᠨ ᠦᠵᠡᠯ᠎ᠢ ᠠᠯᠬᠤᠮ ᠠᠯᠬᠤᠮ᠎ᠢᠶᠠᠷ ᠬᠦᠯᠢᠶᠡᠨ ᠠᠪᠴᠠᠢ᠃ 1921 ᠣᠨ᠎ᠳᠤ ᠡᠩᠬᠡᠪᠠᠶᠠᠷ ᠥᠪᠥᠷ ᠮᠣᠩᠭᠣᠯ᠎ᠤᠨ ᠬᠠᠮᠤᠭ᠎ᠤᠨ ᠡᠷᠲᠡᠨ᠎ᠦ ᠬᠤᠪᠢᠰᠬᠠᠯᠲᠤ ᠵᠣᠬᠢᠶᠠᠨ ᠪᠠᠢᠭᠤᠯᠤᠯᠲᠠ᠎ᠶᠢᠨ ᠨᠢᠭᠡ ᠪᠣᠯᠬᠤ 《ᠤᠯᠠᠭᠠᠨ ᠨᠠᠮ》 ᠢ᠋ ᠪᠠᠢᠭᠤᠯᠪᠠ᠃ ᠵᠠᠷᠢᠮ ᠡᠷᠳᠡᠮᠲᠡᠳ᠎ᠦᠨ ᠦᠵᠡᠬᠦ᠎ᠪᠡᠷ᠂ 《ᠤᠯᠠᠭᠠᠨ ᠨᠠᠮ》 ᠨᠢ ᠨᠢᠭᠡᠨᠲᠡ ᠡᠷᠲᠡ ᠦᠶ᠎ᠡ᠎ᠶᠢᠨ ᠡᠪ ᠬᠠᠮᠲᠤ ᠨᠠᠮ᠎ᠤᠨ ᠵᠣᠬᠢᠶᠠᠨ ᠪᠠᠢᠭᠤᠯᠤᠯᠲᠠ᠎ᠶᠢᠨ ᠦᠨᠳᠦᠰᠦᠨ ᠣᠨᠴᠠᠯᠢᠭ᠋᠎ᠲᠠᠢ ᠪᠣᠯᠵᠠᠢ᠃ ᠪᠠᠰᠠ ᠵᠠᠷᠢᠮ ᠬᠥᠮᠥᠨ ᠡᠭᠦᠨ᠎ᠢ ᠮᠥᠨ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭᠳᠠᠬᠤ᠎ᠡᠴᠡ ᠡᠮᠦᠨ᠎ᠡ ᠤᠯᠤᠰ᠎ᠤᠨ ᠳᠣᠲᠣᠭᠠᠳᠤ᠎ᠶᠢᠨ ᠤᠯᠠᠨ ᠭᠠᠵᠠᠷ᠎ᠲᠤ ᠪᠠᠢᠭᠤᠯᠤᠭᠳᠠᠭᠰᠠᠨ ᠡᠪ ᠬᠠᠮᠲᠤ ᠶᠣᠰᠣᠨ᠎ᠤ ᠳᠤᠭᠤᠢᠯᠠᠩ ᠭᠡᠵᠦ ᠦᠵᠡᠵᠦ ᠪᠤᠢ᠃ ᠰᠢᠨᠵᠢ ᠴᠢᠨᠠᠷ ᠨᠢ ᠶᠠᠮᠠᠷ ᠪᠠᠢᠭᠰᠠᠨ ᠴᠤ᠌᠂ ᠡᠨᠡ ᠬᠦ᠌ ᠤᠯᠤᠰ᠎ᠢᠶᠠᠨ ᠠᠪᠤᠷᠠᠵᠤ ᠠᠷᠠᠳ᠎ᠢᠶᠠᠨ ᠠᠪᠤᠷᠠᠬᠤ ᠵᠠᠮ᠎ᠢ ᠢᠳᠡᠪᠬᠢᠲᠡᠢ ᠰᠦᠪᠡᠭᠴᠢᠯᠡᠭᠰᠡᠨ ᠵᠠᠯᠠᠭᠤᠴᠤᠳ ᠤᠷᠠᠳ᠎ᠤᠨ ᠲᠠᠯ᠎ᠠ ᠨᠤᠲᠤᠭ᠎ᠲᠤ ᠦᠨᠡᠨ ᠶᠣᠰᠣᠨ᠎ᠤ ᠭᠡᠷᠡᠯ ᠭᠢᠯᠪᠠᠭ᠎ᠠ ᠰᠠᠴᠤᠷᠠᠭᠰᠠᠨ ᠤᠯᠠᠭᠠᠨ ᠲᠤᠭ᠎ᠢ ᠡᠷᠭᠦᠵᠦ᠂ ᠪᠣᠷᠣᠳᠣᠬᠣᠢ᠎ᠶᠢᠨ ᠡᠬᠡ ᠭᠠᠵᠠᠷ᠎ᠲᠤ ᠬᠤᠪᠢᠰᠬᠠᠯ᠎ᠤᠨ ᠣᠴᠢ᠎ᠶᠢ ᠠᠪᠴᠢᠷᠠᠵᠤ ᠥᠭᠴᠡᠢ᠃
1927 ᠣᠨ᠎ᠳᠤ᠂ 《ᠲᠦᠷᠪᠡᠨ ᠰᠠᠷ᠎ᠠ ᠵᠢᠨ ᠠᠷᠪᠠᠨ ᠬᠤᠶᠠᠷ》 ᠤ᠋ᠨ ᠬᠤᠪᠢᠰᠬᠠᠯ᠎ᠤᠨ ᠡᠰᠡᠷᠭᠦᠦ ᠲᠦᠷᠦ᠎ᠶᠢᠨ ᠬᠤᠪᠢᠰᠤᠯ᠎ᠤᠨ ᠳᠠᠷᠠᠭ᠎ᠠ᠂ ᠴᠠᠭᠠᠨ᠎ᠤ ᠰᠦᠷᠳᠡᠭᠦᠯᠦᠯ ᠪᠦᠬᠦ ᠤᠯᠤᠰ᠎ᠢ ᠪᠦᠷᠬᠦᠵᠦ᠂ ᠡᠩᠬᠡᠪᠠᠶᠠᠷ ᠵᠢᠴᠢ ᠲᠡᠭᠦᠨ᠎ᠦ ᠤᠳᠤᠷᠢᠳᠤᠭᠰᠠᠨ ᠴᠡᠷᠢᠭ ᠠᠩᠭᠢ ᠭᠣᠮᠢᠨᠳᠠᠩ᠎ᠤᠨ ᠲᠡᠷᠰᠯᠡᠭᠦᠴᠦᠳ᠎ᠦᠨ ᠨᠢᠳᠦᠨ᠎ᠦ ᠬᠣᠭ᠂ ᠮᠢᠬᠠᠨ᠎ᠤ ᠥᠷᠭᠡᠰᠦ ᠪᠣᠯᠪᠠ᠂ 1928 ᠣᠨ᠎ᠳᠤ ᠰᠢᠯᠵᠢᠬᠦ ᠶᠠᠪᠤᠴᠠ᠎ᠳᠤ ᠡᠩᠬᠡᠪᠠᠶᠠᠷ ᠵᠣᠯ ᠪᠤᠰᠤ᠎ᠪᠠᠷ ᠪᠠᠭᠠᠲᠤᠷᠯᠢᠭ᠋᠎ᠢᠶᠠᠷ ᠪᠡᠶ᠎ᠡ ᠦᠷᠡᠭᠳᠡᠪᠡ᠂ ᠲᠤᠬᠠᠢ ᠵᠢᠨ ᠵᠢᠯ ᠳ᠋ᠤ ᠲᠡᠷᠡ ᠰᠠᠶᠢ 26 ᠨᠠᠰᠤᠲᠠᠢ ᠪᠠᠢᠯ᠎ᠠ᠃ 1986 ᠣᠨ᠎ᠳᠤ᠂ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠠᠷᠠᠳ᠎ᠤᠨ ᠶᠠᠪᠤᠳᠠᠯ᠎ᠤᠨ ᠶᠠᠮᠤᠨ᠎ᠡᠴᠡ ᠲᠡᠭᠦᠨ᠎ᠢ ᠬᠤᠪᠢᠰᠬᠠᠯ᠎ᠤᠨ ᠦᠷᠡᠭᠳᠡᠭᠰᠡᠨ ᠪᠠᠭᠠᠲᠤᠷ᠎ᠢᠶᠠᠷ ᠨᠡᠬᠡᠮᠵᠢᠯᠡᠨ ᠵᠥᠪᠰᠢᠶᠡᠷᠡᠪᠡ᠃
《ᠡᠩᠬᠡᠪᠠᠶᠠᠷ ᠪᠣᠯ ᠥᠪᠥᠷ ᠮᠣᠩᠭᠣᠯ᠎ᠤᠨ ᠪᠠᠷᠠᠭᠤᠨ ᠪᠡᠶ᠎ᠡ᠎ᠳᠤ ᠮᠠᠷᠺᠰ ᠯᠧᠨᠢᠨ᠎ᠦ ᠦᠵᠡᠯ᠎ᠢ ᠤᠯᠠᠮᠵᠢᠯᠠᠨ ᠲᠠᠷᠬᠠᠭᠠᠭᠰᠠᠨ ᠬᠤᠪᠢᠰᠬᠠᠯ᠎ᠤᠨ ᠬᠣᠰᠢᠭᠤᠴᠢ ᠪᠠᠢᠵᠤ᠂ ᠮᠠᠰᠢ ᠣᠯᠠᠨ ᠡᠭᠦᠳᠦᠯᠲᠡ᠎ᠶᠢᠨ ᠴᠢᠨᠠᠷᠲᠠᠢ ᠬᠤᠪᠢᠰᠬᠠᠯᠲᠤ ᠠᠵᠢᠯᠯᠠᠭ᠎ᠠ ᠬᠢᠵᠡᠢ᠃ ᠲᠤᠬᠠᠢ᠎ᠶᠢᠨ ᠭᠠᠵᠠᠷ᠎ᠤᠨ ᠠᠷᠠᠳ ᠣᠯᠠᠨ᠎ᠤ ᠨᠢᠳᠦᠨ᠎ᠳᠦ ᠲᠡᠷᠡ ᠪᠣᠯ ᠳᠠᠶᠠᠭᠠᠷ᠎ᠢᠶᠠᠨ ᠮᠡᠳᠡᠳᠡᠭ ᠪᠠᠭᠠᠲᠤᠷ ᠮᠥᠨ ᠁ 》᠃ 《ᠠᠷᠠᠳ᠎ᠤᠨ ᠡᠳᠦᠷ᠎ᠦᠨ ᠰᠣᠨᠢᠨ》 (ᠭᠠᠳᠠᠭᠠᠳᠤ ᠳ᠋ᠦ ᠵᠤᠷᠢᠭᠤᠯᠤᠭᠰᠠᠨ ᠬᠡᠪᠯᠡᠯ) ᠤ᠋ ᠳᠡᠳ᠋ ᠶᠡᠷᠦᠩᠬᠡᠢ ᠨᠠᠢᠷᠠᠭᠤᠯᠤᠭ᠍ᠴᠢ ᠸᠧᠢ ᠱᠣ᠌ ᠦᠨᠡᠨ ᠪᠣᠳᠠᠲᠠᠢ ᠰᠤᠷᠪᠤᠯᠵᠢᠯᠠᠭᠰᠠᠨ ᠥᠩᠭᠡᠷᠡᠯᠲᠡ᠎ᠪᠡᠨ ᠦᠨᠳᠦᠰᠦᠯᠡᠨ ᠡᠩᠬᠡᠪᠠᠶᠠᠷ᠎ᠤᠨ ᠬᠤᠪᠢᠰᠬᠠᠯᠲᠤ ᠦᠶ᠋ᠯᠡ ᠠᠵᠢᠯᠯᠠᠭ᠎ᠠ᠎ᠶᠢ ᠡᠷᠭᠢᠴᠡᠭᠦᠯᠪᠡ᠃
《ᠡᠩᠬᠡᠪᠠᠶᠠᠷ᠎ᠤᠨ ᠨᠢᠭᠡ ᠨᠠᠰᠤ ᠬᠡᠳᠦᠢᠪᠡᠷ ᠣᠬᠣᠷᠬᠠᠨ ᠪᠣᠯᠪᠠᠴᠤ ᠲᠡᠭᠦᠨ᠎ᠦ ᠬᠢᠵᠦ ᠪᠠᠢᠭ᠎ᠠ ᠬᠤᠪᠢᠰᠬᠠᠯᠲᠤ ᠠᠵᠢᠯᠯᠠᠭ᠎ᠠ ᠨᠢ ᠬᠠᠷᠢᠨ ᠨᠤᠲᠤᠭ᠎ᠤᠨ ᠠᠷᠠᠳ ᠲᠦᠮᠡᠨ᠎ᠳᠡᠭᠡᠨ ᠡᠭᠦᠷᠢᠳᠡ ᠮᠠᠷᠲᠠᠭᠳᠠᠰᠢ ᠦᠭᠡᠢ ᠪᠥᠭᠡᠳ ᠤᠷᠠᠳ᠎ᠤᠨ ᠲᠠᠯ᠎ᠠ ᠨᠤᠲᠤᠭ᠎ᠲᠤ ᠡᠭᠦᠷᠢᠳᠡ ᠮᠠᠭᠲᠠᠨ ᠳᠠᠭᠤᠯᠠᠭᠤᠰᠢᠲᠠᠢ ᠶᠤᠮ》᠃ ᠬᠠᠨ ᠶᠦᠨ ᠹᠸᠩ᠄ 《ᠡᠨᠡ ᠬᠦ᠌ ᠳᠤᠷᠠᠰᠬᠠᠯ᠎ᠤᠨ ᠣᠷᠳᠣᠨ ᠨᠢᠭᠡᠨᠲᠡ ᠬᠤᠪᠢᠰᠬᠠᠯ᠎ᠤᠨ ᠬᠥᠮᠦᠵᠢᠯ᠎ᠦᠨ ᠰᠠᠭᠤᠷᠢᠨ ᠪᠣᠯᠵᠠᠢ᠂ ᠵᠢᠯ ᠪᠦᠷᠢ ᠲᠦᠮᠡ ᠭᠠᠷᠤᠢ ᠵᠢᠭᠤᠯᠴᠢᠯᠠᠭᠴᠢ ᠡᠨᠳᠡ ᠢᠷᠡᠵᠤ᠂ ᠬᠤᠪᠢᠰᠬᠠᠯ᠎ᠤᠨ ᠤᠯᠠ ᠮᠥᠷ᠎ᠢ ᠡᠷᠢᠯᠬᠢᠯᠡᠬᠦ ᠳᠤᠮᠳᠠ ᠤᠭ ᠰᠠᠨᠠᠭ᠎ᠠ᠎ᠪᠠᠨ ᠮᠡᠳᠡᠷᠡᠵᠦ᠂ ᠡᠷᠡᠮᠡᠬᠡᠢᠯᠡᠨ ᠤᠷᠤᠭᠰᠢᠯᠠᠬᠤ ᠬᠦᠴᠦᠨ ᠴᠢᠳᠠᠯ᠎ᠢ ᠣᠯᠵᠤ ᠪᠠᠢᠨ᠎ᠠ》 ᠭᠡᠵᠦ ᠭᠦᠨ ᠰᠡᠳᠬᠢᠯᠭᠡ᠎ᠲᠠᠢ ᠬᠡᠯᠡᠪᠡ᠃
ᠰᠢᠨ᠎ᠡ ᠴᠠᠭ ᠦᠶ᠎ᠡ᠎ᠶᠢᠨ ᠥᠷᠨᠢᠯᠲᠡ ᠳᠤᠮᠳᠠ᠂ ᠡᠨᠡ ᠬᠦ᠌ ᠬᠠᠯᠠᠭᠤᠨ ᠬᠥᠷᠥᠰᠥ ᠨᠢ ᠬᠤᠪᠢᠰᠬᠠᠯ᠎ᠤᠨ ᠤᠳᠤᠮᠰᠢᠯ᠎ᠢ ᠤᠷᠤᠭᠰᠢᠯᠠᠬᠤ ᠠᠵᠢᠯᠯᠠᠭᠠᠨ᠎ᠤ ᠬᠦᠴᠦᠨ ᠪᠣᠯᠭᠠᠵᠤ᠂ ᠴᠢᠨᠠᠷ ᠰᠠᠢᠲᠠᠢ ᠬᠥᠭᠵᠢᠯᠲᠡ᠎ᠶᠢᠨ ᠠᠮᠢᠳᠤᠯᠢᠭ᠋ ᠦᠢᠯᠡᠳᠦᠯᠭᠡ᠎ᠳᠦ ᠠᠭᠤᠰᠤᠯᠴᠠᠭᠤᠯᠪᠠ᠃
《2017 ᠣᠨ᠎ᠳᠤ᠂ ᠤᠷᠳᠤ ᠭᠤᠤᠯ ᠭᠠᠴᠠᠭ᠎ᠠ ᠳᠡᠭᠡᠳᠦ ᠱᠠᠲᠤᠨ᠎ᠤ ᠪᠡᠯᠡ ᠮᠥᠩᠭᠥ᠎ᠶᠢ 850 ᠲᠦᠮᠡᠨ ᠲᠥᠭᠥᠷᠢᠭ ᠡᠷᠡᠮᠡᠯᠵᠡᠨ ᠣᠯᠵᠤ᠂ ᠠᠮᠢ ᠠᠬᠤᠢ᠎ᠶᠢ ᠴᠡᠪᠡᠷᠰᠢᠭᠦᠯᠬᠦ ᠵᠢᠵᠢᠭ ᠰᠠᠪᠠ ᠭᠠᠵᠠᠷ᠎ᠤᠨ ᠬᠥᠷᠥᠰᠥ ᠰᠢᠷᠣᠢ᠎ᠶᠢ ᠬᠠᠮᠠᠭᠠᠯᠠᠬᠤ ᠶᠡᠷᠦᠩᠬᠡᠢᠯᠡᠨ ᠵᠠᠰᠠᠬᠤ ᠢᠨᠵᠧᠨᠧᠷᠢᠩ᠎ᠢ ᠬᠡᠷᠡᠭᠵᠢᠭᠦᠯᠵᠦ᠂ ᠣᠶ ᠰᠢᠭᠤᠢ ᠡᠪᠡᠰᠦ ᠪᠡᠯᠴᠢᠭᠡᠷ᠎ᠦᠨ ᠪᠦᠷᠬᠦᠴᠡ᠎ᠶᠢᠨ ᠨᠣᠷᠮ᠎ᠠ ᠨᠢ ᠤᠤᠯ᠎ᠤᠨ 15% ᠪᠠᠢᠭᠰᠠᠨ᠎ᠡᠴᠡ᠎ᠪᠠᠨ ᠣᠲᠣ᠌᠎ᠶᠢᠨ 84.3% ᠳ᠋ᠤ ᠬᠦᠷᠴᠦ᠂ ᠪᠠᠢᠭᠠᠯᠢ᠎ᠶᠢᠨ ᠦᠵᠡᠮᠵᠢᠳᠦ ᠦᠨᠳᠦᠰᠦᠨ ᠴᠢᠨᠠᠷᠲᠠᠢ ᠬᠤᠪᠢᠷᠠᠯᠲᠠ ᠭᠠᠷᠴᠠᠢ》 ᠭᠡᠵᠦ ᠬᠠᠨ ᠶᠦᠨ ᠹᠧᠩ ᠲᠠᠨᠢᠯᠴᠠᠭᠤᠯᠪᠠ᠃
ᠲᠣᠰᠬᠣᠨ᠎ᠤ ᠲᠤᠮᠳᠠᠬᠢ ᠵᠥᠷᠢᠭ ᠵᠠᠮ᠎ᠵᠢᠡᠷ ᠠᠯᠬᠤᠯᠠᠬᠤ᠎ᠳᠤ᠂ ᠵᠠᠮ᠎ᠤᠨ ᠬᠣᠶᠠᠷ ᠬᠠᠵᠠᠭᠤ᠎ᠶᠢᠨ ᠲᠣᠣᠷ ᠰᠡᠷᠡᠯᠵᠢ ᠳᠣᠲᠣᠷ᠎ᠠ ᠬᠠᠳᠠ ᠴᠢᠯᠠᠭᠤᠳ᠎ᠤᠨ ᠲᠤᠮᠳᠠ ᠤᠢ ᠮᠤᠳᠤᠳ ᠢᠳᠡᠷᠡᠭᠦᠨ ᠤᠷᠭᠤᠨ᠎ᠠ᠃ ᠭᠠᠴᠠᠭᠠᠨ᠎ᠤ ᠬᠠᠮᠤᠭ᠎ᠤᠨ ᠡᠮᠦᠨ᠎ᠡ ᠬᠡᠰᠡᠭ᠎ᠦᠨ ᠤᠢ᠎ᠵᠢᠨ ᠵᠢᠮᠢᠰ᠎ᠦᠨ ᠰᠠᠭᠤᠷᠢᠨ᠎ᠳᠤ᠂ ᠮᠥᠷ ᠮᠥᠷ ᠵᠢᠭᠳᠡᠷᠡᠭᠰᠡᠨ ᠠᠩᠬᠢᠯᠤᠮ᠎ᠠ ᠵᠢᠮᠢᠰ᠎ᠦᠨ ᠮᠣᠳᠣ᠌ ᠬᠦᠭᠡᠷᠡᠨ ᠨᠣᠭᠣᠭᠠᠷᠠᠵᠤ᠂ ᠮᠥᠷ ᠳᠤᠮᠳᠠ ᠨᠢ ᠠᠯᠠᠭᠯᠠᠨ ᠳᠠᠷᠢᠭ᠍ᠰᠠᠨ ᠲᠠᠷᠪᠤᠰ᠎ᠤᠨ ᠴᠢᠬᠢ᠎ᠶᠢᠨ ᠤᠷᠭᠤᠴᠠ ᠴᠤ᠌ ᠮᠠᠰᠢ ᠰᠠᠢᠨ ᠪᠠᠢᠵᠤ᠂ ᠥᠨᠳᠥᠷ ᠪᠣᠭᠣᠨᠢ ᠬᠣᠣᠰᠯᠠᠭᠰᠠᠨ ᠪᠣᠰᠣᠭ᠎ᠠ ᠪᠡᠶᠡᠲᠦ ᠲᠠᠷᠢᠮᠠᠯ᠎ᠤᠨ ᠦᠵᠡᠮᠵᠢ᠎ᠶᠢ ᠪᠦᠷᠢᠯᠳᠦᠭᠦᠯᠵᠡᠢ᠃
《ᠭᠠᠴᠠᠭᠠᠨ᠎ᠤ ᠬᠠᠮᠲᠤ᠎ᠶᠢᠨ ᠠᠵᠤ ᠠᠬᠤᠢ ᠪᠠᠭᠤᠷᠠᠢ ᠪᠠᠢᠬᠤ ᠬᠦᠴᠢᠷ ᠠᠰᠠᠭᠤᠳᠠᠯ᠎ᠢ ᠰᠢᠢᠳᠪᠦᠷᠢᠯᠡᠬᠦ᠎ᠶᠢᠨ ᠲᠥᠯᠥᠭᠡ᠂ ᠪᠢᠳᠡ ᠳᠡᠭᠡᠳᠦ ᠱᠠᠲᠤᠨ᠎ᠤ ᠲᠤᠰᠬᠠᠢ ᠪᠡᠯᠡ ᠮᠥᠩᠭᠥ᠎ᠶᠢ 125 ᠲᠦᠮᠡᠨ ᠲᠥᠭᠥᠷᠢᠭ ᠡᠷᠡᠮᠡᠯᠵᠡᠨ ᠣᠯᠵᠤ᠂ ᠾᠧᠪᠧᠢ᠎ᠶᠢᠨ ᠱᠠᠩ ᠬᠣᠩ ᠯᠢᠨ ᠭᠦᠸᠧ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠬᠢᠵᠠᠭᠠᠷᠲᠤ ᠺᠣᠮᠫᠠᠨᠢ᠎ᠲᠠᠢ ᠬᠠᠮᠲᠤᠷᠠᠨ 530 ᠮᠦ᠍ ᠣᠶᠵᠢᠨ ᠵᠢᠮᠢᠰ᠎ᠦᠨ ᠰᠠᠭᠤᠷᠢᠨ᠎ᠢ ᠪᠠᠢᠭᠤᠯᠵᠤ᠂ 〈ᠨᠠᠮ᠎ᠤᠨ ᠡᠭᠦᠷ ᠲᠠᠭᠠᠭᠤᠯᠤᠨ ᠬᠣᠷᠰᠢᠶ᠎ᠠ ᠡᠷᠬᠢᠯᠡᠬᠦ + ᠡᠯ᠎ᠡ ᠦᠨᠳᠦᠰᠦᠲᠡᠨ᠎ᠦ ᠲᠠᠷᠢᠶᠠᠴᠢᠨ ᠡᠷᠦᠬᠡ〉 ᠵᠢᠨ ᠵᠠᠭᠪᠤᠷ᠎ᠢ ᠬᠡᠷᠡᠭᠯᠡᠨ ᠠᠰᠢᠭ᠋ ᠣᠷᠣᠯᠭ᠎ᠠ᠎ᠶᠢᠨ ᠬᠤᠪᠢᠶᠠᠷᠢᠯᠠᠯᠲᠠ᠎ᠶᠢ ᠨᠢᠭᠡᠳᠦᠯᠲᠡᠢ ᠲᠥᠯᠥᠪᠵᠢᠭᠦᠯᠵᠦ᠂ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠢ ᠲᠠᠲᠠᠵᠤ ᠲᠠᠷᠢᠮᠠᠯ᠎ᠤᠨ ᠬᠠᠮᠢᠶᠠᠷᠤᠯᠲᠠ᠎ᠳᠤ ᠣᠷᠣᠯᠴᠠᠭᠤᠯᠪᠠ》 ᠭᠡᠵᠦ ᠬᠠᠨ ᠶᠦᠨ ᠹᠧᠩ ᠬᠡᠯᠡᠪᠡ᠃
ᠣᠢᠯᠠᠭᠠᠭᠰᠠᠨ᠎ᠢᠶᠠᠷ᠂ ᠲᠣᠰ ᠰᠠᠭᠤᠷᠢᠨ ᠨᠢ 《ᠣᠶ ᠵᠢᠨ ᠵᠢᠮᠢᠰ ᠤᠷᠭᠤᠭᠤᠯᠬᠤ᠂ ᠣᠶ ᠳᠣᠲᠣᠷ᠎ᠠ ᠡᠮ ᠳᠠᠷᠢᠬᠤ᠂ ᠣᠶ ᠡᠴᠡ ᠵᠢᠮᠢᠰ ᠲᠡᠭᠦᠬᠦ᠂ ᠣᠶ ᠪᠡᠷ ᠵᠢᠭᠤᠯᠴᠢᠯᠠᠬᠤ》 ᠣᠯᠠᠨ ᠡᠰᠢᠵᠢᠭᠰᠡᠨ ᠡᠵᠡᠩᠨᠡᠯᠲᠡ᠎ᠶᠢᠨ ᠬᠡᠯᠪᠡᠷᠢ᠎ᠵᠢᠨ ᠰᠢᠨ᠎ᠡ᠎ᠵᠢ ᠡᠭᠦᠳᠴᠦ᠂ ᠭᠠᠴᠠᠭᠠᠨ᠎ᠤ ᠬᠠᠮᠲᠤ᠎ᠶᠢᠨ ᠠᠵᠤ ᠠᠬᠤᠢ᠎ᠶᠢᠨ ᠵᠢᠯ᠎ᠦᠨ ᠣᠷᠣᠯᠭ᠎ᠠ᠎ᠶᠢᠨ ᠨᠡᠮᠡᠭᠳᠡᠯ᠎ᠢ 30 ᠲᠦᠮᠡᠨ ᠲᠥᠭᠥᠷᠢᠭ ᠳᠠᠶ᠋ᠢᠴᠢᠯᠠᠵᠤ᠂ 206 ᠡᠷᠦᠬᠡ᠎ᠶᠢᠨ 429 ᠨᠡᠷᠡᠰ ᠣᠯᠠᠨ ᠲᠦᠮᠡᠨ᠎ᠳᠦ ᠠᠰᠢᠭ᠋ ᠬᠦᠷᠲᠡᠭᠡᠪᠡ᠃
《ᠤᠷᠠᠳ᠎ᠤᠨ ᠡᠮᠦᠨᠡᠲᠦ ᠬᠣᠰᠢᠭᠤᠨ᠎ᠳᠤ ᠪᠠᠰᠠ ᠰᠢᠨ ᠠᠨ ᠪᠠᠯᠭᠠᠰᠤ᠎ᠶᠢᠨ ᠴᠢᠶᠠᠨ ᠵᠢᠨ ᠲᠣᠰᠬᠣᠨ᠎ᠤ ᠰᠢ ᠬᠠᠢ ᠱᠧᠩ ᠬᠤᠪᠢᠰᠬᠠᠯ᠎ᠤᠨ ᠡᠷᠲᠡ ᠴᠢᠯᠦᠭᠡᠯᠡᠭᠳᠡᠭᠰᠡᠨ ᠣᠷᠣᠨ᠂ ᠳ᠋ᠦᠩ ᠸᠠᠨ ᠽᠢ ᠬᠤᠪᠢᠰᠬᠠᠯ᠎ᠤᠨ ᠡᠷᠲᠡ ᠴᠢᠯᠦᠭᠡᠯᠡᠭᠳᠡᠭᠰᠡᠨ ᠣᠷᠣᠨ᠂ ᠰᠢᠶᠠᠨ ᠹᠸᠩ ᠪᠠᠯᠭᠠᠰᠤᠨ᠎ᠤ ᠸᠠᠩᠶ᠌ᠢᠨ ᠺᠦᠢ ᠲᠣᠰᠬᠣᠨ᠎ᠤ ᠬᠤᠪᠢᠰᠬᠠᠯ᠎ᠤᠨ ᠡᠷᠲᠡ ᠴᠢᠯᠦᠭᠡᠯᠡᠭᠳᠡᠭᠰᠡᠨ ᠣᠷᠣᠨ᠂ ᠭᠦᠩ᠎ᠤᠨ ᠰᠦᠮ᠎ᠡ ᠲᠣᠰᠬᠣᠨ᠎ᠤ ᠬᠤᠪᠢᠰᠬᠠᠯ᠎ᠤᠨ ᠡᠷᠲᠡ ᠴᠢᠯᠦᠭᠡᠯᠡᠭᠳᠡᠭᠰᠡᠨ ᠣᠷᠣᠨ ᠪᠤᠢ᠂ ᠨᠡᠩ ᠴᠤ᠌ ᠵᠦᠩ ᠲᠠᠨ᠎ᠤ ᠶᠠᠫᠤᠨ᠎ᠢ ᠡᠰᠡᠷᠭᠦᠴᠡᠬᠦ ᠲᠠᠢ᠍ᠢᠨ᠎ᠦ ᠳᠤᠷᠠᠰᠬᠠᠯ᠎ᠤᠨ ᠦᠵᠡᠭᠦᠯᠭᠡ᠎ᠶᠢᠨ ᠣᠷᠳᠣᠨ ᠪᠤᠢ》᠃ ᠤᠷᠠᠳ᠎ᠤᠨ ᠡᠮᠦᠨᠡᠲᠦ ᠬᠣᠰᠢᠭᠤᠨ᠎ᠤ ᠡᠷᠲᠡ ᠴᠢᠯᠦᠭᠡᠯᠡᠭᠳᠡᠭᠰᠡᠨ ᠣᠷᠣᠨ᠎ᠤ ᠪᠦᠲᠦᠭᠡᠨ ᠪᠠᠢᠭᠤᠯᠤᠯᠲᠠ᠎ᠶᠢ ᠠᠬᠢᠭᠤᠯᠬᠤ ᠬᠤᠷᠠᠯ᠎ᠦᠨ ᠤᠤᠯ᠎ᠤᠨ ᠳᠡᠳ᠋ ᠳᠠᠷᠤᠭ᠎ᠠ ᠲᠠᠪᠢᠨᠲ᠋ᠠᠪᠤ᠄ 《ᠵᠦᠩ ᠲᠠᠨ ᠣᠷᠣᠨ᠎ᠤ ᠭᠠᠵᠠᠷ ᠵᠦᠢ᠎ᠶᠢᠨ ᠪᠠᠢᠷᠢᠯᠠᠯ ᠲᠤᠢᠯ᠎ᠤᠨ ᠴᠢᠬᠤᠯᠠ ᠪᠣᠯᠬᠣᠷ 1938 ᠣᠨ᠎ᠤ ᠵᠤᠨ᠎ᠡᠴᠡ 1940 ᠣᠨ᠎ᠤ ᠬᠠᠪᠤᠷ ᠪᠣᠯᠲᠠᠯ᠎ᠠ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠰᠦᠢ ᠮᠸᠩ᠎ᠤᠨ ᠠᠵᠢᠯ᠎ᠤᠨ ᠬᠣᠷᠢᠶ᠎ᠠ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶᠠᠨ᠎ᠤ ᠵᠢᠭᠠᠪᠤᠷᠢ᠎ᠶᠢ ᠦᠨᠳᠦᠰᠦᠯᠡᠨ᠂ ᠶᠠᠫᠤᠨ᠎ᠢ ᠡᠰᠡᠷᠭᠦᠴᠡᠬᠦ ᠳᠠᠢ᠍ᠢᠨ᠎ᠦ ᠦᠶ᠎ᠡ᠎ᠶᠢᠨ ᠤᠷᠠᠳ᠎ᠤᠨ ᠡᠮᠦᠨᠡᠲᠦ ᠬᠣᠰᠢᠭᠤᠨ᠎ᠤ ᠴᠤᠷ᠎ᠤᠨ ᠭᠠᠭᠴᠠ ᠨᠠᠢ᠍ᠮᠠᠳᠤᠭᠠᠷ ᠵᠠᠮ᠎ᠤᠨ ᠴᠡᠷᠢᠭ᠎ᠦᠨ ᠵᠢᠩᠬᠢᠨᠢ ᠴᠡᠷᠢᠭ ᠠᠩᠭᠢ — ᠳᠠᠯᠠᠨ ᠬᠠᠷ᠎ᠠ ᠠᠭᠤᠯᠠ᠎ᠶᠢᠨ ᠬᠣᠯᠪᠣᠭ᠎ᠠ ᠠᠪᠬᠤ ᠰᠠᠯᠪᠤᠷᠢ ᠠᠩᠭᠢ᠎ᠶᠢᠨ ᠵᠦᠩ ᠲᠠᠨ ᠤ ᠳᠤᠮᠳᠠ ᠠᠩᠭᠢ᠎ᠶᠢ ᠪᠠᠢᠭᠤᠯᠵᠤ᠂ ᠲᠤᠰ ᠭᠠᠵᠠᠷ ᠣᠷᠣᠨ᠎ᠤ ᠴᠡᠷᠢᠭ ᠠᠷᠠᠳ᠎ᠢ ᠤᠳᠤᠷᠢᠳᠤᠨ ᠶᠠᠫᠤᠨ᠎ᠢ ᠡᠰᠡᠷᠭᠦᠴᠡᠵᠦ ᠮᠥᠬᠥᠯ᠎ᠡᠴᠡ ᠠᠪᠤᠷᠠᠬᠤ ᠰᠦᠷ ᠳᠠᠯᠠᠢᠴᠠᠲᠠᠢ ᠬᠥᠳᠡᠯᠭᠡᠭᠡᠨ᠎ᠢ ᠥᠷᠨᠢᠭᠦᠯᠪᠡ᠃ ᠥᠩᠭᠡᠷᠡᠭᠰᠡᠨ ᠵᠠᠮ᠎ᠢᠶᠠᠨ ᠡᠷᠭᠢᠴᠡᠭᠦᠯᠬᠦᠶ᠎ᠡ᠂ ᠲᠣᠭ᠎ᠠ ᠲᠣᠮᠰᠢ ᠦᠭᠡᠢ ᠴᠢᠬᠡᠴᠢ ᠵᠢᠷᠤᠮᠲᠠᠨ ᠮᠠᠭᠲᠠᠨ ᠳᠠᠭᠤᠯᠠᠭᠤᠰᠢᠲᠠᠢ ᠪᠠᠭᠠᠲᠤᠷᠯᠢᠭ᠋ ᠳᠠᠭᠤᠯᠠᠯ᠎ᠢ ᠪᠢᠴᠢᠭᠯᠡᠭᠰᠡᠨ ᠶᠤᠮ᠃ ᠡᠳᠡᠭᠡᠷ ᠬᠤᠪᠢᠰᠬᠠᠯᠲᠤ ᠳᠤᠷᠠᠰᠤᠮᠵᠢ ᠨᠢ ᠲᠤᠬᠠᠢ᠎ᠶᠢᠨ ᠭᠠᠵᠠᠷ᠎ᠤᠨ ᠺᠠᠳ᠋ᠷ ᠤᠯᠠᠨ ᠲᠦᠮᠡᠨ᠎ᠦ ᠴᠥᠬᠥᠷᠡᠰᠢ ᠦᠭᠡᠢ ᠲᠡᠮᠡᠴᠡᠬᠦ ᠵᠣᠷᠢᠭ᠋ ᠰᠠᠨᠠᠭᠠᠨ᠎ᠤ ᠬᠦᠴᠦᠨ ᠪᠣᠯᠵᠠᠢ》 ᠭᠡᠵᠦ ᠲᠠᠨᠢᠯᠴᠠᠭᠤᠯᠪᠠ᠃
ᠤᠭ ᠰᠠᠨᠠᠭ᠎ᠠ᠎ᠪᠠᠨ ᠬᠤᠪᠢᠷᠠᠭᠤᠯᠬᠤ ᠦᠭᠡᠢ᠂ ᠦᠶ᠎ᠡ ᠤᠯᠠᠷᠢᠨ ᠤᠯᠠᠮᠵᠢᠯᠠᠨ᠎ᠠ᠃ ᠳᠤᠷᠠᠰᠬᠠᠯ᠎ᠤᠨ ᠣᠷᠳᠣᠨ᠎ᠤ ᠵᠣᠷᠢᠭ᠋ ᠰᠠᠨᠠᠭᠠᠨ᠎ᠤ ᠤᠯᠠᠮᠵᠢᠯᠠᠯ᠎ᠡᠴᠡ ᠲᠠᠷᠢᠶᠠᠴᠢᠨ ᠡᠷᠦᠬᠡ᠎ᠶᠢᠨ ᠳᠠᠩᠰᠠᠨ ᠳᠡᠪᠲᠡᠷᠲᠡᠬᠢ ᠣᠷᠣᠯᠭ᠎ᠠ ᠵᠢᠨ ᠨᠡᠮᠡᠭᠳᠡᠯ ᠬᠦᠷᠲᠡᠯ᠎ᠡ᠂ ᠤᠷᠠᠳ᠎ᠤᠨ ᠡᠮᠦᠨᠡᠲᠦ ᠬᠣᠰᠢᠭᠤᠨ᠎ᠤ ᠡᠨᠡ ᠬᠦ᠌ ᠬᠤᠪᠢᠰᠬᠠᠯ᠎ᠤᠨ ᠬᠠᠯᠠᠭᠤᠨ ᠬᠥᠷᠥᠰᠥ ᠨᠢ ᠶᠠᠭ ᠣᠳᠣᠬᠢᠴᠢᠯᠠᠯᠲᠠ᠎ᠶᠢᠨ ᠪᠦᠲᠦᠭᠡᠨ ᠪᠠᠢᠭᠤᠯᠤᠯᠲᠠ᠎ᠶᠢᠨ ᠰᠢᠨ᠎ᠡ ᠬᠠᠭᠤᠳᠠᠰᠤ᠎ᠶᠢ ᠪᠢᠴᠢᠭᠯᠡᠵᠦ ᠪᠠᠢᠨ᠎ᠠ᠃
ᠰᠤᠷᠪᠤᠯᠵᠢᠯᠠᠭ᠍ᠴᠢ᠎ᠶᠢᠨ ᠡᠪᠦᠷ ᠲᠡᠮᠳᠡᠭᠯᠡᠯ
ᠲᠡᠷᠡ ᠡᠳᠦᠷ ᠬᠠᠨ ᠶᠦᠨ ᠹᠧᠩ ᠨᠠᠮᠠᠶ᠋ᠢ ᠳᠠᠭᠠᠭᠤᠯᠵᠤ ᠭᠠᠴᠠᠭᠠᠨ᠎ᠡᠴᠡ ᠭᠠᠷᠴᠤ᠂ ᠬᠣᠢᠲᠤ ᠲᠠᠯ᠎ᠠ᠎ᠶᠢᠨ ᠰᠢᠨ᠎ᠡ᠎ᠪᠡᠷ ᠵᠠᠰᠠᠭᠰᠠᠨ ᠰᠢᠯᠤᠭᠤᠨ ᠲᠠᠷᠳᠠᠩ ᠴᠠᠷᠳᠠᠮᠠᠯ ᠵᠠᠮ᠎ᠢᠶᠠᠷ ᠵᠡᠭᠦᠨᠰᠢ ᠶᠠᠪᠤᠵᠤ᠂ ᠨᠢᠭᠡ ᠺᠢᠯᠣᠮᠧᠲᠷ᠎ᠤᠨ ᠴᠠᠭᠠᠨᠠᠬᠢ ᠦᠨᠳᠦᠷ ᠬᠦᠲᠦᠯ᠎ᠳᠤ ᠭᠠᠷᠴᠠᠢ᠃ ᠦᠨᠳᠦᠷ ᠳᠡᠭᠡᠷ᠎ᠡ ᠡᠴᠡ ᠡᠷᠬᠢᠨ ᠬᠠᠷᠠᠬᠤ᠎ᠳᠤ ᠂ ᠣᠷᠳᠣ᠌ ᠭᠣᠣᠯ ᠭᠠᠴᠠᠭ᠎ᠠ ᠨᠣᠭᠣᠭᠠᠨ ᠥᠩᠭᠡ᠎ᠪᠡᠷ ᠬᠦᠷᠢᠶᠡᠯᠡᠭᠳᠡᠵᠦ᠂ ᠮᠤᠨᠠ ᠠᠭᠤᠯᠠ᠎ᠶᠢᠨ ᠡᠩᠭᠡᠷᠲᠡᠬᠢ ᠨᠣᠭᠣᠭᠠᠨ ᠬᠠᠰ ᠬᠡᠮᠡᠷ ᠬᠠᠷᠠᠭᠳᠠᠨ᠎ᠠ᠃
ᠬᠠᠨ ᠶᠦᠨ ᠹᠸᠩ ᠪᠠᠰᠠ ᠨᠠᠮ᠎ᠠ᠎ᠵᠢ ᠳᠠᠭᠠᠭᠤᠯᠵᠤ ᠤᠤᠯ᠎ᠤᠨ ᠵᠠᠮ᠎ᠢᠶᠠᠷ᠎ᠢᠶᠠᠨ ᠪᠤᠴᠠᠵᠤ᠂ ᠮᠤᠨᠠ ᠠᠭᠤᠯᠠ᠎ᠶᠢᠨ ᠪᠠᠢᠭᠠᠯᠢ᠎ᠶᠢᠨ ᠬᠠᠮᠠᠭᠠᠯᠠᠯᠲᠠ᠎ᠶᠢᠨ ᠣᠷᠣᠨ᠎ᠤ ᠰᠢᠶᠣᠣ ᠮᠢᠶᠣᠣ ᠭᠧᠦ ᠬᠠᠮᠢᠶᠠᠷᠤᠯᠲᠠ᠎ᠶᠢᠨ ᠦᠷᠳᠡᠭᠡ᠎ᠳᠦ ᠬᠦᠷᠪᠡ᠃ ᠪᠢᠳᠡ ᠬᠠᠮᠢᠶᠠᠷᠤᠯᠲᠠ᠎ᠶᠢᠨ ᠠᠵᠢᠯᠲᠠᠨ᠎ᠢ ᠳᠠᠭᠠᠵᠤ ᠤᠮᠠᠷᠠᠰᠢ ᠮᠤᠨᠠ ᠠᠭᠤᠯᠠ᠎ᠶᠢᠨ ᠥᠷᠥᠴᠡᠨ᠎ᠳᠦ ᠣᠷᠣᠬᠤ᠎ᠳᠤ ᠪᠠᠷᠤᠭ ᠠᠷᠪᠠᠨ ᠬᠡᠳᠦᠨ ᠮᠢᠨᠦ᠋ᠲ ᠬᠡᠷᠡᠭᠰᠡᠪᠡ᠂ ᠮᠠᠨ᠎ᠤ ᠵᠡᠭᠦᠨ ᠭᠠᠷ ᠲᠠᠯ᠎ᠠ᠎ᠳᠤ᠂ ᠨᠢᠭᠡ ᠬᠦᠷᠬᠢᠷ᠎ᠡ ᠬᠡᠳᠦᠨ ᠠᠷᠪᠠᠨ ᠮᠧᠲᠷ᠎ᠦᠨ ᠦᠨᠳᠦᠷ᠎ᠠᠴᠠ ᠤᠷᠤᠰ᠎ᠤᠨ ᠪᠠᠭᠤᠵᠤ᠂ ᠰᠢᠷᠦᠭᠦᠨ ᠤᠷᠤᠰᠬᠠᠯ ᠨᠢ ᠳᠣᠣᠷ᠎ᠠ ᠲᠠᠯ᠎ᠠ ᠵᠢᠨ ᠴᠢᠯᠠᠭᠤᠨ ᠳᠡᠭᠡᠷ᠎ᠡ ᠳᠤᠰᠴᠤ᠂ ᠠᠭᠤᠯᠠᠨ ᠬᠥᠨᠳᠡᠢ᠎ᠳᠦ ᠯᠤᠲᠤ ᠶᠡᠬᠡ ᠴᠤᠤᠷᠢᠶ᠎ᠠ ᠡᠭᠦᠰᠭᠡᠪᠡ᠃ 《ᠵᠢᠭᠤᠯᠴᠢᠯᠠᠯ ᠬᠢᠬᠦ᠎ᠳᠦ ᠬᠦᠷᠪᠡᠯ᠂ ᠪᠤᠰᠤᠳ ᠦᠵᠡᠮᠵᠢ᠎ᠶᠢᠨ ᠣᠷᠣᠨ᠎ᠠᠴᠠ ᠳᠣᠣᠷ᠎ᠠ ᠦᠭᠡᠢ ᠪᠢᠵᠡ?》 ᠭᠡᠵᠦ ᠬᠠᠨ ᠶᠦᠨ ᠹᠧᠩ ᠨᠠᠮ᠎ᠠ᠎ᠶᠢ ᠬᠠᠷᠠᠵᠤ ᠬᠡᠯᠡᠪᠡ᠃
ᠪᠢ ᠬᠢᠴᠢᠶᠡᠮᠵᠢᠲᠡᠢ᠎ᠪᠡᠷ ᠴᠢᠯᠠᠭᠤᠨ ᠳᠡᠭᠡᠷ᠎ᠡ ᠭᠢᠰᠬᠢᠵᠦ᠂ ᠬᠦᠷᠬᠢᠷ᠎ᠡ᠎ᠶᠢᠨ ᠳᠣᠣᠷ᠎ᠠ ᠬᠦᠷᠴᠦ᠂ ᠬᠦᠢᠲᠡᠨ ᠪᠤᠯᠠᠭ᠎ᠤᠨ ᠤᠰᠤ᠎ᠶᠢ ᠤᠤᠭᠤᠵᠤ ᠳᠤᠲᠤᠷ᠎ᠠ ᠤᠩᠭᠤᠢᠯᠠ᠃ ᠡᠩᠬᠡᠪᠠᠶᠠᠷ ᠡᠨᠡ ᠬᠦ᠌ ᠲᠠᠯ᠎ᠠ ᠨᠤᠲᠤᠭ᠎ᠲᠤ ᠲᠣᠭ ᠡᠷᠭᠦᠬᠦ᠎ᠳᠡᠭᠡᠨ᠂ ᠡᠨᠳᠡ ᠠᠯᠢ ᠨᠢᠭᠡᠨ ᠡᠳᠦᠷ ᠠᠭᠤᠯᠠ ᠲᠠᠯ᠎ᠠ ᠳᠦᠭᠦᠷᠡᠩ ᠵᠢᠮᠢᠰ᠎ᠦᠨ ᠮᠣᠳᠣ᠌ ᠤᠷᠭᠤᠵᠤ᠂ ᠠᠭᠤᠯᠠᠨ ᠬᠣᠷᠮᠣᠢ᠎ᠶᠢᠨ ᠬᠦᠷᠬᠢᠷ᠎ᠡ ᠨᠢ ᠦᠵᠡᠮᠵᠢ ᠪᠣᠯᠵᠤ᠂ ᠴᠠᠷᠳᠠᠮᠠᠯ ᠵᠠᠮ ᠳᠥᠷᠪᠡᠨ ᠵᠦᠭ ᠨᠠᠢ᠍ᠮᠠᠨ ᠵᠣᠪᠬᠢᠰ᠎ᠲᠤ ᠨᠡᠪᠲᠡᠷᠡᠵᠦ᠂ ᠨᠣᠭᠣᠭᠠᠨ ᠮᠣᠳᠣᠳ ᠲᠣᠰᠬᠣᠨ᠎ᠢ ᠬᠦᠷᠢᠶᠡᠯᠡᠨ᠂ ᠠᠷᠠᠳ ᠲᠦᠮᠡᠨ ᠵᠣᠯ ᠵᠢᠷᠭᠠᠯ᠎ᠲᠠᠢ ᠠᠮᠤᠷ ᠠᠮᠤᠭᠤᠯᠠᠩ ᠠᠮᠢᠳᠤᠷᠠᠵᠤ ᠪᠠᠢᠬᠤ᠎ᠶᠢ ᠬᠦᠰᠡᠨ ᠮᠥᠷᠥᠭᠡᠳᠴᠦ ᠥᠩᠭᠡᠷᠡᠭᠰᠡᠨ ᠪᠠᠢᠬ᠎ᠠ ᠭᠡᠵᠦ ᠪᠤᠳᠤᠯ᠎ᠠ᠃