ᠤᠯᠠᠭᠠᠨᠬᠠᠳᠠ ᠬᠣᠲᠠ ᠶ᠋ᠢᠨ ᠬᠤᠩᠱᠠᠨ ᠲᠣᠭᠣᠷᠢᠭ ᠤ᠋ᠨ ᠢᠩᠭᠡ ᠶ᠋ᠢᠨ ᠭᠤᠤᠯ ᠤ᠋ᠨ ᠵᠡᠭᠦᠨ ᠲᠠᠨᠵᠢᠨ ᠳ᠋ᠦ ᠬᠦᠷᠡᠩ ᠤᠯᠠᠭᠠᠨ ᠠᠭᠤᠯᠠ ᠰᠦᠨᠳᠡᠷᠯᠡᠵᠤ᠂ ᠡᠨᠡ ᠬᠦ᠌ 《ᠬᠤᠩᠱᠠᠨ(ᠤᠯᠠᠭᠠᠨ ᠬᠠᠳᠠ)》 ᠭᠡᠮᠡᠬᠦ ᠬᠠᠴᠢᠨ ᠣᠷᠭᠢᠯ ᠨᠢ ᠳᠡᠯᠡᠬᠡᠶ ᠳ᠋ᠠᠬᠢᠨ ᠢ᠋ ᠳᠣᠩᠰᠣᠯᠭᠠᠭᠰᠠᠨ ᠬᠠᠭᠤᠴᠢ ᠰᠤᠳᠤᠯᠤᠯ ᠤ᠋ᠨ ᠰᠣᠶᠣᠯ — ᠬᠤᠩᠱᠠᠨ ᠰᠣᠶᠣᠯ ᠢ᠋ ᠳᠤᠮᠳᠠᠳᠤ ᠶ᠋ᠢᠨ ᠪᠣᠯᠪᠠᠰᠤᠨ ᠤ᠋ ᠭᠸᠨ ᠳ᠋ᠦ ᠰᠡᠶ᠋ᠢᠯᠵᠤ ᠤᠷᠤᠭᠤᠯᠪᠠ᠃
ᠬᠤᠩᠱᠠᠨ ᠰᠣᠶᠣᠯ ᠬᠦᠮᠦᠰ ᠲᠦ᠍ ᠲᠤᠢᠯ ᠤ᠋ᠨ ᠴᠢᠬᠤᠯᠠ ᠠᠴᠢ ᠬᠣᠯᠪᠣᠭᠳᠠᠯ ᠲᠠᠢ᠃ ᠶᠠᠭ ᠬᠠᠭᠤᠴᠢ ᠰᠤᠳᠤᠯᠤᠯ ᠤ᠋ᠨ ᠠᠯᠳᠠᠷᠳᠦ ᠡᠷᠳᠡᠮᠳᠡᠨ ᠰᠣ᠌ ᠪᠢᠩ ᠴᠢ ᠠᠪᠤᠭᠠᠢ ᠶ᠋ᠢᠨ ᠬᠡᠯᠡᠭᠰᠡᠨᠴᠢᠯᠡᠨ᠄ ᠬᠤᠩᠱᠠᠨ ᠰᠣᠶᠣᠯ ᠪᠣᠯ ᠳᠤᠮᠳᠠᠳᠤ ᠶ᠋ᠢᠨ ᠪᠣᠯᠪᠠᠰᠤᠨ ᠤ᠋ ᠭᠤᠤᠯ ᠦᠨᠳᠦᠰᠦ ᠶ᠋ᠢᠨ ᠰᠢᠰᠲ᠋ᠧᠮ᠂ ᠮᠥᠨ ᠴᠦ᠍ ᠬᠠᠮᠤᠭ ᠤ᠋ᠨ ᠴᠢᠬᠤᠯᠠ ᠤᠭ ᠦᠨᠳᠦᠰᠦ ᠪᠤᠯᠤᠨ᠎ᠠ᠃
1971 ᠣᠨ ᠳ᠋ᠦ᠂ ᠬᠤᠩᠱᠠᠨ ᠰᠣᠶᠣᠯ ᠤ᠋ᠨ ᠪᠠᠭᠤᠷᠢ ᠡᠴᠡ ᠣᠯᠳᠠᠭᠰᠠᠨ ᠬᠠᠰ ᠯᠣᠣ ᠤᠯᠠᠭᠠᠨᠬᠠᠳᠠ ᠳ᠋ᠦ ᠠᠩᠬ᠎ᠠ ᠢᠯᠡᠷᠡᠬᠦ᠌ ᠦᠶᠡᠰ ᠲᠡᠦᠬᠡ ᠶ᠋ᠢᠨ ᠤᠬᠠᠭᠠᠨ ᠤ᠋ ᠬᠢᠨ ᠪᠤᠯᠤᠨ ᠬᠠᠭᠤᠴᠢ ᠰᠤᠳᠤᠯᠤᠯ ᠤ᠋ᠨ ᠬᠢᠨ ᠢ᠋ ᠲᠤᠩᠰᠤᠯᠭᠠᠵᠦ᠂ ᠲᠡᠭᠦᠨ ᠢ᠋ 《ᠳᠤᠮᠳᠠᠳᠤ ᠶ᠋ᠢᠨ ᠲᠡᠷᠢᠭᠦᠨ ᠯᠣᠣ》 ᠬᠡᠮᠡᠨ ᠨᠡᠷᠡᠯᠡᠵᠦ᠍ ᠪᠠᠶ᠋ᠢᠪᠠ᠃ ᠯᠣᠣ ᠪᠣᠯ ᠳᠤᠮᠳᠠᠳᠤ ᠶ᠋ᠢᠨ ᠦᠨᠳᠦᠰᠦᠲᠡᠨ ᠤ᠋ ᠡᠷᠲᠡ ᠢᠵᠠᠭᠤᠷ ᠤ᠋ᠨ ᠲᠣᠲ᠋ᠧᠮ ᠪᠤᠯᠤᠨ᠎ᠠ᠂ ᠡᠨᠡ ᠬᠦ᠌ ᠢᠯᠡᠷᠡᠭᠦᠯᠦᠯᠲᠡ ᠨᠢ ᠳᠤᠮᠳᠠᠳᠤ ᠶ᠋ᠢᠨ ᠡᠷᠲᠡᠨ ᠤ᠋ ᠪᠣᠯᠪᠠᠰᠤᠨ ᠤ᠋ ᠠᠩᠬᠠᠨ ᠤ᠋ ᠪᠠᠶ᠋ᠢᠷᠢᠰᠢᠯ ᠢ᠋ ᠢᠯᠡᠷᠡᠭᠦᠯᠵᠦ᠍᠂ ᠬᠤᠩᠱᠠᠨ ᠰᠣᠶᠣᠯ ᠪᠣᠯ ᠳᠤᠮᠳᠠᠳᠤ ᠶ᠋ᠢᠨ ᠪᠣᠯᠪᠠᠰᠤᠨ ᠤ᠋ ᠴᠢᠬᠤᠯᠠ ᠡᠬᠢ ᠰᠤᠷᠪᠤᠯᠵᠢ ᠶ᠋ᠢᠨ ᠨᠢᠭᠡ ᠪᠣᠯᠬᠤ ᠵᠢ ᠭᠡᠷᠡᠴᠢᠯᠡᠵᠠᠢ᠃
《1908 ᠣᠨ ᠳ᠋ᠦ ᠤᠯᠠᠭᠠᠨᠬᠠᠳᠠ ᠶ᠋ᠢᠨ ᠬᠤᠩᠱᠠᠨ ᠰᠣᠶᠣᠯ ᠤ᠋ᠨ ᠦᠯᠡᠳᠡᠭᠳᠡᠯ ᠢ᠋ ᠤᠯᠠᠭᠠᠨᠬᠠᠳᠠ ᠶ᠋ᠢᠨ ᠬᠤᠩᠱᠠᠨ ᠡᠴᠡ ᠠᠩᠬ᠎ᠠ ᠢᠯᠡᠷᠡᠭᠦᠯᠵᠦ᠍᠂ ᠳᠡᠯᠡᠬᠡᠢ ᠳ᠋ᠠᠬᠢᠨ ᠢ᠋ᠶ᠋ᠠᠷ ᠢ᠋ᠶ᠋ᠠᠨ ᠡᠨᠡ ᠬᠦ᠌ ᠨᠤᠲᠤᠭ ᠳᠡᠪᠢᠰᠬᠡᠷ ᠳᠡᠭᠡᠷ᠎ᠡ ᠪᠠᠯᠠᠷ ᠡᠷᠲᠡᠨ ᠤ᠋ ᠪᠣᠯᠪᠠᠰᠤᠨ ᠣᠷᠣᠰᠢᠵᠤ ᠪᠠᠶ᠋ᠢᠭᠰᠠᠨ ᠢ᠋ ᠮᠡᠳᠡᠵᠡᠢ᠃ 1954 ᠣᠨ ᠳ᠋ᠦ ᠮᠠᠨ ᠤ᠋ ᠤᠯᠤᠰ ᠤ᠋ᠨ ᠠᠯᠳᠠᠷᠲᠤ᠌ ᠬᠠᠭᠤᠴᠢ ᠰᠤᠳᠤᠯᠤᠭᠴᠢ ᠶᠢᠨ ᠳ᠋ᠡ ᠠᠪᠤᠭᠠᠢ 〈ᠳᠤᠮᠳᠠᠳᠤ ᠤᠯᠤᠰ ᠤ᠋ᠨ ᠰᠢᠨ᠎ᠡ ᠴᠢᠯᠠᠭᠤᠨ ᠵᠡᠪᠰᠡᠭ ᠤ᠋ᠨ ᠦᠶ᠎ᠡ〉 ᠭᠡᠬᠦ᠌ ᠨᠣᠮ ᠳ᠋ᠠᠭᠠᠨ ᠬᠤᠩᠱᠠᠨ ᠠᠭᠤᠯᠠᠨ ᠤ᠋ ᠠᠷᠤ ᠲᠠᠯ᠎ᠠ ᠡᠴᠡ ᠮᠠᠯᠲᠠᠵᠤ ᠭᠠᠷᠭᠠᠭᠰᠠᠨ ᠡᠶ᠋ᠢᠮᠦᠷᠬᠦᠦ ᠰᠢᠨ᠎ᠡ ᠴᠢᠯᠠᠭᠤᠨ ᠵᠡᠪᠰᠡᠭ ᠤ᠋ᠨ ᠦᠶ᠎ᠡ ᠶ᠋ᠢᠨ ᠬᠠᠭᠤᠴᠢ ᠰᠤᠳᠤᠯᠤᠯ ᠤ᠋ᠨ ᠰᠣᠶᠣᠯ ᠢ᠋ ᠵᠢᠩᠬᠢᠨᠢ ᠪᠡᠷ 〈ᠬᠤᠩᠱᠠᠨ ᠰᠣᠶᠣᠯ〉 ᠬᠡᠮᠡᠨ ᠨᠡᠷᠡᠶ᠋ᠢᠳᠴᠦ᠍᠂ ᠲᠡᠭᠦᠨ ᠤ᠋ ᠪᠡᠶ᠎ᠡ ᠪᠡᠨ ᠳᠠᠭᠠᠭᠠᠭᠰᠠᠨ ᠰᠣᠶᠣᠯ ᠤ᠋ᠨ ᠪᠠᠶ᠋ᠢᠷᠢ ᠰᠠᠭᠤᠷᠢ ᠵᠢ ᠲᠣᠳᠣᠷᠬᠠᠶ᠋ᠢᠯᠠᠭᠰᠠᠨ ᠶᠤᠮ》 ᠭᠡᠵᠦ ᠬᠤᠩᠱᠠᠨ ᠲᠣᠭᠣᠷᠢᠭ ᠤ᠋ᠨ ᠰᠣᠶᠣᠯ ᠵᠢᠭᠤᠯᠴᠢᠯᠠᠯ ᠪᠡᠶ᠎ᠡ ᠶ᠋ᠢᠨ ᠲᠠᠮᠢᠷ ᠤ᠋ᠨ ᠲᠤᠪᠴᠢᠶ᠎ᠠ ᠵᠢᠨ ᠬᠠᠭᠤᠴᠢ ᠰᠤᠳᠤᠯᠤᠯ ᠤ᠋ᠨ ᠬᠠᠮᠠᠭᠠᠯᠠᠯᠲᠠ ᠶ᠋ᠢᠨ ᠲᠠᠰᠤᠭ ᠤ᠋ᠨ ᠳᠠᠷᠤᠭ᠎ᠠ ᠵᠧᠦ ᠢᠦᠶ ᠱ᠌ᠢ ᠲᠠᠨᠢᠯᠴᠠᠭᠤᠯᠤᠨ᠎ᠠ᠃
ᠬᠤᠩᠱᠠᠨ ᠰᠣᠶᠣᠯ ᠤ᠋ᠨ ᠲᠠᠷᠬᠠᠯᠲᠠ ᠶ᠋ᠢᠨ ᠬᠡᠪᠴᠢᠶ᠎ᠡ ᠥᠷᠭᠡᠨ ᠳᠡᠯᠭᠡᠷ ᠪᠠᠶ᠋ᠢᠵᠤ᠂ ᠰᠢᠷᠠᠮᠥ᠋ᠷᠡᠨ᠂ ᠯᠤᠤᠬ᠎ᠠ ᠶ᠋ᠢᠨ ᠭᠣᠣᠯ ᠵᠢᠴᠢ ᠤ᠌ᠤ ᠮᠦᠷᠡᠨ ᠪᠤᠯᠤᠨ ᠮᠢᠩᠭᠠᠨ ᠭᠣᠣᠯ ᠤ᠋ᠨ ᠰᠠᠪᠠ ᠭᠠᠵᠠᠷ ᠪᠣᠯ ᠲᠡᠭᠦᠨ ᠤ᠋ ᠭᠣᠣᠯ ᠳᠠᠷᠬᠠᠯᠳᠠ ᠶ᠋ᠢᠨ ᠣᠷᠣᠨ ᠪᠣᠯᠤᠨ᠎ᠠ᠃ ᠬᠤᠩᠱᠠᠨ ᠰᠣᠶᠣᠯ ᠢ᠋ ᠨᠡᠷᠡᠶ᠋ᠢᠳᠦᠭᠰᠡᠨ ᠡᠴᠡ ᠨᠠᠭᠠᠰᠢ᠂ ᠲᠡᠭᠦᠨ ᠤ᠋ ᠢᠯᠡᠷᠡᠭᠦᠯᠦᠯᠲᠡ ᠪᠠ ᠰᠤᠳᠤᠯᠭᠠᠨ ᠳ᠋ᠤ ᠠᠯᠢ ᠣᠯᠠᠨ ᠴᠢᠬᠤᠯᠠ ᠦᠷ᠎ᠡ ᠪᠦᠲᠦᠭᠡᠯ ᠣᠯᠵᠤ᠂ ᠥᠪᠥᠷ ᠮᠣᠩᠭᠣᠯ ᠤ᠋ᠨ ᠤᠯᠠᠭᠠᠨᠬᠠᠳᠠ ᠬᠢᠭᠡᠳ ᠯᠢᠶᠣᠤᠨᠢᠩ ᠤ᠋ᠨ ᠴᠤᠤᠶᠠᠩ ᠬᠣᠶᠠᠷ ᠭᠠᠵᠠᠷ ᠡᠴᠡ ᠬᠤᠩᠱᠠᠨ ᠰᠣᠶᠣᠯ ᠤ᠋ᠨ ᠡᠯ᠎ᠡ ᠲᠥᠷᠥᠯ ᠤ᠋ᠨ ᠪᠠᠭᠤᠷᠢ ᠵᠢ 1100 ᠭᠠᠷᠤᠶ ᠢᠯᠡᠷᠡᠭᠦᠯᠵᠦ᠍᠂ ᠬᠤᠩᠱᠠᠨ ᠰᠣᠶᠣᠯ ᠤ᠋ᠨ ᠳᠤᠮᠳᠠᠳᠤ ᠶ᠋ᠢᠨ ᠪᠣᠯᠪᠠᠰᠤᠨ ᠤ᠋ ᠡᠭᠦᠰᠦᠯ ᠤ᠋ᠨ ᠰᠤᠳᠤᠯᠭᠠᠨ ᠳ᠋ᠠᠬᠢ ᠡᠬᠢ ᠡᠭᠦᠰᠦᠯ ᠤ᠋ᠨ ᠴᠢᠨᠠᠷᠲᠠᠶ ᠪᠠᠶ᠋ᠢᠷᠢ ᠰᠠᠭᠤᠷᠢ ᠵᠢ ᠲᠣᠭᠲᠠᠭᠠᠪᠠ᠃
2025 ᠣᠨ ᠤ᠋ 9 ᠰᠠᠷ᠎ᠠ ᠳ᠋ᠦ ᠂ ᠳᠤᠮᠳᠠᠳᠤ ᠶ᠋ᠢᠨ ᠪᠣᠯᠪᠠᠰᠤᠨ ᠤ᠋ ᠬᠡᠷᠡᠯᠳᠦ ᠰᠤᠪᠤᠳ — 《ᠬᠤᠩᠱᠠᠨ ᠰᠣᠶᠣᠯ》 ᠢ᠋ᠶ᠋ᠠᠷ ᠨᠡᠷᠡᠶ᠋ᠢᠳᠦᠭᠰᠡᠨ 70 ᠵᠢᠯ ᠤ᠋ᠨ ᠣᠶ ᠶ᠋ᠢᠨ ᠰᠤᠳᠤᠯᠤᠨ ᠶᠠᠷᠢᠯᠴᠠᠬᠤ ᠬᠤᠷᠠᠯ ᠳᠡᠭᠡᠷ᠎ᠡ ᠤᠯᠠᠭᠠᠨᠬᠠᠳᠠ ᠬᠣᠲᠠ ᠶ᠋ᠢᠨ ᠠᠥᠬᠠᠨ ᠬᠣᠰᠢᠭᠤᠨ ᠤ᠋ ᠶᠤᠸᠠᠨ ᠪᠦᠦ ᠱᠠᠨ ᠤ᠋ ᠬᠤᠩᠱᠠᠨ ᠰᠣᠶᠣᠯ ᠤ᠋ᠨ ᠪᠤᠯᠠᠰᠢ ᠶ᠋ᠢᠨ ᠬᠠᠭᠤᠴᠢ ᠰᠤᠳᠤᠯᠤᠯ ᠤ᠋ᠨ ᠬᠠᠮᠤᠭ ᠤ᠋ᠨ ᠰᠢᠨ᠎ᠡ ᠦᠷ᠎ᠡ ᠪᠦᠲᠦᠭᠡᠯ ᠢ᠋ ᠠᠩᠬ᠎ᠠ ᠤᠳᠠᠭ᠎ᠠ ᠨᠡᠶ᠋ᠢᠭᠡᠮ ᠨᠡᠢᠳᠡ ᠳ᠋ᠦ ᠨᠡᠶ᠋ᠢᠲᠡᠯᠡᠪᠡ᠃ ᠪᠤᠯᠠᠰᠢᠨ ᠡᠴᠡ ᠣᠯᠳᠠᠭᠰᠠᠨ ᠬᠠᠰ ᠯᠣᠣ ᠪᠣᠯ ᠣᠳᠣᠬᠠᠨ ᠪᠤᠯᠳᠠᠯᠠᠬᠢ ᠬᠠᠭᠤᠴᠢ ᠰᠤᠳᠤᠯᠤᠯ ᠢ᠋ᠶ᠋ᠡᠷ ᠠᠭᠤᠳᠠᠯᠵᠦ ᠭᠠᠷᠭᠠᠭᠰᠠᠨ ᠬᠠᠰ ᠯᠣᠣ ᠶ᠋ᠢᠨ ᠳᠣᠲᠣᠷᠠᠬᠢ ᠬᠠᠮᠤᠭ ᠤ᠋ᠨ ᠲᠣᠮᠣ ᠨᠢ ᠶᠤᠮ; ᠨᠢᠭᠡ ᠯᠡ ᠤᠳᠠᠭ᠎ᠠ ᠳ᠋ᠦ 100 ᠭᠠᠷᠤᠢ ᠬᠤᠪᠢ ᠬᠤᠩᠱᠠᠨ ᠰᠣᠶᠣᠯ ᠤ᠋ᠨ ᠬᠠᠰ ᠡᠳ᠋ᠯᠡᠯ ᠢ᠋ ᠮᠠᠯᠲᠠᠨ ᠭᠠᠷᠭᠠᠵᠤ᠂ ᠬᠤᠩᠱᠠᠨ ᠰᠣᠶᠣᠯ ᠤ᠋ᠨ ᠬᠠᠰ ᠡᠳ᠋ᠯᠡᠯ ᠤ᠋ᠨ ᠤᠯᠠᠩᠬᠢ ᠬᠡᠯᠪᠡᠷᠢ ᠮᠠᠶᠢᠭ ᠢ᠋ ᠦᠨᠳᠦᠰᠦᠨ ᠳ᠋ᠡᠭᠡᠨ ᠬᠠᠮᠤᠷᠴᠠᠢ᠃
2026 ᠣᠨ ᠤ᠋ 6 ᠰᠠᠷ᠎ᠠ ᠳ᠋ᠦ᠂ ᠵᠠᠭᠤᠴᠢᠯᠠᠭᠤᠷ ᠤ᠋ᠨ ᠮᠡᠳᠡᠭᠡᠯᠡᠭᠰᠡᠨ ᠢ᠋ᠶ᠋ᠡᠷ ᠳᠤᠮᠳᠠᠳᠤ ᠤᠯᠤᠰ ᠤ᠋ᠨ ᠨᠡᠶ᠋ᠢᠭᠡᠮ ᠤ᠋ᠨ ᠰᠢᠨᠵᠢᠯᠡᠬᠦ᠌ ᠤᠬᠠᠭᠠᠨ ᠤ᠋ ᠬᠦᠷᠢᠶᠡᠯᠡᠩ ᠤ᠋ᠨ ᠬᠠᠭᠤᠴᠢ ᠰᠤᠳᠤᠯᠤᠯ ᠤ᠋ᠨ ᠰᠤᠳᠤᠯᠭᠠᠨ ᠤ᠋ ᠭᠠᠵᠠᠷ ᠣᠯᠠᠨ ᠨᠢᠭᠡᠴᠢ ᠲᠡᠶ ᠬᠠᠮᠲᠤᠷᠠᠨ ᠥᠪᠥᠷ ᠮᠣᠩᠭᠣᠯ ᠤ᠋ᠨ ᠤᠯᠠᠭᠠᠨᠬᠠᠳᠠ ᠬᠣᠲᠠ ᠶ᠋ᠢᠨ ᠪᠠᠭᠠᠷᠢᠨ ᠪᠠᠷᠠᠭᠤᠨ ᠬᠣᠰᠢᠭᠤᠨ ᠤ᠋ ᠨᠣᠳᠤᠭ ᠤ᠋ᠨ ᠪᠠᠭᠤᠷᠢ ᠶ᠋ᠢᠨ ᠬᠠᠭᠤᠴᠢ ᠰᠤᠳᠤᠯᠤᠯ ᠤ᠋ᠨ ᠬᠠᠮᠤᠭ ᠤ᠋ᠨ ᠰᠢᠨ᠎ᠡ ᠦᠷ᠎ᠡ ᠪᠦᠲᠦᠭᠡᠯ ᠢ᠋ ᠨᠡᠶ᠋ᠢᠲᠡᠯᠡᠪᠡ᠃ ᠡᠨᠡ ᠨᠢ ᠰᠢᠷᠠᠮᠥ᠋ᠷᠡᠨ ᠡᠴᠡ ᠤᠮᠠᠷᠠᠰᠢᠬᠢ ᠤᠷᠤᠨ ᠨᠢ ᠬᠤᠩᠱᠠᠨ ᠰᠣᠶᠣᠯ ᠤ᠋ᠨ ᠴᠢᠬᠤᠯᠠ ᠲᠠᠷᠬᠠᠯᠲᠠ ᠶ᠋ᠢᠨ ᠣᠷᠣᠨ ᠪᠣᠯᠬᠤ ᠵᠢ ᠬᠠᠷᠠᠭᠤᠯᠵᠠᠢ᠃
ᠶᠡᠬᠡ ᠬᠡᠮᠵᠢᠶᠡᠨ ᠤ᠋ ᠬᠤᠩᠱᠠᠨ ᠰᠣᠶᠣᠯ ᠤ᠋ᠨ ᠪᠠᠭᠤᠷᠢ ᠳ᠋ᠤ ᠬᠠᠭᠤᠴᠢ ᠰᠤᠳᠤᠯᠤᠯ ᠤ᠋ᠨ ᠠᠭᠤᠳᠠᠯᠤᠯᠳᠠ ᠬᠢᠬᠦ ᠵᠢ ᠳᠠᠭᠠᠯᠳᠤᠨ ᠬᠤᠩᠱᠠᠨ ᠰᠣᠶᠣᠯ ᠤ᠋ᠨ ᠱᠤᠭᠤᠮ ᠨᠡᠩ ᠲᠣᠳᠣᠷᠬᠠᠶ ᠪᠣᠯᠵᠣ᠂ ᠲᠡᠭᠦᠨ ᠤ᠋ ᠡᠬᠢ ᠡᠭᠦᠰᠦᠯ ᠨᠢ ᠣᠲᠣ ᠡᠴᠡ 6500 ᠵᠢᠯ ᠤ᠋ᠨ ᠡᠮᠦᠨ᠎ᠡ ᠬᠣᠶ᠋ᠢᠨ᠎ᠠ ᠪᠠᠶ᠋ᠢᠵᠤ᠂ ᠪᠠᠷᠤᠭ 5800 ᠵᠢᠯ ᠤ᠋ᠨ ᠡᠮᠦᠨ᠎ᠡ ᠡᠷᠲᠡᠨ ᠤ᠋ ᠤᠯᠤᠰ ᠤ᠋ᠨ ᠪᠣᠯᠪᠠᠰᠤᠨ ᠤ᠋ ᠱᠠᠲᠤᠨ ᠳ᠋ᠦ ᠣᠷᠣᠵᠤ᠂ ᠰᠢᠩ ᠯᠦᠩ ᠸᠠ ᠶ᠋ᠢᠨ ᠰᠣᠶᠣᠯ᠂ ᠵᠣᠣ ᠪᠦᠦ ᠭᠧᠤ ᠰᠣᠶᠣᠯ ᠢ᠋ ᠵᠠᠯᠭᠠᠮᠵᠢᠯᠠᠨ ᠂ ᠬᠠᠰ ᠡᠳ᠋ᠯᠡᠯ ᠤ᠋ᠨ ᠤᠯᠠᠮᠵᠢᠯᠠᠯ᠂ ᠶᠣᠰᠣᠯᠠᠯᠲᠤ᠌ ᠪᠠᠷᠢᠯᠭ᠎ᠠ ᠨᠢ ᠳᠤᠮᠳᠠᠳᠤ ᠭᠠᠳᠠᠭᠠᠳᠤ ᠳ᠋ᠦ ᠠᠯᠳᠠᠷᠰᠢᠵᠠᠶ᠃
ᠬᠤᠩᠱᠠᠨ ᠰᠣᠶᠣᠯ ᠤ᠋ᠨ ᠴᠢᠬᠤᠯᠠ ᠶᠡᠬᠡ ᠢᠯᠡᠷᠡᠭᠦᠯᠦᠯᠲᠡ ᠨᠢ ᠰᠢᠶᠠ ᠤᠯᠤᠰ (ᠣᠳᠣ ᠡᠴᠡ 4000 ᠵᠢᠯ ᠤ᠋ᠨ ᠡᠮᠦᠨ᠎ᠡ) ᠡᠴᠡ ᠡᠮᠦᠨᠡᠬᠢ ᠭᠤᠷᠪᠠᠨ ᠬᠠᠭᠠᠨ ᠲᠠᠪᠤᠨ ᠡᠵᠡᠨ ᠤ᠋ ᠳᠣᠮᠣᠭ ᠲᠦ᠍ ᠪᠣᠳᠠᠲᠤ᠌ ᠪᠣᠳᠠᠰ ᠤ᠋ᠨ ᠦᠨᠳᠦᠰᠦ ᠪᠠᠷᠢᠮᠲᠠᠬᠠᠩᠭᠠᠵᠦ᠂ ᠳᠤᠮᠳᠠᠳᠤ ᠶ᠋ᠢᠨ ᠪᠣᠯᠪᠠᠰᠤᠨ ᠤ᠋ ᠲᠡᠦᠬᠡ ᠵᠢ 1000 ᠭᠠᠷᠤᠶ ᠵᠢᠯ ᠤᠷᠤᠭᠰᠢ ᠠᠬᠢᠭᠤᠯᠵᠤ᠂ 《ᠳᠤᠮᠳᠠᠳᠤ ᠶ᠋ᠢᠨ ᠲᠠᠪᠤᠨ ᠮᠢᠩᠭᠠᠨ ᠵᠢᠯ ᠤ᠋ᠨ ᠪᠣᠯᠪᠠᠰᠤᠨ ᠤ᠋ ᠥᠥᠷ ᠤ᠋ᠨ ᠲᠤᠶᠠᠭ᠎ᠠ》 ᠬᠡᠮᠡᠨ ᠠᠯᠳᠠᠷᠰᠢᠭᠤᠯᠤᠨ᠂ ᠳᠤᠮᠳᠠᠳᠤ ᠤᠯᠤᠰ ᠢ᠋ ᠡᠷᠲᠡᠨ ᠤ᠋ ᠶᠧᠵᠢᠫᠲ᠂ ᠡᠷᠲᠡᠨ ᠤ᠋ ᠡᠨᠡᠳᠬᠡᠭ᠂ ᠡᠷᠲᠡᠨ ᠤ᠋ ᠪᠠᠪᠢᠯᠤᠨ ᠵᠡᠷᠭᠡ ᠳᠡᠯᠡᠬᠡᠶ ᠶ᠋ᠢᠨ ᠡᠷᠲᠡᠨ ᠤ᠋ ᠪᠣᠯᠪᠠᠰᠤᠨ ᠤᠯᠤᠰ ᠲᠠᠶ ᠮᠦᠷᠦ ᠵᠡᠷᠭᠡᠴᠡᠬᠦᠯᠵᠡᠢ᠃
ᠤᠯᠠᠭᠠᠨᠬᠠᠳᠠ ᠬᠣᠲᠠ ᠶ᠋ᠢᠨ ᠬᠤᠩᠱᠠᠨ ᠲᠣᠭᠣᠷᠢᠭ ᠤ᠋ᠨ ᠸᠸᠨ ᠵᠥᠩ ᠪᠠᠯᠭᠠᠰᠤ ᠵᠢᠨ ᠸᠧᠶ ᠵᠢᠶᠠ ᠸᠸ ᠫᠦ ᠲᠣᠰᠬᠣᠨ ᠤ᠋ ᠵᠡᠭᠦᠨ ᠬᠣᠶ᠋ᠢᠲᠤ ᠠᠭᠤᠯᠠᠨ ᠬᠥᠲᠥᠯ ᠳᠡᠭᠡᠷ᠎ᠡ ᠬᠤᠩᠱᠠᠨ ᠰᠣᠶᠣᠯ ᠤ᠋ᠨ ᠡᠷᠲᠡ ᠳᠤᠮᠳᠠ ᠬᠤᠭᠤᠴᠠᠭ᠎ᠠ ᠵᠢᠨ ᠰᠠᠭᠤᠷᠢᠰᠢᠯ ᠤ᠋ᠨ ᠪᠠᠭᠤᠷᠢ — ᠸᠧᠶ ᠵᠢᠶᠠ ᠸᠸ ᠫᠦ ᠶ᠋ᠢᠨ ᠬᠣᠩᠱᠠᠨ ᠰᠣᠶᠣᠯ ᠤ᠋ᠨ ᠰᠠᠭᠤᠷᠢᠰᠢᠯ ᠤ᠋ᠨ ᠪᠠᠭᠤᠷᠢ ᠪᠠᠢᠳᠠᠭ᠃ 2008 ᠣᠨ ᠳ᠋ᠦ᠂ ᠲᠤᠬᠠᠢ ᠶ᠋ᠢᠨ ᠭᠠᠵᠠᠷ ᠤ᠋ᠨ ᠨᠢᠭᠡᠨ ᠲᠠᠷᠢᠶᠠᠴᠢᠨ ᠭᠠᠵᠠᠷ ᠤᠷᠪᠠᠭᠤᠯᠵᠦ ᠲᠠᠷᠢᠶ᠎ᠠ ᠳᠠᠷᠢᠬᠤ ᠳ᠋ᠠᠭᠠᠨ ᠰᠠᠨᠠᠭᠠᠨ ᠳ᠋ᠦ ᠦᠭᠡᠢ ᠪᠡᠷ ᠲᠡᠦᠬᠡ ᠵᠢ ᠥᠭᠡᠷᠡᠴᠢᠯᠡᠨ ᠪᠢᠴᠢᠭᠰᠡᠨ ᠡᠨᠡ ᠬᠦ᠌ ᠸᠠᠭᠠᠷ ᠤ᠋ᠨ ᠬᠡᠯᠲᠡᠷᠬᠡᠢ ᠵᠢ ᠤᠷᠪᠠᠭᠤᠯᠵᠤ ᠭᠠᠷᠭᠠᠵᠠᠢ᠃ ᠢᠩᠬᠢᠭᠡᠳ ᠳᠤᠮᠳᠠᠳᠤ ᠤᠯᠤᠰ ᠤ᠋ᠨ ᠬᠡᠪᠴᠢᠶ᠎ᠡ ᠪᠡᠷ ᠨᠡᠯᠢᠶᠡᠳ ᠶᠡᠬᠡ᠂ ᠨᠡᠯᠢᠶᠡᠳ ᠪᠦᠷᠢᠨ ᠪᠦᠲᠦᠨ ᠬᠠᠳᠠᠭᠠᠯᠠᠭᠳᠠᠵᠤ ᠪᠠᠶ᠋ᠢᠭ᠎ᠠ ᠬᠤᠩᠱᠠᠨ ᠰᠣᠶᠣᠯ ᠤ᠋ᠨ ᠰᠠᠭᠤᠷᠢᠰᠢᠯ ᠨᠢ ᠳᠠᠬᠢᠨᠳᠠ ᠳᠡᠯᠡᠬᠡᠢ ᠶ᠋ᠢᠨ ᠬᠦᠮᠦᠰ ᠤ᠋ᠨ ᠬᠠᠷᠠᠭᠠᠨ ᠳ᠋ᠦ ᠤᠷᠤᠪᠠ᠃
2009 ᠣᠨ ᠡᠴᠡ 2012 ᠣᠨ ᠪᠣᠯᠲᠠᠯᠠᠬᠢ 4 ᠵᠢᠯ ᠤ᠋ᠨ ᠬᠣᠭᠣᠷᠣᠨᠳᠣ᠂ ᠸᠧᠶ ᠵᠢᠶᠠ ᠸᠸ ᠫᠦ ᠶ᠋ᠢᠨ ᠪᠠᠭᠤᠷᠢ ᠳ᠋ᠤ 15320 ᠲᠡᠭᠰᠢ ᠳᠥᠷᠪᠡᠯᠵᠢᠨ ᠮᠧᠲ᠋ᠷ ᠮᠠᠯᠲᠠᠯᠠᠭᠠ ᠬᠢᠵᠤ᠂ 114 ᠬᠡᠷ ᠤ᠋ᠨ ᠪᠠᠭᠤᠷᠢ᠂ 219 ᠦᠨᠡᠰᠦᠨ ᠨᠦᠬᠡ᠂ 3 ᠰᠤᠪᠠᠭ ᠵᠢᠴᠢ 15 ᠵᠤᠤᠬᠠᠵᠡᠷᠭᠡ ᠵᠢ ᠳᠣᠲᠣᠯᠠᠵᠦ᠂ ᠶᠡᠬᠡ ᠬᠡᠮᠵᠢᠶᠡᠨ ᠤ᠋ ᠸᠠᠭᠠᠷ ᠰᠠᠪᠠ᠂ ᠴᠢᠯᠠᠭᠤᠨ ᠪᠠᠭᠠᠵᠢ᠂ ᠬᠢᠰᠤᠭ᠎ᠠ ᠵᠢᠴᠢ ᠠᠮᠢᠲᠠᠨ ᠤ᠋ ᠠᠷᠤᠭ ᠶᠠᠰᠤ ᠵᠡᠷᠭᠡ ᠵᠢ ᠢᠯᠡᠷᠡᠭᠦᠯᠵᠡᠶ᠃
ᠮᠦᠽᠧᠶ ᠪᠣᠯ ᠪᠣᠯᠪᠠᠰᠤᠨ ᠢ᠋ ᠤᠯᠠᠮᠵᠢᠯᠠᠨ ᠵᠠᠯᠭᠠᠮᠵᠢᠯᠠᠬᠤ ᠴᠢᠬᠤᠯᠠ ᠠᠴᠢᠶᠠᠯᠠᠪᠤᠷᠢ ᠶᠤᠮ᠃ ᠬᠤᠩᠱᠠᠨ ᠰᠣᠶᠣᠯ ᠤ᠋ᠨ ᠮᠦᠽᠧᠢ ᠳ᠋ᠦ ᠦᠵᠡᠮᠵᠢ ᠪᠠᠶ᠋ᠢᠳᠠᠯ ᠤ᠋ᠨ ᠰᠡᠷᠭᠦᠭᠡᠯᠲᠡ ᠪᠡᠷ ᠳᠠᠮᠵᠢᠨ ᠦᠵᠡᠭᠴᠢᠳ ᠲᠦ᠍ 《ᠪᠡᠶ᠎ᠡ ᠪᠡᠷ ᠢ᠋ᠶ᠋ᠡᠨ ᠬᠦᠷᠦᠭᠰᠡᠨ》 ᠪᠠᠢᠳᠠᠯ ᠢ᠋ᠶ᠋ᠡᠷ ᠡᠪᠦᠭᠡ ᠳᠡᠭᠡᠳᠦᠰ ᠤ᠋ᠨ ᠢ᠋ᠶ᠋ᠡᠨ ᠡᠳᠦᠷ ᠲᠤᠲᠤᠮ ᠤ᠋ᠨ ᠠᠮᠢᠳᠤᠷᠠᠯ ᠢ᠋ ᠣᠶ᠋ᠢᠯᠠᠭᠠᠭᠤᠯᠵᠤ ᠪᠠᠢᠨ᠎ᠠ᠄ ᠨᠦᠬᠡᠨ ᠭᠡᠷ ᠤ᠋ᠨ ᠪᠠᠭᠤᠷᠢ ᠳ᠋ᠦ ᠵᠤᠤᠬᠠᠨ ᠤ᠋ ᠬᠠᠵᠠᠭᠤ ᠪᠡᠷ ᠸᠠᠭᠠᠷ ᠪᠣᠳᠣᠩ ᠲᠠᠯᠪᠢᠵᠤ᠂ ᠬᠡᠷᠡᠮ ᠳᠡᠭᠡᠷ᠎ᠡ ᠨᠢ ᠴᠢᠯᠠᠭᠤᠨ ᠬᠠᠳᠤᠭᠤᠷ ᠡᠯᠭᠦᠨ᠂ ᠬᠡᠷᠡᠯ ᠲᠤᠰᠬᠠᠯᠲᠠ ᠶ᠋ᠢᠨ ᠮᠠᠰᠢᠨ ᠢ᠋ᠶ᠋ᠡᠷ ᠲᠠᠮᠵᠢᠨ ᠳᠠᠭᠤᠷᠢᠶᠠᠮᠠᠯ ᠤᠲᠤᠭ᠎ᠠ ᠰᠤᠭᠤᠨᠠᠭᠯᠠᠨ᠎ᠠ᠃ ᠮᠦᠽᠧᠢ ᠶ᠋ᠢᠨ ᠭᠣᠣᠯ ᠦᠵᠡᠭᠦᠯᠭᠡ ᠶ᠋ᠢᠨ ᠲᠣᠭᠣᠷᠢᠭ ᠲᠦ᠍ ᠪᠦᠷᠢᠨ ᠵᠠᠩᠭᠢ ᠶ᠋ᠢᠨ ᠲᠤᠰᠬᠠᠯᠳᠠ ᠶ᠋ᠢᠨ ᠮᠡᠷᠭᠡᠵᠢᠯ ᠨᠢ ᠠᠮᠢᠳᠤᠯᠢᠭ ᠰᠠᠶ᠋ᠢᠬᠠᠨ ᠳᠦᠷᠰᠦ ᠪᠦᠲᠦᠭᠡᠯᠲᠡ ᠲᠡᠶ᠂ ᠭᠣᠶ᠋ᠢᠳᠠ ᠰᠠᠶ᠋ᠢᠬᠠᠨ ᠰᠡᠶ᠋ᠢᠯᠦᠭᠰᠡᠨ 《ᠳᠤᠮᠳᠠᠳᠤ ᠶ᠋ᠢᠨ ᠲᠡᠷᠢᠭᠦᠨ ᠯᠣᠣ》 C ᠬᠡᠯᠪᠡᠷᠢ ᠶ᠋ᠢᠨ ᠬᠠᠰ ᠯᠣᠣ ᠵᠢ ᠪᠦᠬᠦ᠌ ᠲᠠᠯ᠎ᠠ ᠪᠠᠷ ᠳᠡᠯᠭᠡᠨ ᠦᠵᠡᠭᠦᠯᠵᠦ᠍ ᠪᠠᠶ᠋ᠢᠨ᠎ᠠ᠃ 《〈ᠳᠤᠮᠳᠠᠳᠤ ᠶ᠋ᠢᠨ ᠲᠡᠷᠢᠬᠦᠨ ᠯᠤᠤ〉 ᠪᠣᠳᠠᠲᠤ᠌ ᠪᠣᠳᠠᠰ ᠢ᠋ ᠳᠤᠮᠳᠠᠳᠤ ᠤᠯᠤᠰ ᠤ᠋ᠨ ᠤᠯᠤᠰ ᠤ᠋ᠨ ᠮᠦᠽᠧᠶ ᠳ᠋ᠦ ᠬᠠᠳᠠᠭᠠᠯᠠᠵᠤ ᠪᠣᠶ᠃ ᠮᠠᠰᠢ ᠣᠯᠠᠨ ᠬᠡᠦᠬᠡᠳ 〈ᠯᠣᠣ ᠶᠠᠭᠠᠬᠢᠭᠠᠳ ᠡᠢᠮᠦ ᠶᠠᠩᠵᠤ ᠲᠠᠢ ᠪᠠᠢᠳᠠᠭ ᠪᠤᠢ?〉 ᠭᠡᠵᠦ᠍ ᠠᠰᠠᠭᠤᠳᠠᠭ᠂ ᠡᠨᠡ ᠪᠣᠯ ᠶᠠᠭ ᠰᠣᠶᠣᠯ ᠤ᠋ᠨ ᠤᠯᠠᠮᠵᠢᠯᠠᠯ ᠤ᠋ᠨ ᠡᠬᠢᠯᠡᠯᠲᠡ ᠮᠥᠨ》ᠭᠡᠵᠦ᠍ ᠣᠷᠳᠣᠨ ᠤ᠋ ᠲᠠᠶ᠋ᠢᠯᠪᠤᠷᠢᠯᠠᠭᠴᠢ ᠸᠠᠩ ᠴᠢ ᠬᠡᠯᠡᠨ᠎ᠠ᠃ 2019 ᠣᠨ ᠤ᠋ 9 ᠰᠠᠷ᠎ᠠ ᠶ᠋ᠢᠨ 30 ᠤ᠋ ᠡᠳᠦᠷ ᠡᠴᠡ ᠰᠦᠢᠳᠬᠡᠯ ᠬᠤᠷᠢᠶᠠᠬᠤ ᠥᠬᠡᠶᠪᠡᠷ ᠨᠡᠭᠡᠭᠡᠭᠰᠡᠨ ᠡᠴᠡ ᠨᠠᠭᠠᠰᠢ᠂ ᠬᠤᠩᠱᠠᠨ ᠰᠣᠶᠣᠯ ᠤ᠋ᠨ ᠮᠦᠽᠧᠶ ᠪᠡᠷ ᠲᠣᠭᠣᠷᠢᠨ ᠦᠵᠡᠭᠰᠡᠳ ᠨᠢᠭᠡᠨᠲᠡ 80 ᠲᠦᠮᠡᠨ ᠬᠥᠮᠦᠨ ᠤᠳᠠᠭ᠎ᠠ ᠵᠢ ᠳᠠᠪᠠᠪᠠ᠃
2006 ᠣᠨ ᠳ᠋ᠦ ᠂ ᠲᠦᠷᠦ ᠶ᠋ᠢᠨ ᠶᠠᠪᠤᠳᠠᠯ ᠤ᠋ᠨ ᠬᠣᠷᠢᠶ᠎ᠠ ᠡᠴᠡ ᠬᠤᠩᠱᠠᠨ ᠪᠠᠭᠤᠷᠢ ᠶ᠋ᠢᠨ ᠰᠦᠷᠦᠭᠵᠢᠯ ᠢ᠋ ᠵᠢᠷᠭᠤᠳᠤᠭᠠᠷ ᠪᠦᠯᠦᠭ ᠤ᠋ᠨ ᠪᠦᠬᠦ᠌ ᠤᠯᠤᠰ ᠤ᠋ᠨ ᠭᠣᠣᠯᠳᠠᠯᠭ᠎ᠠ ᠲᠠᠶ ᠲᠡᠦᠬᠡ ᠶ᠋ᠢᠨ ᠳᠤᠷᠠᠰᠬᠠᠯᠲᠤ᠌ ᠵᠦᠢᠯᠡᠰ ᠤ᠋ᠨ ᠬᠠᠮᠠᠭᠠᠯᠠᠯᠲᠠ ᠶ᠋ᠢᠨ ᠨᠢᠭᠡᠴᠢ ᠪᠡᠷ ᠨᠡᠶ᠋ᠢᠲᠡᠯᠡᠪᠡ᠃ ᠪᠠᠭᠤᠷᠢ ᠶ᠋ᠢᠨ ᠰᠦᠷᠦᠭᠵᠢᠯ ᠳ᠋ᠤ ᠬᠤᠩᠱᠠᠨ ᠰᠣᠶᠣᠯ ᠂ ᠰᠢᠶᠠ ᠵᠢᠶᠠ ᠳ᠋ᠢᠶᠠᠨ ᠤ᠋ ᠳᠣᠣᠷᠠᠳᠤ ᠳᠠᠪᠬᠤᠷᠭ᠎ᠠ ᠶ᠋ᠢᠨ ᠰᠣᠶᠣᠯ ᠪᠤᠯᠤᠨ ᠰᠢᠶᠠ ᠵᠢᠶᠠ ᠳ᠋ᠢᠶᠠᠨ ᠤ᠋ ᠳᠡᠭᠡᠳᠦ ᠳᠠᠪᠬᠤᠷᠭ᠎ᠠ ᠶ᠋ᠢᠨ ᠰᠣᠶᠣᠯ ᠤ᠋ᠨ ᠣᠷᠣᠨ ᠰᠠᠭᠤᠴᠠ᠂ ᠰᠢᠶᠠ ᠵᠢᠶᠠ ᠳ᠋ᠢᠶᠠᠨ ᠤ᠋ ᠳᠣᠣᠷᠠᠳᠤ ᠳᠠᠪᠬᠤᠷᠭ᠎ᠠ ᠶ᠋ᠢᠨ ᠰᠣᠶᠣᠯ ᠤ᠋ᠨ ᠴᠢᠯᠠᠭᠤᠨ ᠬᠣᠲᠠ ᠶ᠋ᠢᠨ ᠪᠠᠭᠤᠷᠢ᠂ ᠰᠢᠶᠠ ᠵᠢᠶᠠ ᠳ᠋ᠢᠶᠠᠨ ᠤ᠋ ᠳᠡᠭᠡᠳᠦ ᠳᠠᠪᠬᠤᠷᠭ᠎ᠠ ᠶ᠋ᠢᠨ ᠰᠣᠶᠣᠯ ᠤ᠋ᠨ ᠴᠢᠯᠠᠭᠤᠨ ᠠᠪᠰᠠᠳᠦ ᠪᠤᠯᠠᠰᠢ ᠶ᠋ᠢᠨ ᠪᠠᠭᠤᠷᠢ ᠵᠡᠷᠭᠡ ᠪᠠᠭᠳᠠᠨ᠎ᠠ᠃ ᠡᠲᠡᠭᠡᠷ ᠢ᠋ ᠶᠡᠷᠦᠩᠬᠡᠶ᠋ᠢᠯᠡᠭᠡᠳ ᠰᠢᠨ᠎ᠡ ᠴᠢᠯᠠᠭᠤᠨ ᠵᠡᠪᠰᠡᠭ ᠤ᠋ᠨ ᠦᠶ᠎ᠡ ᠡᠴᠡ ᠬᠦᠷᠡᠯ ᠵᠡᠪᠰᠡᠭ ᠤ᠋ᠨ ᠦᠶᠡᠬᠦᠷᠳᠡᠯᠡᠬᠢ ᠬᠤᠩᠱᠠᠨ ᠪᠠᠭᠤᠷᠢ ᠵᠢᠨ ᠰᠦᠷᠦᠭᠵᠢᠯ ᠬᠡᠮᠡᠵᠦ᠂ ᠪᠦᠬᠦᠶ᠋ᠢᠯᠡ ᠪᠠᠭᠤᠷᠢ ᠶ᠋ᠢᠨ ᠲᠠᠯᠠᠪᠠᠶ ᠨᠢ ᠪᠠᠷᠤᠭ 10 ᠲᠡᠭᠰᠢ ᠳᠥᠷᠪᠡᠯᠵᠢᠨ ᠺᠢᠯᠣᠮᠧᠲ᠋ᠷ ᠪᠠᠶ᠋ᠢᠳᠠᠭ᠃
2012 ᠣᠨ ᠳ᠋ᠦ᠂ ᠬᠤᠩᠱᠠᠨ ᠠᠭᠤᠯᠠ ᠶ᠋ᠢᠨ ᠠᠷᠤ ᠶ᠋ᠢᠨ ᠪᠠᠭᠤᠷᠢ᠂ ᠸᠧᠢ ᠵᠢᠶᠠ ᠸᠸ ᠫᠦ ᠶ᠋ᠢᠨ ᠪᠠᠭᠤᠷᠢ ᠪᠣᠯᠤᠨ ᠯᠢᠶᠣᠤᠨᠢᠩ ᠤ᠋ᠨ ᠨᠢᠦ ᠾᠧ ᠯᠢᠶᠠᠩ ᠤ᠋ᠨ ᠪᠠᠭᠤᠷᠢ ᠵᠢ ᠬᠠᠮᠲᠤᠳᠠ ᠨᠢ ᠳᠤᠮᠳᠠᠳᠤ ᠤᠯᠤᠰ ᠤ᠋ᠨ ᠳᠡᠯᠡᠬᠡᠢ ᠶ᠋ᠢᠨ ᠰᠣᠶᠣᠯ ᠤ᠋ᠨ ᠥᠪ ᠲᠦ᠍ ᠪᠦᠷᠢᠳᠬᠡᠬᠦᠯᠬᠦ ᠪᠡᠯᠡᠳᠬᠡᠯ ᠨᠡᠷᠡᠰ ᠲᠦ᠍ ᠣᠷᠣᠭᠤᠯᠵᠤ᠂ 2024 ᠣᠨ ᠤ᠋ ᠰᠢᠨᠡᠳᠬᠡᠯ ᠨᠡᠷᠡᠰ ᠲᠦ᠍ ᠮᠥᠨ ᠵᠢᠭᠰᠠᠭᠠᠭᠳᠠᠪᠠ᠃ 《ᠡᠨᠡ 3 ᠪᠠᠭᠤᠷᠢ ᠨᠢ ᠲᠣᠰ ᠲᠣᠰ ᠤ᠋ᠨ ᠵᠢᠡᠨ ᠭᠤᠤᠯᠳᠠᠯᠭ᠎ᠠ ᠲᠠᠶ ᠪᠠᠶ᠋ᠢᠳᠠᠭ᠄ ᠬᠤᠩᠱᠠᠨ ᠠᠭᠤᠯᠠ ᠶ᠋ᠢᠨ ᠠᠷᠤ ᠳ᠋ᠠᠬᠢ ᠪᠠᠭᠤᠷᠢ ᠪᠣᠯ ᠬᠤᠩᠱᠠᠨ ᠰᠣᠶᠣᠯ ᠤ᠋ᠨ ᠨᠡᠷᠡᠶ᠋ᠢᠳᠦᠭᠰᠡᠨ ᠭᠠᠵᠠᠷ ᠂ ᠸᠧᠶ ᠵᠢᠶᠠ ᠸᠸ ᠫᠦ ᠪᠣᠯ ᠪᠦᠷᠢᠨ ᠪᠦᠲᠦᠨ ᠰᠠᠭᠤᠷᠢᠰᠢᠯ ᠤ᠋ᠨ ᠪᠠᠭᠤᠷᠢ᠂ ᠨᠢᠤ ᠾᠧ ᠯᠢᠶᠠᠩ ᠳ᠋ᠦ ᠬᠠᠷᠢᠨ ᠳᠠᠭᠢᠨᠢ ᠶ᠋ᠢᠨ ᠰᠦᠮ᠎ᠡ ᠪᠠ ᠴᠢᠯᠠᠭᠤᠨᠪᠤᠯᠠᠰᠢ ᠪᠠᠶ᠋ᠢᠳᠠᠭ᠃ ᠡᠨᠡ ᠭᠤᠷᠪᠠ ᠵᠢ ᠤᠶᠠᠯᠳᠤᠭᠤᠯᠤᠭᠰᠠᠭᠠᠷ ᠬᠤᠩᠱᠠᠨ ᠰᠣᠶᠣᠯ ᠤ᠋ᠨ ᠪᠦᠷᠢᠨ ᠪᠦᠲᠦᠨ ᠲᠦᠷᠰᠦ ᠪᠠᠢᠳᠠᠯ ᠪᠤᠢ ᠪᠤᠯᠳᠠᠭ ᠶᠤᠮ》 ᠭᠡᠵᠦ᠍ ᠬᠤᠩᠱᠠᠨ ᠰᠣᠶᠣᠯ ᠤ᠋ᠨ ᠮᠦᠽᠧᠢ ᠶ᠋ᠢᠨ ᠳᠠᠷᠤᠭ᠎ᠠ ᠯᠢᠨ ᠶᠠᠩ ᠬᠡᠯᠡᠨ᠎ᠠ᠃
ᠬᠤᠩᠱᠠᠨ ᠠᠭᠤᠯᠠ ᠶ᠋ᠢᠨ ᠣᠷᠭᠢᠯ ᠳ᠋ᠤ ᠭᠠᠷᠤᠨ ᠠᠯᠤᠰ ᠢ᠋ ᠪᠠᠷᠠᠯᠠᠬᠤᠶ᠎ᠠ ᠦᠷᠬᠦᠯᠵᠢᠯᠡᠭᠰᠡᠨ ᠠᠭᠤᠯᠠ ᠬᠠᠳᠠ ᠦᠳᠡᠰᠢ ᠶ᠋ᠢᠨ ᠲᠤᠯᠤᠩ ᠳ᠋ᠦ ᠦᠪᠴᠢ ᠪᠡᠷ ᠢ᠋ᠶ᠋ᠡᠨ ᠰᠢᠵᠢᠷᠳᠡᠨ ᠬᠦᠷᠡᠩᠳᠡᠨᠠ᠃ ᠮᠢᠩᠭᠠᠨ ᠭᠠᠵᠠᠷ ᠤ᠋ᠨ ᠥᠩ ᠰᠢᠮᠡᠯᠢᠭ ᠲᠠᠯ᠎ᠠ ᠨᠡᠯᠦᠢᠵᠦ᠂ ᠢᠩᠬᠡ ᠶ᠋ᠢᠨ ᠭᠤᠤᠯ ᠤ᠋ᠨ ᠰᠢᠵᠢᠷ ᠳᠣᠯᠭᠢᠶᠠᠨ ᠨᠢ ᠪᠠᠭᠤᠷᠢ ᠶ᠋ᠢᠨ ᠰᠢᠷ᠎ᠠ ᠬᠦᠷᠦᠰᠦ ᠲᠠᠶ ᠰᠣᠯᠪᠢᠴᠠᠨ ᠭᠡᠷᠡᠯᠲᠦᠨᠠ᠃ ᠴᠠᠭ ᠬᠤᠭᠤᠴᠠᠭᠠᠨ ᠤ᠋ ᠤᠷᠳᠤ ᠤᠷᠤᠰᠬᠠᠯ ᠳᠤᠮᠳᠠ ᠲᠡᠥᠬᠡ ᠪᠣᠯᠪᠠᠰᠤᠨ ᠶᠡᠷᠤ ᠨᠢ ᠪᠠᠭ᠎ᠠ ᠪᠠᠭ᠎ᠠ ᠪᠠᠷ ᠬᠤᠷᠠᠮᠳᠤᠵᠤ ᠦᠷᠭᠦᠯᠵᠢᠯᠡᠨ᠎ᠡ; ᠦᠶ᠎ᠡ ᠦᠶ᠎ᠡ ᠶ᠋ᠢᠨ ᠬᠥᠮᠦᠰ ᠥᠩᠭᠡᠷᠡᠨ ᠣᠳᠴᠤ᠌᠂ ᠤᠷᠢᠳᠤᠬᠢ ᠬᠥᠮᠦᠰ ᠤ᠋ᠨ ᠤᠯᠠ ᠮᠥᠷ ᠣᠨᠢᠰᠤᠭ᠎ᠠ ᠰᠢᠭ᠋ ᠨᠢᠭᠤᠴᠠᠬᠠᠢ ᠪᠠᠢᠵᠦ᠂ ᠪᠢᠳᠡᠨ ᠢ᠋ ᠬᠦᠳᠦᠯᠦᠨ ᠲᠡᠥᠬᠡ ᠶ᠋ᠢᠨ ᠡᠬᠢ ᠡᠬᠦᠰᠦᠯ ᠢ᠋ ᠬᠠᠢᠨ ᠰᠢᠨᠵᠢᠯᠡᠬᠦᠯᠦᠨᠠ᠃ ᠳᠤᠮᠳᠠᠳᠤ ᠶ᠋ᠢᠨ ᠪᠣᠯᠪᠠᠰᠤᠨ ᠤ᠋ ᠠᠩᠬᠠᠨ ᠤ᠋ ᠳᠦᠷᠰᠦ ᠪᠠᠶ᠋ᠢᠳᠠᠯ ᠠᠭᠠᠵᠢᠮ ᠢ᠋ᠶ᠋ᠠᠷ ᠲᠣᠳᠣᠷᠠᠬᠤ ᠵᠢ ᠳᠠᠭᠠᠯᠳᠤᠨ ᠪᠢᠳᠡ ᠳᠤᠮᠳᠠᠳᠤ ᠶ᠋ᠢᠨ ᠦᠨᠳᠦᠰᠦᠲᠡᠨ ᠤ᠋ ᠰᠣᠶᠣᠯ ᠤ᠋ᠨ ᠦᠨᠳᠦᠰᠦ ᠰᠤᠳᠠᠰᠤ ᠵᠢᠨ ᠬᠠᠮᠠᠭᠠᠯᠠᠯᠳᠠ ᠨᠢ ᠲᠡᠦᠬᠡ ᠶ᠋ᠢᠨ ᠭᠡᠷᠡᠴᠢ ᠦᠯᠡᠳᠡᠬᠡᠯ ᠪᠤᠯᠤᠭᠰᠠᠨ ᠵᠢᠡᠷ ᠪᠠᠷᠠᠬᠤ ᠦᠭᠡᠢ ᠨᠡᠩ ᠴᠤ᠌ ᠪᠣᠯᠪᠠᠰᠤᠨ ᠤ᠋ ᠥᠷ ᠤ᠋ᠨ ᠲᠤᠶᠠᠭ᠎ᠠ ᠪᠠᠢᠵᠦ᠂ ᠢᠷᠡᠭᠡᠳᠦᠢ ᠶ᠋ᠢᠨ ᠨᠡᠩ ᠬᠤᠯᠠ ᠵᠠᠮ ᠬᠠᠷᠭᠤᠢ ᠵᠢ ᠭᠡᠷᠡᠯᠲᠦᠭᠦᠯᠦᠨᠠ ᠭᠡᠳᠡᠭ ᠢ᠋ ᠤᠯᠠᠮ ᠪᠠᠳᠤ ᠢᠳᠡᠭᠡᠨᠡᠮ᠃