ᠢᠷᠦᠭᠡᠯ᠎ᠤᠨ ᠬᠠᠳᠠᠭ ᠡᠷᠭᠦᠭᠰᠡᠨ ᠠᠷᠠᠳ᠎ᠤᠨ ᠴᠡᠡᠭᠭᠡᠯᠳᠤ ᠨᠠᠭᠠᠳᠤᠮ
2026-07-26 11:46:38
ᠵᠣᠬᠢᠶᠠᠭ᠍ᠴᠢ᠄
ᠪᠢᠯᠢᠭᠪᠡᠭᠠᠳᠤᠷ
ᠣᠩᠱᠢᠭ᠍ᠰᠠᠨ ᠣᠳᠠᠭ᠎ᠠ᠄
★★★☆☆

— ᠥᠪᠥᠷ ᠮᠣᠩᠭᠣᠯ᠎ᠤᠨ ᠦᠪᠡᠷᠳᠡᠭᠡᠨ ᠵᠠᠰᠠᠬᠤ ᠤᠷᠤᠨ᠎ᠤ 36 ᠳ᠋ᠤᠭᠠᠷ ᠬᠤᠭᠤᠴᠠᠭᠠᠨ᠎ᠤ ᠵᠢᠭᠤᠯᠴᠢᠯᠠᠯ᠎ᠤᠨ ᠨᠠᠭᠠᠳᠤᠮ᠎ᠤᠨ ᠲᠤᠬᠠᠢ ᠲᠡᠮᠳᠡᠭᠯᠡᠯ


7 ᠰᠠᠷ᠎ᠠ ᠵᠢᠨ 18  ᠡᠴᠡ 20᠎ᠤ ᠡᠳᠦᠷ ᠪᠤᠯᠳᠠᠯ᠎ᠠ 《ᠦᠪᠦᠷ ᠮᠤᠡᠭᠭᠤᠯ ᠵᠢᠡᠷ ᠵᠢᠭᠤᠯᠴᠢᠯᠠᠶ᠎ᠠ᠂ ᠦᠯᠵᠡᠢᠳᠤ ᠨᠠᠭᠠᠳᠤᠮ ᠵᠢᠠᠷ ᠵᠤᠯᠭᠠᠶ᠎ᠠ》 ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 36 ᠳ᠋ᠤᠭᠠᠷ ᠬᠤᠭᠤᠴᠠᠭᠠᠨ᠎ᠤ ᠵᠢᠭᠤᠯᠴᠢᠯᠠᠯ᠎ᠤᠨ ᠨᠠᠭᠠᠳᠤᠮ ᠰᠢᠯᠢᠩᠬᠣᠲᠠ᠎ᠶᠢᠨ ᠨᠠᠭᠠᠳᠤᠮ᠎ᠤᠨ ᠵᠠᠩ ᠦᠢᠯᠡ᠎ᠶᠢᠨ ᠬᠦᠷᠢᠶᠡᠯᠡᠩ᠎ᠳᠤ ᠨᠢᠵᠢᠬᠢᠷ ᠰᠠᠢᠬᠠᠨ ᠶᠠᠪᠤᠭᠳᠠᠵᠦ ᠲᠡᠭᠦᠰ ᠠᠮᠵᠢᠯᠳᠠ ᠲᠠᠢ ᠥᠨᠳᠥᠷᠯᠡᠯ᠎ᠠ᠃ ᠲᠣᠰ ᠤᠳᠠᠭᠠᠨ᠎ᠤ ᠦᠪᠡᠳᠡᠭᠰᠢ ᠴᠤᠭᠯᠠᠭᠠᠨ᠎ᠨᠢ 《ᠡᠷ᠎ᠡ᠎ᠶᠢᠨ ᠭᠤᠷᠪᠠᠨ ᠨᠠᠭᠠᠳᠤᠮ》᠎ᠤᠨ ᠤᠯᠠᠮᠵᠢᠯᠠᠯᠲᠤ᠌ ᠤᠷᠤᠯᠳᠤᠭᠠᠨ᠎ᠢᠶᠠᠷ ᠭᠤᠤᠯ ᠪᠣᠯᠭᠠᠵᠤ᠂ ᠠᠷᠠᠳ᠎ᠤᠨ ᠵᠠᠩ ᠦᠢᠯᠡ ᠵᠢ ᠣᠶ᠋ᠢᠯᠠᠭᠠᠬᠤ᠂ ᠰᠣᠶᠣᠯ ᠵᠢᠭᠤᠯᠴᠢᠯᠠᠯ᠎ᠤᠨ ᠬᠡᠷᠡᠭᠯᠡᠭᠡ ᠵᠢ ᠪᠦᠬᠦ ᠲᠠᠯ᠎ᠠ ᠪᠡᠷ ᠠᠬᠢᠭᠤᠯᠬᠤ ᠵᠢ ᠵᠤᠷᠢᠵᠦ᠂ ᠲᠠᠯ᠎ᠠ ᠨᠤᠲᠤᠭ᠎ᠤᠨ ᠦᠪᠡᠷᠮᠢᠴᠡ ᠵᠠᠡᠭ ᠵᠠᠡᠭᠰᠢᠯ ᠰᠤᠶᠤᠯ ᠠᠬᠤᠢ᠎ᠵᠢ ᠪᠥᠬᠥ᠌ ᠲᠠᠯ᠎ᠠ᠎ᠪᠠᠷ ᠳᠡᠯᠭᠡᠨ ᠬᠠᠷᠠᠭᠤᠯᠵᠦ᠂ ᠤᠯᠠᠨ ᠲᠦᠷᠦᠯ᠎ᠤᠨ ᠠᠵᠦ ᠦᠢᠯᠡᠰ᠎ᠤᠨ ᠡᠵᠡᠩᠨᠡᠯᠲᠡ᠎ᠶᠢᠨ ᠬᠡᠯᠪᠡᠷᠢ ᠪᠠᠶ᠋ᠢᠳᠠᠯ᠎ᠨᠢ ᠣᠷᠣᠨ᠎ᠤ ᠳᠣᠲᠣᠨ᠎ᠠ ᠭᠠᠳᠠᠨᠠᠬᠢ ᠬᠡᠳᠦᠨ ᠠᠷᠪᠠᠨ ᠲᠦᠮᠡᠨ ᠵᠢᠭᠤᠯᠴᠢᠯᠠᠭᠰᠠᠳ᠎ᠢ ᠲᠠᠲᠠᠵᠤ ᠲᠤᠬᠠᠶ᠎ᠶᠢᠨ ᠭᠠᠵᠠᠷ᠎ᠤᠨ ᠣᠯᠠᠨ ᠲᠦᠮᠡᠨ᠎ᠢ ᠭᠦᠢᠴᠡᠳ ᠲᠠᠢᠴᠢᠯᠠᠨ᠂ ᠦᠷᠨᠢᠨ ᠬᠦᠭᠵᠢᠵᠦ ᠦᠭᠡᠳᠡᠯᠡᠨ ᠲᠠᠪᠰᠢᠵᠦ ᠪᠠᠢᠭ᠎ᠠ ᠦᠪᠦᠷ ᠮᠤᠡᠭᠭᠤᠯ᠎ᠤᠨ ᠡᠯ᠎ᠠ ᠦᠨᠳᠦᠰᠦᠳᠡᠨ᠎ᠤ ᠠᠷᠠᠳ ᠤᠯᠠᠨ᠎ᠤ  ᠴᠤᠭ ᠵᠤᠯᠪᠤᠭ᠎ᠠ ᠵᠢ ᠢᠯᠡᠷᠡᠭᠦᠯᠵᠠᠢ᠃


QQ20260726-114751.png


ᠤᠯᠤᠰ᠎ᠤᠨ ᠲᠤᠭ ᠵᠢᠠᠨ ᠨᠠᠮᠢᠷᠠᠭᠤᠯᠤᠭᠰᠠᠨ ᠮᠢᠡᠭᠭᠠᠨ ᠮᠤᠷᠢᠳᠠᠨ᠎ᠤ ᠡᠡᠭᠨᠡᠭᠡ ᠨᠡᠭᠡᠭᠡᠯᠳᠡ ᠵᠢᠨ ᠶᠤᠰᠤᠯᠠᠯ᠎ᠳᠤ ᠤᠷᠤᠯᠴᠠᠪᠠ


ᠰᠢᠯᠢ᠎ᠶᠢᠨ ᠭᠤᠤᠯ ᠠᠶ᠋ᠢᠮᠠᠭ ᠨᠢ ᠦᠪᠦᠷ ᠮᠤᠡᠭᠭᠤᠯ᠎ᠤᠨ ᠦᠪᠡᠷᠳᠡᠭᠡᠨ ᠵᠠᠰᠠᠬᠤ ᠤᠷᠤᠨ᠎ᠤ ᠵᠢᠭᠤᠯᠴᠢᠯᠠᠯ᠎ᠤᠨ ᠨᠠᠭᠠᠳᠤᠮ᠎ᠢ ᠵᠠᠯᠭᠠᠭ᠎ᠠ ᠪᠡᠷ ᠲᠠᠪᠤᠨ ᠵᠢᠯ ᠲᠠᠷᠠᠭᠠᠯᠠᠨ ᠡᠷᠬᠢᠯᠡᠨ ᠬᠢᠵᠦ ᠪᠠᠢᠭ᠎ᠠ ᠵᠢᠨ ᠬᠤᠪᠢ᠎ᠳᠤ᠂ ᠭᠠᠵᠠᠷ ᠤᠷᠤᠨ᠎ᠤ ᠲᠠᠪᠠᠭᠤᠯᠢᠭ ᠵᠢᠡᠨ  ᠭᠦᠢᠴᠡᠳ ᠪᠠᠳᠠᠷᠠᠭᠤᠯᠵᠦ᠂ ᠤᠯᠠᠮᠵᠢᠯᠠᠯ ᠰᠢᠨᠡᠴᠢᠯᠡᠯ᠎ᠢ ᠬᠤᠤᠰᠯᠠᠭᠤᠯᠤᠨ᠂ ᠬᠡᠯᠪᠡᠷᠢ ᠠᠭᠤᠯᠭ᠎ᠠ ᠪᠡᠨ ᠲᠠᠰᠤᠷᠠᠯᠳᠠ ᠦᠭᠡᠢ ᠪᠠᠶᠠᠯᠢᠭᠵᠢᠭᠤᠯᠵᠦ᠂ ᠤᠯᠠᠮᠵᠢᠯᠠᠯᠳᠤ 《ᠡᠷ᠎ᠡ ᠵᠢᠨ ᠭᠤᠷᠪᠠᠨ ᠨᠠᠭᠠᠳᠤᠮ》᠎ᠤᠨ ᠡᠯ᠎ᠡ ᠲᠦᠷᠦᠯ᠎ᠤᠨ ᠤᠷᠤᠯᠳᠤᠭᠠᠨ᠎ᠢ ᠲᠤᠬᠢᠷᠠᠭᠤᠯᠤᠭᠰᠠᠨ ᠵᠢᠠᠷ ᠪᠠᠷᠠᠬᠤ ᠦᠭᠡᠢ ᠵᠢᠭᠤᠯᠴᠢᠯᠠᠭᠰᠠᠳ᠎ᠤᠨ ᠲᠦᠷᠪᠡᠨ ᠲᠦᠷᠦᠯ᠎ᠤᠨ ᠤᠷᠤᠯᠳᠤᠭᠠᠨ᠂ ᠭᠡᠷ᠎ᠤᠨ ᠠᠬᠠᠮᠠᠳ ᠪᠤᠯᠤᠨ ᠬᠡᠤᠬᠡᠳ ᠪᠠᠭᠠᠴᠤᠤᠯ ᠬᠠᠮᠳᠤ ᠪᠡᠷ ᠤᠷᠤᠯᠴᠠᠭᠰᠠᠨ ᠤᠷᠤᠯᠳᠤᠭᠠᠨ ᠲᠡᠮᠡᠴᠡᠭᠡᠨ᠂ ᠪᠤᠳᠠᠰ᠎ᠤᠨ ᠪᠤᠰᠤ ᠰᠤᠶᠤᠯ᠎ᠤᠨ ᠦᠪ᠎ᠤᠨ ᠦᠵᠡᠭᠦᠯᠭᠡ᠂ ᠠᠮᠳᠠᠳᠤ ᠢᠳᠡᠭᠡᠨ᠂ ᠵᠢᠭᠤᠯᠴᠢᠯᠠᠯ᠎ᠤᠨ ᠠᠵᠢᠯᠯᠠᠭ᠎ᠠ ᠵᠡᠷᠭᠡ ᠵᠢ ᠡᠷᠬᠢᠯᠡᠨ ᠶᠠᠪᠤᠭᠳᠠᠭᠤᠯᠵᠦ᠂ ᠦᠪᠦᠷ ᠮᠤᠡᠭᠭᠤᠯ᠎ᠢ ᠵᠤᠷᠢᠵᠦ ᠢᠷᠡᠭᠰᠡᠨ ᠬᠤᠯᠠ ᠤᠢᠷ᠎ᠠ ᠵᠢᠨ ᠵᠤᠴᠢᠳ᠎ᠲᠦ ᠲᠡᠯᠭᠡᠷ ᠵᠤᠨ᠎ᠤ᠋ ᠲᠠᠯ᠎ᠠ ᠨᠤᠳᠤᠭ᠎ᠤᠨ ᠲᠠᠡᠭᠰᠤᠭ ᠪᠠᠶᠠᠨ᠂ ᠡᠶ᠎ᠡ ᠨᠠᠢᠷᠠᠮᠳᠠᠭᠤ᠂ ᠦᠷᠨᠢᠯ ᠬᠦᠭᠵᠢᠯ᠎ᠤᠨ ᠦᠷᠨᠢᠬᠦᠨ ᠪᠠᠢᠳᠠᠯ᠎ᠢ ᠮᠡᠳᠡᠷᠡᠭᠦᠯᠵᠠᠢ᠃


QQ20260726-114825.png



ᠬᠠᠷᠪᠤᠭᠰᠠᠨ ᠰᠤᠮᠤ ᠬᠠᠷᠢᠯᠳᠠ ᠦᠭᠡᠢ


QQ20260726-114832.png



ᠤᠷᠢᠳᠠᠨ᠎ᠤ ᠦᠵᠡᠭᠦᠯᠭᠡ ᠵᠢᠨ ᠰᠠᠢᠬᠠᠨ᠎ᠢ ᠤᠯᠤᠰ ᠲᠦᠮᠡᠨ ᠱᠠᠭᠰᠢᠯᠴᠠᠪᠠ


QQ20260726-114818.png


ᠵᠢᠭᠤᠯᠴᠢᠯᠠᠭᠰᠠᠳ ᠠᠮᠠᠷᠠᠬᠤ ᠭᠱᠠᠨ᠎ᠳᠤ


QQ20260726-114920.png


ᠬᠦᠴᠦᠲᠦ ᠪᠦᠬᠡᠴᠤᠳ᠎ᠤᠨ ᠲᠡᠮᠡᠴᠡᠭᠡᠨ


QQ20260726-114912.png


ᠪᠦᠬᠡ ᠵᠢᠨ ᠤᠷᠢᠶ᠎ᠠ ᠰᠤᠨᠤᠷᠳᠠᠨ᠎ᠠ


QQ20260726-114906.png


ᠴᠤᠢᠯᠤᠨ ᠰᠤᠮᠤᠳᠠᠬᠤ ᠬᠤᠷᠳᠤᠨ ᠬᠦᠯᠦᠭ᠎ᠤᠨ ᠲᠠᠪᠬᠢᠭ᠎ᠠ


QQ20260726-114846.png


ᠲᠠᠯ᠎ᠠ ᠨᠤᠲᠤᠭ᠎ᠤᠨ ᠪᠢᠴᠢᠬᠠᠨ ᠪᠦᠮᠪᠦᠭᠡᠴᠢᠳ ᠨᠠᠭᠠᠳᠤᠮ᠎ᠤᠨ ᠲᠠᠯᠠᠪᠠᠢ ᠳ᠋ᠤ ᠤᠷᠤᠯ᠎ᠠ


ᠡᠭᠦᠨ᠎ᠳᠤ ᠬᠤᠯᠠ ᠤᠢᠷ᠎ᠠ ᠵᠢᠨ ᠵᠤᠴᠢᠳ ᠤ᠋ᠨ ᠠᠡᠭᠬᠠᠷᠤᠯ᠎ᠤᠨ ᠲᠦᠪ ᠪᠤᠯᠤᠭᠰᠠᠨ ᠲᠠᠯ᠎ᠠ ᠨᠤᠲᠤᠭ᠎ᠤᠨ 《ᠡᠷ᠎ᠡ᠎ᠶᠢᠨ ᠭᠤᠷᠪᠠᠨ ᠨᠠᠭᠠᠳᠤᠮ》᠎ᠤᠨ ᠤᠷᠤᠯᠳᠤᠭᠠᠨ ᠲᠡᠮᠡᠴᠡᠭᠡᠨ᠎ᠨᠢ ᠭᠤᠷᠪᠠᠨ ᠡᠳᠦᠷ᠎ᠤᠨ ᠲᠤᠷᠰᠢ ᠢᠯᠭᠤᠮ ᠤᠷᠤᠭᠰᠢᠳᠠᠢ ᠶᠠᠪᠤᠭᠳᠠᠵᠤ᠂ ᠪᠦᠬᠦ ᠤᠷᠤᠨ᠎ᠤ ᠡᠯ᠎ᠠ ᠠᠢᠮᠠᠭ ᠬᠤᠳᠠ ᠵᠢᠨ ᠴᠤᠤᠳᠤ ᠪᠦᠬᠡ᠂ ᠮᠡᠷᠭᠡᠨ ᠬᠠᠷᠪᠤᠭᠠᠴᠢ᠂ ᠤᠬᠠᠭᠠᠨᠳᠤ ᠤᠶᠠᠭᠠᠴᠢᠳ᠎ᠤᠨ ᠪᠢᠷ᠎ᠡ ᠬᠦᠴᠦ᠂ ᠴᠡᠴᠡᠨ ᠮᠡᠷᠭᠡᠨ᠂ ᠤᠷ᠎ᠠ ᠤᠬᠠᠭᠠᠨ ᠵᠢᠠᠨ ᠰᠤᠷᠢᠬᠤ ᠰᠠᠢᠬᠠᠨ ᠵᠠᠪᠰᠢᠶᠠᠨ᠎ᠢ ᠤᠯᠭᠤᠭᠰᠠᠨ ᠪᠦᠭᠡᠳ ᠡᠷᠬᠡ ᠲᠡᠭᠰᠢ ᠲᠦᠪ ᠭᠤᠤᠯᠴᠢ ᠪᠡᠷ ᠦᠨᠡᠨᠴᠢ ᠰᠢᠳᠤᠷᠭᠤ ᠦᠷᠢᠰᠦᠯᠳᠦᠵᠦ᠂ ᠦᠨᠳᠦᠰᠦᠳᠡᠨ᠎ᠤ ᠤᠯᠠᠮᠵᠢᠯᠠᠯᠲᠤ᠌ ᠪᠡᠶ᠎ᠡ᠎ᠶᠢᠨ ᠲᠠᠮᠢᠷ᠎ᠤᠨ ᠬᠦᠭᠵᠢᠯᠳᠡ ᠵᠢ ᠠᠬᠢᠭᠤᠯᠵᠦ᠂ ᠬᠤᠷᠠᠭᠰᠠᠨ ᠤᠯᠠᠨ᠎ᠳᠤ ᠠᠷᠠᠳ᠎ᠤᠨ ᠨᠠᠭᠠᠳᠤᠮ᠎ᠤᠨ ᠪᠠᠶᠠᠷ ᠴᠡᠡᠭᠭᠡᠯ᠎ᠢ ᠡᠳ᠋ᠯᠡᠭᠦᠯᠵᠠᠢ᠃

ᠡᠨᠡ ᠵᠢᠯ᠎ᠤᠨ ᠤᠷᠤᠨ᠎ᠤ ᠵᠢᠭᠤᠯᠴᠢᠯᠠᠯ᠎ᠤᠨ ᠨᠠᠭᠠᠳᠤᠮ᠎ᠤᠨ ᠪᠦᠭᠡ ᠵᠢᠨ ᠪᠠᠷᠢᠯᠳᠤᠭᠠᠨ᠎ᠳᠤ 1024 ᠬᠦᠴᠦᠳᠤ ᠪᠦᠬᠡ ᠵᠤᠳᠤᠭᠯᠠᠵᠦ᠂ ᠵᠤᠳᠤᠭᠯᠠᠭᠰᠠᠨ ᠬᠦᠮᠦᠨ᠎ᠤ ᠲᠤᠭ᠎ᠠ ᠪᠤᠯᠤᠨ ᠴᠢᠨᠠᠷ ᠴᠢᠨᠰᠠᠭ᠎ᠠ ᠵᠢᠨ ᠲᠠᠯ᠎ᠠ ᠪᠡᠷ ᠴᠦᠮ ᠤᠷᠢᠳᠠᠬᠢ ᠡᠴᠡ ᠲᠠᠪᠠᠪᠠ᠃ ᠮᠢᠡᠭᠭᠠᠨ ᠪᠦᠬᠡ ᠲᠠᠢ ᠨᠠᠭᠠᠳᠤᠮ᠎ᠵᠢᠡᠷ ᠠᠯᠢ ᠡᠷᠳᠡ ᠲᠦᠮᠡ ᠪᠤᠮᠠᠨ ᠠᠢᠯ ᠡᠷᠦᠬᠡ ᠵᠢᠨ ᠰᠤᠨᠤᠷ᠎ᠲᠦ ᠬᠦᠷᠴᠦ᠂ ᠪᠦᠬᠡ᠎ᠳᠤ ᠪᠠᠬᠠᠳᠠᠢ ᠬᠦᠮᠦᠰ᠎ᠤᠨ ᠡᠳᠦᠷ ᠲᠤᠭᠠᠯᠠᠨ ᠬᠤᠨᠤᠭ ᠬᠦᠯᠢᠶᠡᠭᠰᠡᠨ ᠰᠠᠢᠬᠠᠨ ᠨᠠᠭᠠᠳᠤᠮ ᠪᠤᠯᠪᠠ᠃ ᠨᠠᠭᠠᠳᠤᠮ᠎ᠤᠨ ᠡᠬᠢᠯᠡᠯᠳᠡ ᠵᠢᠨ ᠶᠤᠰᠤᠯᠠᠯ ᠲᠡᠭᠦᠰᠤᠮᠡᠭᠴᠡ ᠨᠠᠢᠷ᠎ᠤᠨ ᠲᠠᠯᠠᠪᠠᠢ᠎ᠳᠤ ᠪᠦᠬᠡ ᠵᠢᠨ ᠤᠷᠢᠶ᠎ᠠ ᠬᠠᠡᠭᠭᠢᠨᠠᠵᠦ᠂ ᠬᠦᠴᠦᠳᠦ ᠪᠦᠬᠡᠴᠦᠳ᠎ᠤᠨ ᠢᠳᠡᠷᠡᠭᠦᠨ ᠠᠯᠬᠤᠭ᠎ᠠ᠂ ᠬᠦᠡᠭᠭᠡᠨ ᠲᠡᠪᠢᠯᠭᠡ᠂ ᠤᠮᠤᠭᠳᠤ ᠮᠠᠭᠰᠢᠯᠳᠠ᠎ᠳᠤ ᠨᠠᠭᠠᠳᠤᠮ᠎ᠤᠨ ᠠᠭᠤᠷ ᠠᠮᠢᠰᠬᠤᠯ ᠨᠡᠡᠭᠳᠡ ᠵᠤᠵᠠᠭᠠᠷᠠᠵᠦ᠂ ᠪᠠᠬᠠᠳᠤᠨ ᠦᠵᠡᠵᠦ ᠰᠢᠮᠡᠳᠦᠨ ᠰᠤᠨᠢᠷᠬᠠᠬᠤ ᠨᠠᠭᠠᠳᠤᠮᠴᠢᠳ ᠦᠪᠡᠷ᠎ᠤᠨ ᠡᠷᠬᠡ ᠦᠭᠡᠢ ᠤᠷᠤᠭᠰᠢ ᠱᠤᠡᠭᠭᠤᠯᠠᠵᠦ᠂ ᠨᠠᠢᠷ᠎ᠤᠨ ᠬᠦᠷᠢᠶ᠎ᠡ ᠬᠠᠷᠠᠵᠦ ᠪᠠᠢᠳᠠᠯ᠎ᠠ ᠵᠢᠵᠢᠭᠷᠡᠪᠡ᠃ ᠨᠠᠢᠷ᠎ᠤᠨ ᠲᠤᠭᠤᠷ᠎ᠠ ᠡᠷᠭᠢᠵᠦ᠂ ᠨᠤᠭᠤᠯᠤᠭ᠎ᠠ ᠲᠠᠪᠠᠭ᠎ᠠ ᠡᠷᠬᠢᠭᠰᠡᠭᠡᠷ ᠡᠴᠦᠰ᠎ᠲᠦ ᠰᠢᠯᠢ ᠵᠢᠨ ᠭᠤᠤᠯ ᠠᠢᠮᠠᠭ᠎ᠤᠨ ᠰᠢᠯᠤᠭᠤᠨ ᠬᠦᠬᠡ ᠬᠤᠰᠢᠭᠤ ᠪᠡᠷ ᠨᠤᠲᠤᠭᠳᠠᠢ ᠵᠠᠯᠠᠭᠤ ᠰᠤᠳᠤᠨ ᠪᠦᠬᠡ ᠦᠨᠳᠦᠰᠦ ᠠᠷᠪᠠ ᠲᠠᠪᠠᠨ ᠲᠡᠷᠢᠭᠦᠯᠡᠵᠦ᠂ ᠠᠪᠠᠭ᠎ᠠ ᠬᠤᠰᠢᠭᠤᠨ᠎ᠤ ᠴᠠᠭᠠᠨᠵᠠᠭᠠᠨ ᠶᠢᠰᠦ ᠲᠠᠪᠠᠨ ᠲᠡᠳ᠋ᠯᠡᠪᠡ᠃

ᠬᠠᠷᠪᠢᠨ ᠬᠤᠳᠠ ᠡᠴᠡ ᠲᠤᠰᠬᠠᠢᠯᠠᠨ ᠪᠦᠬᠡ ᠵᠢᠨ ᠪᠠᠷᠢᠯᠳᠤᠭᠠᠨ᠎ᠢ ᠵᠤᠷᠢᠵᠦ ᠢᠷᠡᠭᠰᠡᠨ ᠵᠢᠭᠤᠯᠴᠢᠯᠠᠭᠴᠢ ᠸᠠᠩ ᠴᠢᠦ ᠰᠢᠨ᠄《 ᠪᠦᠬᠡᠴᠦᠳ᠎ᠤᠨ ᠬᠠᠳᠠᠭᠤ ᠡᠴᠡ ᠠᠶᠤᠬᠤ ᠦᠭᠡᠢ᠂ ᠬᠦᠴᠦᠷᠬᠡᠭ ᠡᠴᠡ ᠰᠦᠷᠳᠡᠬᠦ ᠦᠭᠡᠢ᠂ ᠤᠨᠠᠭᠰᠠᠨ᠎ᠴᠤ ᠢᠨᠢᠶᠡᠵᠦ ᠪᠠᠢᠳᠠᠭ᠂ ᠤᠢᠴᠢᠭᠰᠠᠨ᠎ᠴᠦ ᠲᠠᠬᠢᠨ ᠪᠤᠰᠬᠤ ᠬᠠᠳᠠᠨ ᠵᠤᠷᠢᠭ ᠡᠷᠡᠯᠭᠡᠭ ᠰᠦᠰᠤ ᠵᠢ ᠪᠢᠰᠢᠷᠡᠯ᠎ᠡ 》 ᠭᠡᠵᠠᠢ᠃

ᠰᠤᠷ ᠬᠠᠷᠪᠤᠭ᠎ᠠ᠎ᠴᠦ ᠭᠤᠷᠪᠠᠨ ᠡᠳᠦᠷ ᠶᠠᠪᠤᠭᠳᠠᠵᠦ᠂ ᠪᠦᠬᠦ ᠤᠷᠤᠨ᠎ᠤ 10 ᠠᠶ᠋ᠢᠮᠠᠭ ᠬᠣᠲᠠ᠎ᠶᠢᠨ 800 ᠭᠠᠷᠤᠶ ᠬᠠᠷᠪᠤᠭᠠᠴᠢ ᠬᠤᠷᠠᠨ ᠴᠤᠭᠯᠠᠷᠠᠵᠤ᠂ ᠡᠷᠡᠭᠲᠡᠶ ᠡᠮᠡᠭᠲᠡᠶ᠎ᠶᠢᠨ 30 ᠮᠧᠲ᠋ᠷ᠎ᠦᠨ ᠰᠠᠷᠠᠨ ᠫᠠᠢ᠎ᠶᠢᠨ ᠤᠷᠤᠯᠳᠤᠭᠠᠨ ᠬᠤᠷᠴᠠ ᠰᠢᠷᠦᠭᠦᠨ ᠶᠠᠪᠤᠭᠳᠠᠵᠦ᠂ ᠠᠪᠠᠭ᠎ᠠ ᠬᠣᠰᠢᠭᠤᠨ᠎ᠤ ᠮᠠᠯᠴᠢᠨ ᠦᠨᠢᠪᠢᠯᠢᠭ ᠡᠷᠡᠭᠲᠡᠶ᠎ᠶᠢᠨ ᠳᠤᠭᠤᠶ᠋ᠢᠯᠠᠩ ᠳ᠋ᠤ ᠮᠠᠩᠯᠠᠢᠯᠠᠪᠠ᠃ ᠲᠡᠷᠡ᠄ 《2024 ᠣᠨ ᠡᠴᠡ ᠰᠤᠷ ᠬᠠᠷᠪᠤᠭ᠎ᠠ᠎ᠳᠤ ᠪᠤᠯᠪᠠᠰᠤᠷᠠᠵᠦ᠂ ᠪᠠᠭᠰᠢ ᠵᠢᠨ ᠵᠢᠭᠠᠭᠰᠠᠨ᠎ᠤ ᠠᠴᠢ᠂ ᠦᠪᠡᠷ᠎ᠤᠨ ᠴᠢᠷᠮᠠᠢᠭᠰᠠᠨ᠎ᠤ ᠪᠦᠲᠦᠭᠡᠯ ᠵᠢᠡᠷ ᠦᠨᠦᠳᠦᠷ ᠮᠠᠡᠭᠯᠠᠢ ᠰᠢᠭᠦᠷᠡᠪᠡ᠂ ᠬᠤᠢᠰᠢᠳᠠ ᠤᠯᠤᠭᠰᠠᠨ ᠠᠮᠵᠢᠯᠳᠠ ᠳ᠋ᠠᠭᠠᠨ ᠡᠷᠡᠮᠰᠢᠬᠦ ᠦᠭᠡᠢ᠂ ᠨᠤᠭᠤᠷᠠᠯ᠎ᠳᠤ ᠤᠴᠠᠷᠠᠭᠰᠠᠨ᠎ᠴᠦ ᠰᠢᠨᠳᠠᠷᠠᠬᠤ ᠦᠭᠡᠢ ᠪᠡᠷ ᠤᠷ᠎ᠠ ᠮᠡᠷᠭᠡᠵᠢᠯ ᠵᠢᠡᠨ ᠪᠠᠳᠤᠳᠬᠠᠨ᠎ᠠ 》 ᠭᠡᠯ᠎ᠠ᠃

20  ᠭᠠᠷᠤᠢ ᠵᠢᠯ ᠰᠤᠷ ᠬᠠᠷᠪᠤᠵᠦ ᠪᠤᠢ ᠪᠠᠷᠠᠭᠤᠨ ᠦᠵᠦᠮᠦᠴᠢᠨ ᠬᠤᠰᠢᠭᠤᠨ᠎ᠤ ᠡᠮᠡᠭᠳᠡᠢ ᠰᠤᠷᠴᠢᠨ ᠰᠠᠷᠠᠨᠭᠡᠷᠡᠯ ᠄ 《ᠡᠨᠡ ᠤᠳᠠᠭ᠎ᠠ ᠪᠦᠬᠦ᠌ ᠣᠷᠣᠨ᠎ᠤ ᠨᠡᠷ᠎ᠡ ᠲᠠᠢ  ᠰᠢᠯᠢᠳᠡᠭ ᠰᠤᠷᠴᠢᠨ ᠯᠤᠭ᠎ᠠ ᠬᠠᠮᠳᠤ ᠦᠷᠢᠰᠦᠯᠳᠦᠵᠦ ᠤᠯᠠᠨ ᠵᠦᠢᠯ᠎ᠢ ᠰᠤᠷᠤᠯ᠎ᠠ᠂ ᠬᠤᠢᠰᠢᠳᠠ ᠪᠠᠰᠠ ᠦᠷᠭᠦᠯᠵᠢᠯᠡᠨ ᠪᠤᠯᠪᠠᠰᠤᠷᠠᠵᠦ᠂ ᠤᠯᠠᠮᠵᠢᠯᠠᠯᠲᠤ᠌ ᠰᠤᠷ ᠬᠠᠷᠪᠤᠭᠠᠨ᠎ᠤ ᠰᠣᠶᠣᠯ ᠵᠢᠡᠨ ᠤᠯᠠᠮᠵᠢᠯᠠᠨ ᠬᠥᠭᠵᠢᠭᠦᠯᠬᠦ᠌᠎ᠳᠦ ᠦᠴᠦᠬᠡᠨ᠎ᠴᠤ ᠭᠡᠰᠡᠨ ᠬᠤᠪᠢ ᠨᠡᠮᠡᠷᠢ ᠪᠠᠨ ᠡᠷᠬᠦᠬᠦ ᠪᠡᠷ ᠴᠢᠷᠮᠠᠢᠨ᠎ᠠ 》 ᠭᠡᠵᠦ ᠰᠤᠷᠪᠤᠯᠵᠢᠯᠠᠭ᠎ᠠ ᠬᠦᠯᠢᠶᠡᠬᠦ ᠳ᠋ᠡᠭᠡᠨ ᠶᠠᠷᠢᠪᠠ᠃

ᠲᠤᠰ ᠬᠤᠭᠤᠴᠠᠭᠠᠨ᠎ᠤ ᠨᠠᠭᠠᠳᠤᠮ᠎ᠤᠨ ᠮᠤᠷᠢᠨ ᠤᠷᠤᠯᠳᠤᠭᠠᠨ᠎ᠳᠤ 1500 ᠮᠸᠲᠷ᠂ 3000 ᠮᠸᠲᠷ᠎ᠤᠨ ᠲᠤᠭᠤᠷᠢᠭ᠎ᠤᠨ ᠤᠷᠤᠯᠳᠤᠭᠠᠨ ᠪᠠ 25 ᠺᠢᠯᠤᠮᠸᠲᠷ᠎ᠤᠨ ᠬᠤᠯᠠ᠎ᠵᠢᠨ ᠮᠤᠷᠢᠨ ᠤᠷᠤᠯᠳᠤᠭᠠᠨ ᠲᠤᠬᠢᠷᠠᠭᠤᠯᠤᠭᠰᠠᠨ ᠨᠢ ᠨᠡᠡᠭ ᠤᠯᠠᠨ ᠮᠤᠷᠢᠨ ᠤᠷᠤᠯᠳᠤᠭᠠᠨ᠎ᠳᠤ ᠪᠠᠬᠠᠳᠠᠢ ᠬᠦᠮᠦᠰ᠎ᠤᠨ ᠤᠷᠮ᠎ᠠ ᠵᠢ ᠬᠦᠭᠵᠢᠭᠡᠵᠦ ᠬᠠᠷᠠᠭ᠎ᠠ ᠵᠢ ᠪᠠᠶᠠᠰᠬᠠᠯ᠎ᠠ᠃ ᠨᠠᠭᠠᠳᠤᠮ᠎ᠤᠨ ᠠᠡᠭᠬᠠᠨ᠎ᠤ ᠡᠳᠦᠷ᠎ᠤᠨ ᠦᠳᠡ ᠵᠢᠨ ᠬᠤᠢᠨ᠎ᠠ᠂ ᠨᠠᠭᠠᠳᠤᠮ᠎ᠤᠨ ᠵᠠᠡᠭ ᠦᠢᠯᠡ ᠵᠢᠨ ᠬᠦᠷᠢᠶᠡᠯᠡᠡᠭ᠎ᠤᠨ ᠡᠮᠦᠨ᠎ᠡ ᠬᠡᠰᠡᠭ᠎ᠲᠦ ᠪᠤᠯᠤᠭᠰᠠᠨ 1500 ᠮᠸᠲᠷ᠎ᠤᠨ ᠲᠤᠭᠤᠷᠢᠭ᠎ᠤᠨ ᠤᠷᠤᠯᠳᠤᠭᠠᠨ᠎ᠳᠤ ᠬᠥᠪᠡᠭᠡᠲᠦ᠍ ᠰᠢᠷ᠎ᠠ ᠬᠣᠰᠢᠭᠤᠨ᠎ᠤ ᠠᠯᠮᠠᠰ᠎ᠤᠨ ᠮᠣᠷᠢ ᠲᠦᠷᠦᠭᠦᠦ ᠮᠠᠡᠭᠯᠠᠢ᠎ᠳᠤ ᠬᠤᠷᠳᠤᠯᠠᠵᠦ ᠬᠤᠷᠠᠭᠰᠠᠨ ᠤᠯᠠᠨ᠎ᠤ ᠤᠤᠬᠠᠢ ᠵᠢᠨ ᠲᠦᠷᠢᠯᠭᠡ ᠵᠢ ᠲᠤᠰᠤᠯ᠎ᠠ᠃

ᠡᠳᠦᠭᠡ ᠪᠠᠶᠠᠷ ᠨᠠᠭᠠᠳᠤᠮ ᠨᠢᠭᠡᠨᠳᠡ ᠦᠨᠳᠦᠷᠯᠡᠭᠰᠡᠨ ᠪᠤᠯᠪᠠᠴᠦ᠂ ᠨᠡᠭᠡᠭᠡᠯᠳᠡ ᠵᠢᠨ ᠶᠤᠰᠤᠯᠠᠯ᠎ᠤᠨ ᠦᠪᠡᠳᠡᠭᠰᠢ ᠪᠠᠢᠳᠠᠯ᠂ ᠤᠷᠤᠯᠳᠤᠭᠠᠨ ᠲᠡᠮᠡᠴᠡᠭᠡᠨ᠎ᠤ ᠰᠢᠷᠦᠬᠦᠨ ᠦᠷᠢᠰᠦᠯᠳᠦᠭᠡᠨ᠂ ᠵᠤᠨ᠎ᠤ ᠲᠡᠯᠭᠡᠷ ᠴᠠᠭ᠎ᠤᠨ ᠲᠠᠯ᠎ᠠ ᠨᠤᠲᠤᠭ᠎ᠤᠨ ᠲᠠᠡᠭᠰᠤᠭ ᠰᠠᠢᠬᠠᠨ ᠨᠢ ᠬᠤᠷᠠᠭᠰᠠᠨ ᠤᠯᠠᠨ᠎ᠤ ᠪᠤᠳᠤᠯ᠎ᠳᠤ ᠬᠤᠨᠤᠭᠰᠢᠵᠦ᠂ ᠲᠠᠬᠢᠨ ᠲᠠᠬᠢᠨ ᠠᠢᠯᠴᠢᠯᠠᠨ ᠢᠷᠡᠬᠦ ᠵᠢᠨ ᠢᠷᠦᠭᠡᠯ ᠪᠤᠯᠵᠤᠭ᠎ᠠ ᠵᠢ ᠪᠡᠯᠭᠡᠳᠡᠵᠦ᠂ ᠮᠤᠷᠳᠠᠬᠤ ᠵᠤᠴᠢᠳ᠎ᠲᠦ ᠮᠤᠯᠤᠷ ᠬᠡᠮ ᠰᠦᠡᠭᠨᠡᠵᠦ᠂ ᠢᠷᠡᠬᠦ ᠭᠡᠢᠴᠢᠳ᠎ᠲᠦ ᠤᠭᠳᠤᠯᠭ᠎ᠠ ᠵᠢᠨ ᠬᠠᠳᠠᠭ ᠡᠷᠭᠦᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号