7 ᠰᠠᠷ᠎ᠠ᠎ᠶᠢᠨ 22 ᠤᠨ ᠡᠳᠦᠷ᠂ 《 ᠪᠠᠷᠠᠭᠤᠨ ᠯᠢᠶᠤᠤᠾᠧ ᠭᠤᠤᠯ᠎ᠤᠨ ᠤᠰᠤ ᠵᠢ ᠰᠢᠨ ᠺᠠᠢ ᠾᠧ ᠭᠤᠤᠯ ᠳ᠋ᠤ ᠲᠠᠲᠠᠨ ᠤᠷᠤᠭᠤᠯᠬᠤ》 ᠤᠰᠤ ᠲᠤᠬᠢᠷᠠᠭᠤᠯᠤᠨ ᠬᠥᠷᠭᠡᠬᠥ ᠠᠵᠢᠯ ᠯᠠᠪᠳᠠᠭᠤᠨ᠎ᠢᠶᠠᠷ ᠠᠭᠢᠬᠤ᠎ᠶᠢ ᠳᠠᠭᠠᠯᠳᠤᠨ᠂ ᠵᠠᠭᠤ ᠭᠠᠷᠤᠢ ᠭᠠᠵᠠᠷ ᠤᠷᠤᠰᠤᠬᠰᠠᠨ ᠪᠠᠷᠠᠭᠤᠨ ᠯᠢᠶᠣᠤᠾᠧ ᠭᠣᠣᠯ᠎ᠤᠨ ᠤᠰᠤ ᠲᠦᠩᠯᠢᠶᠣᠣ ᠬᠣᠲᠠ᠎ᠶᠢᠨ ᠺᠠᠢᠯᠤ ᠰᠢᠶᠠᠨ᠎ᠤ ᠳᠠᠷᠭᠤᠨ ᠨᠠᠭᠤᠷ ᠤᠰᠤᠨ ᠠᠰᠢᠭ᠍ᠯᠠᠯᠲᠠ᠎ᠶᠢᠨ ᠬᠦᠢᠰᠦ ᠪᠠᠷᠢᠯᠭ᠎ᠠ᠎ᠳᠦ ᠤᠷᠤᠭᠰᠢᠲᠠᠢ ᠬᠦᠷᠴᠦ᠂ 28 ᠵᠢᠯ ᠤᠷᠤᠰᠬᠠᠯ ᠲᠠᠰᠤᠷᠠᠬᠰᠠᠨ ᠭᠠᠨ ᠾᠧ ᠭᠤᠤᠯ᠂ ᠰᠢᠨ ᠺᠠᠢ ᠾᠧ ᠭᠤᠤᠯ᠎ᠤᠨ ᠭᠤᠯᠳᠤᠷᠢᠯ ᠨᠢ ᠪᠥᠬᠥ ᠱᠤᠭᠤᠮ᠎ᠢᠶᠠᠷ ᠤᠰᠤ ᠨᠡᠪᠲᠡᠷᠡᠬᠦ ᠵᠢ ᠪᠡᠶᠡᠯᠡᠭᠥᠯᠥᠨ᠂ ᠨᠢᠭᠡᠨᠲᠡ 3 ᠵᠢᠯ ᠬᠠᠲᠠᠵᠤ ᠰᠢᠷᠬᠢᠭᠰᠡᠨ ᠳᠠᠷᠭᠤᠨ ᠨᠠᠭᠤᠷ ᠤᠰᠤᠨ ᠴᠥᠭᠥᠷᠥᠮ ᠳ᠋ᠤ ᠴᠢᠳᠬᠤᠯᠠᠪᠠ᠃
ᠲᠤᠰ ᠤᠳᠠᠭ᠎ᠠ᠎ᠶᠢᠨ ᠤᠰᠤ ᠲᠠᠲᠠᠬᠤ ᠠᠵᠢᠯ ᠨᠢ ᠰᠤ᠌ ᠵᠢᠶᠠ ᠫᠦ ᠤᠰᠤᠨ ᠠᠰᠢᠭ᠍ᠯᠠᠯᠲᠠ᠎ᠶᠢᠨ ᠬᠦᠢᠰᠦᠪᠠᠷᠢᠯᠭᠠ ᠡᠴᠡ ᠡᠬᠢᠯᠡᠵᠦ᠂ ᠤᠷᠢᠳ᠎ᠢᠶᠠᠷ 7.2 ᠺᠢᠯᠤᠮᠸᠲᠷ᠎ᠤᠨ ᠪᠠᠷᠠᠭᠤᠨ ᠯᠢᠶᠣᠤᠾᠧ ᠭᠣᠣᠯ᠎ᠤᠨ ᠶᠡᠷᠦᠩᠬᠡᠢ ᠭᠣᠣᠯ ᠰᠤᠪᠠᠭ᠎ᠢᠶᠠᠷ ᠳᠠᠮᠵᠢᠨ ᠭᠠᠨ ᠾᠸ ᠭᠣᠣᠯ ᠤᠨ ᠬᠠᠭᠠᠯᠳᠠ᠎ᠳᠤ ᠬᠦᠷᠴᠦ᠂ 50.8 ᠺᠢᠯᠤᠮᠸᠲᠷ᠎ᠤᠨ ᠭᠠᠨ ᠾᠸ ᠭᠣᠣᠯ᠎ᠤᠨ ᠵᠠᠮ᠎ᠢᠶᠠᠷ ᠰᠢᠨ ᠺᠠᠢ ᠾᠧ ᠭᠣᠣᠯ᠎ᠤᠨ ᠴᠢᠳᠬᠤᠯᠠᠩ᠎ᠳᠤ ᠣᠷᠣᠵᠤ᠂ ᠰᠢᠨ ᠺᠠᠢ ᠾᠧ ᠭᠣᠣᠯ᠎ᠳᠤ 9.1 ᠺᠢᠯᠤᠮᠸᠲᠷ ᠤᠷᠤᠰᠴᠤ ᠲᠠᠷᠭᠤᠨ ᠨᠠᠭᠤᠷ ᠤᠰᠤᠨ ᠠᠰᠢᠭ᠍ᠯᠠᠯᠲᠠ᠎ᠶᠢᠨ ᠬᠦᠢᠰᠦ ᠪᠠᠷᠢᠯᠭ᠎ᠠ᠎ᠳᠦ ᠬᠦᠷᠴᠦ᠂ ᠲᠠᠬᠢᠨ 4.3 ᠺᠢᠯᠤᠮᠸᠲᠷ᠎ᠤᠨ ᠤᠰᠤ ᠲᠠᠲᠠᠬᠤ ᠰᠤᠪᠠᠭ᠎ᠢᠶᠠᠷ ᠳᠠᠮᠵᠢᠨ ᠲᠠᠷᠭᠤᠨ ᠨᠠᠭᠤᠷ ᠤᠰᠤᠨ ᠴᠥᠭᠥᠷᠥᠮ᠎ᠳᠦ ᠤᠷᠤᠰ᠎ᠤᠨ ᠣᠷᠣᠬᠤ ᠪᠤᠯᠤᠨ᠎ᠠ᠃ ᠤᠰᠤ ᠳᠠᠮᠵᠢᠭᠤᠯᠬᠤ ᠱᠤᠭᠤᠮ ᠨᠢ ᠺᠠᠢᠯᠤ ᠰᠢᠶᠠᠨ᠎ᠤ ᠮᠠᠢᠰᠢᠨ ᠪᠠᠯᠭᠠᠰᠤ᠂ ᠾᠧᠢ ᠯᠦᠩ ᠪᠠ ᠪᠠᠯᠭᠠᠰᠤ᠂ ᠳᠠ ᠢᠦᠢ ᠱᠣ᠌ ᠪᠠᠯᠭᠠᠰᠤ ᠵᠡᠷᠭᠡ 5 ᠰᠢᠶᠠᠩ ᠪᠠᠯᠭᠠᠰᠤ᠎ᠶᠢ ᠪᠦᠷᠬᠦᠵᠦ᠂ ᠵᠠᠮ ᠱᠤᠭᠤᠮ ᠳᠠᠭᠠᠤ᠎ᠶᠢᠨ ᠲᠠᠷᠢᠶᠠᠯᠠᠩ᠎ᠤᠨ ᠤᠰᠤᠯᠠᠯᠲᠠ᠂ ᠭᠠᠵᠠᠷ ᠳᠣᠣᠷᠠᠬᠢ ᠤᠰᠤᠨ᠎ᠤ ᠬᠠᠩᠭᠠᠯᠭ᠎ᠠ ᠵᠢᠴᠢ ᠠᠮᠢ ᠠᠬᠤᠢ᠎ᠶᠢᠨ ᠰᠡᠷᠭᠦᠯᠳᠡ᠎ᠳᠦ ᠪᠠᠲᠤ ᠪᠡᠬᠢ ᠤᠰᠤᠨ᠎ᠤ ᠡᠬᠢ ᠰᠤᠷᠪᠤᠯᠵᠢ᠎ᠶᠢᠨ ᠲᠤᠯᠭᠠᠭᠤᠷᠢᠯᠠᠯ ᠬᠠᠩᠭᠠᠬᠤ ᠪᠤᠯᠤᠨ᠎ᠠ᠃
ᠲᠠᠷᠭᠤᠨ ᠨᠠᠭᠤᠷ ᠤᠰᠤᠨ ᠠᠰᠢᠭ᠍ᠯᠠᠯᠲᠠ ᠵᠢᠨ ᠬᠥᠢᠰᠥ ᠪᠠᠷᠢᠯᠭ᠎ᠠ ᠳᠡᠭᠡᠷ᠎ᠡ ᠵᠤᠬᠰᠤᠨ ᠪᠠᠷᠠᠯᠠᠬᠤ ᠳ᠋ᠤ᠂ ᠴᠡᠯᠮᠡᠭ ᠣᠭᠲᠠᠷᠭᠤᠢ᠎ᠶᠢᠨ ᠳᠣᠣᠷ᠎ᠠ ᠴᠡᠩᠬᠡᠷ ᠤᠰᠤ ᠤᠰᠤᠨ ᠬᠠᠭᠠᠯᠭ᠎ᠠ ᠪᠡᠷ ᠭᠤᠷᠴᠢᠬᠢᠨᠠᠨ ᠴᠢᠳᠬᠤᠯᠠᠵᠤ᠂ ᠳᠠᠷᠭᠤᠨ ᠨᠠᠭᠤᠷ ᠤᠰᠤᠨ ᠴᠥᠬᠥᠷᠥᠮ ᠳ᠋ᠤ ᠶᠡᠬᠡ ᠬᠡᠮᠵᠢᠶ᠎ᠡ ᠪᠡᠷ ᠤᠷᠤᠰ᠎ᠤᠨ ᠤᠷᠤᠵᠤ ᠪᠠᠢᠯ᠎ᠠ᠃ ᠡᠨᠡ ᠬᠦ᠌ 1956 ᠣᠨ᠎ᠳᠤ ᠪᠠᠷᠢᠯᠭ᠎ᠠ ᠡᠬᠢᠯᠡᠭᠦᠯᠵᠦ᠂ 1958 ᠣᠨ᠎ᠳᠤ ᠠᠰᠢᠭ᠍ᠯᠠᠯᠲᠠ᠎ᠳᠤ ᠣᠷᠣᠭᠤᠯᠤᠭᠰᠠᠨ ᠲᠣᠮᠣ᠌ ᠬᠡᠯᠪᠡᠷᠢ᠎ᠶᠢᠨ ᠡᠯᠡᠰᠦ ᠮᠠᠩᠬᠠᠨ ᠳ᠋ᠡᠬᠢ ᠤᠰᠤᠨ ᠴᠥᠭᠥᠷᠥᠮ᠎ᠦᠨ ᠶᠡᠷᠦᠩᠬᠡᠢ ᠪᠠᠭᠲᠠᠭᠠᠮᠵᠢ ᠨᠢ 1.57 ᠳ᠋ᠦᠩᠰᠢᠭᠤᠷ ᠪᠣᠰᠣᠭ᠎ᠠ ᠳᠥᠷᠪᠡᠯᠵᠢᠨ ᠮᠧᠲᠷᠪᠠᠢᠵᠤ᠂ ᠰᠢᠶᠠᠨ᠎ᠤ ᠱᠠᠲᠤᠨ᠎ᠤ ᠨᠤᠭᠤ ᠭᠠᠵᠠᠷ᠎ᠤᠨ ᠪᠠᠢᠭᠠᠯᠢ᠎ᠶᠢᠨ ᠬᠠᠮᠠᠭᠠᠯᠠᠯᠲᠠ᠎ᠶᠢᠨ ᠣᠷᠣᠨ ᠪᠣᠯᠵᠤ᠂ ᠶᠡᠷᠦ᠎ᠡᠴᠡ ᠺᠠᠢᠯᠤ ᠰᠢᠶᠠᠨ᠎ᠤ ᠤᠮᠠᠷᠠᠲᠤ ᠬᠡᠰᠡᠭ᠎ᠦᠨ ᠣᠷᠣᠨ᠎ᠤ ᠤᠰᠤᠨ᠎ᠤ ᠡᠬᠢ ᠪᠠᠶᠠᠯᠢᠭ᠋᠎ᠢ ᠲᠣᠬᠢᠷᠠᠭᠤᠯᠬᠤ᠂ ᠠᠮᠢ ᠠᠬᠤᠢ᠎ᠶᠢ ᠰᠡᠷᠭᠦᠭᠡᠬᠦ᠂ ᠦᠶᠡᠷ᠎ᠢ ᠰᠡᠷᠭᠡᠢᠯᠡᠨ ᠤᠰᠤ ᠬᠠᠳᠠᠭᠠᠯᠠᠬᠤ ᠭᠣᠣᠯ ᠬᠦᠢᠰᠦ ᠪᠣᠯᠵᠤ᠂ ᠡᠷᠭᠢᠨ ᠲᠣᠭᠣᠷᠢᠨ᠎ᠤ ᠬᠡᠳᠦᠨ ᠠᠷᠪᠠᠨ ᠲᠦᠮᠡᠨ ᠮᠦ᠍ ᠲᠠᠷᠢᠶᠠᠨ ᠭᠠᠵᠠᠷ᠎ᠤᠨ ᠤᠰᠤᠯᠠᠯᠲᠠ᠎ᠳᠤ ᠬᠡᠷᠡᠭᠯᠡᠬᠦ ᠤᠰᠤ᠎ᠶᠢ ᠪᠠᠲᠤᠯᠠᠨ᠂ ᠮᠥᠨ ᠴᠦ᠍ ᠲᠣᠭ᠎ᠠ ᠲᠣᠮᠰᠢ ᠦᠭᠡᠢ ᠨᠡᠭᠦᠳᠡᠯ᠎ᠦᠨ ᠰᠢᠪᠠᠭᠤᠳ᠎ᠤᠨ ᠣᠷᠣᠰᠢᠨ ᠠᠮᠢᠳᠤᠷᠠᠬᠤ ᠭᠡᠷ ᠣᠷᠣᠨ ᠪᠣᠯᠤᠭᠰᠠᠭᠠᠷ ᠢᠷᠡᠵᠠᠢ᠃
ᠡᠨᠡ ᠤᠳᠠᠭ᠎ᠠ᠎ᠶᠢᠨ 《ᠪᠠᠷᠠᠭᠤᠨ ᠯᠢᠶᠤᠤᠾᠧ ᠭᠤᠤᠯ᠎ᠤᠨ ᠤᠰᠤ ᠵᠢ ᠰᠢᠨ ᠺᠠᠢ ᠾᠧ ᠭᠤᠤᠯ ᠳ᠋ᠤ ᠲᠠᠲᠠᠨ ᠤᠷᠤᠭᠤᠯᠬᠤ》 ᠢᠨᠵᠧᠨᠧᠷᠢᠩ ᠨᠢ ᠲᠤᠰ ᠤᠰᠤᠨ ᠴᠥᠭᠥᠷᠥᠮ᠎ᠳᠦ ᠨᠢᠭᠡ ᠯᠡ ᠤᠳᠠᠭ᠎ᠠ᠎ᠶᠢᠨ ᠴᠢᠨᠠᠷᠲᠠᠢ᠎ᠪᠠᠷ 3500 ᠲᠦᠮᠡ᠎ᠡᠴᠡ 5000 ᠲᠦᠮᠡᠨ ᠪᠣᠰᠣᠭ᠎ᠠ ᠳᠥᠷᠪᠡᠯᠵᠢᠨ ᠮᠧᠲᠷ᠎ᠦᠨ ᠤᠰᠤ ᠬᠦᠷᠭᠡᠵᠦ᠂ ᠴᠥᠭᠥᠷᠥᠮ᠎ᠦᠨ ᠣᠷᠣᠨ᠎ᠳᠤ ᠣᠷᠳᠣ᠌ ᠬᠤᠭᠤᠴᠠᠭ᠎ᠠ᠎ᠪᠠᠷ ᠤᠰᠤ ᠳᠤᠲᠠᠭᠳᠠᠵᠤ ᠪᠠᠢᠭᠰᠠᠨ ᠬᠦᠴᠢᠷ ᠲᠦᠪᠡᠭᠲᠡᠢ ᠠᠰᠠᠭᠤᠳᠠᠯ᠎ᠢ ᠰᠢᠭᠤᠳ ᠰᠢᠢᠳᠪᠦᠷᠢᠯᠡᠬᠦ ᠪᠣᠯᠣᠨ᠎ᠠ᠃ 《ᠡᠨᠡ ᠤᠳᠠᠭ᠎ᠠ ᠵᠢᠨ ᠤᠰᠤᠨ᠎ᠤ ᠲᠤᠬᠢᠷᠠᠭᠤᠯᠤᠯᠲᠠ ᠨᠢ ᠣᠷᠣᠨ ᠪᠦᠰᠡ᠎ᠶᠢᠨ ᠭᠠᠵᠠᠷ ᠳᠣᠣᠷᠠᠬᠢ ᠤᠰᠤ᠎ᠶᠢ ᠨᠥᠬᠥᠪᠦᠷᠢᠯᠡᠵᠦ᠂ ᠠᠮᠢ ᠠᠬᠤᠢ᠎ᠶᠢᠨ ᠣᠷᠴᠢᠨ ᠲᠣᠭᠣᠷᠢᠨ᠎ᠢ ᠰᠠᠢᠵᠢᠷᠠᠭᠤᠯᠬᠤ᠎ᠪᠠᠷ ᠪᠠᠷᠠᠬᠤ ᠦᠭᠡᠢ᠂ ᠪᠠᠰᠠ ᠵᠠᠮ ᠳᠠᠭᠠᠤ᠎ᠶᠢᠨ 5 ᠰᠢᠶᠠᠩ ᠪᠠᠯᠭᠠᠰᠤ ᠵᠢᠨ 60 ᠲᠦᠮᠡᠨ ᠮᠦ᠍ ᠲᠠᠷᠢᠶᠠᠨ ᠭᠠᠵᠠᠷ᠎ᠤᠨ ᠤᠰᠤ ᠬᠡᠷᠡᠭᠯᠡᠬᠦ ᠬᠡᠷᠡᠭᠴᠡᠭᠡ᠎ᠶᠢ ᠯᠠᠪᠳᠠᠭᠤᠨ᠎ᠢᠶᠠᠷ ᠪᠠᠲᠤᠯᠠᠵᠤ᠂ ᠡᠨᠡ ᠵᠢᠯ᠎ᠦᠨ ᠠᠮᠤ ᠪᠤᠳᠠᠭᠠᠨ᠎ᠤ ᠡᠯᠪᠡᠭ ᠬᠤᠷᠢᠶᠠᠯᠲᠠ᠎ᠳᠤ 〈ᠤᠰᠤᠨ ᠠᠰᠢᠭ᠍ᠯᠠᠯᠲᠠ᠎ᠶᠢᠨ ᠳᠠᠭᠠᠳᠬᠠᠯ 〉 ᠢ᠋ ᠬᠠᠩᠭᠠᠬᠤ ᠪᠤᠯᠤᠨ᠎ᠠ》 ᠭᠡᠵᠤ ᠳᠠᠷᠭᠤᠨ ᠨᠠᠭᠤᠷ ᠤᠰᠤᠨ ᠴᠥᠭᠥᠷᠥᠮ᠎ᠦᠨ ᠬᠠᠮᠢᠶᠠᠷᠤᠯᠲᠠ ᠬᠠᠮᠠᠭᠠᠯᠠᠯᠲᠠ᠎ᠶᠢᠨ ᠲᠥᠪ᠎ᠦᠨ ᠳᠡᠳ᠋ ᠡᠷᠬᠢᠯᠡᠭᠴᠢ ᠵᠠᠩ ᠰᠢᠶᠠᠨ ᠴᠤᠤ ᠬᠡᠯᠡᠪᠠ᠃
《ᠡᠴᠢᠨᠡᠨ ᠵᠢᠯ ᠬᠥᠰᠡᠵᠤ ᠬᠥᠯᠢᠶᠡᠭᠰᠡᠨ ᠭᠤᠤᠯ ᠤᠨ ᠤᠰᠤ ᠮᠠᠨᠢ ᠬᠥᠷᠥᠭᠡᠳ ᠢᠷᠡᠯ᠎ᠡ》 ᠭᠡᠵᠦ ᠶᠡᠬᠡᠳᠡᠯᠠ ᠪᠠᠯᠭᠠᠰᠤᠨ᠎ᠤ ᠦ᠋ ᠡᡁᠸ ᠲᠣᠰᠬᠣᠨ᠎ᠤ ᠠᠷᠠᠳ ᠯᠢ ᠵᠢᠶᠠᠩ ᠭᠣᠣᠯ᠎ᠤᠨ ᠬᠥᠪᠡᠭᠡᠨ᠎ᠳᠦ ᠵᠣᠭᠰᠣᠵᠤ᠂ ᠤᠷᠤᠰᠬᠠᠯ ᠤᠰᠤ᠎ᠶᠢ ᠬᠠᠷᠠᠭᠠᠳ ᠠᠮᠠ ᠬᠠᠮᠬᠢᠯ ᠦᠭᠡᠢ ᠪᠠᠶᠠᠷᠯᠠᠨ᠎ᠠ᠃ ᠲᠡᠷᠡ ᠪᠠᠰᠠ᠄ 《ᠡᠨᠡ ᠤᠰᠤ ᠡᠷᠬᠢᠨ ᠲᠣᠭᠣᠷᠢᠨ᠎ᠤ 40 ᠭᠠᠵᠠᠷ᠎ᠲᠦ ᠨᠡᠪᠴᠢᠵᠤ᠂ ᠬᠣᠵᠢᠮ ᠲᠠᠷᠢᠶ᠎ᠠ ᠲᠥᠮᠤᠰᠤ ᠤᠰᠤᠯᠠᠬᠤ ᠳ᠋ᠤ ᠡᠳᠦᠷ ᠪᠤᠯᠭᠠᠨ ᠮᠠᠰᠢᠨ ᠬᠤᠳᠳᠤᠭ ᠰᠠᠬᠢᠬᠤ ᠴᠢᠬᠤᠯᠠ ᠦᠭᠡᠢ ᠪᠤᠯᠵᠠᠢ᠂ ᠠᠶᠠᠨ᠎ᠳᠠᠭᠠᠨ ᠲᠠᠷᠢᠶᠠᠨ ᠭᠠᠵᠠᠷ᠎ᠢ ᠰᠢᠮᠡᠵᠢᠭᠥᠯᠵᠤ᠂ ᠲᠠᠷᠢᠶ᠎ᠠ ᠲᠦᠮᠦᠰᠦ ᠯᠠᠪᠲᠠᠢ ᠡᠯᠪᠡᠭ ᠬᠤᠷᠢᠶᠠᠯᠳᠠ ᠤᠯᠤᠨ᠎ᠠ》 ᠭᠡᠵᠦ ᠤᠴᠢᠷᠯᠠᠨ᠎ᠠ᠃
ᠳᠠᠷᠭᠤᠨ ᠨᠠᠭᠤᠷ ᠤᠰᠤᠨ ᠴᠥᠭᠥᠷᠥᠮ᠎ᠳᠦ 30 ᠵᠢᠯ ᠠᠵᠢᠯᠯᠠᠭᠰᠠᠨ ᠠᠵᠢᠯ᠎ᠠᠴᠠ᠎ᠪᠠᠨ ᠠᠮᠠᠷᠠᠭᠰᠠᠨ ᠠᠵᠢᠯᠲᠠᠨ ᠴᠦ ᠹᠧᠩ ᠢ ᠲᠤᠬᠠᠢ᠎ᠶᠢᠨ ᠡᠳᠦᠷ᠎ᠦᠨ ᠥᠷᠯᠥᠭᠡᠬᠥᠷ ᠭᠤᠤᠯ ᠤᠨ ᠤᠷᠤᠰᠬᠠᠯ ᠢ ᠦᠵᠡᠬᠦ᠎ᠪᠡᠷ ᠬᠦᠷᠴᠦ ᠢᠷᠡᠵᠠᠢ᠃ ᠲᠠᠷᠡ᠎ᠪᠡᠷ ᠤᠰᠤᠨ ᠴᠥᠭᠥᠷᠥᠮ᠎ᠳᠦ ᠤᠤᠯ ᠳ᠋ᠠᠭᠠᠨ ᠤᠰᠤ ᠳᠦᠭᠦᠷᠡᠩ ᠴᠠᠯᠬᠢᠯᠠᠵᠤ᠂ ᠮᠥᠨ ᠡᠴᠢᠨᠠᠨ ᠵᠢᠯ ᠳᠠᠳᠠᠭᠤᠷᠠᠵᠤ ᠬᠠᠳᠠᠬᠰᠠᠨᠢ ᠨᠢᠳᠥ ᠪᠡᠷ ᠵᠢᠠᠨ ᠬᠠᠷᠠᠬᠰᠠᠨ ᠪᠠᠢᠪᠠ᠃ ᠥᠨᠥᠳᠥᠷ ᠭᠤᠤᠯ ᠤᠨ ᠤᠰᠤ ᠳᠠᠬᠢᠨ ᠣᠷᠤᠰᠴᠥ ᠢᠷᠡᠬᠥᠯᠡᠷ ᠥᠪᠡᠷ᠎ᠤᠨ ᠡᠷᠭᠡ ᠥᠭᠡᠢ ᠰᠡᠳᠬᠢᠯ ᠳᠣᠭᠳᠣᠯᠵᠡᠢ᠃
ᠤᠷᠤᠰᠬᠠᠯ ᠲᠠᠰᠤᠷᠠᠬᠰᠠᠨ ᠭᠤᠤᠯ᠎ᠤᠨ ᠭᠤᠯᠳᠤᠷᠢᠯ ᠳ᠋ᠤ ᠤᠰᠤ ᠴᠠᠯᠬᠢᠯᠠᠨ᠂ ᠬᠠᠳᠠᠵᠤ ᠰᠢᠷᠬᠢᠭᠰᠡᠨ ᠴᠥᠬᠥᠷᠥᠮ ᠳ᠋ᠤ ᠤᠰᠤ ᠴᠢᠳᠬᠤᠯᠠᠬᠰᠠᠨ ᠨᠢ ᠵᠠᠮ ᠳᠠᠭᠠᠤ᠎ᠶᠢᠨ ᠠᠷᠠᠳ ᠤᠯᠠᠨ᠎ᠤ ᠬᠥᠴᠢᠷᠳᠡᠯᠢ ᠰᠢᠢᠳᠪᠤᠷᠢᠯᠡᠭᠰᠡᠨ᠎ᠢᠶᠠᠷ ᠪᠠᠷᠠᠬᠤ ᠦᠭᠡᠢ᠂ ᠨᠡᠩ ᠴᠤ᠌ ᠪᠦᠬᠦᠶ᠋ᠢᠯᠡ ᠣᠷᠣᠨ ᠪᠦᠰᠡ᠎ᠶᠢᠨ ᠠᠮᠢ ᠠᠬᠤᠢ᠎ᠳᠤ 《ᠴᠢᠰᠤ ᠨᠥᠬᠥᠪᠦᠷᠢᠯᠡᠭᠰᠡᠨ》 ᠶᠠᠪᠤᠳᠠᠯ ᠪᠤᠯᠬᠤ ᠶᠤᠮ᠃ ᠵᠡᠨᠭ ᠰᠢᠶᠠᠨ ᠴᠤᠤ ᠶᠠᠷᠢᠬᠤ ᠳᠠᠭᠠᠨ᠂ ᠳᠠᠷᠠᠭᠠᠴᠢ ᠪᠡᠷ ᠲᠠᠷᠭᠤᠨ ᠨᠠᠭᠤᠷ ᠤᠰᠤᠨ ᠴᠥᠭᠥᠷᠥᠮ᠎ᠦᠨ ᠬᠠᠮᠢᠶᠠᠷᠤᠯᠲᠠ ᠬᠠᠮᠠᠭᠠᠯᠠᠯᠲᠠ᠎ᠶᠢᠨ ᠲᠥᠪ᠎ᠤᠨ ᠬᠢᠨ 24 ᠴᠠᠭ᠎ᠤᠨ ᠲᠣᠭᠣᠷᠢᠨ ᠬᠠᠮᠠᠭᠠᠯᠠᠬᠤ ᠠᠵᠢᠯ ᠥᠷᠨᠢᠭᠥᠯᠥᠨ᠂ ᠴᠥᠭᠥᠷᠥᠮ᠎ᠦᠨ ᠣᠷᠣᠨ᠎ᠤ ᠬᠣᠭ ᠨᠣᠪᠰᠢ᠎ᠶᠢ ᠴᠡᠪᠡᠷᠯᠡᠵᠦ᠂ ᠤᠰᠤ ᠵᠢ ᠳᠤᠷ᠎ᠠ ᠪᠡᠷ ᠬᠡᠷᠡᠭᠯᠡᠬᠥ ᠵᠢ ᠴᠠᠬᠳᠠᠨ ᠪᠠᠢᠴᠠᠭᠠᠵᠦ᠂ ᠪᠤᠬᠢᠷᠳᠤᠯ ᠳᠠᠢ ᠤᠰᠤ ᠤᠷᠤᠰᠥᠨ ᠤᠷᠤᠬᠤ ᠵᠢ ᠡᠷᠡᠰ ᠬᠤᠷᠢᠬᠯᠠᠨ᠎ᠠ ᠭᠡᠪᠡ᠃