ᠶᠣᠣ ᠴᠢᠶᠠᠨ ᠰᠢᠶᠦ᠋ᠨ \ ᠬ᠍ᠸ᠋ ᠺᠠᠶ ᠫᠤᠤᠳᠠᠯᠭ᠎ᠠ ᠵᠢᠨ ᠳᠡᠯᠡᠬᠡᠶ᠎ᠶᠢᠨ ᠬᠤᠨᠳᠠᠭᠠᠲᠤ᠌ ᠤᠷᠤᠯᠳᠤᠭᠠᠨ᠎ᠳᠤ ᠲᠡᠮᠳᠡᠭᠯᠡᠯ ᠡᠭᠦᠳᠴᠦ᠍ ᠮᠠᠩᠯᠠᠶ᠋ᠢᠯᠠᠪᠠ
2026-07-24 12:49:22
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

7 ᠰᠠᠷ᠎ᠠ ᠵᠢᠨ 22᠎ᠤᠨ ᠡᠳᠦᠷ᠂ 2026 ᠣᠨ ᠎ᠤ ᠣᠯᠠᠨ ᠤᠯᠤᠰ᠎ᠤᠨ ᠫᠤᠤᠳᠠᠯᠭ᠎ᠠ᠎ᠶᠢᠨ ᠬᠣᠯᠪᠣᠭ᠎ᠠ ᠵᠢᠨ ᠪᠥᠬᠥ᠌ ᠲᠥᠷᠥᠯ᠎ᠦᠨ ᠳᠡᠯᠡᠬᠡᠶ᠎ᠶᠢᠨ ᠬᠤᠨᠳᠠᠭᠠᠲᠤ᠌ ᠤᠷᠤᠯᠳᠤᠭᠠᠨ᠎ᠤ ᠠᠩᠬᠠᠨ᠎ᠤ ᠤᠷᠤᠯᠳᠤᠭᠠᠨ᠎ᠤ ᠡᠳᠦᠷ᠎ᠤᠨ ᠦᠷᠢᠰᠦᠯᠳᠦᠭᠡᠨ ᠪᠤᠯᠪᠡ᠃ 10 ᠮᠧᠲ᠋ᠷ᠎ᠦᠨ ᠬᠡᠶ᠋ᠢᠲᠦ᠍ ᠭᠠᠷ ᠫᠤᠤ᠎ᠶᠢᠨ ᠬᠣᠯᠢᠮᠠᠭ ᠪᠦᠯᠬᠦᠮ᠎ᠦᠨ ᠰᠢᠢᠳᠪᠦᠷᠢᠲᠦ᠍ ᠤᠷᠤᠯᠳᠤᠭᠠᠨ᠎ᠳᠤ᠂ ᠳᠤᠮᠳᠠᠳᠤ ᠤᠯᠤᠰ᠎ᠤᠨ ᠬᠤᠤᠰᠯᠠᠨ ᠴᠤᠬᠢᠬᠤ ᠲᠠᠮᠢᠷᠴᠢᠨ ᠶᠣᠣ ᠴᠢᠶᠠᠨ ᠰᠢᠶᠦ᠋ᠨ \ ᠬ᠍ᠤ ᠺᠠᠶ 488.4 ᠵᠢᠨ ᠬᠢᠷᠢ ᠪᠦᠲᠦᠮᠵᠢ᠎ᠪᠡᠷ ᠠᠯᠲᠠᠨ ᠮᠧᠳᠠᠯ ᠣᠯᠤᠭᠰᠠᠨ ᠪᠥᠭᠡᠳ ᠲᠤᠰ ᠲᠥᠷᠥᠯ ᠵᠦᠢᠯ᠎ᠦᠨ ᠳᠡᠯᠡᠬᠡᠶ᠎ᠶᠢᠨ ᠰᠢᠨ᠎ᠡ ᠲᠡᠮᠳᠡᠭᠯᠡᠯ᠎ᠢ ᠡᠭᠦᠳᠪᠡ᠃ ᠳᠠᠳᠠ ᠬᠤᠶᠠᠷ ᠬᠢᠷᠢ ᠬᠡᠮ᠎ᠦᠨ ᠤᠷᠤᠯᠳᠤᠭᠠᠨ᠎ᠳᠤ 591 ᠵᠢᠨ ᠬᠢᠷᠢ ᠪᠦᠲᠦᠮᠵᠢ᠎ᠪᠡᠷ ᠬᠢᠷᠢ ᠬᠡᠮ᠎ᠦᠨ ᠤᠷᠤᠯᠳᠤᠭᠠᠨ᠎ᠤ ᠳᠡᠯᠡᠬᠡᠶ᠎ᠶᠢᠨ ᠲᠡᠮᠳᠡᠭᠯᠡᠯ᠎ᠢ ᠡᠭᠦᠳᠪᠡ᠃ ᠨᠥᠭᠥᠭᠡ ᠨᠢᠭᠡᠨ ᠳᠤᠮᠳᠠᠳᠤ ᠤᠯᠤᠰ᠎ᠤᠨ ᠬᠣᠣᠰᠯᠠᠨ ᠴᠤᠬᠢᠬᠤ ᠲᠠᠮᠢᠷᠴᠢᠨ ᠱᠧᠨ ᠢ ᠶᠣᠣ \ ᠪᠦ᠋ ᠱᠤᠸᠠᠢ ᠬᠠᠩ ᠮᠥᠩᠭᠥᠨ ᠮᠧᠳᠠᠯ ᠣᠯᠪᠠ᠃

ᠲᠤᠰ ᠥᠷᠲᠡᠭᠡᠨ᠎ᠦ ᠳᠡᠯᠡᠬᠡᠶ᠎ᠶᠢᠨ ᠬᠤᠨᠳᠠᠭᠠᠲᠤ᠌ ᠤᠷᠤᠯᠳᠤᠭᠠᠨ ᠨᠢ 10 ᠡᠳᠦᠷ᠎ᠦᠨ ᠤᠷᠤᠯᠳᠤᠭᠠᠨ᠎ᠤ ᠶᠠᠪᠤᠴᠠ᠎ᠳᠤ ᠶᠠᠪᠠᠭᠠᠨ ᠫᠤᠤ᠂ ᠭᠠᠷ ᠫᠤᠤ᠂ ᠨᠢᠰᠦᠭᠡ ᠲᠠᠪᠠᠭ ᠵᠡᠷᠭᠡ ᠪᠦᠬᠦ᠌ ᠫᠤᠤᠳᠠᠯᠭ᠎ᠠ᠎ᠶᠢᠨ ᠤᠷᠤᠯᠳᠤᠭᠠᠨ᠎ᠤ ᠲᠥᠷᠦᠯ᠎ᠢ ᠪᠠᠭᠲᠠᠭᠠᠭᠰᠠᠨ 15 ᠠᠯᠲᠠᠨ ᠮᠧᠳᠠᠯ ᠭᠠᠷᠬᠤ ᠪᠣᠯᠤᠨ᠎ᠠ᠃ ᠳᠤᠮᠳᠠᠳᠤ ᠤᠯᠤᠰ᠎ᠤᠨ ᠠᠩᠭᠢ ᠱᠧᠩ ᠯᠢ ᠬᠤᠤ᠂ ᠯᠢᠦ ᠢᠦᠶ ᠺᠦᠨ ᠵᠡᠷᠭᠡ 10 ᠭᠠᠷᠤᠶ ᠣᠯᠢᠮᠫᠢᠺ᠎ᠦᠨ ᠮᠠᠩᠯᠠᠢ᠎ᠶᠢ ᠲᠣᠮᠢᠯᠠᠨ ᠣᠷᠣᠯᠴᠠᠭᠤᠯᠵᠤ᠂ ᠶᠣᠣ ᠴᠢᠶᠠᠨ ᠰᠢᠶᠦ᠋ᠨ᠂ ᠸᠠᠩ ᠽᠢ ᠹᠧᠢ ᠵᠡᠷᠭᠡ ᠰᠢᠨ᠎ᠡ ᠨᠢᠭᠡ ᠦᠶ᠎ᠡ᠎ᠶᠢᠨ ᠳᠡᠯᠡᠬᠡᠶ᠎ᠶᠢᠨ ᠮᠠᠩᠯᠠᠶ ᠴᠤ᠌ ᠤᠷᠤᠯᠴᠠᠬᠤ ᠪᠣᠯᠤᠨ᠎ᠠ᠃


ᠢᠷᠡᠯᠲᠡ᠄  ᠠᠷᠠᠳ᠎ᠤᠨ ᠡᠳᠦᠷ᠎ᠦᠨ ᠰᠣᠨᠢᠨ᠎ᠤ ᠰᠢᠯᠵᠢᠶ᠎ᠠ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号