ᠥᠪᠥᠷ ᠮᠣᠩᠭᠣᠯ ᠠᠭᠤᠷᠬᠠᠢ᠎ᠵᠢᠨ ᠬᠦᠷᠢᠶᠠᠨ᠎ᠳᠡᠬᠢ ᠬᠠᠤᠯᠢ ᠪᠤᠰᠤ ᠠᠵᠢᠯᠯᠠᠭ᠎ᠠ ᠳ᠋ᠤ᠌ ᠴᠣᠬᠢᠯᠲᠠ ᠥᠭᠬᠦ 《ᠵᠠᠭᠤᠨ ᠡᠳᠦᠷ᠎ᠦᠨ ᠠᠵᠢᠯᠯᠠᠭ᠎ᠠ》 ᠦᠷᠨᠢᠬᠦᠯᠵᠤ ᠪᠤᠢ
2026-07-24 09:54:32
ᠵᠣᠬᠢᠶᠠᠭ᠍ᠴᠢ᠄
ᠰᠠᠷᠭᠠᠢ
ᠣᠩᠱᠢᠭ᠍ᠰᠠᠨ ᠣᠳᠠᠭ᠎ᠠ᠄
★★★☆☆

ᠤᠢᠷ᠎ᠡ ᠳ᠋ᠤ᠌ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠭᠤᠷᠬᠠᠶ᠎ᠶᠢᠨ ᠠᠮᠤᠷ ᠲᠦᠪᠰᠢᠨ᠎ᠦ ᠬᠢᠨᠠᠯᠲᠠ ᠬᠠᠮᠢᠶᠠᠷᠤᠯᠲᠠ᠎ᠶᠢᠨ ᠲᠣᠪᠴᠢᠶ᠎ᠠ᠎ᠪᠤᠯᠤᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠳᠣᠲᠣᠭᠠᠳᠤ᠎ᠶᠢ ᠬᠠᠮᠠᠭᠠᠯᠠᠬᠤ ᠲᠢᠩᠬᠢᠮ᠎ᠬᠠᠮᠲᠤᠷᠠᠨ 《ᠠᠭᠤᠷᠬᠠᠶ᠎ᠶᠢᠨ ᠬᠦᠷᠢᠶᠡᠨ᠎ᠳᠡᠬᠢ ᠬᠠᠤᠯᠢ ᠪᠤᠰᠤ ᠠᠵᠢᠯᠯᠠᠭ᠎ᠠ ᠬᠠᠤᠯᠢ ᠡᠴᠡ ᠵᠥᠷᠢᠴᠡᠭᠰᠡᠨ ᠤᠢᠯᠡᠳᠪᠤᠷᠢᠯᠡᠯ ᠪᠥᠲᠥᠭᠡᠨ ᠪᠠᠶ᠋ᠢᠭᠤᠯᠤᠯᠲᠠ᠎ᠶᠢᠨ ᠠᠵᠢᠯᠯᠠᠭ᠎ᠠ᠎ᠳᠤ ᠬᠠᠤᠯᠢ ᠶᠣᠰᠣᠭᠠᠷ ᠴᠢᠩᠭ᠎ᠠ ᠴᠣᠬᠢᠯᠲᠠ ᠥᠭᠬᠦ᠌ ᠲᠤᠬᠠᠶ ᠮᠡᠳᠡᠭᠳᠡᠯ》᠎ᠢ᠋ ᠳᠠᠷᠤᠮᠠᠯᠯᠠᠨ ᠲᠠᠷᠬᠠᠭᠠᠵᠤ᠂ ᠠᠭᠤᠷᠬᠠᠶ᠎ᠶᠢᠨ ᠬᠦᠷᠢᠶᠡᠨ᠎ᠳᠡᠬᠢ ᠬᠠᠤᠯᠢ ᠪᠤᠰᠤ ᠠᠵᠢᠯᠯᠠᠭ᠎ᠠ ᠬᠠᠤᠯᠢ ᠡᠴᠡ ᠵᠥᠷᠢᠴᠡᠭᠰᠡᠨ ᠤᠢᠯᠡᠳᠪᠤᠷᠢᠯᠡᠯ ᠪᠥᠲᠥᠭᠡᠨ ᠪᠠᠶ᠋ᠢᠭᠤᠯᠤᠯᠲᠠ᠎ᠶᠢᠨ ᠠᠵᠢᠯᠯᠠᠭ᠎ᠠ᠎ᠳᠤ ᠴᠣᠬᠢᠯᠲᠠ ᠥᠭᠬᠦ᠌ 《ᠵᠠᠭᠤᠨ ᠡᠳᠦᠷ᠎ᠦᠨ ᠠᠵᠢᠯᠯᠠᠭ᠎ᠠ》 ᠢ᠋ᠢ ᠵᠣᠬᠢᠶᠠᠨ ᠪᠠᠶ᠋ᠢᠭᠤᠯᠤᠨ ᠦᠷᠨᠢᠬᠦᠯᠵᠡᠢ᠃

ᠣᠶ᠋ᠢᠯᠠᠭᠠᠭᠰᠠᠨ᠎ᠢᠶᠠᠷ᠂ ᠲᠣᠰ ᠤᠳᠠᠭᠠᠨ᠎ᠤ ᠬᠠᠤᠯᠢ ᠪᠤᠰᠤ ᠠᠵᠢᠯᠯᠠᠭ᠎ᠠ ᠬᠠᠤᠯᠢ ᠡᠴᠡ ᠵᠥᠷᠢᠴᠡᠭᠰᠡᠨ ᠠᠵᠢᠯᠯᠠᠭ᠎ᠠ ᠳ᠋ᠤ᠌ ᠴᠣᠬᠢᠯᠲᠠ ᠥᠭᠬᠦ᠌ ᠲᠤᠰᠬᠠᠶ ᠠᠵᠢᠯᠯᠠᠭ᠎ᠠ᠎ᠨᠢ 2026 ᠣᠨ᠎ᠤ 7 ᠰᠠᠷ᠎ᠠ᠎ᠶᠢᠨ 6᠎ᠡᠴᠡ 10 ᠰᠠᠷ᠎ᠠ᠎ᠶᠢᠨ 13᠎ᠤ᠋ ᠡᠳᠦᠷ ᠪᠣᠯᠲᠠᠯ᠎ᠠ 100 ᠡᠳᠦᠷ ᠶᠠᠪᠤᠭᠳᠠᠵᠤ᠂ ᠠᠭᠤᠷᠬᠠᠶ᠎ᠶᠢᠨ ᠬᠦᠷᠢᠶᠡᠨ᠎ᠳᠡᠬᠢ ᠲᠣᠭᠲᠠᠭᠠᠯ᠎ᠡᠴᠡ ᠵᠥᠷᠢᠴᠡᠨ ᠨᠡᠭᠡᠭᠡᠨ ᠮᠠᠯᠲᠠᠬᠤ᠂ ᠬᠡᠪᠴᠢᠶ᠎ᠡ ᠡᠴᠡ ᠭᠠᠳᠠᠭᠤᠷ ᠨᠡᠭᠡᠭᠡᠨ ᠮᠠᠯᠲᠠᠬᠤ᠂ ᠨᠢᠭᠤᠨ ᠳᠠᠯᠳᠠᠯᠠᠵᠤ ᠨᠡᠭᠡᠭᠡᠨ ᠮᠠᠯᠲᠠᠬᠤ ᠵᠡᠷᠭᠡ 11 ᠵᠦᠢᠯ ᠤ᠋ᠨ ᠬᠠᠤᠯᠢ ᠪᠤᠰᠤ ᠠᠵᠢᠯᠯᠠᠭ᠎ᠠ ᠬᠠᠤᠯᠢ ᠡᠴᠡ ᠵᠥᠷᠢᠴᠡᠭᠰᠡᠨ ᠠᠵᠢᠯᠯᠠᠭ᠎ᠠ ᠳ᠋ᠤ᠌ ᠭᠤᠤᠯᠳᠠᠯᠭ᠎ᠠ᠎ᠲᠠᠶ ᠴᠢᠩᠭ᠎ᠠ ᠴᠣᠬᠢᠯᠲᠠ ᠥᠭᠴᠤ ᠡᠬᠢᠯᠡᠪᠠ᠃ᠠᠵᠢᠯᠯᠠᠭ᠎ᠠ᠎ᠶᠢᠨ ᠬᠤᠭᠤᠴᠠᠭᠠᠨ᠎ᠳᠤ᠂ ᠪᠦᠬᠦ᠌ ᠣᠷᠣᠨ᠎ᠤ ᠡᠯ᠎ᠡ ᠱᠠᠲᠤᠨ᠎ᠤ ᠠᠭᠤᠷᠬᠠᠶ᠎ᠶᠢᠨ ᠠᠶᠤᠯᠬᠦᠢ᠎ᠶᠢᠨ ᠬᠢᠨᠠᠯᠲᠠ ᠬᠠᠮᠢᠶᠠᠷᠤᠯᠲᠠ᠎ᠶᠢᠨ ᠰᠠᠯᠠᠭ᠎ᠠ ᠮᠥᠴᠢᠷ᠎ᠤ᠋ᠨ ᠬᠢᠨ ᠠᠭᠤᠷᠬᠠᠶ᠎ᠶᠢᠨ ᠠᠶᠤᠯᠬᠦᠢ ᠢ᠋ᠢᠨ ᠬᠢᠨᠠᠯᠲᠠ ᠬᠠᠮᠢᠶᠠᠷᠤᠯᠲᠠ᠎ᠶᠢᠨ ᠬᠠᠤᠯᠢ ᠬᠡᠷᠡᠭᠵᠢᠭᠦᠯᠬᠦ᠌ ᠡᠷᠴᠢᠮ᠎ᠢᠶᠡᠨ ᠦᠷᠭᠦᠯᠵᠢᠯᠡᠨ ᠴᠢᠡᠭᠭᠠᠷᠠᠭᠤᠯᠵᠤ᠂ ᠶᠠᠯ᠎ᠠ ᠬᠢᠭᠰᠡᠨ᠎ᠢᠶᠡᠷ ᠰᠡᠵᠢᠭᠯᠡᠭᠳᠡᠭᠰᠡᠨ ᠬᠠᠤᠯᠢ ᠪᠤᠰᠤ ᠠᠵᠢᠯᠯᠠᠭ᠎ᠠ ᠬᠠᠤᠯᠢ ᠡᠴᠡ ᠵᠥᠷᠢᠴᠡᠭᠰᠡᠨ ᠠᠵᠢᠯᠯᠠᠭ᠎ᠠ ᠢ᠋ᠢ ᠣᠯᠵᠤ ᠢᠯᠡᠷᠡᠭᠦᠯᠪᠡᠯ᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠭᠤᠷᠬᠠᠶ᠎ᠶᠢᠨ ᠠᠶᠤᠯᠬᠦᠢ ᠦᠢᠯᠡᠳᠪᠦᠷᠢᠯᠡᠯ᠎ᠦᠨ ᠵᠠᠰᠠᠭ ᠵᠠᠬᠢᠷᠭᠠᠨ᠎ᠤ ᠬᠠᠤᠯᠢ ᠬᠡᠷᠡᠭᠵᠢᠭᠦᠯᠦᠯᠲᠡ᠎ᠶᠢ ᠡᠷᠡᠭᠦᠦ᠎ᠶᠢᠨ ᠬᠡᠷᠡᠭ᠎ᠦᠨ ᠬᠠᠤᠯᠢ ᠴᠠᠭᠠᠵᠠ᠎ᠯᠤᠭ᠎ᠠ ᠵᠣᠯᠭᠠᠭᠤᠯᠬᠤ ᠠᠵᠢᠯ᠎ᠤᠨ ᠬᠡᠷᠡᠭᠵᠢᠭᠦᠯᠬᠦ᠌ ᠠᠷᠭ᠎ᠠ》 ᠶᠣᠰᠣᠭᠠᠷ ᠬᠠᠷᠢᠶ᠎ᠠ ᠭᠠᠵᠠᠷ᠎ᠤᠨ ᠳᠣᠲᠣᠭᠠᠳᠤ᠎ᠶᠢ ᠬᠠᠮᠠᠭᠠᠯᠠᠬᠤ ᠪᠠᠢᠭᠤᠯᠭ᠎ᠠ ᠳ᠋ᠤ᠌ ᠰᠢᠯᠵᠢᠭᠦᠯᠦᠨ ᠬᠦᠷᠭᠡᠵᠦ᠍ ᠬᠠᠤᠯᠢ ᠶᠣᠰᠣᠭᠠᠷ ᠡᠷᠡᠭᠦᠦ᠎ᠶᠢᠨ ᠬᠠᠷᠢᠭᠤᠴᠠᠯᠭ᠎ᠠ ᠨᠡᠬᠡᠮᠵᠢᠯᠡᠬᠦ᠌ ᠬᠡᠷᠡᠭᠲᠡᠶ᠃ ᠡᠭᠦᠨ᠎ᠦ ᠬᠠᠮᠲᠤ᠌ ᠢᠯᠡᠴᠢᠯᠡᠨ ᠮᠡᠳᠡᠭᠦᠯᠬᠦ᠌ ᠲᠣᠭᠲᠡᠴᠡ᠎ᠶᠢ ᠪᠠᠶ᠋ᠢᠭᠤᠯᠵᠤ᠂ ᠢᠯᠡᠴᠢᠯᠡᠨ ᠮᠡᠳᠡᠭᠦᠯᠦᠭᠴᠢ᠎ᠨᠢ ᠲᠤᠬᠠᠶ᠎ᠶᠢᠨ ᠲᠠᠯᠠᠪᠠᠶ᠂ ᠵᠠᠬᠢᠳᠠᠯ᠂ ᠭᠠᠷ ᠤᠳᠠᠰᠤ᠂ ᠡᠯᠧᠺᠲ᠋ᠷᠣᠨ ᠰᠢᠤᠳᠠᠨ ᠬᠠᠶ᠋ᠢᠷᠴᠠᠭ ᠵᠡᠷᠭᠡ ᠠᠷᠭ᠎ᠠ ᠵᠠᠮ᠎ᠢᠶᠠᠷ ᠳᠠᠮᠵᠢᠭᠤᠯᠤᠨ ᠠᠭᠤᠷᠬᠠᠶ᠎ᠶᠢᠨ ᠬᠦᠷᠢᠶᠡᠨ᠎ᠳᠡᠬᠢ ᠬᠠᠤᠯᠢ ᠪᠤᠰᠤ ᠠᠵᠢᠯᠯᠠᠭ᠎ᠠ ᠬᠠᠤᠯᠢ ᠡᠴᠡ ᠵᠥᠷᠢᠴᠡᠭᠰᠡᠨ ᠠᠵᠢᠯᠯᠠᠭ᠎ᠠ ᠢ᠋ᠢ ᠢᠯᠡᠴᠢᠯᠡᠨ ᠮᠡᠳᠡᠭᠦᠯᠵᠦ᠍ ᠪᠣᠯᠤᠨ᠎ᠠ᠂ ᠢᠯᠡᠴᠢᠯᠡᠨ ᠮᠡᠳᠡᠭᠦᠯᠦᠭᠰᠡᠨ ᠠᠭᠤᠯᠭ᠎ᠠ᠎ᠶᠢ᠎ᠨᠢ ᠬᠠᠷᠭᠤᠭᠤᠯᠤᠨ ᠪᠠᠶ᠋ᠢᠴᠠᠭᠠᠭᠠᠳ ᠦᠨᠡᠨ ᠪᠣᠳᠠᠲᠠᠶ ᠪᠠᠶ᠋ᠢᠪᠠᠯ ᠲᠣᠭᠲᠠᠭᠠᠯ ᠶᠣᠰᠣᠭᠠᠷ ᠱᠠᠩᠨᠠᠨ ᠬᠥᠬᠢᠭᠦᠯᠵᠤ᠂ ᠶᠠᠯ᠎ᠠ ᠬᠢᠭᠰᠡᠨ ᠰᠡᠵᠢᠭᠯᠡᠯᠲᠡᠶ ᠪᠠᠶ᠋ᠢᠪᠠᠯ ᠳᠣᠲᠣᠭᠠᠳᠤ᠎ᠶᠢ ᠬᠠᠮᠠᠭᠠᠯᠠᠬᠤ ᠪᠠᠶ᠋ᠢᠭᠤᠯᠭ᠎ᠠ᠎ᠳᠤ ᠰᠢᠯᠵᠢᠭᠦᠯᠦᠨ ᠬᠦᠷᠭᠡᠵᠦ᠍᠂ ᠬᠠᠤᠯᠢ ᠶᠣᠰᠣᠭᠠᠷ ᠡᠷᠡᠭᠦᠦ᠎ᠶᠢᠨ ᠬᠠᠷᠢᠭᠤᠴᠠᠯᠭ᠎ᠠ ᠨᠡᠬᠡᠮᠵᠢᠯᠡᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号