ᠤᠯᠠᠨ ᠲᠥᠮᠡᠨ ᠲᠠᠢ ᠵᠥᠪᠳᠡᠯᠴᠡᠵᠤ ᠤᠷᠤᠰᠢᠵᠤ ᠪᠠᠢᠭ᠎ᠠ ᠠᠰᠠᠭᠤᠳᠠᠯ ᠎ᠢ ᠰᠢᠢᠳᠪᠤᠷᠢᠯᠡᠨ᠎ᠠ
2026-07-24 09:52:47
ᠵᠣᠬᠢᠶᠠᠭ᠍ᠴᠢ᠄
ᠰᠢᠤᠸᠠᠢ ᠢ ᠴᠢᠶᠦ᠋ᠨ
ᠣᠩᠱᠢᠭ᠍ᠰᠠᠨ ᠣᠳᠠᠭ᠎ᠠ᠄
★★★☆☆

7 ᠰᠠᠷ᠎ᠠ᠎ᠶᠢᠨ 21 ᠎ᠤ᠋ ᠣᠷᠣᠶ᠂ ᠲᠦᠩᠯᠢᠶᠣᠤ ᠬᠣᠲᠠ᠎ᠶᠢᠨ ᠬᠤᠤᠯᠢᠨ ᠭᠤᠤᠯ ᠬᠣᠲᠠ᠎ᠶᠢᠨ ᠵᠤᠰᠤᠬᠤᠸᠠ ᠵᠡᠭᠡᠯᠢ ᠭᠤᠳᠤᠮᠵᠢ᠎ᠶᠢᠨ ᠲᠢᠶᠠᠨ ᠷᠦᠨ ᠪᠠᠶ ᠾᠧ  ᠬᠤᠷᠢᠶᠠᠯᠠᠯ᠎ᠤ᠋ᠨ A ᠲᠣᠭᠣᠷᠢᠭ᠎ᠲᠤ᠌᠂ ᠵᠠᠮ᠎ᠤᠨ ᠳ᠋ᠧᠩ ᠵᠠᠯᠭᠠᠭ᠎ᠠ ᠪᠡᠷ  ᠠᠰᠠᠵᠤ᠂ ᠬᠡᠳᠦᠨ ᠨᠠᠰᠤᠲᠠᠨ ᠠᠰᠠᠷ᠎ᠤᠨ ᠳᠤᠤᠷ᠎ᠠ ᠵᠡᠬᠡᠰᠦᠨ ᠲᠡᠪᠢᠬᠦᠷ ᠲᠡᠪᠢᠬᠦᠷᠳᠡᠨ ᠰᠡᠯᠡᠬᠦᠴᠡᠨ ᠵᠣᠭᠣᠭᠳᠠᠵᠤ ᠪᠠᠶ᠋ᠢᠯ᠎ᠠ᠃ ᠡᠮᠦᠨᠡᠬᠡᠨ ᠪᠤᠯᠳᠠᠯ᠎ᠠ ᠡᠨᠳᠡᠬᠢ ᠬᠣᠭ ᠨᠣᠪᠰᠢ᠎ᠶᠢ ᠴᠡᠪᠡᠷᠯᠡᠬᠦ᠌ ᠬᠥᠮᠦᠨ ᠦᠭᠡᠢ᠂ ᠠᠰᠠᠷ᠎ᠤᠨ ᠭᠤᠳᠤᠮ ᠳ᠋ᠸ᠋  ᠶᠠᠭᠤᠮ᠎ᠠ ᠬᠡᠦᠮ᠎ᠡ ᠣᠪᠣᠭᠠᠯᠠᠭᠠᠳ᠂ ᠮᠠᠰᠢᠨ ᠲᠡᠷᠬᠡ ᠳᠤᠷ᠎ᠠ᠎ᠪᠠᠷ ᠵᠤᠭᠰᠤᠵᠤ᠂ 《 ᠬᠠᠮᠢᠶᠠᠷᠤᠯᠳᠠ ᠵᠢᠨ ᠡᠵᠡᠬᠦᠢ ᠤᠷᠤᠨ 》 ᠪᠠᠢᠵᠠᠢ᠃  ᠡᠨᠡᠬᠦ ᠬᠤᠪᠢᠷᠠᠯᠲᠠ ᠨᠢ ᠵᠤᠰᠤᠬᠤᠸᠠ ᠵᠡᠭᠡᠯᠢ ᠭᠤᠳᠤᠮᠵᠢ ᠵᠢᠨ ᠬᠢᠨ ᠨᠢᠭᠡᠳᠦᠭᠡᠷ ᠹᠷᠣᠨᠲ᠎ᠲᠸ᠋ ᠠᠰᠠᠭᠤᠳᠠᠯ᠎ᠢ ᠰᠢᠢᠳᠪᠦᠷᠢᠯᠡᠬᠦ 》 ᠲᠤᠬᠠᠢ᠎ᠶᠢᠨ ᠲᠠᠯᠠᠪᠠᠢ᠎ᠶᠢᠨ ᠠᠯᠪᠠᠯᠠᠬᠤ ᠠᠵᠢᠯᠯᠠᠭ᠎ᠠ ᠦᠷᠨᠢᠬᠦᠯᠦᠭᠰᠡᠨ ᠡᠴᠨ ᠡᠬᠢᠯᠡᠭᠰᠡᠨ ᠶᠤᠮ᠃

ᠡᠨᠡ ᠵᠢᠯ᠎ᠦᠨ 6 ᠰᠠᠷ᠎ᠠ᠎ᠳᠤ᠂ ᠲᠣᠰ ᠵᠡᠭᠡᠯᠢ ᠭᠤᠳᠤᠮᠵᠢ᠎ᠵᠢᠨ ᠬᠢᠨ  ᠵᠠᠰᠠᠬ ᠤ᠋ᠨ ᠠᠵᠢᠯ᠎ᠤᠨ ᠪᠦᠲᠦᠮᠵᠢ᠎ᠶᠢᠨ ᠲᠤᠬᠠᠶ ᠵᠥᠪ ᠦᠵᠡᠯᠲᠡ᠎ᠶᠢ ᠪᠣᠶ ᠪᠤᠯᠭᠠᠨ ᠦᠢᠯᠡᠳᠦᠯᠬᠡᠵᠢᠬᠦᠯᠬᠦ  ᠰᠤᠷᠤᠯᠴᠠᠯᠭ᠎ᠠ ᠬᠥᠮᠦᠵᠢᠯ᠎ᠢ ᠥᠷᠨᠢᠭᠦᠯᠬᠦ᠌ ᠳᠤᠮᠳᠠ 《ᠨᠢᠭᠡᠳᠦᠭᠡᠷ ᠹᠷᠣᠨᠲ  ᠲᠦ᠍  ᠠᠰᠠᠭᠤᠳᠠᠯ ᠎ᠢ ᠰᠢᠢᠳᠪᠦᠷᠢᠯᠡᠬᠦ 》 ᠲᠤᠬᠠᠶ᠎ᠶᠢᠨ ᠲᠠᠯᠠᠪᠠᠢ᠎ᠶᠢᠨ  ᠠᠯᠪᠠᠯᠠᠬᠤ ᠠᠵᠢᠯᠯᠠᠭ᠎ᠠ  ᠦᠷᠨᠢᠬᠦᠯᠵᠦ᠂  ᠺᠠᠳ᠋ᠷᠴᠤᠳ᠎ᠢ ᠠᠯᠪᠠᠨ ᠬᠡᠷ᠎ᠡᠴᠡ ᠭᠠᠷᠴᠤ᠌᠂ ᠵᠥᠷᠢᠴᠡᠯ᠎ᠦᠨ ᠲᠤᠬᠠᠶ᠎ᠶᠢᠨ ᠲᠠᠯᠠᠪᠤᠷ᠎ᠲᠤ᠌ ᠣᠴᠢᠬᠤ ᠬᠡᠷᠡᠭᠲᠡᠶ ᠭᠡᠵᠦ᠍ ᠱᠠᠭᠠᠷᠳᠠᠪᠠ᠃  ᠵᠡᠭᠡᠯᠢ ᠭᠤᠳᠤᠮᠵᠢ᠎ᠶᠢᠨ ᠨᠠᠮ᠎ᠤᠨ ᠠᠵᠢᠯᠯᠠᠬᠤ ᠬᠣᠷᠢᠶ᠎ᠠ᠎ᠶᠢᠨ ᠱᠦᠵᠢ ᠬᠣᠩ ᠭᠤᠸᠠᠩ ᠂ ᠬᠡᠷᠡᠭ ᠡᠷᠬᠢᠯᠡᠬᠦ᠌ ᠭᠠᠵᠠᠷ᠎ᠤᠨ ᠡᠷᠬᠢᠯᠡᠭᠴᠢ ᠪᠦᠦ ᠮᠢᠩ ᠳ᠋ᠦᠩ ᠪᠦᠯᠬᠦᠮ ᠳᠠᠭᠠᠭᠤᠯᠤᠨ ᠲᠢᠶᠠᠨ ᠷᠦᠨ ᠪᠠᠶ ᠾᠧ ᠬᠡᠷ ᠬᠦᠷᠢᠶᠡᠯᠡᠩ ᠤ᠋ᠨ A ᠲᠣᠭᠣᠷᠢᠭ᠎ᠲᠤ᠌ ᠬᠦᠷᠴᠦ᠍᠂ ᠠᠰᠠᠷ᠎ᠤᠨ ᠳ᠋ᠧᠩ ᠭᠡᠷᠡᠯᠲᠦᠬᠦ᠌ ᠥᠬᠡᠶ ᠪᠠᠢᠬᠤ ᠡᠴᠨ ᠪᠣᠬᠢᠷ ᠤᠰᠤᠨ᠎ᠤ ᠬᠣᠭᠣᠯᠠᠶ ᠪᠥᠭᠯᠡᠷᠡᠵᠦ ᠪᠠᠢᠬᠤ᠂ ᠴᠠᠬᠢᠯᠭᠠᠨ ᠤᠳᠠᠰᠤ ᠵᠢ ᠦᠨᠳᠦᠷ ᠲᠦ᠍ ᠲᠡᠬᠦᠵᠢᠯᠡᠨ ᠴᠠᠬᠢᠯᠭᠠᠨ ᠴᠡᠨᠡᠭᠯᠡᠵᠦ ᠪᠠᠢᠬᠤ ᠡᠴᠨ ᠭᠠᠯ ᠤᠨᠲᠠᠷᠠᠭᠠᠬᠤ ᠵᠠᠮ᠎ᠢ ᠲᠤᠷ᠎ᠠ ᠪᠡᠷ ᠡᠵᠡᠯᠡᠨ ᠬᠡᠷᠡᠭᠯᠡᠵᠦ ᠪᠠᠢᠬᠤ ᠭᠡᠬᠦᠴᠢᠯᠡᠨ ᠡᠯ᠎ᠡ ᠠᠰᠠᠷ ᠵᠢᠡᠷ ᠲᠤᠭᠤᠷᠢᠨ ᠪᠠᠢᠴᠠᠭᠠᠵᠤ ᠂ ᠠᠰᠠᠭᠤᠳᠠᠯ᠎ᠤᠨ ᠨᠠᠷᠢᠨ ᠲᠠᠩᠰᠠ ᠵᠢ  ᠬᠡᠳᠦᠨ ᠨᠢᠭᠤᠷ ᠲᠡᠮᠳᠡᠭᠯᠡᠵᠡᠶ᠃ 2010 ᠣᠨ᠎ᠳᠤ ᠪᠠᠶ᠋ᠢᠭᠤᠯᠤᠭᠳᠠᠭᠰᠠᠨ ᠡᠨᠡ ᠬᠦ᠌ ᠬᠠᠭᠤᠴᠢᠨ ᠰᠠᠭᠤᠭᠠᠯᠢ ᠠᠷᠠᠳ᠎ᠤᠨ ᠲᠣᠭᠣᠷᠢᠭ ᠨᠢ ᠠᠳᠠᠯ ᠠᠬᠤᠢ᠎ᠶᠢᠨ ᠺᠣᠮᠫᠠᠨᠢ ᠤᠷᠬᠢᠵᠤ ᠶᠠᠪᠤᠬᠰᠠᠨ ᠤ᠋ ᠲᠠᠷᠠᠭ᠎ᠠ  ᠵᠢᠯ ᠰᠢᠬᠠᠮ᠎ᠤᠨ  ᠬᠤᠭᠤᠴᠠᠭᠠᠨ ᠳ᠋ᠸ᠋ 《 ᠬᠠᠮᠢᠶᠠᠷᠬᠤ ᠬᠥᠮᠦᠨ ᠦᠬᠡᠢ》  ᠪᠠᠶ᠋ᠢᠳᠠᠯ᠎ᠳᠤ ᠣᠷᠣᠵᠠᠢ᠃

ᠠᠬᠤᠶ ᠲᠠᠯᠠᠪᠠᠶ᠎ᠪᠡᠷ ᠲᠤᠭᠤᠷᠢᠨ ᠦᠵᠡᠵᠦ᠍ ᠪᠠᠷᠠᠭᠰᠠᠨ᠎ᠤ ᠳᠠᠷᠠᠭ᠎ᠠ  ᠬᠣᠩ ᠭᠤᠸᠠᠩ᠂ ᠪᠦᠦ ᠮᠢᠩ ᠳ᠋ᠦᠩ ᠪᠣᠯᠤᠨ ᠵᠥᠩ ᠰᠢᠩ ᠨᠡᠶ᠋ᠢᠭᠡᠮ ᠲᠣᠭᠣᠷᠢᠭ᠎ᠤᠨ ᠨᠠᠮ᠎ᠤᠨ ᠬᠣᠷᠢᠶᠠᠨ᠎ᠤ ᠱᠦᠵᠢ ᠡᠦ  ᠵᠢᠩ ᠶᠢᠩ ᠰᠠᠭᠤᠭᠠᠯᠢ ᠠᠷᠠᠳ᠎ᠤᠨ ᠲᠣᠭᠣᠷᠢᠭ᠎ᠤᠨ ᠵᠠᠳᠠᠭᠠᠶ ᠲᠠᠪᠴᠠᠩ ᠳᠡᠭᠡᠷ᠎ᠡ ᠰᠦᠯᠢᠶᠣᠣ ᠰᠠᠨᠳᠠᠯᠢ ᠠᠪᠴᠢᠷᠠᠵᠤ᠂ ᠰᠠᠭᠤᠭᠠᠯᠢ ᠠᠷᠠᠳ᠎ᠲᠠᠶ ᠬᠦᠷᠢᠶᠡᠯᠡᠨ ᠰᠠᠭᠤᠯᠴᠠᠵᠤ᠂  《ᠰᠠᠨᠳᠠᠯᠢ᠎ᠶᠢᠨ ᠬᠤᠷᠠᠯ 》 ᠬᠢᠪᠡ᠃  ᠪᠦᠦ ᠮᠢᠩ ᠳ᠋ᠦᠩ ᠄ 《 ᠪᠢᠳᠡ ᠣᠯᠠᠨ᠎ᠤ ᠠᠰᠠᠭᠤᠳᠠᠯ᠎ᠢ ᠰᠣᠨᠣᠰᠬᠤ᠎ᠪᠠᠷ ᠢᠷᠡᠭᠰᠡᠨ ᠶᠤᠮ᠂ ᠲᠠ ᠨᠠᠷ ᠨᠢᠭᠡᠳ ᠨᠢᠭᠡ ᠎ᠪᠡᠷ ᠶᠠᠷᠢᠭᠠᠷᠠᠢ᠂ ᠪᠢᠳᠡ ᠨᠢᠭᠡᠳ ᠨᠢᠭᠡ᠎ᠪᠡᠷ ᠲᠡᠮᠳᠡᠭᠯᠡᠶ᠎ᠡ》 ᠭᠡᠬᠦ᠌ ᠲᠠᠢ ᠵᠠᠷᠭᠡ ᠰᠠᠭᠤᠭᠠᠯᠢ ᠠᠷᠠᠳ ᠬᠣᠭ ᠨᠣᠪᠰᠢ᠎ᠶᠢ ᠴᠡᠪᠡᠷᠯᠡᠬᠦ᠌ ᠬᠥᠮᠦᠨ ᠦᠭᠡᠢ᠂ ᠡᠭᠦᠳᠡᠨ ᠎ᠦ ᠬᠣᠷᠢᠭ᠎ᠠ᠎ᠶᠢ ᠵᠠᠰᠠᠬᠤ ᠬᠥᠮᠦᠨ ᠦᠭᠡᠢ᠂ ᠪᠣᠬᠢᠷ ᠤᠰᠤᠨ᠎ᠤ ᠬᠣᠭᠣᠯᠠᠶ᠎ᠪᠦᠭᠯᠡᠷᠡᠭᠰᠡᠨ ᠴᠦ᠍  ᠬᠠᠮᠢᠶᠠᠷᠬᠤ ᠬᠥᠮᠦᠨ ᠦᠭᠡᠢ ᠁  ᠵᠢᠯ ᠰᠢᠬᠠᠮ ᠲᠠᠷᠤᠬᠳᠠᠬᠰᠠᠨ ᠶᠠᠪᠤᠳᠠᠯ᠎ᠤᠳ ᠵᠢᠡᠨ  ᠨᠢᠭᠡᠳ ᠨᠢᠭᠡ ᠪᠠᠷ ᠪᠤᠯᠢᠶᠠᠯᠳᠤᠨ ᠶᠠᠷᠢᠵᠠᠭᠠᠪᠠ᠃

ᠠᠳᠠᠯ ᠠᠬᠤᠶ᠎ᠶᠢᠨ ᠠᠵᠤ ᠠᠬᠤᠶ᠋ᠢᠯᠠᠯ ᠣᠷᠣᠵᠤ ᠢᠷᠡᠬᠦ᠌ ᠳᠤᠷ᠎ᠠ ᠥᠬᠡᠶ ᠪᠠᠶ᠋ᠢᠬᠤ ᠨᠢ ᠰᠠᠭᠤᠭᠠᠯᠢ ᠠᠷᠠᠳ᠎ᠤᠨ ᠲᠣᠭᠣᠷᠢᠭ᠎ᠤᠨ ᠬᠡᠪᠴᠢᠶ᠎ᠡ ᠪᠠᠭ᠎ᠠ᠂ ᠠᠰᠢᠭ ᠬᠣᠨᠵᠢᠪᠣᠷᠢ ᠴᠦᠭᠡᠨ᠂ ᠵᠥᠷᠢᠴᠡᠯ ᠣᠯᠠᠨ ᠪᠤᠯᠬᠤᠷ ᠭᠤᠯᠤᠵᠤ ᠪᠠᠢᠨ᠎ᠠ ᠬᠡᠵᠦ ᠵᠠᠷᠢᠮᠡᠳ ᠨᠢ ᠬᠡᠯᠡᠨ᠎ᠡ; ᠪᠠᠰᠠ ᠨᠢᠭᠡ ᠨᠢ  ᠨᠡᠶ᠋ᠢᠭᠡᠮ ᠲᠣᠭᠣᠷᠢᠭ ᠤᠷᠢᠳᠠᠪᠠᠷ ᠲᠦᠷᠦᠬᠦᠯᠡᠨ ᠬᠠᠮᠢᠶᠠᠷᠬᠤ ᠬᠡᠷᠡᠭᠲᠡᠶ ᠭᠡᠵᠦ᠍ ᠰᠠᠨᠠᠭᠤᠯᠭ᠎ᠠ ᠭᠠᠷᠭᠠᠨ᠎ᠠ᠃ ᠬᠡᠳᠦᠨᠲᠡ ᠵᠥᠪᠳᠡᠯᠴᠡᠭᠰᠡᠨ᠎ᠦ ᠳᠠᠷᠠᠭ᠎ᠠ᠂ ᠨᠡᠶ᠋ᠢᠭᠡᠮ ᠲᠣᠭᠣᠷᠢᠭ᠎ᠤᠨ ᠳᠠᠩᠰᠠᠯᠠᠭᠤᠯᠤᠭᠰᠠᠨ ᠰᠠᠭᠤᠭᠠᠯᠢ ᠠᠷᠠᠳ᠎ᠤᠨ ᠦᠢᠯᠡᠴᠢᠯᠡᠬᠡᠨ ᠎ᠦ ᠲᠥᠪ᠎ᠡᠴᠡ 《ᠥᠴᠦᠬᠡᠨ ᠠᠰᠢᠭ᠎ᠢᠶᠠᠷ ᠥᠪᠡᠷ᠎ᠦᠨ ᠥᠷᠲᠡᠭ᠎ᠢ ᠪᠠᠲᠤᠯᠠᠬᠤ 》 ᠵᠠᠭᠪᠤᠷ᠎ᠢᠶᠠᠷ ᠠᠳᠠᠯ ᠠᠬᠤᠶ᠎ᠶᠢ ᠭᠥᠯᠢᠶᠡᠨ ᠠᠪᠴᠤ᠌᠂ ᠬᠣᠭ ᠨᠣᠪᠰᠢ᠎ᠶᠢ ᠴᠡᠪᠡᠷᠯᠡᠨ ᠲᠡᠭᠡᠭᠡᠪᠦᠷᠢᠯᠡᠬᠦ᠌᠂ ᠡᠬᠦᠳᠡᠨ ᠬᠤᠷᠢᠭ᠎ᠠ ᠵᠢ  ᠰᠡᠯᠪᠢᠨ ᠵᠠᠰᠠᠬᠤ᠂ ᠠᠰᠠᠷ᠎ᠤᠨ ᠬᠣᠩᠭᠢᠯ᠎ᠤᠨ ᠭᠡᠷᠡᠯᠲᠦᠭᠦᠯᠭᠡ ᠬᠢᠬᠦ ᠵᠡᠷᠭᠡ 3 ᠵᠦᠢᠯ ᠤ᠋ᠨ ᠬᠠᠮᠤᠭ᠎ᠤᠨ ᠪᠠᠴᠢᠮ ᠬᠡᠷᠡᠭᠴᠡᠭᠡ᠎ᠶᠢ ᠤᠷᠢᠳ᠎ᠢᠶᠠᠷ ᠰᠢᠢᠳᠪᠦᠷᠢᠯᠡᠵᠦ᠂ ᠵᠡᠭᠡᠯᠢ ᠭᠤᠳᠤᠮᠵᠢ᠎ᠡᠴᠨ  ᠳᠠᠬᠢᠨ 《ᠠᠷᠠᠳ᠎ᠤᠨ ᠠᠮᠢᠳᠤᠷᠠᠯ᠎ᠤᠨ ᠪᠣᠳᠠᠲᠤ᠌ ᠶᠠᠪᠤᠳᠠᠯ 》 ᠤ᠋ᠨ  ᠪᠠᠯᠠ ᠮᠥᠩᠭᠥ᠎ᠡᠴᠡ ᠲᠤᠰᠬᠠᠶ ᠨᠥᠬᠥᠪᠥᠷᠢ ᠰᠢᠯᠵᠢᠭᠦᠯᠦᠨ ᠥᠭᠴᠦ᠍᠂ ᠡᠵᠡᠩᠨᠡᠯᠲᠡ᠎ᠶᠢᠨ ᠳᠤᠲᠠᠭᠤᠳᠠᠯ᠎ᠢ ᠨᠥᠬᠥᠪᠥᠷᠢᠯᠡᠨ᠎ᠡ ᠭᠡᠬᠦ ᠮᠠᠳᠤ᠎ᠵᠢᠨ ᠠᠭᠤᠯᠭ᠎ᠠ᠎ᠵᠢ ᠪᠠᠭᠳᠠᠭᠠᠭᠰᠠᠨ ᠲᠥᠰᠦᠯ ᠭᠠᠷᠭᠠᠪᠠ᠃

ᠲᠥᠰᠦᠯ᠎ᠢ ᠲᠣᠭᠲᠠᠭᠠᠭᠰᠠᠨ᠎ᠤ ᠳᠠᠷᠠᠭ᠎ᠠ ᠵᠡᠭᠡᠯᠢ ᠭᠤᠳᠤᠮᠵᠢ᠎ᠶᠢᠨ ᠲᠤᠰᠬᠠᠶ ᠠᠵᠢᠯ᠎ᠤᠨ ᠠᠩᠭᠢ ᠭᠠᠷᠠᠭ ᠪᠦᠷᠢ ᠰᠠᠭᠤᠭᠠᠯᠢ ᠠᠷᠠᠳ ᠎ᠤᠨ ᠲᠣᠭᠣᠷᠢᠭ᠎ᠲᠤ᠌ ᠬᠦᠷᠴᠦ᠍ 《ᠡᠷᠬᠢᠨ ᠬᠠᠷᠠᠵᠤ 》᠂ ᠠᠬᠢᠴᠠ᠎ᠶᠢ ᠠᠩᠬᠠᠷᠴᠤ᠌᠂ ᠶᠠᠰᠤ ᠴᠢᠨᠠᠷ ᠎ᠢ ᠪᠠᠶ᠋ᠢᠴᠠᠭᠠᠵᠤ᠂ ᠬᠠᠷᠢᠭᠤ ᠲᠤᠰᠬᠠᠯ᠎ᠢ ᠰᠣᠨᠣᠰᠪᠠ᠃ ᠨᠡᠶ᠋ᠢᠭᠡᠮ ᠲᠣᠭᠣᠷᠢᠭ᠎ᠤᠨ ᠰᠠᠭᠤᠭᠠᠯᠢ ᠠᠷᠠᠳ᠎ᠤᠨ ᠦᠢᠯᠡᠴᠢᠯᠡᠬᠡᠨ ᠎ᠦ ᠲᠥᠪ ᠎ᠤᠨ ᠬᠢᠨ  ᠰᠠᠶ᠋ᠢᠨ ᠳᠤᠷ᠎ᠠ᠎ᠶᠢᠨ ᠦᠢᠯᠡᠴᠢᠯᠡᠬᠡᠨ᠎ᠦ ᠠᠩᠭᠢ᠎ᠶᠢ ᠵᠡᠷᠭᠡ ᠪᠡᠷ ᠵᠣᠬᠢᠶᠠᠨ ᠪᠠᠶ᠋ᠢᠭᠤᠯᠵᠤ᠂ ᠨᠠᠮ ᠎ᠤᠨ ᠭᠡᠰᠢᠭᠦᠨ᠎ᠦ ᠭᠤᠤᠯᠯᠠᠭᠴᠢ ᠬᠦᠴᠦᠨ ᠲᠦᠷᠦᠭᠦᠯᠡᠨ᠂ ᠬᠠᠯᠠᠭᠤᠨ ᠰᠡᠳᠬᠢᠯᠳᠦ  ᠰᠠᠭᠤᠭᠠᠯᠢ ᠠᠷᠠᠳ᠎ᠢ ᠳᠠᠶ᠋ᠢᠴᠢᠯᠠᠨ ᠡᠳᠦᠷ ᠲᠤᠲᠤᠮ᠎ᠤᠨ ᠲᠣᠭᠣᠷᠢᠨ ᠪᠠᠶ᠋ᠢᠴᠠᠭᠠᠬᠤ ᠪᠠ ᠬᠢᠨᠠᠯᠲᠠ ᠲᠠᠯᠪᠢᠬᠤ᠎ᠳᠤ ᠣᠷᠣᠯᠴᠠᠭᠤᠯᠵᠠᠢ᠃ ᠣᠲᠣ᠂ ᠠᠳᠠᠯ ᠠᠬᠤᠶ᠎ᠶᠢᠨ ᠰᠦᠢᠳᠬᠡᠯ ᠬᠤᠷᠢᠶᠠᠬᠤ ᠨᠣᠷᠮ᠎ᠠ ᠎ᠨᠢ 50% ᠬᠥᠷᠬᠥ᠌ ᠥᠬᠡᠶ ᠪᠠᠶ᠋ᠢᠭᠰᠠᠨ᠎ᠡᠴᠨ  100% ᠪᠤᠯᠤᠨ ᠲᠡᠭᠡᠭᠰᠢᠯᠡᠵᠦ᠂ ᠠᠰᠠᠷ ᠎ᠤᠨ ᠬᠣᠩᠭᠢᠯ᠎ᠤᠨ ᠭᠡᠷᠡᠯᠲᠦᠭᠦᠯᠭᠡ᠎ᠶᠢᠨ ᠳ᠋ᠧᠩ᠎ᠢ 15  ᠰᠣᠯᠢᠵᠤ᠂ ᠠᠰᠠᠷ᠎ᠤᠨ ᠬᠣᠩᠭᠢᠯ᠎ᠤᠨ 15 ᠰᠤᠯᠠ ᠪᠣᠳᠠᠰ᠎ᠢ ᠴᠡᠪᠡᠷᠯᠡᠵᠦ᠍᠂ ᠰᠠᠭᠤᠭᠠᠯᠢ ᠠᠷᠠᠳ᠎ᠤᠨ ᠬᠠᠨᠤᠮᠵᠢ᠎ᠶᠢᠨ ᠬᠡᠮᠵᠢᠶ᠎ᠡ 32% ᠪᠠᠶ᠋ᠢᠭᠰᠠᠨ᠎ᠡᠴᠨ  97% ᠪᠣᠯᠤᠨ ᠳᠡᠭᠡᠭᠰᠢᠯᠡᠪᠡ᠃ 《ᠤᠳᠤ ᠨᠡᠶ᠋ᠢᠭᠡᠮ ᠲᠣᠭᠣᠷᠢᠭ᠎ᠤᠨ ᠺᠠᠳ᠋ᠷ ᠰᠠᠭᠤᠭᠠᠯᠢ ᠠᠷᠠᠳ᠎ᠤᠨ ᠲᠣᠭᠣᠷᠢᠭ᠎ᠲᠦ ᠢᠷᠠᠵᠤ ᠠᠵᠢᠯᠯᠠᠬᠤ ᠪᠤᠯᠵᠠᠢ᠂ ᠠᠰᠠᠭᠤᠳᠠᠯ᠎ᠲᠠᠶ ᠪᠣᠯ ᠪᠠᠷᠢᠨ ᠲᠤᠰᠬᠠᠵᠤ ᠪᠣᠯᠤᠨ᠎ᠠ᠂ ᠲᠡᠭᠡᠪᠠᠯ ᠬᠤᠪᠢᠳᠠᠨ ᠬᠠᠮᠢᠶᠠᠷᠴᠤ ᠪᠦᠬᠦᠢ ᠬᠦᠮᠤᠨ ᠲᠠᠷᠤᠢ᠎ᠳᠤᠨᠢ ᠢᠷᠠᠵᠤ ᠰᠢᠢᠳᠪᠤᠷᠢᠯᠡᠨ ᠦᠭᠳᠡᠭ᠂ ᠮᠠᠰᠢ ᠲᠦᠬᠦᠮ ᠪᠤᠯᠵᠠᠢ 》 ᠭᠡᠵᠦ᠍ ᠰᠠᠭᠤᠭᠠᠯᠢ ᠠᠷᠠᠳ ᠵᠠᠩ ᠹᠦ᠋ ᠱᠧᠩ ᠬᠡᠯᠡᠨ᠎ᠡ᠃

ᠨᠡᠶ᠋ᠢᠭᠡᠮ ᠲᠣᠭᠣᠷᠢᠭ ᠪᠣᠯ ᠰᠠᠭᠤᠭᠠᠯᠢ ᠠᠷᠠᠳ᠎ᠤᠨ ᠬᠤᠳᠠ᠎ᠶᠢᠨ ᠦᠢᠯᠡᠴᠢᠯᠡᠭᠡ ᠪᠣᠯᠤᠨ ᠶᠠᠰᠤ ᠴᠢᠨᠠᠷ᠎ᠢ ᠮᠡᠳᠡᠷᠡᠬᠦ᠌ ᠴᠣᠩᠬᠣᠪᠴᠢ ᠮᠥᠨ ᠂ ᠪᠠᠰᠠ ᠴᠤ᠌ ᠵᠠᠰᠠᠯᠲᠠ᠎ᠶᠢᠨ ᠦᠷ᠎ᠡ ᠪᠦᠲᠦᠮᠵᠢ᠎ᠶᠢ ᠰᠢᠯᠭᠠᠬᠤ 《ᠰᠢᠯᠭᠠᠭᠤᠷ 》 ᠮᠥᠨ᠃ ᠲᠢᠶᠠᠨ ᠷᠦᠨ  ᠪᠠᠢ ᠡᠾᠸ ᠬᠤᠷᠢᠶᠠᠯᠠᠯ᠎ᠤᠨ  A ᠲᠣᠭᠣᠷᠢᠭ᠎ᠤᠨ ᠬᠤᠪᠢᠷᠠᠯᠲᠠ ᠪᠣᠯ ᠲᠦᠩᠯᠢᠶᠣᠤ ᠬᠣᠲᠠ᠎ᠶᠢᠨ ᠣᠯᠠᠨ ᠲᠦᠮᠡᠨ᠎ᠦ ᠬᠠᠨᠤᠮᠵᠢ᠎ᠶᠢᠨ ᠬᠡᠮᠵᠢᠶ᠎ᠡ᠎ᠪᠡᠷ ᠵᠠᠰᠠᠭ᠎ᠤᠨ ᠠᠵᠢᠯ᠎ᠤᠨ ᠪᠦᠲᠦᠮᠵᠢ᠎ᠶᠢ ᠰᠢᠯᠭᠠᠬᠤ ᠨᠢᠭᠡᠳᠦᠭᠡᠷ ᠪᠠᠷᠢᠮᠵᠢᠶ᠎ᠠ ᠪᠣᠯᠭᠠᠭᠰᠠᠨ ᠤ᠋ ᠠᠮᠢᠳᠤᠯᠢᠭ ᠦᠢᠯᠡᠳᠦᠯᠭᠡ ᠮᠥᠨ᠃ ᠵᠠᠰᠠᠬ ᠤ᠋ᠨ ᠠᠵᠢᠯ᠎ᠤᠨ ᠪᠦᠲᠦᠮᠵᠢ᠎ᠶᠢᠨ ᠲᠤᠬᠠᠶ ᠵᠥᠪ ᠦᠵᠡᠯᠲᠡ᠎ᠶᠢ ᠪᠣᠶ ᠪᠣᠯᠭᠠᠨ ᠦᠢᠯᠡᠳᠦᠯᠬᠡᠵᠢᠬᠦᠯᠦᠭᠰᠡᠨ᠎ᠡᠴᠡ ᠨᠠᠭᠠᠰᠢ᠂ ᠲᠦᠩᠯᠢᠶᠣᠤ ᠬᠣᠲᠠ 《ᠨᠡᠶ᠋ᠢᠲᠡ᠎ᠶᠢᠨ ᠲᠥᠯᠥᠭᠡ ᠨᠠᠮ ᠪᠠᠶ᠋ᠢᠭᠤᠯᠬᠤ᠂ ᠠᠷᠠᠳ ᠲᠦᠮᠡᠨ᠎ᠳᠦ ᠪᠤᠶᠠᠨ ᠦᠢᠯᠡᠳᠬᠦ᠂ ᠰᠢᠨᠵᠢᠯᠡᠬᠦ᠌ ᠤᠬᠠᠭᠠᠨᠴᠢ᠎ᠪᠠᠷ ᠰᠢᠢᠳᠪᠦᠷᠢᠳᠦ  ᠪᠣᠳᠣᠯᠭ᠎ᠠ ᠲᠣᠭᠲᠠᠭᠠᠬᠤ᠂ ᠦᠨᠡᠨ ᠬᠦ᠌ ᠠᠳᠬᠤᠵᠤ ᠪᠣᠳᠠᠲᠠᠶ ᠠᠵᠢᠯᠯᠠᠬᠤ 》 ᠶᠡᠷᠦᠩᠬᠡᠶ ᠱᠠᠭᠠᠷᠳᠠᠯᠭ᠎ᠠ᠎ᠶᠢ ᠲᠣᠭᠲᠠᠭᠠᠵᠤ᠂ ᠡᠯ᠎ᠡ ᠱᠠᠲᠤᠨ᠎ᠤ ᠺᠠᠳ᠋ᠷᠴᠤᠳ᠎ᠤᠨ ᠠᠯᠪᠠᠨ ᠬᠡᠷ᠎ᠡᠴᠡ ᠭᠠᠷᠴᠤ ᠶᠠᠪᠤᠬᠤ᠂ ᠵᠥᠷᠢᠴᠡᠯ᠎ᠦᠨ ᠲᠤᠬᠠᠶ᠎ᠶᠢᠨ ᠲᠠᠯᠠᠪᠤᠷ᠎ᠲᠤ᠌ ᠣᠴᠢᠬᠤ  ᠡᠷᠦᠬᠡ᠎ᠳᠦ ᠬᠦᠷᠴᠦ᠍ ᠰᠤᠷᠪᠤᠯᠵᠢᠯᠠᠬᠤ᠂  ᠨᠢᠭᠤᠷᠳᠠᠨ ᠶᠠᠷᠢᠯᠴᠠᠵᠤ ᠪᠤᠳᠤᠯ ᠰᠠᠨᠠᠯ ᠵᠢᠡᠨ ᠰᠣᠯᠢᠯᠴᠠᠬᠤ᠂ ᠨᠡᠶ᠋ᠢᠭᠡᠮ ᠲᠣᠭᠣᠷᠢᠭ᠎ᠤᠨ ᠵᠠᠬᠢᠳᠠᠯ᠎ᠤᠨ ᠬᠠᠶ᠋ᠢᠷᠴᠠᠭ ᠭᠠᠷᠭᠠᠬᠤ᠂  ᠬᠠᠯᠠᠮᠰᠢᠯ ᠤᠳᠠᠰᠤ ᠨᠡᠪᠳᠡᠷᠡᠬᠦᠯᠬᠦ  ᠁ ᠮᠡᠳᠦ ᠪᠡᠷ ᠬᠦᠰᠡᠯ ᠱᠠᠭᠠᠷᠳᠠᠯᠭ᠎ᠠ ᠴᠤᠭᠯᠠᠭᠤᠯᠬᠤ ᠠᠷᠭ᠎ᠠ ᠵᠠᠮ ᠶᠠᠪᠤᠬᠤ ᠲᠤᠲᠤᠮ ᠥᠷᠭᠡᠵᠢᠵᠦ᠍᠂ ᠵᠤᠰᠤᠬᠤᠸᠠ  ᠵᠡᠭᠡᠯᠢ ᠭᠤᠳᠤᠮᠵᠢ ᠰᠢᠭ᠋ 《ᠨᠢᠭᠡᠳᠦᠭᠡᠷ ᠹᠷᠤᠨᠲ ᠲᠸ᠋ ᠠᠰᠠᠭᠤᠳᠠᠯ᠎ᠢ ᠰᠢᠢᠳᠪᠦᠷᠢᠯᠡᠬᠦ 》 ᠪᠠᠶ᠋ᠢᠳᠠᠯ ᠨᠢᠭᠡᠨᠲᠡ ᠬᠡᠪ᠎ᠦᠨ ᠪᠠᠶ᠋ᠢᠳᠠᠯ ᠪᠣᠯᠤᠭᠰᠠᠨ ᠪᠠᠶ᠋ᠢᠨ᠎ᠠ᠃ ᠪᠥᠬᠥ᠌ ᠬᠣᠲᠠ᠎ᠶᠢᠨ 259 ᠨᠡᠶ᠋ᠢᠭᠡᠮ ᠲᠣᠭᠣᠷᠢᠭ᠎ᠤᠨ ᠨᠠᠮ᠎ᠤᠨ ᠵᠣᠬᠢᠶᠠᠨ ᠪᠠᠶ᠋ᠢᠭᠤᠯᠤᠯᠲᠠ ᠰᠠᠭᠤᠭᠠᠯᠢ ᠠᠷᠠᠳ ᠎ᠤᠨ ᠬᠦᠰᠡᠯ ᠱᠠᠭᠠᠷᠳᠠᠯᠭ᠎ᠠ ᠪᠠ ᠰᠠᠨᠠᠯ ᠰᠠᠨᠠᠭᠤᠯᠭ᠎ᠠ᠎ᠶᠢ ᠥᠷᠭᠡᠨ᠎ᠢᠶᠡᠷ ᠬᠤᠷᠢᠶᠠᠨ ᠴᠤᠬᠯᠠᠭᠤᠯᠵᠤ᠂ 3000 ᠰᠢᠬᠠᠮ ᠦᠢᠯᠡᠴᠢᠯᠡᠬᠡᠨ ᠎ᠦ ᠲᠥᠷᠥᠯ ᠵᠦᠢᠯ ᠨᠢ ᠶᠠᠭ ᠣᠯᠠᠨ ᠲᠦᠮᠡᠨ᠎ᠦ 《ᠬᠡᠷᠡᠭᠴᠡᠭᠡ ᠱᠠᠭᠠᠷᠳᠠᠯᠭ᠎ᠠ ᠎ᠶᠢᠨ ᠨᠠᠷᠢᠨ ᠲᠠᠩᠰᠠ》 ᠵᠢ 《ᠬᠠᠨᠤᠮᠵᠢ ᠵᠢᠨ  ᠨᠠᠷᠢᠨ ᠲᠠᠩᠰᠠ 》 ᠪᠣᠯᠭᠠᠨ ᠬᠤᠪᠢᠷᠠᠭᠤᠯᠵᠤ ᠪᠠᠶ᠋ᠢᠨ᠎ᠠ᠃

《ᠬᠤᠷᠠᠯ ᠎ᠤᠨ ᠲᠠᠯᠠᠪᠠᠢ 》 ᠡᠴᠡ 《ᠲᠤᠬᠠᠢ᠎ᠶᠢᠨ ᠲᠠᠯᠠᠪᠠᠢ 》 ᠬᠦᠷᠲᠡᠯ᠎ᠡ ᠂ 《ᠰᠡᠳᠦᠪ ᠰᠣᠨᠣᠰᠬᠤ》 ᠡᠴᠡ 《ᠰᠡᠳᠦᠪ ᠲᠠᠢᠯᠬᠤ 》 ᠬᠦᠷᠲᠡᠯ᠎ᠡ᠂ 《ᠨᠢᠭᠡ ᠶᠠᠪᠤᠳᠠᠯ》᠎ᠢ᠋  ᠰᠢ᠌ᠳᠪᠦᠷᠢᠯᠡᠬᠦ᠌᠎ᠡᠴᠡ 《 ᠨᠢᠭᠡ ᠲᠦᠷᠦᠯ᠎ᠦᠨ ᠶᠠᠪᠤᠳᠠᠯ 》 ᠢ᠋  ᠰᠠᠶ᠋ᠢᠲᠤᠷ ᠬᠢᠬᠦ᠌ ᠬᠦᠷᠲᠡᠯ᠎ᠡ᠂ ᠤᠯᠠᠨ ᠲᠦᠮᠡᠨ᠎ᠦ ᠬᠠᠨᠤᠮᠵᠢ᠎ᠶᠢᠨ ᠬᠡᠮᠵᠢᠶ᠎ᠡ ᠨᠢ ᠵᠠᠰᠠᠭ᠎ᠤᠨ ᠠᠵᠢᠯ᠎ᠤᠨ ᠪᠦᠳᠦᠮᠵᠢ ᠵᠢ ᠰᠢᠯᠭᠠᠬᠤ ᠬᠠᠮᠤᠭ᠎ᠤᠨ ᠴᠢᠩᠭ᠎ᠠ ᠪᠠᠷᠢᠮᠵᠢᠶ᠎ᠠ ᠪᠣᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号