《ᠵᠠᠯᠠᠭᠤᠴᠤᠳ ᠠᠷᠢᠭᠤᠨ ᠴᠢᠬᠡᠴᠢ ᠢ᠋ᠢᠨ ᠲᠤᠬᠠᠢ ᠶᠠᠷᠢᠬᠤᠢ》 ᠭᠣᠣᠯ ᠰᠡᠳᠦᠪᠲᠦ ᠤᠷᠤᠯᠳᠤᠭᠠᠨ ᠶᠠᠪᠤᠬᠳᠠᠪᠠ
2026-07-22 15:29:46
ᠵᠣᠬᠢᠶᠠᠭ᠍ᠴᠢ᠄
ᠬᠠᠨ ᠯᠢᠩ ᠯᠢᠩ
ᠣᠩᠱᠢᠭ᠍ᠰᠠᠨ ᠣᠳᠠᠭ᠎ᠠ᠄
★★★☆☆

ᠲᠦᠷᠦᠭᠦᠭᠡᠨ ᠥᠪᠡᠷᠲᠡᠭᠡᠨ ᠵᠠᠰᠬᠠᠤ ᠤᠷᠤᠨ᠎ᠤ ᠠᠷᠠᠳ᠎ᠤᠨ ᠥᠨᠳᠥᠷ ᠵᠡᠷᠭᠡ᠎ᠶᠢᠨ ᠰᠢᠭᠦᠬᠦ ᠬᠣᠷᠢᠶ᠎ᠠ 《ᠵᠠᠯᠠᠭᠤᠴᠤᠳ ᠠᠷᠢᠭᠤᠨ ᠴᠢᠬᠡᠴᠢ ᠢ᠋ᠢᠨ ᠲᠤᠬᠠᠢ ᠶᠠᠷᠢᠬᠤᠢ》 ᠤᠨᠤᠯ᠎ᠤᠨ ᠤᠬᠠᠭᠤᠯᠤᠨ ᠲᠠᠢᠯᠪᠤᠷᠢᠯᠠᠯᠲᠠ ᠵᠢᠴᠢ ᠭᠣᠣᠯ ᠰᠡᠳᠦᠪᠲᠦ ᠴᠤᠭ ᠵᠢᠪᠬᠤᠭ᠎ᠠ ᠪᠠᠨ ᠢᠯᠡᠷᠡᠭᠦᠯᠬᠦ ᠤᠷᠤᠯᠳᠤᠭᠠᠨ᠎ᠢ ᠵᠣᠬᠢᠶᠠᠨ ᠪᠠᠢᠭᠤᠯᠵᠤ ᠥᠷᠨᠢᠭᠦᠯᠵᠡᠢ᠃

ᠤᠷᠤᠯᠳᠤᠭᠠᠨ᠎ᠳᠤ ᠤᠷᠤᠯᠴᠠᠬᠰᠠᠨ ᠵᠠᠯᠠᠭᠤ ᠺᠠᠳ᠋ᠷ ᠴᠠᠬᠲᠠᠭ᠎ᠠ ᠨᠠᠷ ᠠᠷᠢᠭᠤᠨ ᠴᠢᠬᠡᠴᠢ᠎ᠶᠢᠨ ᠭᠣᠣᠯ ᠰᠡᠳᠦᠪ᠎ᠲᠠᠢ ᠨᠢᠭ᠍ᠲᠠ ᠤᠶᠠᠯᠳᠤᠭᠤᠯᠤᠨ᠂ ᠴᠠᠭ ᠦᠶ᠎ᠡ᠎ᠶᠢᠨ ᠬᠥᠭᠵᠢᠯᠲᠡ᠂ ᠵᠠᠯᠠᠭᠤᠴᠤᠳ᠎ᠤᠨ ᠡᠭᠦᠷᠭᠡ᠂ ᠳᠡᠷᠭᠡᠳᠡᠬᠢ ᠪᠣᠳᠠᠲᠤ ᠵᠢᠱ᠌ᠢᠶ᠎ᠡ᠂ ᠰᠣᠩᠭᠣᠳᠠᠭ ᠦᠯᠢᠭᠡᠷ᠎ᠲᠠᠢ ᠤᠶᠠᠯᠳᠤᠭᠤᠯᠤᠨ᠂ ᠶᠠᠷᠢᠶ᠎ᠠ ᠢᠯᠡᠳᠬᠡᠯ᠂ ᠦᠵᠡᠭᠳᠡᠯᠲᠦ ᠵᠦᠴᠦᠭᠡ᠂ ᠰᠢᠯᠦᠭ ᠤᠶᠠᠩᠭᠠᠯᠠᠬᠤ ᠵᠡᠷᠭᠡ ᠡᠯᠪᠡᠭ ᠪᠠᠶᠠᠯᠢᠭ᠋ ᠤᠯᠠᠨ ᠶᠠᠩᠵᠤ᠎ᠶᠢᠨ ᠲᠣᠭᠯᠠᠯᠲᠠ᠎ᠶᠢᠨ ᠬᠡᠯᠪᠡᠷᠢ᠎ᠪᠡᠷ ᠰᠠᠬᠢᠯᠭ᠎ᠠ ᠪᠠᠲᠤ ᠶᠣᠰᠣ᠌ ᠳᠦᠷᠢᠮ᠂ ᠠᠷᠢᠭᠤᠨ ᠴᠢᠬᠡᠴᠢ᠎ᠶᠢᠨ ᠣᠢᠯᠠᠭᠠᠭᠳᠠᠬᠤᠨ᠎ᠢ ᠠᠮᠢᠳᠤᠯᠢᠭ᠋᠎ᠢᠶᠠᠷ ᠢᠯᠡᠷᠡᠭᠦᠯᠵᠦ᠂ ᠲᠣᠭᠯᠠᠯᠲᠠ᠎ᠪᠠᠷ ᠳᠠᠮᠵᠢᠨ ᠲᠠᠢᠰᠠᠨ ᠳᠣᠣᠷᠠᠬᠢ ᠦᠵᠡᠭᠴᠢᠳ᠎ᠢ ᠰᠡᠬᠡᠭᠡᠷᠡᠭᠦᠯᠪᠡ᠃

ᠦᠵᠡᠭᠳᠡᠯᠲᠦ ᠵᠦᠴᠦᠭᠡ 《ᠭᠤᠷᠪᠠᠨ ᠲᠣᠭᠲᠠᠭᠠᠯ》 ᠨᠢ ᠰᠢᠭᠦᠭᠦ ᠲᠤᠰᠢᠶᠠᠯᠲᠠᠨ᠎ᠤ ᠠᠵᠢᠯ᠎ᠤᠨ ᠳᠤᠮᠳᠠ᠎ᠪᠠᠨ ᠤᠷᠢᠳᠴᠢᠯᠠᠨ ᠮᠡᠳᠡᠭᠳᠡᠬᠦ᠂ ᠨᠠᠢᠷ ᠲᠠᠯ᠎ᠠ ᠬᠡᠯᠡᠬᠦ ᠵᠡᠷᠭᠡ ᠪᠠᠢᠳᠠᠯ ᠳᠤᠬᠢᠶᠠᠯᠳᠤᠬᠤ ᠦᠶ᠎ᠡ᠎ᠶᠢᠨ ᠰᠢᠢᠳᠪᠦᠷᠢᠯᠡᠬᠦ ᠠᠷᠭ᠎ᠠ ᠮᠠᠶᠢᠭ᠋᠎ᠢ ᠳᠠᠭᠤᠷᠢᠶᠠᠵᠤ᠂ 《ᠭᠤᠷᠪᠠᠨ ᠲᠣᠭᠲᠠᠭᠠᠯ》 ᠢ᠋ ᠴᠢᠩᠭ᠎ᠠ ᠬᠡᠷᠡᠭᠵᠢᠭᠦᠯᠬᠦ᠎ᠶᠢᠨ ᠴᠢᠬᠤᠯᠠ ᠴᠢᠨᠠᠷ᠎ᠢ ᠬᠦᠢᠴᠡᠳ ᠬᠠᠷᠠᠭᠤᠯᠪᠠ; ᠶᠠᠷᠢᠶᠠᠲᠤ ᠵᠦᠴᠦᠭᠡ 《ᠦᠩᠭᠡᠷᠡᠭᠰᠡᠨ᠎ᠤ ᠬᠢ ᠲᠠᠢ ᠠᠳᠠᠯᠢ ᠪᠤᠯᠬᠤ ᠵᠢ ᠬᠡᠲᠦᠢ ᠰᠠᠨᠠᠵᠦ ᠪᠠᠢᠬᠤ ᠪᠤᠢ》 ᠨᠢ ᠡᠴᠢᠭᠡ ᠬᠥᠪᠡᠭᠦᠨ ᠬᠣᠶᠠᠷ ᠦᠶ᠎ᠡ ᠶ᠋ᠢᠨ ᠬᠥᠮᠥᠰ᠎ᠦᠨ ᠠᠳᠠᠯᠢ ᠪᠤᠰᠤ ᠰᠣᠩᠭᠣᠯᠲᠠ᠎ᠪᠠᠷ ᠳᠡᠮᠵᠢᠨ᠂ ᠠᠷᠢᠭᠤᠨ ᠴᠢᠬᠡᠴᠢ ᠭᠡᠷ᠎ᠦᠨ ᠰᠤᠷᠲᠠᠯ᠎ᠤᠨ ᠲᠤᠬᠠᠢ ᠥᠯᠢᠭᠡᠷ ᠢ᠋ ᠶᠠᠷᠢᠪᠠ᠃ ᠲᠠᠢᠰᠠᠨ ᠳᠡᠭᠡᠷᠡᠬᠢ ᠲᠤᠬᠯᠠᠯᠲᠠ ᠨᠤᠭᠤᠳ ᠨᠢ ᠰᠢᠨ᠎ᠡ ᠴᠠᠭ ᠦᠶ᠎ᠡ᠎ᠶᠢᠨ ᠵᠠᠯᠠᠭᠤᠴᠤᠳ᠎ᠤᠨ ᠠᠷᠢᠭᠤᠨ ᠴᠢᠬᠡᠴᠢ᠎ᠵᠢᠨ ᠮᠡᠳᠡᠷᠡᠮᠵᠢ᠂ ᠠᠷᠢᠭᠤᠨ ᠴᠢᠬᠡᠴᠢ᠎ᠶᠢ ᠡᠷᠬᠢᠮᠯᠡᠬᠦ᠂ ᠠᠷᠢᠭᠤᠨ ᠴᠢᠬᠡᠴᠢ᠎ᠶᠢ ᠰᠠᠬᠢᠬᠤ᠂ ᠠᠷᠢᠭᠤᠨ ᠴᠢᠬᠡᠴᠢ᠎ᠶᠢ ᠦᠢᠯᠡᠳᠦᠯᠭᠡᠵᠢᠭᠦᠯᠬᠦ ᠵᠣᠷᠢᠭ᠋ ᠰᠠᠨᠠᠭᠠᠨ᠎ᠤ ᠳᠦᠷᠰᠦ ᠪᠠᠢᠳᠠᠯ᠎ᠢ ᠠᠮᠢᠳᠤᠯᠢᠭ᠋᠎ᠢᠶᠠᠷ ᠢᠯᠡᠷᠡᠭᠦᠯᠵᠦ᠂ ᠥᠪᠥᠷ ᠮᠣᠩᠭᠣᠯ᠎ᠤᠨ ᠰᠢᠭᠦᠬᠦ ᠬᠣᠷᠢᠶᠠᠨ᠎ᠤ ᠵᠠᠯᠠᠭᠤᠴᠤᠳ᠎ᠤᠨ ᠠᠷᠢᠭᠤᠨ ᠴᠢᠬᠡᠴᠢ ᠲᠦᠪ ᠭᠤᠤᠯᠴᠢ ᠤᠬ ᠰᠠᠨᠠᠭ᠎ᠠ ᠪᠠᠨ ᠪᠠᠲᠦ ᠰᠠᠬᠢᠵᠦ᠂ ᠴᠠᠭ ᠦᠶ᠎ᠡ᠎ᠶᠢᠨ ᠬᠦᠨᠳᠦ ᠡᠭᠦᠷᠭᠡ᠎ᠶᠢ ᠵᠣᠷᠢᠭ᠍ᠲᠠᠢ᠎ᠪᠠᠷ ᠡᠭᠦᠷᠭᠡᠯᠡᠬᠦ ᠪᠠᠲᠤ ᠴᠢᠩᠭ᠎ᠠ ᠢᠲᠡᠭᠡᠯ ᠵᠣᠷᠢᠭ᠋᠎ᠢ ᠭᠦᠨᠵᠡᠭᠡᠢ ᠲᠠᠢᠯᠪᠤᠷᠢᠯᠠᠵᠤ᠂ ᠲᠤᠬᠠᠢ᠎ᠶᠢᠨ ᠲᠠᠯᠠᠪᠠᠢ᠎ᠶᠢᠨ ᠦᠵᠡᠭᠴᠢᠳ᠎ᠦᠨ ᠴᠢᠩᠭ᠎ᠠ ᠲᠤᠰᠬᠠᠯ᠎ᠢ ᠣᠯᠵᠠᠢ᠃

ᠲᠤᠰ ᠤᠳᠠᠭ᠎ᠠ᠎ᠶᠢᠨ ᠤᠷᠤᠯᠳᠤᠭᠠᠨ ᠪᠣᠯ ᠵᠠᠯᠠᠭᠤᠴᠤᠳ᠎ᠤᠨ ᠦᠵᠡᠯ ᠰᠠᠨᠠᠭ᠎ᠠ ᠤᠯᠤᠰ ᠲᠦᠷᠦ᠎ᠶᠢᠨ ᠵᠢᠯᠣᠭᠣᠳᠤᠯᠭ᠎ᠠ᠎ᠶᠢ ᠭᠦᠨᠵᠡᠭᠡᠢᠷᠡᠭᠦᠯᠬᠦ᠂ ᠠᠷᠢᠭᠤᠨ ᠴᠢᠬᠡᠴᠢ ᠰᠣᠶᠣᠯ᠎ᠢ ᠪᠠᠢᠩᠭᠤᠵᠢᠭᠤᠯᠬᠤ ᠪᠠᠢᠭᠤᠯᠤᠯᠲᠠ᠎ᠶᠢ ᠠᠬᠢᠭᠤᠯᠬᠤ ᠴᠢᠬᠤᠯᠠ ᠠᠷᠭ᠎ᠠ ᠬᠡᠮᠵᠢᠶ᠎ᠡ ᠪᠣᠯᠣᠨ᠎ᠠ᠃ ᠵᠠᠯᠠᠭᠤᠴᠤᠳ ᠶᠠᠷᠢᠬᠤ᠂ ᠵᠠᠯᠠᠭᠤᠴᠤᠳ ᠰᠣᠨᠣᠰᠬᠤ᠂ ᠵᠠᠯᠠᠭᠤᠴᠤᠳ ᠤᠬᠠᠮᠰᠠᠷᠠᠬᠤ ᠰᠢᠨ᠎ᠡ᠎ᠶᠢ ᠡᠭᠦᠳᠬᠦ ᠬᠡᠯᠪᠡᠷᠢ᠎ᠪᠡᠷ ᠠᠷᠢᠭᠤᠨ ᠴᠢᠬᠡᠴᠢ᠎ᠶᠢᠨ ᠬᠥᠮᠦᠵᠢᠯ᠎ᠦᠨ ᠤᠯᠠᠮᠵᠢᠯᠠᠯᠲᠤ ᠬᠡᠪ ᠵᠠᠭᠪᠤᠷ᠎ᠢ ᠡᠪᠳᠡᠵᠦ᠂ ᠣᠯᠠᠨ᠎ᠢᠶᠠᠷ᠎ᠢᠶᠠᠨ ᠲᠣᠭᠯᠠᠯᠲᠠ᠎ᠵᠢ ᠵᠣᠬᠢᠶᠠᠨ ᠪᠦᠲᠦᠭᠡᠬᠦ᠂ ᠨᠠᠢᠷᠠᠭᠤᠯᠬᠤ᠂ ᠲᠡᠯᠭᠡᠨ ᠦᠵᠡᠭᠦᠯᠬᠦ ᠪᠦᠬᠦ ᠶᠠᠪᠤᠴᠠ᠎ᠳᠤ᠂ ᠨᠠᠮ᠎ᠤᠨ ᠰᠠᠬᠢᠯᠭ᠎ᠠ ᠪᠠᠲᠤ ᠬᠠᠤᠯᠢ ᠲᠣᠭᠲᠠᠭᠠᠯ᠂ ᠰᠢᠨ᠎ᠡ ᠴᠠᠭ ᠦᠶ᠎ᠡ᠎ᠶᠢᠨ ᠤᠯᠤᠰ ᠲᠥᠷᠥ ᠬᠠᠤᠯᠢ ᠴᠠᠭᠠᠵᠠ᠎ᠶᠢᠨ ᠺᠠᠳ᠋ᠷ ᠴᠠᠭᠳᠠᠭ᠎ᠠ᠎ᠶᠢᠨ 《ᠠᠷᠪᠠ᠎ᠶᠢ ᠴᠢᠩᠭ᠎ᠠ ᠴᠠᠭᠠᠵᠠᠯᠠᠬᠤ》᠂ 《ᠭᠤᠷᠪᠠᠨ ᠲᠣᠭᠲᠠᠭᠠᠯ》 ᠵᠡᠷᠭᠡ ᠰᠠᠬᠢᠯᠭ᠎ᠠ ᠪᠠᠲᠤ᠎ᠶᠢᠨ ᠱᠠᠭᠠᠷᠳᠠᠯᠭ᠎ᠠ᠎ᠲᠠᠢ ᠭᠦᠨᠵᠡᠭᠡᠢ ᠤᠶᠠᠯᠳᠤᠭᠤᠯᠤᠨ᠂ ᠠᠵᠢᠯᠯᠠᠭ᠎ᠠ᠎ᠳᠤ ᠣᠷᠣᠯᠴᠠᠬᠤ ᠳᠤᠮᠳᠠ᠎ᠪᠠᠨ ᠰᠠᠬᠢᠯᠭ᠎ᠠ ᠪᠠᠲᠤ᠎ᠶᠢᠨ ᠤᠬᠠᠮᠰᠠᠷ᠂ ᠶᠣᠰᠣ᠌ ᠳᠦᠷᠢᠮ᠎ᠦᠨ ᠤᠬᠠᠮᠰᠠᠷ ᠪᠠ ᠬᠣᠷᠢᠭ᠎ᠠ ᠱᠤᠭᠤᠮ᠎ᠤᠨ ᠰᠡᠳᠬᠢᠬᠦᠢ᠎ᠪᠡᠨ ᠴᠢᠩᠭᠠᠳᠬᠠᠵᠤ᠂ ᠠᠷᠢᠭᠤᠨ ᠴᠢᠬᠡᠴᠢ᠎ᠶᠢᠨ ᠬᠥᠮᠦᠵᠢᠯ᠎ᠦᠨ ᠨᠥᠯᠥᠭᠡᠯᠡᠬᠦ ᠬᠦᠴᠦᠨ᠂ ᠲᠠᠲᠠᠬᠤ ᠬᠦᠴᠦᠨ ᠪᠠ ᠪᠣᠳᠠᠲᠤ ᠦᠷ᠎ᠡ ᠪᠦᠲᠦᠮᠵᠢᠲᠦ ᠴᠢᠨᠠᠷ᠎ᠢ ᠪᠦᠲᠦᠮᠵᠢᠲᠡᠶ ᠳᠡᠭᠡᠭᠰᠢᠯᠡᠭᠦᠯᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号