ᠦᠪᠦᠷ ᠮᠤᠨᠭᠭᠤᠯ ᠎ᠤᠨ ᠥᠪᠡᠷᠲᠡᠭᠡᠨ ᠵᠠᠰᠠᠬᠤ ᠣᠷᠣᠨ᠎ᠤ ᠳᠣᠯᠣᠳᠤᠭᠠᠷ ᠬᠤᠭᠤᠴᠠᠭᠠᠨ᠎ᠤ ᠵᠡᠮᠳᠡᠭᠴᠦᠳ ᠎ᠦᠨ ᠪᠡᠶ᠎ᠡ᠎ᠶᠢᠨ ᠲᠠᠮᠢᠷ ᠎ᠤᠨ ᠴᠤᠭᠯᠠᠭᠠᠨ ᠎ᠤ ᠬᠠᠭᠤᠷᠠᠢ ᠭᠠᠵᠠᠷ᠎ᠤᠨ ᠮᠥᠰᠥᠨ ᠳᠡᠪᠦᠷ᠎ᠡ᠎ᠶᠢᠨ ᠤᠷᠤᠯᠳᠤᠭᠠᠨ ᠦᠨᠳᠦᠷᠯᠡᠪᠡ
2026-07-22 10:19:23
ᠵᠣᠬᠢᠶᠠᠭ᠍ᠴᠢ᠄
ᠼᠠᠢ ᠳ᠋ᠦᠩ ᠮᠸᠢ ᠰᠦᠩ ᠠ ᠨᠠᠨ
ᠣᠩᠱᠢᠭ᠍ᠰᠠᠨ ᠣᠳᠠᠭ᠎ᠠ᠄
★★★☆☆

7 ᠰᠠᠷ᠎ᠠ᠎ᠶᠢᠨ 19 ᠤ᠋  ᠦᠳᠡ᠎ᠶᠢᠨ ᠬᠣᠢᠨ᠎ᠠ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠳᠣᠯᠣᠳᠤᠭᠠᠷ ᠬᠤᠭᠤᠴᠠᠭᠠᠨ᠎ᠤ ᠵᠡᠮᠳᠡᠭᠴᠦᠳ᠎ᠦᠨ ᠪᠡᠶ᠎ᠡ᠎ᠶᠢᠨ ᠲᠠᠮᠢᠷ᠎ᠤᠨ ᠴᠤᠭᠯᠠᠭᠠᠨ ᠵᠢᠴᠢ ᠣᠨᠴᠠᠭᠠᠶ ᠣᠯᠢᠮᠫᠢᠺ᠎ᠤᠨ ᠲᠠᠮᠢᠷ᠎ᠤᠨ ᠴᠤᠭᠯᠠᠭᠠᠨ᠎ᠤ ᠬᠠᠭᠤᠷᠠᠢ ᠭᠠᠵᠠᠷ᠎ᠤᠨ ᠮᠥᠰᠥᠨ ᠳᠡᠪᠦᠷ᠎ᠡ (ᠣᠯᠠᠨ ᠲᠦᠮᠡᠨᠴᠢ ᠳᠤᠭᠤᠢᠯᠠᠩ) ᠶ᠋ᠢᠨ ᠲᠥᠷᠥᠯ ᠵᠦᠢᠯ ᠪᠡᠭᠡᠵᠢᠩ᠎ᠦᠨ ᠪᠠᠭ᠍ᠰᠢ᠎ᠶᠢᠨ ᠶᠡᠬᠡ ᠰᠤᠷᠭᠠᠭᠤᠯᠢ᠎ᠶᠢᠨ ᠪᠤᠭᠤᠲᠤ᠎ᠳᠡᠬᠢ ᠬᠠᠷᠢᠶᠠᠲᠤ ᠰᠤᠷᠭᠠᠭᠤᠯᠢ᠎ᠶᠢᠨ ᠪᠡᠶ᠎ᠡ᠎ᠶᠢᠨ ᠲᠠᠮᠢᠷ᠎ᠤᠨ ᠤᠷᠳᠤᠨ᠎ᠳᠦ ᠦᠨᠳᠦᠷᠯᠡᠪᠡ᠃ ᠲᠤᠰ ᠤᠷᠤᠯᠳᠤᠭᠠᠨ᠎ᠳᠤ ᠪᠦᠬᠦ ᠣᠷᠣᠨ᠎ᠤ 7 ᠠᠢᠮᠠᠭ ᠬᠤᠳᠠ᠎ᠶᠢᠨ44 ᠲᠠᠮᠢᠷᠴᠢᠨ ᠣᠷᠣᠯᠴᠠᠵᠠᠢ᠃

ᠲᠤᠬᠠᠢ᠎ᠶᠢᠨ ᠡᠳᠦᠷ ᠎ᠦᠨ ᠦᠳᠡ᠎ᠶᠢᠨ ᠡᠮᠦᠨ᠎ᠡ ᠬᠦᠷᠳᠦᠲᠦ ᠰᠠᠨᠳᠠᠯᠢᠴᠢᠳ᠎ᠤᠨ ᠳᠤᠭᠤᠢᠯᠠᠩ᠎ᠤᠨ ᠰᠢᠢᠳᠪᠦᠷᠢᠲᠦ ᠤᠷᠤᠯᠳᠤᠭᠠᠨ ᠶᠠᠪᠤᠭᠤᠯᠵᠤ᠂ ᠤᠯᠠᠭᠠᠨᠴᠠᠪ᠎ᠤᠨ ᠠᠩᠭᠢ  ᠥᠨᠳᠥᠷ ᠪᠦᠲᠦᠮᠵᠢᠲᠡᠶ ᠤᠷᠤᠯᠳᠤᠬᠤ ᠠᠷᠭ᠎ᠠ ᠪᠡᠷ ᠮᠠᠩᠯᠠᠢᠯᠠᠵᠤ᠂ ᠠᠯᠠᠱᠠ ᠠᠢᠮᠠᠭ᠎ᠤᠨ ᠠᠩᠭᠢ᠂ ᠪᠤᠭᠤᠲᠤ᠎ᠬᠤᠲᠠ᠎ᠶᠢᠨ ᠨᠢᠭᠡᠳᠦᠭᠡᠷ ᠠᠩᠭᠢ ᠲᠣᠰ ᠲᠣᠰ ᠬᠤᠶᠠᠳᠤᠭᠠᠷ᠂ ᠭᠤᠷᠪᠠᠳᠤᠭᠠᠷ᠎ᠲᠤ ᠲᠤᠳᠤᠷᠠᠪᠠ᠃ ᠦᠳᠡ᠎ᠶᠢᠨ ᠬᠣᠢᠨ᠎ᠠ ᠰᠣᠨᠣᠷ ᠎ᠤᠨ ᠰᠠᠭᠠᠳ ᠲᠠᠢ ᠲᠠᠮᠢᠷᠴᠢᠳ᠎ᠦᠨ ᠳᠤᠭᠤᠢᠯᠠᠩ᠎ᠤᠨ ᠰᠢᠢᠳᠪᠦᠷᠢᠲᠦ ᠤᠷᠤᠯᠳᠤᠭᠠᠨ᠎ᠳᠤ᠂ ᠰᠢᠯᠢ᠎ᠶᠢᠨ ᠭᠣᠣᠯ ᠠᠢᠮᠠᠭ᠎ᠤᠨ ᠠᠩᠭᠢ᠂ ᠤᠯᠠᠭᠠᠨᠴᠠᠪ ᠎ᠤᠨ ᠠᠩᠭᠢ᠂ ᠬᠢᠩᠭᠠᠨ ᠠᠢᠮᠠᠭ᠎ᠤᠨ ᠠᠩᠭᠢ ᠲᠤᠰ ᠲᠤᠰ ᠲᠡᠷᠢᠭᠦᠨ᠂ ᠲᠡᠳ᠋᠂ ᠭᠤᠳᠠᠭᠠᠷ᠎ᠲᠤ ᠲᠤᠳᠤᠷᠠᠪᠠ᠋᠃ ᠤᠷᠤᠯᠳᠤᠭᠠᠨ᠎ᠤ ᠵᠣᠬᠢᠶᠠᠨ ᠪᠠᠶ᠋ᠢᠭᠤᠯᠬᠤ ᠺᠣᠮᠢᠰ᠎ᠠᠴᠠ ᠬᠦᠷᠳᠦᠲᠦ ᠰᠠᠨᠳᠠᠯᠢ ᠵᠢᠨ ᠳᠤᠭᠤᠢᠯᠠᠩ᠎ᠤᠨ ᠲᠠᠮᠢᠷᠴᠢᠳ᠎ᠲᠤ ᠬᠠᠷᠰᠢ ᠰᠠᠭᠠᠳ ᠦᠭᠡᠢ ᠨᠠᠯᠠᠤ ᠵᠠᠮ᠂ ᠲᠤᠰᠠᠯᠠᠬᠤ ᠪᠠᠭᠠᠵᠢ᠎ᠪᠠ ᠡᠮ ᠡᠮᠨᠡᠯᠭᠡ᠎ᠶᠢᠨ ᠪᠠᠲᠤᠯᠠᠪᠤᠷᠢ ᠲᠣᠬᠢᠷᠠᠭᠤᠯᠵᠦ ᠦᠭᠴᠠᠢ; ᠰᠣᠨᠣᠷ᠎ᠤᠨ ᠰᠠᠭᠠᠳ ᠎ᠲᠠᠢ ᠲᠠᠮᠢᠷᠴᠢᠳ᠎ᠲᠤ ᠳᠣᠬᠢᠶᠠᠨ᠎ᠤ ᠬᠡᠯᠡᠨ ᠎ᠦ ᠣᠷᠴᠢᠭᠤᠯᠭ᠎ᠠ᠎ᠶᠢᠨ ᠦᠢᠯᠡᠴᠢᠯᠡᠭᠡ ᠲᠣᠬᠢᠷᠠᠭᠤᠯᠵᠤ᠂ ᠤᠷᠤᠯᠳᠤᠭᠠᠨ᠎ᠤ ᠪᠥᠬᠥ ᠶᠠᠪᠤᠴᠠ᠎ᠶᠢᠨ ᠤᠷᠤᠭᠰᠢᠲᠠᠢ ᠶᠠᠪᠤᠭᠳᠠᠬᠤ᠎ᠶᠢ ᠦᠨᠡᠨ ᠬᠦ᠌ ᠪᠠᠲᠤᠯᠠᠪᠡ᠃

ᠬᠠᠭᠤᠷᠠᠢ ᠭᠠᠵᠠᠷ᠎ᠤᠨ ᠮᠥᠰᠥᠨ ᠳᠡᠪᠦᠷ᠎ᠡ ᠨᠢ ᠲᠣᠰ ᠬᠤᠭᠤᠴᠠᠭᠠᠨ᠎ᠤ ᠵᠡᠮᠳᠡᠭᠴᠦᠳ᠎ᠦᠨ ᠣᠨᠴᠠᠭᠠᠶ ᠣᠯᠢᠮᠫᠢᠺ᠎ᠤᠨ ᠲᠠᠮᠢᠷ᠎ᠤᠨ ᠴᠤᠭᠯᠠᠭᠠᠨ᠎ᠤ ᠤᠷᠤᠯᠳᠤᠭᠠᠨ ᠪᠠ ᠰᠣᠨᠢᠷᠬᠠᠯᠳᠦ ᠴᠢᠨᠠᠷ᠎ᠢ ᠬᠠᠪᠰᠤᠷᠭᠠᠭᠰᠠᠨ ᠣᠯᠠᠨ ᠨᠡᠶ᠋ᠢᠲᠡ᠎ᠶᠢᠨ ᠲᠦᠷᠦᠯ ᠵᠦᠢᠯᠡᠯ ᠪᠣᠯᠤᠭᠰᠠᠨ᠎ᠤ ᠬᠤᠪᠢ᠎ᠳᠤ᠂ ᠨᠠᠩ ᠣᠯᠠᠨ ᠵᠡᠮᠳᠡᠭ ᠲᠠᠮᠢᠷᠴᠢᠳ᠎ᠲᠤ ᠤᠷ᠎ᠠ ᠮᠡᠷᠭᠡᠵᠢᠯ᠎ᠶ᠋ᠢᠡᠨ ᠰᠤᠯᠢᠯᠴᠠᠬᠤ᠂ ᠬᠠᠷᠢᠯᠴᠠᠨ ᠰᠤᠷᠤᠯᠴᠠᠬᠤ ᠲᠠᠪᠴᠠᠨᠭ᠌ ᠬᠠᠨᠭᠭᠠᠯ᠎ᠠ᠃ ᠲᠤᠰ ᠲᠦᠷᠦᠯ ᠵᠦᠢᠯ᠎ᠦᠨ ᠤᠷᠤᠯᠳᠤᠭᠠᠨ ᠦᠨᠳᠦᠷᠯᠡᠬᠦ᠎ᠶᠢ ᠳᠠᠭᠠᠯᠳᠤᠨ᠂ ᠲᠤᠰ ᠬᠤᠭᠤᠴᠠᠭᠠᠨ᠎ᠤ ᠪᠡᠶ᠎ᠡ᠎ᠶᠢᠨ ᠲᠠᠮᠢᠷ᠎ᠤᠨ ᠴᠤᠭᠯᠠᠭᠠᠨ᠎ᠤ ᠪᠤᠰᠤᠳ ᠵᠦᠢᠯ ᠎ᠦᠨ ᠤᠷᠤᠯᠳᠤᠭᠠᠨ ᠪᠤᠭᠤᠲᠤ᠎ᠳᠤ ᠵᠠᠯᠭᠠᠭ᠎ᠠ ᠪᠡᠷ  ᠶᠠᠪᠤᠭᠳᠠᠬᠤ ᠪᠣᠯᠣᠨ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号