ᠳᠠᠭ᠎ᠠ᠎ᠶᠢᠨ ᠨᠠᠭᠤᠷ᠎ᠤᠨ ᠤᠰᠤᠨ᠎ᠭᠠᠳᠠᠷᠭᠤ᠎ᠵᠢᠨ ᠲᠠᠯᠠᠪᠠᠢ ᠣᠢᠷ᠎ᠠ᠎ᠶᠢᠨ 10 ᠵᠢᠯ᠎ᠤᠨ ᠰᠢᠨ᠎ᠡ ᠲᠡᠮᠲᠡᠭᠯᠡᠯ᠎ᠢ ᠡᠭᠦᠳᠴᠦ ᠰᠤᠪᠨᠠᠭᠤᠷ 21 ᠵᠢᠯ ᠳᠠᠷᠠᠭᠠᠯᠠᠨ ᠬᠠᠲᠠᠵᠤ ᠰᠢᠷᠭᠢᠭᠰᠡᠨ ᠦᠭᠡᠢ
ᠭᠣᠣᠯ ᠤᠷᠤᠰᠬᠠᠯ ᠪᠦᠬᠦ ᠱᠤᠭᠤᠮ᠎ᠢᠶᠠᠷ 66 ᠡᠳᠦᠷ ᠤᠰᠤ ᠨᠡᠪᠲᠡᠷᠡᠪᠡ!
6 ᠰᠠᠷ᠎ᠠ᠎ᠶᠢᠨ 9 ᠤ᠋ ᠡᠳᠦᠷ᠎ᠦᠨ 16 ᠴᠠᠭ᠎ᠲᠤ᠂ ᠰᠢᠷᠠᠮᠥ᠋ᠷᠡᠨ ᠭᠣᠣᠯ᠎ᠤᠨ ᠲᠠᠢ ᠾᠸ ᠺᠸᠦ ᠣᠭᠲᠣᠯᠣᠭᠠᠰᠤ᠎ᠶᠢᠨ ᠬᠠᠳᠠᠵᠤ ᠰᠢᠷᠭᠢᠬᠦ᠎ᠶᠢ ᠳᠠᠭᠠᠯᠳᠤᠨ᠂ ᠪᠠᠷᠠᠭᠤᠨ ᠯᠢᠶᠣᠤᠾᠧ ᠭᠣᠣᠯ᠎ᠤᠨ ᠭᠣᠣᠯ ᠤᠷᠤᠰᠬᠠᠯ᠎ᠤᠨ ᠪᠥᠬᠥ ᠱᠤᠭᠤᠮ᠎ᠢᠶᠠᠷ ᠤᠷᠤᠰ᠎ᠤᠨ ᠥᠩᠭᠡᠷᠡᠬᠦ ᠶᠠᠪᠤᠴᠠ ᠳᠠᠭᠤᠰᠤᠭᠰᠠᠨ᠎ᠢ ᠬᠠᠷᠠᠭᠤᠯᠵᠤ ᠪᠠᠢᠨ᠎ᠠ᠃ ᠲᠣᠰ ᠤᠳᠠᠭᠠᠨ᠎ᠤ ᠭᠣᠣᠯ ᠤᠷᠤᠰᠬᠠᠯ᠎ᠤᠨ ᠪᠥᠬᠥ ᠱᠤᠭᠤᠮ᠎ᠢᠶᠠᠷ ᠤᠰᠤ ᠨᠡᠪᠲᠡᠷᠡᠬᠦ ᠴᠠᠭ ᠨᠢ ᠨᠢᠳᠤᠨᠤᠨ᠎ᠤ ᠬᠠᠪᠤᠷ᠎ᠤᠨ ᠤᠯᠠᠷᠢᠯ᠎ᠤᠨ ᠨᠡᠪᠲᠡᠷᠡᠬᠦ ᠴᠠᠭ᠎ᠡᠴᠡ 39 ᠡᠳᠦᠷ ᠨᠡᠮᠡᠭᠳᠡᠵᠡᠢ᠃
ᠪᠠᠷᠠᠭᠤᠨ ᠯᠢᠶᠣᠤᠾᠧ ᠭᠣᠣᠯ᠎ᠤᠨ ᠭᠣᠣᠯ ᠤᠷᠤᠰᠬᠠᠯ 27 ᠵᠢᠯ ᠤᠷᠤᠰᠬᠠᠯ ᠲᠠᠰᠤᠷᠠᠵᠤ᠂ ᠨᠢᠳᠤᠨᠤᠨ᠎ᠤ 4 ᠰᠠᠷ᠎ᠠ᠎ᠳᠤ ᠠᠩᠬ᠎ᠠ ᠤᠳᠠᠭ᠎ᠠ ᠪᠦᠬᠦ ᠱᠤᠭᠤᠮ᠎ᠢᠶᠠᠷ ᠤᠷᠤᠰ᠎ᠤᠨ ᠥᠩᠭᠡᠷᠡᠬᠦ᠎ᠶᠢ ᠪᠡᠶᠡᠯᠡᠭᠦᠯᠦᠭᠰᠡᠨ᠎ᠦ ᠳᠠᠷᠠᠭ᠎ᠠ᠂ ᠤᠰᠤᠨ ᠰᠢᠰᠲᠧᠮ᠎ᠦᠨ ᠰᠡᠷᠭᠦᠯᠲᠡ᠎ᠶᠢᠨ ᠪᠠᠢᠳᠠᠯ ᠦᠷᠭᠦᠯᠵᠢᠯᠡᠨ ᠪᠡᠬᠢᠵᠢᠪᠡ᠃ ᠡᠨᠡ ᠵᠢᠯ᠂ ᠪᠠᠷᠠᠭᠤᠨ ᠯᠢᠶᠣᠤᠾᠧ ᠭᠣᠣᠯ᠎ᠤᠨ ᠬᠠᠪᠤᠷ᠎ᠤᠨ ᠤᠯᠠᠷᠢᠯ᠎ᠤᠨ ᠲᠣᠬᠢᠷᠠᠭᠤᠯᠤᠯᠲᠠ᠎ᠶᠢᠨ ᠶᠡᠷᠦᠩᠬᠡᠢ ᠤᠰᠤᠨ᠎ᠤ ᠬᠡᠮᠵᠢᠶ᠎ᠡ ᠪᠠᠷᠤᠭ 5 ᠳ᠋ᠦᠩᠰᠢᠭᠤᠷ ᠪᠣᠰᠣᠭ᠎ᠠ ᠳᠥᠷᠪᠡᠯᠵᠢᠨ ᠮᠧᠲᠷ ᠪᠠᠢᠵᠤ᠂ ᠪᠡᠯᠡᠳᠬᠡᠯ ᠲᠥᠰᠥᠯ᠎ᠡᠴᠡ 1.64 ᠳ᠋ᠦᠩᠰᠢᠭᠤᠷ ᠪᠣᠰᠣᠭ᠎ᠠ ᠳᠥᠷᠪᠡᠯᠵᠢᠨ ᠮᠧᠲᠷ ᠨᠡᠮᠡᠭᠳᠡᠨ᠂ ᠨᠢᠳᠤᠨᠤᠨ᠎ᠤ ᠬᠠᠪᠤᠷ᠎ᠤᠨ ᠤᠯᠠᠷᠢᠯ᠎ᠤᠨ ᠲᠣᠬᠢᠷᠠᠭᠤᠯᠤᠯᠲᠠ᠎ᠶᠢᠨ ᠤᠰᠤᠨ᠎ᠤ ᠬᠡᠮᠵᠢᠶ᠎ᠡ᠎ᠡᠴᠡ 1.63 ᠳ᠋ᠦᠩᠰᠢᠭᠤᠷ ᠪᠣᠰᠣᠭ᠎ᠠ ᠳᠥᠷᠪᠡᠯᠵᠢᠨ ᠮᠧᠲᠷ ᠨᠡᠮᠡᠭᠳᠡᠵᠦ᠂ ᠭᠦᠢᠴᠡᠳ ᠠᠮᠢ ᠠᠬᠤᠢ᠎ᠶᠢᠨ ᠤᠰᠤᠨ᠎ᠤ ᠬᠡᠮᠵᠢᠶ᠎ᠡ ᠨᠢ ᠰᠠᠪᠠ ᠭᠠᠵᠠᠷ᠎ᠤᠨ ᠤᠷᠭᠤᠮᠠᠯ᠎ᠤᠨ ᠪᠦᠷᠬᠦᠴᠡ ᠵᠢ ᠰᠡᠷᠭᠦᠭᠡᠬᠦ᠂ ᠬᠥᠷᠥᠰᠥ ᠰᠢᠷᠤᠢ᠎ᠶᠢ ᠰᠢᠮᠡᠵᠢᠭᠦᠯᠬᠦ᠂ ᠤᠰᠤᠨ ᠰᠢᠰᠲᠧᠮ᠎ᠢ ᠰᠡᠷᠭᠦᠭᠡᠬᠦ᠎ᠳᠦ ᠤᠰᠤᠨ᠎ᠤ ᠡᠬᠢ ᠪᠠᠶᠠᠯᠢᠭ᠋᠎ᠤᠨ ᠰᠠᠭᠤᠷᠢ᠎ᠶᠢ ᠪᠠᠲᠤ ᠴᠣᠭᠴᠠᠯᠠᠪᠠ᠃
7 ᠰᠠᠷ᠎ᠠ᠎ᠶᠢᠨ 15 ᠤ᠋ ᠡᠳᠦᠷ᠎ᠦᠨ 9 ᠴᠠᠭ᠎ᠲᠤ᠂ ᠲᠦᠩᠯᠢᠶᠣᠣ ᠬᠣᠲᠠ᠎ᠶᠢᠨ ᠰᠤ᠌ ᠵᠢᠶᠠ ᠫᠦ ᠤᠰᠤᠨ ᠠᠰᠢᠭ᠍ᠯᠠᠯᠲᠠ᠎ᠶᠢᠨ ᠬᠦᠢᠰᠦ ᠪᠠᠷᠢᠯᠭ᠎ᠠ᠎ᠶᠢᠨ ᠵᠡᠭᠦᠨ ᠡᠷᠭᠢ᠎ᠶᠢᠨ ᠳᠥᠷᠪᠡᠨ ᠨᠦᠬᠡᠲᠦ ᠬᠠᠭᠠᠯᠲᠠ᠎ᠶᠢᠨ ᠡᠭᠦᠳᠡ ᠠᠭᠠᠵᠢᠮ᠎ᠢᠶᠠᠷ ᠳᠡᠭᠡᠭᠰᠢᠯᠡᠬᠦ᠎ᠶᠢ ᠳᠠᠭᠠᠯᠳᠤᠨ᠂ ᠪᠠᠷᠠᠭᠤᠨ ᠯᠢᠶᠣᠤᠾᠧ ᠭᠣᠣᠯ᠎ᠤᠨ ᠤᠰᠤ 《ᠯᠢᠶᠣᠤᠾᠧ ᠭᠣᠣᠯ᠎ᠤᠨ ᠤᠰᠤ᠎ᠵᠢ ᠰᠢᠨᠺᠠᠢ ᠾᠸᠳᠤ ᠲᠠᠲᠠᠨ ᠤᠷᠤᠭᠤᠯᠬᠤ》 ᠭᠣᠣᠯ ᠰᠤᠪᠠᠭ᠎ᠢᠶᠠᠷ ᠤᠷᠤᠰ᠎ᠤᠨ ᠥᠩᠭᠡᠷᠡᠵᠦ᠂ 28 ᠵᠢᠯ ᠤᠷᠤᠰᠬᠠᠯ ᠲᠠᠰᠤᠷᠠᠭᠰᠠᠨ ᠭᠠᠨ ᠾᠸ ᠭᠣᠣᠯ᠂ ᠰᠢᠨᠺᠠᠢ ᠾᠸ ᠭᠤᠤᠯ᠎ᠳᠤ ᠳᠠᠬᠢᠨ ᠠᠮᠢᠵᠢᠷᠠᠯ᠎ᠤᠨ ᠬᠦᠴᠦᠨ ᠢᠯᠡᠷᠡᠪᠡ᠃
ᠡᠨᠡ ᠪᠣᠯ ᠪᠠᠷᠠᠭᠤᠨ ᠯᠢᠶᠣᠤᠾᠧ ᠭᠣᠣᠯ᠎ᠤᠨ ᠰᠠᠪᠠ ᠭᠠᠵᠠᠷ᠎ᠤᠨ ᠠᠮᠢ ᠠᠬᠤᠢ᠎ᠶᠢᠨ ᠰᠡᠷᠭᠦᠯᠲᠡ᠎ᠶᠢᠨ ᠪᠠᠰᠠ ᠨᠢᠭᠡᠨ ᠪᠡᠯᠭᠡ ᠲᠡᠮᠳᠡᠭ᠎ᠦᠨ ᠴᠢᠨᠠᠷᠲᠠᠢ ᠠᠬᠢᠴᠠ ᠪᠣᠯᠣᠨ᠎ᠠ᠃ ᠲᠤᠰ ᠤᠳᠠᠭ᠎ᠠ᠎ᠶᠢᠨ ᠤᠰᠤ ᠲᠠᠲᠠᠬᠤ ᠠᠵᠢᠯ ᠰᠤ᠌ ᠵᠢᠶᠠ ᠫᠦ ᠤᠰᠤᠨ ᠠᠰᠢᠭ᠍ᠯᠠᠯᠲᠠ᠎ᠶᠢᠨ ᠬᠦᠢᠰᠦᠪᠠᠷᠢᠯᠭᠠ ᠡᠴᠡ ᠡᠬᠢᠯᠡᠵᠦ᠂ ᠤᠷᠢᠳ᠎ᠢᠶᠠᠷ 7.2 ᠺᠢᠯᠤᠮᠸᠲᠷ᠎ᠤᠨ ᠪᠠᠷᠠᠭᠤᠨ ᠯᠢᠶᠣᠤᠾᠧ ᠭᠣᠣᠯ᠎ᠤᠨ ᠶᠡᠷᠦᠩᠬᠡᠢ ᠭᠣᠣᠯ ᠰᠤᠪᠠᠭ᠎ᠢᠶᠠᠷ ᠳᠠᠮᠵᠢᠨ ᠭᠠᠨ ᠾᠸ ᠭᠣᠣᠯ ᠤᠨ ᠬᠠᠭᠠᠯᠳᠠ᠎ᠳᠤ ᠬᠦᠷᠴᠦ᠂ 50.8 ᠺᠢᠯᠤᠮᠸᠲᠷ᠎ᠤᠨ ᠭᠠᠨ ᠾᠸ ᠭᠣᠣᠯ᠎ᠤᠨ ᠵᠠᠮ᠎ᠢᠶᠠᠷ ᠰᠢᠨ ᠺᠠᠢ ᠾᠧ ᠭᠣᠣᠯ᠎ᠤᠨ ᠴᠢᠳᠬᠤᠯᠠᠩ᠎ᠳᠤ ᠣᠷᠣᠵᠤ᠂ ᠰᠢᠨ ᠺᠠᠢ ᠾᠧ ᠭᠣᠣᠯ᠎ᠳᠤ 9.1 ᠺᠢᠯᠤᠮᠸᠲᠷ ᠤᠷᠤᠰᠴᠤ ᠲᠠᠷᠭᠤᠨ ᠤᠰᠤᠨ ᠠᠰᠢᠭ᠍ᠯᠠᠯᠲᠠ᠎ᠶᠢᠨ ᠬᠦᠢᠰᠦ ᠪᠠᠷᠢᠯᠭ᠎ᠠ᠎ᠳᠦ ᠬᠦᠷᠴᠦ᠂ ᠲᠠᠬᠢᠨ 4.3 ᠺᠢᠯᠤᠮᠸᠲᠷ᠎ᠤᠨ ᠤᠰᠤ ᠲᠠᠲᠠᠬᠤ ᠰᠤᠪᠠᠭ᠎ᠢᠶᠠᠷ ᠳᠠᠮᠵᠢᠨ ᠲᠠᠷᠭᠤᠨ ᠤᠰᠤᠨ ᠴᠥᠭᠥᠷᠥᠮ᠎ᠳᠦ ᠣᠷᠣᠨ᠎ᠠ᠃ ᠤᠰᠤ ᠳᠠᠮᠵᠢᠭᠤᠯᠬᠤ ᠱᠤᠭᠤᠮ ᠨᠢ ᠺᠠᠢᠯᠤ ᠰᠢᠶᠠᠨ᠎ᠤ ᠮᠠᠢᠰᠢᠨ ᠪᠠᠯᠭᠠᠰᠤ᠂ ᠾᠧᠢ ᠯᠦᠩ ᠪᠠ ᠪᠠᠯᠭᠠᠰᠤ ᠂ ᠳᠠ ᠢᠦᠢ ᠱᠣ᠌ ᠪᠠᠯᠭᠠᠰᠤ ᠵᠡᠷᠭᠡ 5 ᠰᠢᠶᠠᠩ ᠪᠠᠯᠭᠠᠰᠤ᠎ᠶᠢ ᠪᠦᠷᠬᠦᠵᠦ ᠂ ᠵᠠᠮ ᠱᠤᠭᠤᠮ ᠳᠠᠭᠠᠤ᠎ᠶᠢᠨ ᠲᠠᠷᠢᠶᠠᠯᠠᠩ᠎ᠤᠨ ᠤᠰᠤᠯᠠᠯᠲᠠ᠂ ᠭᠠᠵᠠᠷ ᠳᠣᠣᠷᠠᠬᠢ ᠤᠰᠤᠨ᠎ᠤ ᠬᠠᠩᠭᠠᠯᠭ᠎ᠠ ᠵᠢᠴᠢ ᠠᠮᠢ ᠠᠬᠤᠢ᠎ᠶᠢᠨ ᠰᠡᠷᠭᠦᠯᠳᠡ᠎ᠳᠦ ᠪᠠᠲᠤ ᠪᠡᠬᠢ ᠤᠰᠤᠨ᠎ᠤ ᠡᠬᠢ ᠰᠤᠷᠪᠤᠯᠵᠢ᠎ᠶᠢᠨ ᠲᠤᠯᠭᠠᠭᠤᠷᠢᠯᠠᠯ ᠬᠠᠩᠭᠠᠪᠠ᠃
ᠤᠳᠠᠭ᠎ᠠ ᠪᠦᠷᠢ ᠬᠠᠭᠠᠯᠲᠠ᠎ᠪᠠᠨ ᠨᠡᠭᠡᠭᠡᠵᠦ ᠤᠰᠤ ᠳᠠᠮᠵᠢᠭᠤᠯᠵᠦ ᠭᠣᠣᠯ᠎ᠤᠨ ᠵᠠᠮ᠎ᠢ ᠤᠷᠤᠰᠬᠠᠯ ᠰᠡᠷᠭᠦᠭᠡᠭᠰᠡᠨ᠎ᠤ ᠠᠷᠤ᠎ᠳᠤ᠂ ᠨᠢᠭᠡᠨ ᠢᠵᠢ ᠤᠷᠳᠤ ᠬᠤᠭᠤᠴᠠᠭᠠᠨ᠎ᠤ ᠪᠦᠲᠦᠮᠵᠢᠲᠡᠢ ᠭᠣᠣᠯ ᠮᠥᠷᠡᠨ ᠨᠠᠭᠤᠷ ᠴᠥᠭᠥᠷᠥᠮ᠎ᠦᠨ ᠵᠠᠰᠠᠯᠲᠠ ᠲᠣᠬᠢᠷᠠᠭᠤᠯᠤᠯᠲᠠ᠎ᠶᠢᠨ ᠰᠢᠰᠲᠧᠮ ᠲᠣᠭᠲᠠᠭᠤᠨ᠎ᠢᠶᠠᠷ ᠡᠷᠭᠢᠯᠳᠦᠵᠦ ᠪᠠᠢᠨ᠎ᠠ᠃ ᠡᠨᠡ ᠵᠢᠯ᠎ᠡᠴᠡ ᠨᠠᠭᠠᠰᠢ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠰᠤᠨ ᠠᠰᠢᠭ᠍ᠯᠠᠯᠲᠠ᠎ᠶᠢᠨ ᠲᠢᠩᠬᠢᠮ ᠤᠯᠤᠰ᠎ᠤᠨ 《ᠭᠣᠣᠯ ᠮᠥᠷᠡᠨ᠎ᠦ ᠪᠠᠢᠯᠳᠤᠬᠤ ᠪᠣᠳᠣᠯᠭ᠎ᠠ》ᠵᠢ ᠭᠦᠨᠵᠡᠭᠡᠢ ᠲᠤᠭᠤᠰᠢᠯᠠᠭᠤᠯᠵᠤ᠂ ᠭᠣᠣᠯ ᠮᠥᠷᠡᠨ ᠨᠠᠭᠤᠷ ᠴᠥᠭᠥᠷᠥᠮ᠎ᠦᠨ ᠰᠢᠰᠲᠧᠮ᠎ᠦᠨ ᠵᠠᠰᠠᠯᠲᠠ ᠪᠠ ᠠᠮᠢ ᠠᠬᠤᠢ᠎ᠶᠢᠨ ᠬᠠᠮᠠᠭᠠᠯᠠᠯᠲᠠ᠎ᠶᠢ ᠦᠷᠭᠦᠯᠵᠢᠯᠡᠨ ᠴᠢᠩᠭᠠᠳᠬᠠᠵᠤ᠂ ᠠᠮᠤᠷ ᠲᠦᠪᠰᠢᠨ ᠭᠣᠣᠯ ᠮᠥᠷᠡᠨ ᠨᠠᠭᠤᠷ ᠴᠥᠭᠥᠷᠥᠮ᠂ ᠠᠮᠢ ᠨᠠᠰᠤᠨ᠎ᠤ ᠭᠣᠣᠯ ᠮᠥᠷᠡᠨ ᠨᠠᠭᠤᠷ ᠴᠥᠭᠥᠷᠥᠮ᠂ ᠵᠣᠯ ᠵᠢᠷᠭᠠᠯᠲᠤ ᠭᠣᠣᠯ ᠮᠥᠷᠡᠨ ᠨᠠᠭᠤᠷ ᠴᠥᠭᠥᠷᠥᠮ᠎ᠦᠨ ᠪᠦᠲᠦᠭᠡᠨ ᠪᠠᠢᠭᠤᠯᠤᠯᠲᠠ᠎ᠶᠢ ᠪᠥᠬᠥ ᠲᠠᠯ᠎ᠠ᠎ᠪᠠᠷ ᠠᠬᠢᠭᠤᠯᠵᠤ᠂ ᠭᠣᠣᠯ ᠮᠥᠷᠡᠨ ᠨᠠᠭᠤᠷ ᠴᠥᠭᠥᠷᠥᠮ᠎ᠦᠨ ᠠᠮᠢ ᠠᠬᠤᠢ ᠣᠷᠴᠢᠨ ᠲᠣᠭᠣᠷᠢᠨ ᠦᠷᠭᠦᠯᠵᠢᠯᠡᠨ ᠰᠠᠢᠵᠢᠷᠠᠪᠠ᠃
ᠡᠳᠡᠭᠡᠷ ᠲᠣᠭ᠎ᠠ ᠪᠠᠷᠢᠮᠲᠠ ᠨᠢ ᠥᠪᠥᠷ ᠮᠣᠩᠭᠣᠯ᠎ᠤᠨ ᠭᠣᠣᠯ ᠮᠥᠷᠡᠨ ᠨᠠᠭᠤᠷ ᠴᠥᠭᠥᠷᠥᠮ᠎ᠦᠨ ᠠᠮᠢ ᠠᠬᠤᠢ᠎ᠶᠢᠨ ᠰᠠᠢᠵᠢᠷᠠᠯᠳᠠ᠎ᠶᠢ ᠰᠢᠭᠤᠳ ᠭᠡᠷᠡᠴᠢᠯᠡᠨ᠎ᠡ᠄ 6 ᠰᠠᠷ᠎ᠠ᠎ᠶᠢᠨ 25 ᠤ᠋ ᠡᠳᠦᠷ ᠪᠣᠯᠲᠠᠯ᠎ᠠ᠂ ᠲᠠᠭ᠎ᠠ᠎ᠶᠢᠨ ᠨᠠᠭᠤᠷ᠎ᠤᠨ ᠤᠰᠤᠨ ᠭᠠᠳᠠᠷᠭᠤ᠎ᠵᠢᠨ ᠲᠠᠯᠠᠪᠠᠶ 65.2 ᠲᠡᠭᠰᠢ ᠳᠥᠷᠪᠡᠯᠵᠢᠨ ᠺᠢᠯᠣᠮᠧᠲᠷ᠎ᠲᠦ ᠬᠦᠷᠴᠦ᠂ ᠣᠢᠷ᠎ᠠ᠎ᠶᠢᠨ 10 ᠵᠢᠯ᠎ᠦᠨ ᠰᠢᠨ᠎ᠡ ᠲᠡᠮᠳᠡᠭᠯᠡᠯ᠎ᠢ ᠡᠭᠦᠳᠪᠡ᠂ 7 ᠰᠠᠷ᠎ᠠ᠎ᠶᠢᠨ 11 ᠤ᠋ ᠡᠳᠦᠷ ᠪᠣᠯᠲᠠᠯ᠎ᠠ᠂ ᠰᠤᠪᠨᠠᠭᠤᠷ᠎ᠤᠨ ᠤᠰᠤᠨ᠎ᠭᠠᠳᠠᠷᠭᠤ᠎ᠵᠢᠨ ᠲᠠᠯᠠᠪᠠᠢ 40.7 ᠲᠡᠭᠰᠢ ᠳᠥᠷᠪᠡᠯᠵᠢᠨ ᠺᠢᠯᠣᠮᠧᠲᠷ᠎ᠲᠦ ᠬᠦᠷᠴᠦ᠂ ᠰᠤᠪᠨᠠᠭᠤᠷ 21 ᠵᠢᠯ ᠳᠠᠷᠠᠭᠠᠯᠠᠨ ᠬᠠᠲᠠᠵᠤ ᠰᠢᠷᠭᠢᠭᠰᠡᠨ ᠦᠭᠡᠢ᠃
ᠭᠣᠣᠯ ᠮᠥᠷᠡᠨ ᠨᠠᠭᠤᠷ ᠴᠥᠭᠥᠷᠥᠮ᠎ᠤᠨ ᠬᠠᠮᠠᠭᠠᠯᠠᠯᠳᠠ ᠨᠢ ᠤᠯᠠᠨ ᠲᠦᠮᠡᠨ᠎ᠦ ᠪᠤᠶᠠᠨ ᠵᠢᠷᠭᠠᠯ᠎ᠲᠠᠢ ᠬᠣᠯᠪᠣᠭᠳᠠᠵᠤ᠂ ᠠᠯᠤᠰ ᠬᠡᠳᠦ᠎ᠶᠢᠨ ᠬᠥᠭᠵᠢᠯᠲᠡ᠎ᠲᠠᠢ ᠬᠣᠯᠪᠣᠭᠳᠠᠨ᠎ᠠ᠃ ᠡᠨᠡ ᠵᠢᠯ ᠪᠣᠯ ᠭᠣᠣᠯ ᠮᠥᠷᠡᠨ᠎ᠦ ᠳᠠᠷᠤᠭ᠎ᠠ᠎ᠶᠢᠨ ᠳᠦᠷᠢᠮ᠎ᠢ ᠪᠦᠬᠦ ᠲᠠᠯ᠎ᠠ᠎ᠪᠠᠷ ᠬᠡᠷᠡᠭᠵᠢᠭᠦᠯᠦᠭᠰᠡᠨ 10 ᠵᠢᠯ᠎ᠦᠨ ᠤᠢ ᠪᠣᠯᠣᠨ᠎ᠠ᠃ 10 ᠵᠢᠯ᠎ᠦᠨ ᠲᠤᠷᠰᠢ᠂ ᠭᠣᠣᠯ ᠮᠥᠷᠡᠨ ᠨᠠᠭᠤᠷ ᠴᠥᠭᠥᠷᠥᠮ᠎ᠦᠨ ᠳᠠᠷᠤᠭ᠎ᠠ᠎ᠶᠢᠨ ᠳᠦᠷᠢᠮ ᠭᠡᠬᠦ ᠡᠨᠡ ᠬᠦ᠌ ᠠᠮᠢ ᠠᠬᠤᠢ᠎ᠶᠢᠨ ᠪᠣᠯᠪᠠᠰᠤᠨ᠎ᠤ ᠪᠠᠢᠭᠤᠯᠤᠯᠲᠠ᠎ᠶᠢᠨ ᠬᠦᠷᠢᠶᠡᠨ᠎ᠳᠡᠬᠢ ᠴᠢᠬᠤᠯᠠ ᠥᠭᠡᠷᠡᠴᠢᠯᠡᠯᠲᠡ᠎ᠶᠢᠨ ᠠᠷᠭ᠎ᠠ ᠬᠡᠮᠵᠢᠶ᠎ᠡ ᠨᠢ ᠭᠣᠣᠯ ᠮᠥᠷᠡᠨ ᠨᠠᠭᠤᠷ ᠴᠥᠭᠥᠷᠥᠮ᠎ᠦᠨ ᠬᠠᠮᠢᠶᠠᠷᠤᠯᠲᠠ ᠬᠠᠮᠠᠭᠠᠯᠠᠯᠲᠠ᠎ᠶᠢᠨ ᠬᠦᠴᠦᠷᠬᠡᠭ ᠶᠡᠬᠡ ᠠᠵᠢᠯ᠎ᠤᠨ ᠬᠠᠮᠲᠤᠷᠠᠯ ᠬᠦᠴᠦᠨ᠎ᠢ ᠨᠢᠭ᠍ᠲᠠᠷᠠᠭᠤᠯᠵᠤ᠂ ᠮᠠᠨ᠎ᠤ ᠣᠷᠣᠨ᠎ᠤ ᠭᠣᠣᠯ ᠮᠥᠷᠡᠨ ᠨᠠᠭᠤᠷ ᠴᠥᠭᠥᠷᠥᠮ᠎ᠦᠨ ᠵᠠᠰᠠᠯᠲᠠ ᠬᠠᠮᠢᠶᠠᠷᠤᠯᠲᠠ ᠬᠠᠮᠠᠭᠠᠯᠠᠯᠲᠠᠳ᠋ᠤ ᠤᠷᠢᠳ ᠡᠮᠦᠨ᠎ᠡ ᠪᠠᠢᠭ᠎ᠠ ᠦᠭᠡᠢ ᠡᠷᠴᠢᠮ᠎ᠢ ᠢᠯᠡᠷᠡᠭᠦᠯᠪᠡ᠃
ᠠᠷᠪᠠᠨ ᠵᠢᠯ ᠤᠰᠤᠨ ᠵᠠᠮ᠎ᠢ ᠵᠠᠰᠠᠵᠤ᠂ ᠨᠢᠳᠦ ᠳᠦᠭᠦᠷᠡᠩ ᠦᠵᠡᠮᠵᠢ ᠪᠦᠷᠢᠳᠦᠯ᠎ᠡ᠃ ᠡᠨᠡ ᠵᠢᠯ᠎ᠦᠨ 3 ᠰᠠᠷ᠎ᠠ᠎ᠳᠤ᠂ ᠥᠪᠥᠷ ᠮᠣᠩᠭᠣᠯ 2026 ᠣᠨ᠎ᠤ 1 ᠳ᠋ᠤᠭᠡᠷ ᠲᠣᠭᠠᠲᠤ ᠭᠣᠣᠯ ᠮᠥᠷᠡᠨ ᠨᠠᠭᠤᠷ ᠴᠥᠭᠥᠷᠥᠮ᠎ᠦᠨ ᠶᠡᠷᠦᠩᠬᠡᠢ ᠳᠠᠷᠤᠭ᠎ᠠ᠎ᠶᠢᠨ ᠵᠠᠷᠯᠢᠭ᠋᠎ᠢ ᠨᠡᠢᠲᠡᠯᠡᠵᠦ᠂ ᠭᠣᠣᠯ ᠮᠥᠷᠡᠨ ᠨᠠᠭᠤᠷ ᠴᠥᠭᠥᠷᠥᠮ᠎ᠦᠨ ᠳᠠᠷᠤᠭ᠎ᠠ᠎ᠶᠢᠨ ᠳᠦᠷᠢᠮ᠎ᠢ ᠦᠷᠭᠦᠯᠵᠢᠯᠡᠨ ᠭᠦᠨᠵᠡᠭᠡᠢᠷᠡᠭᠦᠯᠬᠦ᠂ ᠤᠰᠤᠨ᠎ᠤ ᠡᠬᠢ ᠪᠠᠶᠠᠯᠢᠭ᠋᠎ᠢ ᠡᠷᠴᠢᠮᠵᠢᠭᠦᠯᠦᠨ ᠠᠷᠪᠢᠲᠠᠢ ᠠᠰᠢᠭ᠍ᠯᠠᠬᠤ᠎ᠶᠢ ᠴᠢᠩᠭᠠᠳᠬᠠᠬᠤ᠂ ᠤᠰᠤᠨ ᠣᠷᠣᠨ᠎ᠤ ᠡᠷᠭᠢ ᠱᠤᠭᠤᠮ᠎ᠤᠨ ᠬᠠᠮᠢᠶᠠᠷᠤᠯᠳᠠ ᠡᠵᠡᠮᠳᠡᠯᠳᠡ ᠵᠢᠨ ᠲᠦᠪᠰᠢᠨ᠎ᠢ ᠪᠥᠬᠥ ᠲᠠᠯ᠎ᠠ᠎ᠪᠠᠷ ᠳᠡᠭᠡᠭᠰᠢᠯᠡᠭᠦᠯᠬᠦ᠂ ᠤᠰᠤᠨ᠎ᠤ ᠪᠣᠬᠢᠷᠲᠤᠯ᠎ᠢ ᠰᠡᠷᠭᠡᠢᠯᠡᠨ ᠵᠠᠰᠠᠬᠤ᠎ᠶᠢ ᠪᠥᠬᠥ ᠲᠠᠯ᠎ᠠ᠎ᠪᠠᠷ ᠰᠠᠢᠲᠤᠷ ᠠᠳᠬᠤᠬᠤ᠂ ᠤᠰᠤᠨ᠎ᠤ ᠣᠷᠴᠢᠨ ᠲᠣᠭᠣᠷᠢᠨ᠎ᠤ ᠶᠡᠷᠦᠩᠬᠡᠢᠯᠡᠭᠰᠡᠨ ᠵᠠᠰᠠᠯᠲᠠ᠎ᠶᠢ ᠴᠢᠩᠭᠠᠳᠬᠠᠬᠤ᠂ ᠤᠰᠤᠨ᠎ᠤ ᠠᠮᠢ ᠠᠬᠤᠢ᠎ᠶᠢ ᠵᠠᠰᠠᠨ ᠰᠡᠷᠭᠦᠭᠡᠬᠦ᠎ᠶᠢ ᠴᠢᠩᠭᠠᠳᠬᠠᠬᠤ᠂ ᠭᠣᠣᠯ ᠮᠥᠷᠡᠨ ᠨᠠᠭᠤᠷ ᠴᠥᠭᠥᠷᠥᠮ᠎ᠦᠨ ᠬᠠᠤᠯᠢ ᠬᠡᠷᠡᠭᠵᠢᠭᠦᠯᠦᠯᠲᠡ᠎ᠶᠢᠨ ᠬᠢᠨᠠᠯᠲᠠ ᠬᠠᠮᠢᠶᠠᠷᠤᠯᠲᠠ᠎ᠶᠢ ᠴᠢᠩᠭᠠᠳᠬᠠᠬᠤ ᠵᠡᠷᠭᠡ 7 ᠲᠠᠯ᠎ᠠ᠎ᠵᠢᠨ 28 ᠵᠦᠢᠯ᠎ᠦᠨ ᠠᠷᠭ᠎ᠠ ᠬᠡᠮᠵᠢᠶ᠎ᠡ ᠳᠤᠷᠠᠳᠴᠤ᠂ ᠪᠣᠳᠠᠲᠠᠢ ᠭᠦᠢᠴᠡᠳᠬᠡᠯ ᠲᠣᠭ᠎ᠠ᠂ ᠬᠡᠮᠵᠢᠶᠡᠵᠢᠭᠦᠯᠬᠦ ᠬᠠᠷᠠᠯᠲᠠ ᠪᠠ ᠬᠠᠷᠢᠭᠤᠴᠠᠯᠭ᠎ᠠ᠎ᠶᠢᠨ ᠠᠵᠢᠯ᠎ᠤᠨ ᠬᠤᠪᠢᠶᠠᠷᠢᠯᠠᠯ᠎ᠢ ᠵᠦᠢᠯ ᠳᠠᠷᠠᠭᠠᠯᠠᠨ ᠲᠣᠳᠣᠷᠬᠠᠢ ᠲᠣᠭᠲᠠᠭᠠᠪᠠ᠃
ᠡᠨᠡ ᠵᠢᠯ᠎ᠦᠨ ᠳᠡᠭᠡᠷ᠎ᠡ ᠬᠠᠭᠠᠰ ᠵᠢᠯ᠎ᠳᠦ᠂ ᠪᠥᠬᠥ ᠣᠷᠣᠨ᠎ᠤ ᠲᠠᠪᠤᠨ ᠱᠠᠲᠤᠨ᠎ᠤ ᠭᠣᠣᠯ ᠮᠥᠷᠡᠨ ᠨᠠᠭᠤᠷ ᠴᠥᠭᠥᠷᠥᠮ᠎ᠦᠨ ᠳᠠᠷᠤᠭ᠎ᠠ ᠨᠠᠷ ᠱᠠᠲᠤ ᠱᠠᠲᠤ᠎ᠪᠠᠷ ᠲᠤᠰᠢᠶᠠᠯ ᠬᠠᠷᠢᠭᠤᠴᠠᠯᠭ᠎ᠠ᠎ᠪᠠᠨ ᠭᠦᠢᠴᠡᠳᠬᠡᠵᠦ᠂ ᠬᠣᠯᠪᠤᠭᠠᠯᠠᠨ ᠬᠥᠳᠡᠯᠦᠯᠴᠡᠵᠦ᠂ ᠭᠣᠣᠯ ᠮᠥᠷᠡᠨ ᠨᠠᠭᠤᠷ ᠴᠥᠭᠥᠷᠥᠮ᠎ᠢ ᠨᠡᠶ᠋ᠢᠲᠡ 10.9 ᠲᠦᠮᠡᠨ ᠬᠥᠮᠥᠨ ᠤᠳᠠᠭ᠎ᠠ ᠴᠠᠭᠳᠠᠨ ᠪᠠᠢᠴᠠᠭᠠᠪᠠ᠃ ᠡᠯ᠎ᠡ ᠭᠠᠵᠠᠷ᠎ᠤᠨ ᠬᠢᠨ ᠳᠡᠭᠡᠷ᠎ᠠ ᠳᠣᠣᠷ᠎ᠠ ᠱᠠᠲᠤ ᠪᠡᠷ᠎ᠵᠢᠡᠨ ᠬᠣᠯᠪᠣᠯᠳᠤᠨ ᠨᠡᠪᠲᠡᠷᠡᠯᠴᠡᠭᠰᠡᠨ ᠭᠣᠣᠯ ᠮᠥᠷᠡᠨ ᠨᠠᠭᠤᠷ ᠴᠥᠭᠥᠷᠥᠮ᠎ᠢ ᠬᠠᠮᠢᠶᠠᠷᠤᠨ ᠬᠠᠮᠠᠭᠠᠯᠠᠵᠤ ᠵᠠᠰᠠᠬᠤ ᠬᠠᠷᠢᠭᠤᠴᠠᠯᠭ᠎ᠠ᠎ᠶᠢᠨ ᠬᠡᠯᠬᠢᠶ᠎ᠡ᠎ᠶᠢ ᠪᠠᠢᠭᠤᠯᠵᠤ᠂ ᠭᠣᠣᠯ ᠮᠥᠷᠡᠨ ᠨᠠᠭᠤᠷ ᠴᠥᠭᠥᠷᠥᠮ᠎ᠢ ᠬᠠᠮᠤᠷᠤᠭᠰᠠᠨ ᠬᠠᠷᠢᠭᠤᠴᠠᠯᠭ᠎ᠠ᠎ᠶᠢᠨ ᠲᠣᠣᠷ᠎ᠢ ᠲᠠᠰᠤᠷᠠᠯᠲᠠ ᠦᠭᠡᠢ ᠨᠢᠭ᠍ᠲᠠ ᠰᠦᠯᠵᠢᠪᠡ᠃
ᠭᠣᠣᠯ ᠮᠥᠷᠡᠨ ᠨᠠᠭᠤᠷ ᠴᠥᠭᠥᠷᠥᠮ᠎ᠦᠨ ᠵᠠᠰᠠᠯᠲᠠ᠎ᠶᠢᠨ ᠨᠢᠭᠡᠳᠦᠭᠡᠷ ᠵᠠᠩᠭᠢᠯᠠᠭ᠎ᠠ᠎ᠶᠢᠨ ᠦᠭᠡ ᠪᠣᠯ 《ᠰᠢᠰᠲᠧᠮ》 ᠪᠣᠯᠣᠨ᠎ᠠ᠃ ᠠᠭᠤᠯᠠ ᠤᠰᠤ ᠣᠶ ᠮᠣᠳᠣ᠌ ᠭᠠᠵᠠᠷ ᠲᠠᠷᠢᠶ᠎ᠠ ᠨᠠᠭᠤᠷ ᠪᠦᠷᠢᠳᠦ ᠨᠤᠲᠤᠭ ᠪᠡᠯᠴᠢᠭᠡᠷ ᠡᠯᠡᠰᠦ ᠮᠠᠩᠬ᠎ᠠ᠎ᠶᠢ ᠨᠢᠭᠡ ᠴᠣᠭᠴᠠᠵᠢᠭᠤᠯᠤᠨ ᠬᠠᠮᠠᠭᠠᠯᠠᠬᠤ ᠪᠠ ᠰᠢᠰᠲᠧᠮ᠎ᠲᠠᠢ ᠵᠠᠰᠠᠬᠤ᠎ᠳᠤ ᠰᠠᠭᠤᠷᠢᠯᠠᠵᠤ᠂ ᠥᠪᠥᠷ ᠮᠣᠩᠭᠣᠯ᠎ᠤᠨ ᠡᠯ᠎ᠡ ᠭᠠᠵᠠᠷ᠎ᠤᠨ ᠬᠢᠨ ᠶᠡᠷᠦᠩᠬᠡᠢᠯᠡᠨ ᠵᠠᠰᠠᠬᠤ᠂ ᠰᠢᠰᠲᠧᠮ᠎ᠲᠠᠢ ᠵᠠᠰᠠᠬᠤ᠂ ᠡᠬᠢ ᠡᠭᠦᠰᠦᠯ᠎ᠡᠴᠡ ᠨᠢ ᠵᠠᠰᠠᠬᠤ᠎ᠶᠢ ᠪᠠᠷᠢᠮᠲᠠᠯᠠᠵᠤ᠂ ᠪᠥᠬᠥ ᠣᠷᠣᠨ ᠪᠦᠰᠡ᠎ᠶᠢᠨ ᠬᠠᠷᠠᠭᠠᠰᠤ᠂ ᠪᠥᠬᠥ ᠲᠠᠯ᠎ᠠ᠎ᠶᠢᠨ ᠰᠡᠳᠬᠢᠬᠦᠢ᠎ᠪᠡᠷ ᠭᠣᠣᠯ ᠮᠥᠷᠡᠨ ᠨᠠᠭᠤᠷ ᠴᠥᠭᠥᠷᠥᠮ᠎ᠦᠨ ᠠᠮᠢ ᠠᠬᠤᠢ᠎ᠶᠢ ᠬᠠᠮᠠᠭᠠᠯᠠᠬᠤ ᠪᠠ ᠰᠡᠷᠭᠦᠭᠡᠨ ᠵᠠᠰᠠᠬᠤ᠎ᠶᠢ ᠨᠢᠭᠡᠳᠦᠯᠲᠡᠢ ᠲᠥᠯᠥᠪᠵᠢᠭᠦᠯᠦᠨ ᠠᠬᠢᠭᠤᠯᠪᠠ᠃