《ᠨᠡᠬᠦᠷᠡᠰᠦᠨ ᠬᠤᠳᠠ》 ᠬᠡᠮᠡᠭᠳᠡᠭᠰᠡᠨ ᠦᠬᠠᠢ ᠬᠤᠳᠠ ᠬᠠᠲᠤᠨ ᠭᠣᠣᠯ᠎ᠤᠨ ᠰᠢᠮᠡᠯᠢᠭ ᠬᠦᠷᠦᠰᠦᠨ ᠳ᠋ᠤ ᠪᠠᠢᠷᠢᠯᠠᠵᠤ᠂ ᠨᠡᠭᠡᠭᠡᠯᠲᠡᠲᠡᠶ ᠪᠠᠭᠲᠠᠭᠠᠮᠵᠢᠲᠠᠶ᠂ ᠪᠤᠬᠢᠷᠳᠤᠯ ᠦᠭᠡᠢ᠂ ᠪᠦᠯᠬᠦᠮᠳᠡᠨ ᠲᠡᠮᠡᠴᠡᠬᠦ᠂ ᠡᠶ᠎ᠠ ᠵᠤᠬᠢᠴᠠᠨᠭᠭᠤᠢ ᠰᠢᠨ᠎ᠡ ᠬᠣᠲᠠ ᠵᠢᠨ ᠪᠦᠳᠦᠭᠡᠨ ᠪᠠᠢᠭᠤᠯᠤᠯᠳᠠ ᠵᠢ ᠲᠠᠰᠤᠷᠠᠯᠳᠠ ᠦᠭᠡᠢ ᠠᠬᠢᠭᠤᠯᠵᠤ᠂ ᠦᠨᠳᠦᠰᠦᠲᠡᠨ᠎ᠨᠦᠭᠦᠳ᠎ᠦᠨ ᠤᠯᠠᠨ ᠲᠦᠮᠡᠨ ᠰᠠᠬᠢᠨ ᠪᠡᠷᠡᠯᠡᠵᠦ᠍ ᠬᠠᠷᠢᠯᠴᠠᠨ ᠬᠠᠪᠰᠤᠷᠤᠯᠴᠠᠨ᠂ ᠬᠦᠭᠵᠢᠯᠳᠠ ᠵᠢᠨ ᠦᠷ᠎ᠠ ᠪᠦᠳᠦᠭᠡᠯ᠎ᠢ ᠬᠠᠮᠳᠤ ᠪᠡᠷ ᠡᠳ᠋ᠯᠡᠵᠤ᠂ ᠰᠠᠢᠨ ᠰᠠᠢᠬᠠᠨ ᠠᠮᠢᠳᠤᠷᠠᠯ᠎ᠢ ᠬᠠᠮᠳᠤ ᠪᠡᠷ ᠴᠤᠭᠴᠠᠯᠠᠨ᠎ᠠ᠃

ᠨᠠᠮ᠎ᠤᠨ ᠪᠠᠶ᠋ᠢᠭᠤᠯᠤᠯᠲᠠ ᠪᠡᠷ ᠦᠨᠳᠦᠰᠦᠳᠡᠨ᠎ᠤ ᠪᠦᠯᠬᠦᠮᠳᠡᠯ᠎ᠦᠨ ᠤᠯᠤᠰ ᠲᠦᠷᠦ᠎ᠶᠢᠨ ᠰᠠᠭᠤᠷᠢ᠎ᠶᠢ ᠪᠡᠬᠢᠵᠢᠭᠦᠯᠪᠠ
《ᠨᠠᠮ᠎ᠤᠨ ᠪᠦᠬᠦ᠌ ᠲᠠᠯ᠎ᠠ᠎ᠶᠢᠨ ᠤᠳᠤᠷᠢᠳᠤᠯᠭ᠎ᠠ ᠵᠢ ᠴᠢᠨᠭᠭᠠᠳᠬᠠᠨ ᠲᠡᠬᠦᠯᠳᠡᠷᠵᠢᠬᠦᠯᠬᠦ ᠪᠤᠯ ᠰᠢᠨ᠎ᠠ ᠴᠠᠭ ᠦᠶ᠎ᠠ ᠵᠢᠨ ᠨᠠᠮ᠎ᠦᠨ ᠦᠨᠳᠦᠰᠦᠲᠡᠨ᠎ᠦ ᠠᠵᠢᠯ᠎ᠢ ᠰᠠᠢᠳᠤᠷ ᠬᠢᠬᠦ ᠵᠢᠨ ᠦᠨᠳᠤᠰᠤᠨ ᠤᠯᠤᠰ ᠲᠦᠷᠦ ᠵᠢᠨ ᠪᠠᠳᠤᠯᠠᠭ᠎ᠠ ᠮᠦᠨ᠂ ᠪᠢᠳᠡ ᠡᠨᠡᠬᠦ ᠦᠨᠳᠦᠰᠦᠨ ᠵᠠᠷᠴᠢᠮ᠎ᠢ ᠬᠤᠳᠠ᠎ᠶᠢᠨ ᠬᠥᠭᠵᠢᠯᠲᠡ᠎ᠶᠢᠨ ᠪᠦᠬᠦ᠌ ᠬᠡᠯᠬᠢᠶ᠎ᠠ᠎ᠳᠦ ᠰᠢᠭᠢᠳᠬᠡᠵᠦ᠍᠂ ᠪᠦᠬᠦ᠌ ᠬᠤᠳᠠᠪᠡᠷᠢᠶᠠᠨ ᠬᠠᠮᠵᠢᠯᠴᠠᠬᠤ ᠦᠨᠳᠦᠰᠦᠲᠡᠨ᠎ᠦ ᠠᠵᠢᠯ᠎ᠤᠨ ᠰᠢᠰᠲ᠋ᠧᠮ᠎ᠢ ᠪᠠᠶ᠋ᠢᠭᠤᠯᠪᠠ》ᠭᠡᠵᠦ᠍ ᠦᠬᠠᠢ ᠬᠤᠳᠠ᠎ᠶᠢᠨ ᠨᠠᠮ᠎ᠤᠨ ᠬᠣᠷᠢᠶᠠᠨ᠎ᠤ ᠨᠢᠭᠡᠳᠦᠮᠡᠯ ᠹᠷᠣᠨᠲ᠎ᠤᠨ ᠬᠡᠯᠲᠡᠰ᠎ᠦᠨ ᠲᠠᠷᠤᠭ᠎ᠠ ᠳ᠋ᠸᠨᠭ ᠺᠠᠢ ᠲᠠᠨᠢᠯᠴᠠᠭᠤᠯᠪᠠ᠃
ᠦᠬᠠᠶ ᠬᠤᠳᠠ ᠨᠠᠮ᠎ᠤᠨ ᠪᠠᠢᠭᠤᠯᠤᠯᠳᠠ ᠪᠡᠷ ᠤᠳᠤᠷᠢᠳᠤᠮᠵᠢ ᠪᠤᠯᠭᠠᠵᠤ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ᠌ ᠴᠣᠭᠴᠠᠯᠠᠬᠤ ᠡᠨᠡ ᠬᠦ᠌ ᠭᠤᠤᠯ ᠰᠢᠵᠢᠮ᠎ᠢ ᠡᠯ᠎ᠡ ᠵᠦᠢᠯ᠎ᠦᠨ ᠠᠵᠢᠯ᠎ᠳᠠᠭᠠᠨ ᠪᠥᠬᠥ᠌ ᠲᠠᠯ᠎ᠠ᠎ᠪᠠᠷ ᠲᠤᠭᠤᠰᠢᠯᠠᠭᠤᠯᠵᠤ᠂ 《ᠨᠠᠮ᠎ᠤᠨ ᠬᠣᠷᠢᠶ᠎ᠠ ᠨᠢᠭᠡᠳᠦᠯᠲᠡᠶ ᠤᠳᠤᠷᠢᠳᠤᠭᠰᠠᠨ᠂ ᠵᠠᠰᠠᠭ᠎ᠤᠨ ᠣᠷᠳᠣᠨ ᠬᠠᠤᠯᠢ ᠶᠣᠰᠣᠭᠠᠷ ᠬᠠᠮᠢᠶᠠᠷᠤᠭᠰᠠᠨ᠂ ᠨᠢᠭᠡᠳᠦᠮᠡᠯ ᠹᠷᠣᠨᠲ᠎ᠤᠨ ᠰᠠᠯᠠᠭ᠎ᠠ ᠮᠥᠴᠢᠷ ᠲᠦᠷᠦᠭᠦᠯᠡᠨ ᠵᠣᠬᠢᠴᠠᠭᠤᠯᠤᠭᠰᠠᠨ᠂ ᠦᠨᠳᠦᠰᠦᠲᠡᠨ᠎ᠦ ᠠᠵᠢᠯ᠎ᠤᠨ ᠰᠠᠯᠠᠭ᠎ᠠ ᠮᠥᠴᠢᠷ ᠡᠭᠦᠷᠭᠡ ᠬᠠᠷᠢᠭᠤᠴᠠᠯᠭ᠎ᠠ᠎ᠪᠠᠨ ᠭᠦᠢᠴᠡᠳᠬᠡᠭᠰᠡᠨ᠂ ᠡᠯ᠎ᠡ ᠰᠠᠯᠠᠭ᠎ᠠ ᠮᠥᠴᠢᠷ ᠬᠠᠮᠲᠤᠷᠠᠯᠴᠠᠭᠰᠠᠨ᠂ ᠪᠥᠬᠥ᠌ ᠨᠡᠶ᠋ᠢᠭᠡᠮ᠎ᠢᠶᠡᠷ᠎ᠢᠶᠡᠨ ᠣᠷᠣᠯᠴᠠᠭᠰᠠᠨ》 ᠦᠨᠳᠦᠰᠦᠲᠡᠨ᠎ᠦ ᠠᠵᠢᠯ᠎ᠤᠨ ᠪᠠᠶ᠋ᠢᠷᠢᠰᠢᠯ᠎ᠢ ᠬᠦᠴᠦᠯᠡᠨ ᠪᠠᠢᠭᠤᠯᠪᠠ᠋; 《1 + 6》 ᠣᠯᠠᠨ ᠡᠰᠢᠳᠦ ᠬᠥᠮᠦᠨ ᠬᠥᠮᠦᠵᠢᠭᠦᠯᠬᠦ᠌ ᠬᠣᠯᠪᠣᠭᠠᠯᠠᠨ ᠬᠥᠳᠡᠯᠦᠯᠴᠡᠬᠦ᠌ ᠲᠣᠭᠲᠠᠴᠠ᠎ᠶᠢ ᠪᠠᠶ᠋ᠢᠭᠤᠯᠵᠤ᠂ ᠦᠬᠠᠶ ᠬᠣᠲᠠ᠎ᠶᠢᠨ ᠳᠤᠮᠳᠠᠳᠤ ᠪᠠᠭ᠎ᠠ ᠰᠤᠷᠭᠠᠭᠤᠯᠢ᠎ᠶᠢᠨ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ᠌ ᠴᠣᠭᠴᠠᠯᠠᠬᠤ ᠵᠢᠭᠠᠨ ᠰᠤᠷᠭᠠᠯᠲᠠ᠎ᠶᠢᠨ ᠰᠤᠳᠤᠯᠭᠠᠨ᠎ᠤ ᠰᠠᠭᠤᠷᠢᠨ᠎ᠢ ᠪᠠᠶ᠋ᠢᠭᠤᠯᠵᠤ ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ᠌ ᠴᠣᠭᠴᠠᠯᠠᠬᠤ 3 ᠵᠤᠷᠪᠤᠰ ᠰᠤᠳᠤᠯᠤᠨ ᠰᠤᠷᠤᠯᠴᠠᠬᠤ ᠱᠤᠭᠤᠮ᠎ᠢ ᠨᠡᠭᠡᠭᠡᠪᠡ᠋; 《ᠤᠯᠠᠭᠠᠨ ᠠᠨᠠᠷ》 ᠤᠬᠠᠭᠤᠯᠤᠨ ᠲᠠᠶ᠋ᠢᠯᠪᠤᠷᠢᠯᠠᠬᠤ ᠪᠦᠯᠬᠦᠮ᠂ ᠰᠠᠶ᠋ᠢᠨ ᠳᠤᠷ᠎ᠠ᠎ᠶᠢᠨ ᠦᠢᠯᠡᠴᠢᠯᠡᠭᠡᠨ᠎ᠦ ᠠᠩᠭᠢ᠎ᠶᠢ ᠵᠣᠬᠢᠶᠠᠨ ᠪᠠᠶ᠋ᠢᠭᠤᠯᠵᠤ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ᠌ ᠴᠣᠭᠴᠠᠯᠠᠬᠤ ᠵᠢ 《ᠳᠣᠯᠣᠭ᠎ᠠ ᠳ᠋ᠤ ᠣᠷᠣᠭᠤᠯᠬᠤ》 ᠤᠬᠠᠭᠤᠯᠤᠨ ᠲᠠᠶ᠋ᠢᠯᠪᠤᠷᠢᠯᠠᠬᠤ ᠠᠵᠢᠯᠯᠠᠭ᠎ᠠ᠎ᠶᠢ ᠪᠠᠶ᠋ᠢᠩᠭᠤᠵᠢᠭᠤᠯᠪᠠ; ᠤᠯᠠᠮᠵᠢᠯᠠᠯᠲᠤ᠌ ᠵᠠᠭᠤᠴᠢᠯᠠᠭᠤᠷ᠂ ᠰᠢᠨ᠎ᠡ ᠵᠠᠭᠤᠴᠢᠯᠠᠭᠤᠷ ᠵᠡᠷᠭᠡ ᠲᠠᠪᠴᠠᠩ᠎ᠤᠨ ᠠᠴᠢᠶᠠᠯᠠᠪᠤᠷᠢ᠎ᠳᠤ ᠲᠦᠰᠢᠭᠯᠡᠨ᠂ ᠪᠦᠬᠦ᠌ ᠤᠯᠤᠰ᠎ᠤᠨ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶ᠎ᠡ ᠦᠵᠡᠭᠦᠯᠬᠦ᠌ ᠬᠣᠲᠠ᠎ᠶᠢ ᠡᠭᠦᠳᠦᠨ ᠪᠠᠶ᠋ᠢᠭᠤᠯᠬᠤ ᠵᠡᠷᠭᠡ ᠤᠬᠠᠭᠤᠯᠭ᠎ᠠ᠎ᠶᠢ ᠥᠷᠨᠢᠭᠦᠯᠵᠦ᠍᠂ ᠪᠦᠬᠦ᠌ ᠨᠡᠶ᠋ᠢᠭᠡᠮ᠎ᠢᠶᠡᠷ᠎ᠢᠶᠡᠨ ᠬᠠᠮᠲᠤ ᠪᠠᠷ ᠣᠷᠣᠯᠴᠠᠭᠰᠠᠨ ᠰᠠᠶ᠋ᠢᠨ ᠰᠠᠶ᠋ᠢᠬᠠᠨ ᠠᠭᠤᠷ ᠠᠮᠢᠰᠬᠤᠯ᠎ᠢ ᠪᠤᠢ ᠪᠤᠯᠭᠠᠪᠠ᠃
ᠰᠣᠶᠣᠯ᠎ᠢᠶᠠᠷ ᠬᠠᠮᠳᠤ ᠵᠢᠨ ᠲᠠᠨᠢᠯᠳᠠ ᠵᠢ ᠨᠢᠭᠲᠠᠷᠠᠭᠤᠯᠵᠤ ᠵᠣᠷᠢᠭ ᠰᠠᠨᠠᠭᠠᠨ᠎ᠤ ᠦᠨᠳᠦᠰᠦ᠎ᠶᠢ ᠬᠦᠨᠵᠡᠭᠡᠢᠷᠡᠬᠦᠯᠪᠡ
《ᠪᠢᠳᠡ ᠬᠠᠳᠤᠨ ᠭᠣᠣᠯ᠎ᠦᠨ ᠰᠤᠶᠤᠯ᠂ ᠣᠷᠣᠨ ᠨᠤᠲᠤᠭ᠎ᠤᠨ ᠠᠵᠤ ᠦᠢᠯᠡᠳᠪᠤᠷᠢ ᠵᠢᠨ ᠰᠤᠶᠤᠯ᠎ᠦᠨ ᠡᠬᠢ ᠪᠠᠶᠠᠯᠢᠭ᠎ᠢ ᠭᠦᠨᠵᠡᠭᠡᠢ ᠠᠭᠤᠳᠠᠯᠵᠤ᠂ ᠤᠳᠬ᠎ᠠ ᠤᠷᠠᠯᠢᠭ᠎ᠤᠨ ᠪᠦᠲᠦᠭᠡᠯ᠎ᠢᠶᠡᠷ ᠦᠬᠠᠢ᠎ᠶᠢᠨ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠬᠠᠮᠲᠤ᠎ᠪᠠᠷ ᠪᠦᠯᠬᠦᠮᠳᠡᠨ ᠲᠡᠮᠡᠴᠡᠭᠰᠡᠨ ᠦᠯᠢᠬᠡᠷ᠎ᠢ ᠰᠠᠶ᠋ᠢᠲᠤᠷ ᠶᠠᠷᠢᠨ᠎ᠠ》 ᠭᠡᠵᠦ᠍ ᠦᠬᠠᠢ ᠬᠤᠳᠠ᠎ᠶᠢᠨ ᠰᠣᠶᠣᠯ ᠪᠠ ᠵᠢᠭᠤᠯᠴᠢᠯᠠᠯ᠎ᠤᠨ ᠲᠣᠪᠴᠢᠶᠠᠨ᠎ᠤ ᠬᠣᠯᠪᠣᠭᠳᠠᠯ ᠪᠦᠬᠦᠢ ᠬᠠᠷᠢᠭᠤᠴᠠᠯᠭᠠᠲᠠᠨ ᠬᠡᠯᠡᠪᠡ᠃
ᠦᠬᠠᠢ ᠬᠤᠳᠠ ᠬᠤᠪᠢᠰᠬᠠᠯ᠎ᠤᠨ ᠰᠣᠶᠣᠯ᠂ ᠬᠠᠳᠤᠨ ᠭᠣᠣᠯ᠎ᠤᠨ ᠰᠣᠶᠣᠯ᠂ ᠲᠠᠷᠢᠶᠠᠯᠠᠬᠤ ᠰᠣᠶᠣᠯ ᠵᠡᠷᠭᠡ᠎ᠶᠢᠨ ᠲᠣᠭᠣᠷᠢᠨ᠎ᠳᠤ ᠨᠢᠭᠡ ᠪᠦᠯᠦᠭ ᠭᠣᠣᠯ ᠰᠡᠳᠦᠪᠲᠦ᠍ ᠰᠣᠳᠣᠨ ᠪᠦᠲᠦᠭᠡᠯ᠎ᠢ ᠵᠤᠬᠢᠶᠠᠨ ᠪᠦᠳᠦᠭᠡᠪᠡ᠃ ᠡᠬᠦᠨ ᠳ᠋ᠤ᠂ 《ᠭᠤᠷᠪᠠᠨ ᠦᠢᠯᠡᠳᠪᠤᠷᠢ᠎ᠵᠢᠨ ᠢᠮ ᠲᠠᠮᠠᠭ᠎ᠠ》 ᠭᠡᠬᠦ ᠳᠠᠭᠤᠤ ᠪᠥᠵᠢᠭᠲᠦ᠍ ᠵᠦᠴᠦᠭᠡ ᠨᠢ ᠥᠪᠡᠷᠲᠡᠭᠡᠨ ᠵᠠᠰᠠᠬᠤ ᠣᠷᠣᠨ᠎ᠤ ᠲᠠᠶ᠋ᠢᠰᠠᠨ᠎ᠤ ᠤᠷᠠᠯᠢᠭ᠎ᠤᠨ ᠰᠣᠳᠣᠨ ᠪᠦᠲᠦᠭᠡᠯ᠎ᠦᠨ ᠢᠨᠵᠧᠨᠧᠷᠢᠩ᠎ᠢᠶᠡᠷ ᠰᠣᠩᠭᠣᠭᠳᠠᠵᠤ᠂ 《ᠬᠠᠳᠤᠨ ᠭᠣᠣᠯ᠎ᠤᠨ ᠰᠢᠪᠠᠷ ᠬᠡᠦᠬᠡᠯᠳᠠᠢ》 ᠭᠡᠬᠦ ᠤᠤᠭᠠᠯ ᠵᠤᠬᠢᠶᠠᠨ ᠪᠦᠳᠦᠭᠡᠯᠭᠡ᠎ᠶᠢᠨ ᠪᠤᠳᠠᠳᠤ ᠦᠵᠡᠭᠳᠡᠯᠲᠦ᠍ ᠪᠥᠵᠢᠭ ᠨᠢ ᠠᠷᠪᠠᠨ ᠨᠢᠭᠡᠳᠦᠭᠡᠷ ᠬᠤᠭᠤᠴᠠᠭᠠᠨ᠎ᠤ ᠤᠮᠠᠷᠠᠲᠤ᠎ᠶᠢᠨ ᠲᠠᠪᠤᠨ ᠮᠤᠵᠢ (ᠣᠷᠣᠨ) ᠬᠤᠳᠠ᠎ᠶᠢᠨ ᠪᠥᠵᠢᠭ᠎ᠦᠨ ᠤᠷᠤᠯᠳᠤᠭᠠᠨ᠎ᠤ ᠲᠡᠷᠢᠬᠦᠨ ᠳ᠋ᠤ ᠲᠤᠳᠤᠷᠠᠵᠤ᠂ ᠬᠠᠳᠤᠨ ᠭᠣᠣᠯ᠎ᠤᠨ ᠰᠢᠪᠡᠷ ᠱᠤᠭᠤᠮᠠᠯ 《ᠬᠠᠨᠴᠤᠢᠰᠢᠮᠠᠯᠡᠨ ᠴᠢᠷᠮᠠᠶ᠋ᠢᠨ ᠠᠵᠢᠯᠯᠠᠨ᠎ᠠ》 ᠭᠡᠬᠦ᠌ ᠰᠢᠷᠢᠰ ᠪᠦᠲᠦᠭᠡᠯ ᠨᠢ ᠬᠣᠷᠢᠳᠤᠭᠠᠷ ᠬᠤᠭᠤᠴᠠᠭᠠᠨ᠎ᠤ ᠳᠤᠮᠳᠠᠳᠤ ᠤᠯᠤᠰ (ᠱᠧᠨᠵᠧᠨ) ᠤ᠋ᠨ ᠤᠯᠠᠨ ᠤᠯᠤᠰ᠎ᠤᠨ ᠰᠣᠶᠣᠯ᠎ᠤᠨ ᠦᠵᠡᠰᠬᠦᠯᠡᠩᠳ᠋ᠤ ᠰᠣᠩᠭᠣᠭᠳᠠᠵᠠᠢ; 《ᠬᠠᠲᠤᠨ ᠭᠤᠤᠯ ᠲᠠᠯ᠎ᠠ ᠨᠤᠲᠤᠭ᠎ᠢᠶᠠᠷ ᠤᠷᠤᠰ᠎ᠤᠨ ᠥᠩᠭᠡᠷᠡᠨ᠎ᠡ — ᠥᠪᠥᠷ ᠮᠣᠩᠭᠣᠯ᠎ᠤᠨ ᠬᠠᠲᠤᠨ ᠭᠤᠤᠯ᠎ᠤᠨ ᠰᠠᠪᠠ ᠭᠠᠵᠠᠷ᠎ᠤᠨ ᠡᠷᠲᠡᠨ᠎ᠦ ᠪᠣᠯᠪᠠᠰᠤᠨ᠎ᠤ ᠦᠵᠡᠭᠦᠯᠭᠡ》 ᠵᠡᠷᠭᠡ ᠤᠨᠴᠠᠯᠢᠬᠳᠤ ᠦᠵᠡᠭᠦᠯᠭᠡ᠎ᠶᠢ ᠡᠷᠭᠢᠯᠡᠵᠦ᠂ ᠦᠨᠳᠦᠰᠦᠳᠡᠨ ᠨᠤᠬᠦᠳ᠎ᠤᠨ ᠤᠯᠠᠨ ᠲᠦᠮᠡᠨ᠎ᠤ ᠤᠶᠤᠨ᠎ᠤ ᠪᠠ ᠰᠤᠶᠤᠯ᠎ᠤᠨ ᠠᠮᠢᠳᠤᠷᠠᠯ᠎ᠢ ᠲᠠᠰᠤᠷᠠᠯᠳᠠ ᠦᠭᠡᠢ ᠪᠠᠶᠠᠯᠢᠬᠵᠢᠭᠤᠯᠪᠠ; 《ᠳᠤᠮᠳᠠᠳᠤ ᠤᠯᠤᠰ᠎ᠤᠨ ᠤᠷᠠᠨ ᠪᠢᠴᠢᠯᠭᠡ᠎ᠶᠢᠨ ᠬᠣᠲᠠ》 ᠵᠢᠨ ᠨᠠᠷᠠᠲᠤ᠌ ᠲᠦᠷᠦᠯ ᠲᠡᠮᠳᠡᠭ᠎ᠢ ᠦᠷᠭᠦᠯᠵᠢᠯᠡᠨ ᠬᠡᠷᠡᠯᠳᠤᠬᠦᠯᠵᠤ᠂ ᠤᠷᠠᠨ ᠪᠢᠴᠢᠯᠭᠡ᠎ᠶᠢ 《ᠲᠠᠪᠤᠳ᠋ᠤ ᠣᠷᠣᠭᠤᠯᠬᠤ》᠂ 《ᠪᠥᠬᠥ᠌ ᠠᠷᠠᠳ᠎ᠢᠶᠠᠷ᠎ᠢᠶᠠᠨ ᠡᠬᠡ ᠤᠯᠤᠰ᠎ᠢᠶᠡᠨ ᠮᠠᠭᠳᠠᠨ ᠪᠢᠴᠢᠭᠯᠡᠶ᠎ᠡ》 ᠵᠡᠷᠭᠡ ᠣᠯᠠᠨ ᠲᠦᠮᠡᠨᠴᠢ ᠴᠢᠨᠠᠷᠲᠠᠶ ᠰᠣᠶᠣᠯ᠎ᠤᠨ ᠠᠵᠢᠯᠯᠠᠭ᠎ᠠ᠎ᠶᠢ ᠥᠷᠨᠢᠭᠦᠯᠵᠦ᠍᠂ ᠤᠷᠠᠨ ᠪᠢᠴᠢᠯᠭᠡ᠎ᠪᠡᠷ ᠠᠴᠢᠶᠠᠯᠠᠪᠤᠷᠢ ᠪᠣᠯᠭᠠᠨ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠳᠤᠮᠳᠠᠳᠤ᠎ᠶᠢᠨ ᠰᠣᠶᠣᠯ᠎ᠤᠨ ᠲᠤᠬᠠᠶ ᠬᠠᠮᠲᠤ᠎ᠶᠢᠨ ᠲᠠᠨᠢᠯᠲᠠ᠎ᠶᠢ ᠨᠢᠬᠳᠠᠷᠠᠭᠤᠯᠪᠠ᠃
ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢᠶᠡᠷ ᠨᠡᠶ᠋ᠢᠭᠡᠮ᠎ᠦᠨ ᠡᠶ᠎ᠡ ᠵᠤᠬᠢᠴᠠᠯ᠎ᠢ ᠠᠬᠢᠭᠤᠯᠪᠠ
《ᠪᠢᠳᠠ ᠡᠯ᠎ᠡ ᠦᠨᠳᠦᠰᠦᠳᠡᠨ᠎ᠤ ᠬᠤᠭᠤᠷᠤᠨᠳᠤᠬᠢ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠠᠬᠢᠭᠤᠯᠵᠤ᠂ ᠵᠢᠱ᠌ᠢᠶ᠎ᠠ ᠦᠵᠡᠬᠦᠯᠦᠨ ᠡᠬᠦᠳᠤᠨ ᠪᠠᠢᠭᠤᠯᠬᠤ ᠪᠡᠷ ᠭᠠᠷᠳᠠᠴᠠ ᠪᠤᠯᠭᠠᠵᠤ᠂ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠬᠠᠮᠲᠤ᠎ᠪᠠᠷ ᠰᠠᠭᠤᠷᠢᠰᠢᠵᠤ ᠬᠠᠮᠲᠤ᠎ᠪᠠᠷ ᠰᠤᠷᠤᠯᠴᠠᠵᠤ ᠬᠠᠮᠲᠤ᠎ᠪᠠᠷ ᠵᠢᠷᠭᠠᠬᠤ ᠰᠢᠬᠢᠳᠭᠡᠯᠳᠦ ᠮᠠᠶᠢᠭ᠎ᠤᠨ ᠣᠷᠴᠢᠨ ᠲᠣᠭᠣᠷᠢᠨ᠎ᠢ ᠪᠤᠢ ᠪᠤᠯᠭᠠᠨ᠎ᠠ》 ᠭᠡᠵᠦ᠍ ᠦᠬᠠᠢ ᠬᠣᠲᠠ᠎ᠶᠢᠨ ᠦᠨᠳᠦᠰᠦᠲᠡᠨ᠎ᠦ ᠪᠦᠯᠬᠦᠮᠳᠡᠯ᠎ᠢ ᠡᠭᠦᠳᠦᠨ ᠪᠠᠶ᠋ᠢᠭᠤᠯᠬᠤ ᠠᠯᠪᠠᠨ ᠬᠡᠷ᠎ᠦᠨ ᠬᠠᠷᠢᠭᠤᠴᠠᠯᠭᠠᠲᠠᠨ ᠪᠠᠳᠤ ᠲᠠᠨᠢᠯᠴᠠᠭᠤᠯᠪᠠ᠃
ᠦᠬᠠᠶ ᠬᠣᠲᠠ 18 ᠭᠠᠵᠠᠷ ᠣᠷᠣᠨ᠂ ᠰᠤᠷᠭᠠᠭᠤᠯᠢ᠎ᠲᠠᠶ ᠰᠦᠯᠵᠢᠶᠡᠨ ᠳᠡᠭᠡᠷ᠎ᠡ ᠪᠠ ᠪᠤᠳᠠᠳᠤ ᠴᠤᠭᠴᠠ ᠳ᠋ᠤ ᠰᠣᠯᠢᠯᠴᠠᠭᠠᠨ᠎ᠤ ᠠᠵᠢᠯᠯᠠᠭ᠎ᠠ ᠥᠷᠨᠢᠭᠦᠯᠵᠦ᠍᠂ 《 ᠳᠤᠮᠳᠠᠳᠤ ᠤᠯᠤᠰ᠎ᠤᠨ ᠠᠶᠠᠯᠠᠯ ᠵᠢᠭᠤᠯᠴᠢᠯᠠᠯ》᠂ 《ᠵᠢᠵᠢᠭ ᠠᠨᠠᠷ᠎ᠤᠨ ᠦᠷ᠎ᠡ ᠦᠬᠠᠶ᠎ᠶᠢ ᠰᠤᠨᠢᠷᠬᠠᠬᠤᠢ》 ᠵᠡᠷᠭᠡ ᠲᠥᠷᠥᠯ ᠲᠡᠮᠳᠡᠭᠳᠦ ᠠᠵᠢᠯᠯᠠᠭ᠎ᠠ ᠵᠢ ᠥᠷᠨᠢᠭᠦᠯᠵᠦ᠍᠂ ᠵᠠᠯᠠᠭᠤᠴᠤᠳ᠎ᠤᠨ ᠬᠣᠯᠪᠣᠭ᠎ᠠ ᠵᠢᠨ ᠭᠡᠰᠢᠭᠦᠨ᠂ ᠵᠠᠯᠠᠭᠤ ᠠᠵᠤ ᠠᠬᠤᠢᠯᠠᠯᠲᠠᠨ ᠵᠡᠷᠭᠡ 5 ᠲᠦᠮᠡ ᠭᠠᠷᠤᠶ ᠵᠠᠯᠠᠭᠤᠴᠤᠳ᠎ᠢ ᠣᠷᠣᠯᠴᠠᠭᠤᠯᠪᠠ᠃ ᠦᠬᠠᠢ᠎ᠶᠢᠨ ᠵᠠᠯᠠᠭᠤᠴᠤᠳ ᠪᠠᠭᠠᠴᠤᠳ᠎ᠤᠨ ᠪᠦᠲᠦᠭᠡᠯᠴᠢ ᠦᠢᠯᠡᠳᠬᠦᠨ᠎ᠤ ᠬᠦᠷᠢᠶᠡᠯᠡᠩ ᠨᠢ ᠥᠪᠡᠷᠲᠡᠭᠡᠨ ᠵᠠᠰᠠᠬᠤ ᠣᠷᠣᠨ᠎ᠤ ᠠᠩᠬᠠᠳᠠᠭᠴᠢ ᠪᠦᠯᠦᠭ᠎ᠤᠨ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ᠌ ᠴᠣᠭᠴᠠᠯᠠᠬᠤ ᠬᠥᠮᠦᠵᠢᠯ ᠦᠢᠯᠡᠳᠦᠯᠭᠡ᠎ᠶᠢᠨ ᠰᠠᠭᠤᠷᠢᠨ᠎ᠢᠶᠠᠷ ᠦᠨᠡᠯᠡᠭᠳᠡᠵᠦ᠍᠂ 《ᠠᠨᠠᠷ᠎ᠤᠨ ᠦᠷ᠎ᠡ ᠮᠦᠽᠧᠢ ᠪᠡᠷ ᠲᠣᠭᠣᠷᠢᠬᠤᠢ》 ᠭᠣᠣᠯ ᠰᠡᠳᠦᠪᠲᠦ᠍ ᠰᠢᠷᠢᠰ ᠠᠵᠢᠯᠯᠠᠭ᠎ᠠ ᠨᠢ ᠥᠪᠡᠷᠲᠡᠭᠡᠨ ᠵᠠᠰᠠᠬᠤ ᠣᠷᠣᠨ᠎ᠤ ᠮᠦᠽᠧᠢ᠎ᠶᠢᠨ ᠨᠡᠶ᠋ᠢᠭᠡᠮ᠎ᠦᠨ ᠬᠥᠮᠦᠵᠢᠯ᠎ᠦᠨ ᠠᠵᠢᠯᠯᠠᠭ᠎ᠠ᠎ᠶᠢᠨ ᠨᠡᠶ᠋ᠢᠲᠡᠯᠢᠭ ᠵᠢᠱ᠌ᠢᠢ᠎ᠡ ᠪᠡᠷ ᠰᠣᠩᠭᠣᠭᠳᠠᠵᠠᠢ᠃
ᠰᠤᠶᠤᠯ ᠵᠢᠭᠤᠯᠴᠢᠯᠠᠯ᠎ᠤᠨ ᠦᠨᠳᠦᠰᠦᠳᠡᠨ ᠨᠤᠬᠦᠳ᠎ᠤᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠠᠬᠢᠭᠤᠯᠬᠤ ᠲᠤᠮᠳᠠᠬᠢ ᠦᠢᠯᠡᠳᠦᠯ᠎ᠢ ᠭᠦᠢᠴᠡᠳ ᠪᠠᠳᠠᠷᠠᠭᠤᠯᠵᠤ᠂ 《ᠦᠬᠠᠶ᠎ᠶᠢᠨ ᠠᠷᠪᠠᠨ ᠦᠵᠡᠮᠵᠢ》 ᠵᠢᠨ ᠰᠤᠳᠤᠨ ᠵᠢᠭᠤᠯᠴᠢᠯᠠᠯ᠎ᠤᠨ ᠵᠠᠮ ᠱᠤᠭᠤᠮ᠎ᠢ ᠭᠠᠷᠭᠠᠵᠤ᠂ 《ᠡᠯᠡᠰᠦ ᠮᠠᠩᠬᠠᠨ᠎ᠳᠤ ᠢᠷᠡᠵᠦ᠍ ᠲᠡᠯᠡᠶ ᠦᠵᠡᠬᠦ》᠂ 《ᠦᠵᠦᠮ᠎ᠦᠨ ᠬᠦᠷᠢᠶᠡᠯᠡᠩ᠎ᠦᠨ ᠨᠣᠭᠣᠭᠠᠨ ᠵᠠᠮ》᠂ 《ᠡᠵᠢ ᠨᠠᠭᠤᠷ᠎ᠤᠨ ᠠᠶᠠᠯᠠᠯ》᠂ ᠮᠠᠷᠠᠰᠤᠨ ᠤᠷᠤᠯᠳᠤᠭᠠᠨ᠎ᠤ ᠵᠠᠮ ᠵᠡᠷᠭᠡ ᠲᠥᠷᠥᠯ ᠵᠤᠢᠯ᠎ᠢ ᠨᠡᠭᠡᠭᠡᠨ ᠬᠦᠭᠵᠢᠬᠦᠯᠵᠦ᠂ 《ᠡᠯᠡᠰᠦ ᠮᠠᠨᠭᠬᠠᠨ ᠳ᠋ᠤ ᠢᠷᠡᠵᠦ ᠲᠠᠯᠠᠢ ᠦᠵᠡᠬᠦ》 ᠵᠢᠭᠤᠯᠴᠢᠯᠠᠯ᠎ᠤᠨ ᠨᠠᠷᠠᠲᠤ᠌ ᠲᠥᠷᠥᠯ ᠲᠡᠮᠳᠡᠭᠲᠦ᠎ᠶᠢᠨ ᠨᠥᠯᠥᠭᠡᠯᠡᠬᠦ᠌ ᠬᠦᠴᠦᠨ᠎ᠢ ᠦᠷᠭᠦᠯᠵᠢᠯᠡᠨ ᠲᠡᠭᠡᠭᠰᠢᠯᠡᠬᠦᠯᠪᠠ᠃ 《ᠬᠠᠲᠤᠨ ᠭᠤᠤᠯ ᠡᠨᠳᠡ ᠡᠴᠡ ᠦᠪᠤᠷ ᠮᠣᠩᠭᠣᠯ᠎ᠳᠤ ᠤᠷᠤᠰ᠎ᠤᠨ ᠤᠷᠤᠪᠠ》 ᠭᠡᠬᠦ ᠦᠬᠠᠶ᠎ᠶᠢᠨ ᠲᠡᠦᠬᠡ ᠰᠣᠶᠣᠯ᠎ᠤᠨ ᠰᠢᠷᠢᠰ ᠪᠠᠷᠢᠮᠲᠠᠲᠤ᠌ ᠹᠢᠯᠢᠮ᠎ᠢ ᠰᠡᠳᠤᠨ ᠦᠢᠯᠡᠳᠴᠤ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠰᠡᠳᠬᠢᠯ᠎ᠳᠦ ᠦᠨᠳᠦᠰᠦᠯᠡᠭᠦᠯᠪᠠ᠃
ᠬᠠᠤᠯᠢ᠎ᠪᠠᠷ ᠵᠠᠰᠠᠬᠤ ᠵᠢ ᠪᠠᠷᠢᠮᠲᠠᠯᠠᠵᠤ ᠣᠯᠠᠨ ᠲᠦᠮᠡᠨ᠎ᠦ ᠠᠰᠠᠭᠤᠳᠠᠯ᠎ᠢ ᠪᠦᠳᠦᠮᠵᠢᠳᠠᠢ ᠰᠢᠢᠳᠪᠦᠷᠢᠯᠡᠪᠠ
《ᠦᠨᠳᠦᠰᠦᠲᠡᠨ᠎ᠦ ᠬᠡᠷᠡᠭ ᠶᠠᠪᠤᠳᠠᠯ᠎ᠢ ᠬᠠᠤᠯᠢ ᠪᠡᠷ ᠵᠠᠰᠠᠬᠤ᠎ᠶᠢ ᠪᠠᠷᠢᠮᠲᠠᠯᠠᠵᠤ᠂ ᠦᠨᠳᠦᠰᠦᠨ ᠱᠠᠲᠤᠨ᠎ᠤ ᠣᠶᠤᠨᠴᠢᠯᠠᠭᠰᠠᠨ ᠦᠢᠯᠡᠴᠢᠯᠡᠭᠡ᠎ᠪᠡᠷ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠡᠷᠭᠡ ᠠᠰᠢᠭ᠎ᠢ ᠬᠠᠮᠠᠭᠠᠯᠠᠨ᠎ᠠ》 ᠭᠡᠵᠦ᠍ ᠦᠬᠠᠢ ᠬᠣᠲᠠ᠎ᠶᠢᠨ ᠨᠠᠮ᠎ᠤᠨ ᠬᠣᠷᠢᠶᠠᠨ᠎ᠤ ᠤᠯᠤᠰ ᠲᠥᠷᠥ᠍ ᠬᠠᠤᠯᠢ ᠴᠠᠭᠠᠵᠠ᠎ᠶᠢᠨ ᠬᠣᠷᠢᠶᠠᠨ᠎ᠤ ᠱᠦᠵᠢ ᠶᠠᠨ ᠳ᠋ᠦᠨᠭ ᠬᠡᠯᠡᠪᠠ᠃
ᠦᠬᠠᠶ ᠬᠣᠲᠠ ᠦᠨᠳᠦᠰᠦᠲᠡᠨ᠎ᠦ ᠬᠡᠷᠡᠭ ᠶᠠᠪᠤᠳᠠᠯ᠎ᠢ ᠰᠢᠢᠳᠪᠦᠷᠢᠯᠡᠬᠦ ᠲᠤᠬᠠᠢ ᠵᠢᠷᠤᠮᠵᠢᠭᠰᠠᠨ ᠰᠢᠰᠲ᠋ᠧᠮ᠎ᠢ ᠪᠠᠶ᠋ᠢᠭᠤᠯᠵᠤ᠂ ᠪᠥᠬᠥ᠌ ᠬᠣᠲᠠ᠎ᠶᠢᠨ 83 ᠲᠣᠰᠬᠣᠨ (ᠨᠡᠶ᠋ᠢᠭᠡᠮ ᠲᠣᠭᠣᠷᠢᠭ) ᠳ᠋ᠤ 《ᠨᠢᠭᠡ ᠲᠣᠰᠬᠣᠨ (ᠨᠡᠶ᠋ᠢᠭᠡᠮ ᠲᠣᠭᠣᠷᠢᠭ) ᠳ᠋ᠤ ᠨᠢᠭᠡ ᠲᠥᠷᠥ᠎ᠶᠢᠨ ᠪᠣᠳᠣᠯᠭ᠎ᠠ》 ᠵᠢᠨ ᠪᠠᠷᠢᠮᠵᠢᠶᠠᠵᠢᠭᠤᠯᠬᠤ ᠪᠠᠶ᠋ᠢᠭᠤᠯᠤᠯᠲᠠ᠎ᠶᠢ ᠬᠡᠷᠡᠭᠵᠢᠭᠦᠯᠵᠦ᠍᠂ ᠦᠨᠳᠦᠰᠦᠲᠡᠨ᠎ᠦ ᠬᠡᠷᠡᠭ ᠡᠷᠭᠢᠯᠡᠬᠦ᠌ 《ᠭᠤᠷᠪᠠᠨ ᠨᠠᠷᠢᠨ ᠲᠠᠨᠭᠰᠠ》 ᠵᠢ ᠲᠥᠷᠥᠯ ᠬᠤᠪᠢᠶᠠᠨ ᠲᠣᠭᠲᠠᠭᠠᠪᠠ᠃ ᠦᠨᠳᠦᠰᠦᠲᠡᠨ᠎ᠦ ᠠᠵᠢᠯ᠎ᠢ ᠬᠣᠲᠠ᠎ᠶᠢᠨ ᠨᠡᠶ᠋ᠢᠭᠡᠮ᠎ᠦᠨ ᠵᠠᠰᠠᠯᠲᠠ᠎ᠶᠢᠨ ᠲᠣᠣᠷᠵᠢᠯ᠎ᠤᠨ ᠦᠢᠯᠡᠴᠢᠯᠡᠭᠡᠨ᠎ᠦ ᠰᠢᠰᠲ᠋ᠧᠮ᠎ᠳᠦ ᠣᠷᠣᠭᠤᠯᠵᠤ᠂ ᠬᠣᠲᠠ᠂ ᠲᠣᠭᠣᠷᠢᠭ᠂ ᠪᠠᠯᠭᠠᠰᠤ (ᠵᠡᠭᠡᠯᠢ ᠭᠤᠳᠤᠮᠵᠢ)᠂ ᠲᠣᠰᠬᠣᠨ (ᠨᠡᠶ᠋ᠢᠭᠡᠮ ᠲᠣᠭᠣᠷᠢᠭ)᠂ ᠲᠣᠣᠷᠵᠢᠯ ᠲᠠᠪᠤᠨ ᠱᠠᠲᠤ᠎ᠪᠠᠷ ᠬᠣᠯᠪᠣᠭᠠᠯᠠᠨ ᠵᠠᠰᠠᠬᠤ ᠪᠠᠶ᠋ᠢᠷᠢᠰᠢᠯ᠎ᠢ ᠪᠦᠷᠢᠯᠳᠦᠭᠦᠯᠪᠠ᠃
ᠦᠢᠯᠡᠴᠢᠯᠡᠭᠡᠨ᠎ᠦ ᠬᠠᠮᠢᠶᠠᠷᠤᠯᠲᠠ᠎ᠶᠢᠨ ᠲᠣᠭᠲᠠᠴᠠ᠎ᠶᠢᠨ ᠰᠢᠨ᠎ᠡ᠎ᠶᠢ ᠡᠭᠦᠳᠴᠦ᠍᠂ 《ᠲᠦᠷᠪᠡᠨ ᠱᠠᠲᠤᠨ᠎ᠤ ᠵᠠᠬᠢᠳᠠᠯ ᠰᠤᠷᠪᠤᠯᠵᠢᠯᠠᠯ᠎ᠦᠨ ᠣᠷᠣᠯᠠᠨ ᠭᠦᠢᠴᠡᠳᠬᠡᠬᠦ᠌ + ᠲᠠᠪᠤᠨ ᠱᠠᠲᠤᠨ᠎ᠤ ᠬᠡᠷᠡᠭ ᠵᠥᠪᠯᠡᠵᠦ᠍ ᠵᠥᠪᠳᠡᠯᠴᠡᠬᠦ᠌》 ᠲᠣᠭᠲᠠᠴᠠ᠎ᠶᠢ ᠪᠠᠶ᠋ᠢᠭᠤᠯᠵᠤ᠂ 《ᠨᠡᠭᠦᠳᠡᠯ ᠠᠯᠪᠠᠨ ᠰᠢᠷᠡᠭᠡ》 ᠵᠡᠷᠭᠡ ᠦᠨᠳᠦᠰᠦᠲᠡᠨ᠎ᠦ ᠬᠡᠷᠡᠭ ᠶᠠᠪᠤᠳᠠᠯ᠎ᠤᠨ ᠵᠥᠪᠯᠡᠬᠦ᠌ ᠲᠠᠪᠴᠠᠩ᠎ᠢ ᠪᠠᠶ᠋ᠢᠭᠤᠯᠵᠤ᠂ ᠵᠥᠷᠢᠴᠡᠯ ᠵᠠᠭᠤᠷᠠᠯᠳᠤᠭᠠᠨ᠎ᠢ 96% ᠡᠴᠡ ᠳᠡᠭᠡᠭᠰᠢ ᠰᠢ᠌ᠳᠪᠦᠷᠢᠯᠡᠪᠠ᠃ ᠦᠬᠠᠶ ᠬᠣᠲᠠ ᠴᠥᠭᠡᠨ ᠲᠣᠭᠠᠲᠤ᠌ ᠦᠨᠳᠦᠰᠦᠲᠡᠨ᠎ᠦ ᠨᠡᠭᠦᠳᠡᠯ ᠬᠥᠮᠦᠨ ᠠᠮᠠ᠎ᠶᠢᠨ ᠦᠢᠯᠡᠴᠢᠯᠡᠭᠡᠨ᠎ᠦ ᠶᠠᠰᠤ ᠴᠢᠨᠠᠷ ᠦᠷ᠎ᠡ ᠪᠦᠲᠦᠮᠵᠢ᠎ᠶᠢ ᠤᠯᠠᠮ ᠨᠢᠭᠡ ᠠᠯᠬᠤᠮ ᠳᠡᠭᠡᠭᠰᠢᠯᠡᠭᠦᠯᠵᠤ᠂ 《ᠦᠵᠡᠰᠬᠦᠯᠡᠨᠭᠳᠤ ᠰᠠᠢᠬᠠᠨ ᠦᠬᠠᠢ ᠬᠤᠳᠠ᠂ ᠮᠢᠨᠤ ᠰᠢᠨ᠎ᠠ ᠨᠤᠳᠤᠭ》 ᠨᠡᠭᠦᠳᠡᠯ ᠬᠥᠮᠦᠨ ᠠᠮᠠ᠎ᠶᠢᠨ ᠦᠢᠯᠡᠴᠢᠯᠡᠭᠡᠨ᠎ᠦ ᠲᠦᠷᠦᠯ ᠲᠡᠮᠳᠡᠭ᠎ᠢ ᠡᠭᠦᠳᠴᠦ᠍᠂ ᠨᠡᠭᠦᠳᠡᠯ ᠬᠥᠮᠦᠨ ᠠᠮᠠ᠎ᠶᠢᠨ ᠠᠵᠢᠯ ᠤᠯᠬᠤ᠂ ᠡᠪᠡᠳᠴᠢᠨ ᠦᠵᠡᠭᠦᠯᠬᠦ᠌᠂ ᠰᠤᠷᠭᠠᠭᠤᠯᠢ᠎ᠳᠤ ᠣᠷᠣᠬᠤ᠂ ᠨᠡᠶ᠋ᠢᠭᠡᠮ᠎ᠦᠨ ᠪᠠᠳᠤᠯᠠᠭ᠎ᠠ ᠬᠦᠷᠳᠡᠬᠦ ᠵᠡᠷᠭᠡ ᠬᠦᠴᠢᠷ ᠠᠰᠠᠭᠤᠳᠠᠯ᠎ᠢ ᠪᠦᠳᠦᠮᠵᠢᠳᠠᠢ ᠰᠢ᠌ᠳᠪᠦᠷᠢᠯᠡᠪᠠ᠃
ᠡᠨᠡ ᠵᠢᠯ ᠪᠤᠯ 《ᠠᠷᠪᠠᠨ ᠲᠠᠪᠤᠳᠤᠭᠠᠷ ᠲᠠᠪᠤᠨ ᠵᠢᠯ》᠎ᠤ᠋ᠨ ᠡᠬᠢᠨ᠎ᠤ ᠤᠨ ᠪᠤᠯᠤᠨ᠎ᠠ᠃ ᠦᠬᠠᠶ ᠬᠣᠲᠠ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ᠌ ᠴᠣᠭᠴᠠᠯᠠᠬᠤ ᠭᠤᠤᠯ ᠰᠢᠵᠢᠮ᠎ᠢ ᠦᠷᠭᠦᠯᠵᠢᠯᠡᠨ ᠪᠠᠲᠤ᠌ ᠡᠵᠡᠮᠳᠡᠵᠦ᠍᠂ ᠪᠥᠬᠥ᠌ ᠤᠯᠤᠰ᠎ᠤᠨ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶ᠎ᠡ ᠦᠵᠡᠭᠦᠯᠬᠦ᠌ ᠬᠣᠲᠠ᠎ᠶᠢ ᠡᠭᠦᠳᠦᠨ ᠪᠠᠶ᠋ᠢᠭᠤᠯᠬᠤ᠎ᠪᠡᠷ ᠪᠥᠬᠥ᠌ ᠬᠦᠴᠦᠨ᠎ᠢᠶᠡᠷ ᠰᠢᠪᠲᠤᠯᠤᠯᠲᠠ ᠬᠢᠵᠦ᠍᠂ ᠦᠨᠳᠦᠰᠦᠳᠡᠨ᠎ᠤ ᠪᠦᠯᠬᠦᠮᠳᠠᠯ ᠲᠠᠪᠰᠢᠯᠳᠠ᠂ ᠠᠵᠤ ᠠᠬᠤᠢ ᠵᠢᠨ ᠴᠡᠴᠡᠭᠯᠡᠯ ᠬᠦᠭᠵᠢᠯ᠂ ᠨᠡᠢᠭᠡᠮ᠎ᠦᠨ ᠡᠶ᠎ᠠ ᠵᠤᠬᠢᠴᠠᠨᠭᠭᠤᠢ ᠲᠤᠭᠳᠠᠭᠤᠨ᠎ᠤ ᠴᠤ ᠰᠢᠨ᠎ᠠ ᠬᠠᠭᠤᠳᠠᠰᠤ ᠵᠢ ᠦᠷᠭᠦᠯᠵᠢᠯᠠᠨ ᠪᠢᠴᠢᠭᠯᠡᠨ᠎ᠡ!