ᠴᠡᠯᠡᠭᠡᠷ ᠲᠠᠯ᠎ᠠ ᠵᠢᠨ ᠦᠷᠦᠴᠡᠨ ᠳ᠋ᠤ᠂ ᠮᠤᠨᠢ ᠠᠭᠤᠯᠠ᠎ᠶᠢᠨ ᠬᠣᠷᠮᠣᠢ᠎ᠳᠤ᠃ ᠪᠤᠭᠤᠲᠤ ᠬᠤᠳᠠ᠎ᠶᠢᠨ ᠲᠦᠮᠡᠳ ᠪᠠᠷᠠᠭᠤᠨ ᠬᠣᠰᠢᠭᠤᠨ᠎ᠤ ᠭᠤᠷᠪᠠᠳᠤᠭᠠᠷ ᠬᠡᠦᠬᠡᠳ᠎ᠦᠨ ᠴᠡᠴᠡᠷᠯᠢᠭ᠎ᠲᠦ ᠰᠤᠷᠤᠯᠴᠠᠵᠤ ᠪᠠᠢᠭ᠎ᠠ 5 ᠨᠠᠰᠤᠲᠠᠢ ᠬᠡᠦᠭᠡᠳ ᠰᠢᠨ ᠢ ᠵᠢᠵᠢᠭᠬᠡᠨ ᠳᠡᠯᠭᠡᠴᠡᠨ ᠤ ᠦᠬᠡᠳᠡ ᠬᠠᠨᠳᠤᠨ ᠶᠡᠬᠡ ᠳᠠᠭᠤᠨ᠎ᠢᠶᠠᠷ᠄ 《ᠥᠨᠥᠳᠥᠷ ᠦᠨᠡᠬᠡᠷ ᠰᠠᠢᠬᠠᠨ ᠪᠠᠢᠨ᠎ᠠ》 ᠭᠡᠵᠦ ᠤᠯᠤᠰ ᠤᠨ ᠨᠡᠢᠳᠡᠮ ᠬᠡᠷᠡᠭᠯᠡᠬᠦ ᠦᠭᠡ ᠬᠡᠯᠡ ᠪᠡᠷ ᠬᠡᠯᠡᠬᠦ ᠲᠠᠢ ᠵᠡᠷᠭᠡ ᠳᠡᠯᠭᠡᠴᠡᠨᠳᠡᠬᠡᠷᠡ ᠨᠢᠭᠡᠨ ᠺᠠᠷᠲ᠋ᠣᠨ ᠳᠦᠷᠬᠦ ᠦᠰᠦᠷᠦᠨ ᠭᠠᠷᠴᠤ ᠢᠷᠡᠬᠡᠳ᠂ ᠪᠠᠷᠢᠮᠵᠢᠶᠠᠲᠤ ᠬᠢᠲᠠᠳ ᠬᠡᠯᠡ᠎ᠪᠡᠷ《ᠥᠨᠥᠳᠥᠷ 》 ᠬᠡᠬᠦ ᠦᠭᠡ ᠵᠢᠨ ᠬᠢᠨᠢ ᠠᠪᠢᠶᠠᠯᠠᠪᠤᠷᠢ ᠵᠢ ᠨᠢ ᠵᠠᠯᠠᠷᠠᠭᠤᠯᠵᠤ ᠦᠭᠪᠡ᠃ ᠰᠢᠨ ᠢ ᠪᠠᠰᠠ ᠨᠢᠭᠡ ᠤᠳᠠᠭ᠎ᠠ ᠳᠠᠭᠠᠵᠤ ᠤᠩᠰᠢᠭ᠍ᠰᠠᠨ᠎ᠳᠤ ᠳᠡᠯᠭᠡᠴᠡᠨᠳᠡᠬᠡᠷᠡ ᠨᠢᠭᠡ ᠬᠦᠢᠰ ᠤᠯᠠᠭᠠᠨ ᠴᠡᠴᠡᠭ ᠳᠡᠯᠭᠡᠷᠡᠪᠡ᠃ ᠡᠨᠡ ᠪᠣᠯ ᠲᠡᠭᠦᠨ᠎ᠦ ᠡᠳᠦᠷ ᠪᠦᠷᠢ᠎ᠶᠢᠨ ᠬᠠᠮᠤᠭ᠎ᠤᠨ ᠪᠠᠶᠠᠷ ᠬᠦᠷ᠎ᠲᠠᠢ ᠠᠷᠪᠠᠨ ᠮᠢᠨᠦ᠋ᠲ - AI ᠪᠠᠭ᠍ᠰᠢ᠎ᠵᠢ ᠳᠠᠭᠠᠵᠤ ᠬᠡᠯᠡ ᠰᠤᠷᠬᠤ ᠶᠠᠪᠤᠳᠠᠯ ᠪᠤᠯᠤᠨ᠎ᠠ᠃
ᠰᠢᠨ ᠢ ᠵᠢᠨ ᠡᠮᠡᠭᠡ ᠡᠵᠢ ᠨᠢ ᠲᠦᠮᠡᠳ ᠨᠤᠳᠤᠭ ᠲᠤ᠌ ᠲᠦᠷᠦᠵᠦ ᠦᠰᠦᠭᠰᠡᠨ ᠬᠦᠮᠦᠨ ᠪᠤᠯᠬᠤᠷ ᠨᠤᠲᠤᠭ᠎ᠤᠨ ᠠᠶᠠᠯᠭᠤ ᠪᠡᠷ ᠨᠠᠰᠤ᠎ᠪᠠᠷ᠎ᠢᠶᠠᠨ ᠶᠠᠷᠢᠵᠤ ᠢᠷᠡᠭᠰᠡᠨ ᠶᠤᠮ᠃ ᠲᠡᠷᠡ ᠠᠩᠬ᠎ᠠ ᠡᠬᠢᠨ᠎ᠳᠡᠭᠡᠨ᠄ 《ᠬᠡᠦᠬᠡᠳ ᠦᠭᠡ ᠬᠡᠯᠡᠬᠦᠳ᠋ᠤ ᠪᠠᠰᠠ ᠮᠠᠰᠢᠨ᠎ᠢᠶᠠᠷ ᠵᠢᠭᠠᠯᠭᠠᠨ᠎ᠠ ᠬᠡᠵᠦ ᠤᠤ? 》 ᠬᠡᠵᠦ ᠤᠢᠯᠠᠭᠠᠵᠤ ᠶᠠᠳᠠᠨ ᠪᠠᠢᠭᠰᠠᠨ ᠶᠤᠮ᠃ ᠰᠡᠭᠦᠯᠡᠷ ᠨᠢ ᠣᠮᠪᠣᠯᠣ᠌ ᠥᠬᠢᠨ ᠨᠢ ᠤᠯᠠᠮ᠎ᠠᠴᠠ ᠤᠯᠠᠮ ᠪᠠᠷᠢᠮᠵᠢᠶᠠᠰᠠᠢᠬᠠᠨ ᠶᠠᠷᠢᠬᠤ ᠪᠣᠯᠤᠭᠰᠠᠨᠵᠢᠡᠷ ᠪᠠᠷᠠᠬᠤ ᠦᠭᠡᠢ᠂ ᠡᠮᠡᠬᠡ ᠳ᠋ᠡᠬᠡᠨ ᠪᠠᠰᠠ ᠪᠠᠷᠢᠮᠵᠢᠶ᠎ᠠ ᠬᠡᠯᠡ ᠵᠢᠭᠠᠳᠠᠭ ᠪᠤᠯᠵᠠᠢ᠃ ᠲᠦᠮᠡᠳ ᠪᠠᠷᠠᠭᠤᠨ ᠬᠣᠰᠢᠭᠤᠨ᠎ᠳᠤ ᠡᠢᠮᠦᠷᠬᠦᠦ ᠦᠵᠡᠭᠳᠡᠯ ᠲᠠᠩᠳᠠ ᠬᠠᠷᠠᠭᠳᠠᠳᠠᠭ᠃ ᠡᠨᠡ ᠬᠦ᠌ ᠬᠠᠲᠤᠨ ᠭᠣᠣᠯ᠎ᠤᠨ ᠬᠥᠪᠡᠭᠡᠨ᠎ᠳᠡᠬᠢ ᠵᠢᠵᠢᠭ ᠬᠤᠳᠠ ᠪᠠᠯᠭᠠᠰᠤ ᠵᠢᠨ ᠨᠤᠲᠤᠭ᠎ᠤᠨ ᠠᠶᠠᠯᠭᠤ ᠶᠡᠬᠡ ᠦᠳᠬᠡᠨ ᠪᠠᠢᠵᠤ᠂ 《ᠡᠮᠦᠨ᠎ᠡ ᠬᠣᠢᠨ᠎ᠠ ᠬᠠᠮᠠᠷ᠎ᠤᠨ ᠠᠪᠢᠶ᠎ᠠ ᠶᠢ ᠢᠯᠭᠠᠬᠤ ᠦᠭᠡᠢ》 ᠨᠢ ᠬᠡᠳᠦᠨ ᠦᠶ᠎ᠡ᠎ᠶᠢᠨ ᠬᠥᠮᠥᠰ᠎ᠦᠨ ᠬᠠᠭᠤᠴᠢᠨ ᠬᠡᠮ ᠪᠤᠯᠵᠠᠢ᠃ ᠬᠠᠷᠠᠬᠠᠨ ᠪᠠᠭ᠎ᠠ᠎ᠠᠴᠠ ᠨᠢ ᠬᠡᠦᠭᠡᠳ᠎ᠤᠳ ᠤᠨ ᠦᠭᠡ ᠬᠡᠯᠡᠨ᠎ᠦ ᠰᠠᠭᠤᠷᠢ ᠶᠢ ᠪᠠᠲᠤᠳᠬᠠᠬᠤ ᠶᠢᠨ ᠲᠥᠯᠥᠭᠡ ᠪᠦᠭᠦ ᠬᠣᠰᠢᠭᠤᠨ ᠤ 8 ᠠᠯᠪᠠᠨ᠎ᠠᠴᠠ ᠡᠷᠭᠢᠯᠡᠭᠰᠡᠨ ᠬᠡᠦᠬᠡᠳ᠎ᠦᠨ ᠴᠡᠴᠡᠷᠯᠢᠭ᠎ᠲᠦ ᠴᠥᠮ ᠣᠶᠤᠨᠴᠢ ᠲᠤᠰᠠᠯᠠᠬᠤ ᠪᠠᠭ᠍ᠰᠢ᠎ᠶᠢᠨ ᠰᠢᠰᠲᠧᠮ᠎ᠲᠠᠢ ᠪᠣᠯᠭᠠᠵᠠᠢ᠃ ᠪᠢᠴᠢᠬᠠᠨ ᠬᠡᠦᠭᠡᠳ᠎ᠤᠳ ᠳᠡᠯᠭᠡᠴᠡ ᠶ᠋ᠢ ᠳᠠᠭᠠᠵᠤ ᠤᠩᠰᠢᠨ᠂ ᠬᠡᠯᠡ ᠠᠪᠢᠶᠠᠯᠠᠭ᠎ᠠ ᠪᠠᠨ ᠵᠠᠯᠠᠷᠠᠭᠤᠯᠵᠤ᠂ ᠰᠢᠰᠲᠧᠮ ᠨᠢ ᠪᠠᠰᠠ ᠬᠡᠦᠬᠡᠳ ᠨᠢᠭᠡᠪᠦᠷᠢ᠎ᠳᠦ ᠨᠢᠭᠡ ᠬᠤᠪᠢ ᠰᠤᠷᠤᠯᠭ᠎ᠠ ᠶ᠋ᠢᠨ ᠲᠠᠩᠰᠠ ᠡᠪᠬᠡᠮᠡᠯ ᠵᠣᠬᠢᠶᠠᠵᠤ ᠥᠭᠲᠡᠭ᠃ ᠨᠢᠳᠤᠨᠤᠨ᠂ ᠪᠥᠬᠥ ᠬᠣᠰᠢᠭᠤᠨ᠎ᠤ 1850 ᠬᠡᠦᠬᠡᠳ ᠥᠪᠡᠷᠲᠡᠭᠡᠨ ᠵᠠᠰᠠᠬᠤ ᠣᠷᠣᠨ᠎ᠤ 《ᠬᠡᠦᠬᠡᠳ᠎ᠦᠨ ᠬᠡᠯᠡ ᠠᠶᠠᠯᠭᠤ 》 ᠵᠢᠨ ᠰᠢᠯᠭᠠᠯᠲᠠ᠎ᠳᠤ ᠣᠷᠣᠯᠴᠠᠵᠤ᠂ ᠬᠢᠷᠢ ᠲᠡᠩᠴᠡᠭᠰᠡᠨ ᠨᠣᠷᠮ᠎ᠠ ᠨᠢ 100%᠎ᠳᠤ ᠬᠦᠷᠴᠡᠢ᠃ ᠡᠨᠡ ᠬᠦ᠌ ᠲᠣᠭ᠎ᠠ ᠪᠠᠷᠢᠮᠲᠠ᠎ᠨᠢ ᠰᠢᠨ ᠢ ᠰᠢᠭ ᠮᠠᠰᠢ ᠣᠯᠠᠨ ᠬᠡᠦᠬᠡᠳ ᠤᠯᠤᠰ᠎ᠤᠨ ᠨᠡᠢᠳᠡᠮ ᠬᠡᠷᠡᠭᠯᠡᠬᠦ ᠦᠬᠡ ᠬᠡᠯᠡ ᠪᠡᠷ ᠪᠠᠷᠢᠮᠵᠢᠶ᠎ᠠ ᠰᠠᠢᠬᠠᠨ ᠶᠠᠷᠢᠵᠤ ᠢᠯᠡᠳᠬᠡᠵᠦ ᠪᠠᠢᠭ᠎ᠠ ᠵᠢ ᠬᠠᠷᠠᠭᠤᠯᠵᠤ ᠪᠠᠢᠭ᠎ᠠ ᠶᠤᠮ᠃
ᠪᠠᠭ᠎ᠠ ᠰᠤᠷᠭᠠᠭᠤᠯᠢ᠎ᠳᠤ ᠣᠷᠣᠭᠰᠠᠨ᠎ᠤ ᠲᠠᠷᠠᠭ᠎ᠠ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠵᠢᠡᠷ ᠬᠡᠦᠭᠡᠳ᠎ᠤᠳ ᠲᠸ᠋ ᠦᠷᠭᠦᠯᠵᠢᠯᠡᠨ ᠬᠦᠴᠦᠨ ᠨᠡᠮᠡᠷᠢᠯᠡᠨ᠎ᠡ᠃ ᠴᠡᠯᠡᠭᠡᠷ ᠲᠠᠯ᠎ᠠ ᠥᠨᠳᠥᠷ ᠵᠡᠷᠭᠡ᠎ᠶᠢᠨ ᠳᠤᠮᠳᠠᠳᠤ ᠰᠤᠷᠭᠠᠭᠤᠯᠢ᠎ᠶᠢᠨ AI ᠤᠶᠤᠨᠴᠢ ᠬᠢᠴᠢᠶᠡᠯ᠎ᠦᠨ ᠲᠠᠩᠬᠢᠮ᠎ᠳᠤ᠂ ᠨᠢᠭᠡ ᠬᠡᠦᠬᠡᠳ ᠬᠢᠴᠢᠶᠡᠯ᠎ᠢᠶᠡᠨ ᠤᠷᠠᠨ ᠲᠣᠳᠣ᠌ ᠤᠩᠰᠢᠬᠤ᠎ᠳᠤ᠂ ᠡᠨᠡᠬᠦ ᠰᠢᠰᠲᠧᠮ ᠨᠢ ᠬᠡᠳᠦᠬᠡᠨ ᠰᠧᠺᠦ᠋ᠨ᠋ᠳ᠋᠎ᠲᠦ ᠠᠯᠢ ᠬᠡᠳᠦᠨ ᠦᠰᠦᠭ᠎ᠦᠨ ᠠᠪᠢᠶᠠᠯᠠᠪᠤᠷᠢ ᠨᠢ ᠣᠨᠣᠪᠴᠢ ᠦᠭᠡᠢ᠂ ᠠᠯᠢ ᠨᠢᠭᠡ ᠭᠠᠵᠠᠷ᠎ᠤᠨ ᠤᠩᠰᠢᠯᠭ᠎ᠠ ᠨᠢ ᠪᠤᠷᠤᠭᠤ ᠪᠠᠢᠬᠤ᠎ᠶᠢ ᠲᠡᠮᠳᠡᠭᠯᠡᠵᠦ ᠦᠭᠪᠡ᠃ ᠡᠢᠨᠬᠦ ᠪᠠᠭ᠍ᠰᠢ ᠪᠠᠰᠠ ᠰᠤᠷᠤᠭᠴᠢ ᠨᠢᠬᠡᠪᠦᠷᠢ ᠵᠢ ᠨᠢᠭᠡᠳ ᠨᠢᠭᠡ᠎ᠪᠡᠷ ᠰᠣᠨᠣᠰᠬᠤ ᠴᠢᠬᠤᠯᠠ ᠦᠬᠡᠢ ᠪᠤᠯᠵᠤ᠂ ᠬᠠᠷᠢᠨ ᠬᠠᠮᠤᠭ ᠠ᠋ᠴᠠ ᠢᠯᠡᠭᠦᠦ ᠬᠠᠪᠰᠤᠷᠬᠤ ᠴᠢᠬᠤᠯᠠᠲᠠᠢ ᠰᠤᠷᠤᠭᠴᠢ ᠵᠢ ᠣᠨᠣᠪᠴᠢᠲᠠᠶ ᠢᠯᠡᠷᠡᠬᠦᠯᠵᠦ ᠂ ᠨᠢᠭᠡ ᠨᠢᠭᠡ᠎ᠪᠡᠷ ᠬᠠᠪᠰᠤᠷᠤᠨ ᠵᠢᠯᠤᠭᠣᠳᠬᠤ ᠪᠤᠯᠵᠠᠢ᠃ ᠲᠦᠮᠡᠳ ᠪᠠᠷᠠᠭᠤᠨ ᠬᠣᠰᠢᠭᠤᠨ᠎ᠤ 38 ᠳᠤᠮᠳᠠᠳᠤ ᠪᠠᠭ᠎ᠠ ᠰᠤᠷᠭᠠᠭᠤᠯᠢ᠂ ᠬᠡᠦᠬᠡᠳ᠎ᠦᠨ ᠴᠡᠴᠡᠷᠯᠢᠭ ᠠᠯᠢ ᠡᠷᠲᠡ 2023 ᠣᠨ᠎ᠳᠤ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠥᠰᠥᠭ ᠪᠢᠴᠢᠭ᠎ᠦᠨ ᠳᠦᠷᠢᠮᠵᠢᠭᠦᠯᠦᠯᠲᠡ᠎ᠶᠢᠨ ᠪᠠᠢᠭᠤᠯᠤᠯᠲᠠ᠎ᠶᠢ ᠪᠦᠬᠦᠨ᠎ᠢ ᠪᠡᠶᠡᠯᠡᠭᠦᠯᠵᠦ᠂ ᠪᠠᠷᠢᠮᠵᠢᠶ᠎ᠠ᠎ᠳᠤ ᠭᠦᠷᠦᠭᠰᠡᠨ ᠨᠣᠷᠮ᠎ᠠ ᠨᠢ ᠵᠠᠭᠤᠨ᠎ᠤ ᠵᠠᠭᠤ᠎ᠳᠤ ᠭᠦᠷᠦᠭᠰᠡᠨ ᠪᠠᠢᠨ᠎ᠠ᠃ ᠭᠡᠷ᠎ᠦᠨ ᠠᠬᠠᠮᠠᠳ ᠢ ᠬᠠᠮᠤᠭ᠎ᠠᠴᠠ ᠲᠤᠭᠳᠤᠯᠤᠭᠤᠯᠳᠠᠭ ᠨᠢ ᠬᠡᠦᠬᠡᠳ᠎ᠦᠨ ᠬᠤᠪᠢᠷᠠᠯᠲᠠ ᠪᠣᠯᠣᠨ᠎ᠠ᠃《ᠮᠠᠨ᠎ᠤ ᠬᠦᠦ ᠤᠤᠯ ᠳ᠋ᠠᠭᠠᠨ ᠲᠠᠨᠢᠬᠤ ᠦᠭᠡᠢ ᠬᠥᠮᠥᠨ᠎ᠲᠠᠢ ᠠᠭᠤᠯᠵᠠᠪᠠᠯ ᠦᠭᠡ ᠬᠡᠯᠡᠬᠦ ᠡᠴᠡ ᠰᠢᠷᠬᠢᠳᠡᠭ ᠪᠠᠢᠵᠤ᠂ ᠢᠯᠠᠩᠭᠤᠶ᠎ᠠ ᠬᠢᠴᠢᠶᠡᠯᠳᠡᠬᠡᠷᠡ ᠭᠠᠷ ᠡᠷᠭᠦᠳᠡᠭ ᠦᠭᠡᠢ᠂ ᠣᠳᠣ᠌ ᠬᠠᠷᠢᠨ ᠰᠠᠢᠨ ᠪᠣᠯᠣᠯ᠎ᠠ᠂ ᠬᠢᠴᠢᠶᠡᠯᠳᠡᠬᠡᠷᠡ ᠪᠤᠯᠢᠶᠠᠯᠳᠤᠨ ᠠᠰᠠᠭᠤᠯᠳᠠ ᠬᠠᠷᠢᠭᠤᠯᠬᠤ ᠪᠤᠯᠤᠭᠰᠠᠨ ᠪᠦᠭᠡᠳ ᠭᠡᠷ᠎ᠲᠡᠬᠡᠨ ᠬᠠᠷᠢᠵᠤ ᠢᠷᠡᠪᠡᠯ ᠪᠠᠰᠠ ᠨᠠᠳᠠ᠎ᠠᠴᠠ ᠦ ᠰᠡᠪ ᠡᠷᠢᠵᠦ ᠪᠠᠢ᠍ᠢᠨ᠎ᠠ 》 ᠬᠡᠵᠦ ᠨᠢᠭᠡᠨ ᠡᠵᠢ ᠰᠡᠳᠬᠢᠯ ᠬᠠᠨᠤᠮᠵᠢᠳᠠᠢᠬᠠᠨ ᠶᠠᠷᠢᠨ᠎ᠠ᠃
ᠰᠤᠷᠭᠠᠭᠤᠯᠢ ᠶ᠋ᠢᠨ ᠬᠦᠷᠢᠶᠡᠨ᠎ᠡᠴᠡ ᠭᠠᠷᠪᠠᠯ᠂ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠦᠨ 《ᠰᠦᠯᠵᠢᠶ᠎ᠡ》 ᠵᠢ ᠪᠠᠰᠠ ᠦᠷᠭᠦᠯᠵᠢᠯᠡᠨ ᠬᠡᠷᠡᠭᠯᠡᠵᠦ ᠪᠤᠯᠳᠠᠭ᠃ ᠲᠦᠮᠡᠳ ᠪᠠᠷᠠᠭᠤᠨ ᠬᠣᠰᠢᠭᠤᠨ᠎ᠤ ᠬᠢᠨ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠢ ᠳᠡᠯᠭᠡᠷᠡᠭᠦᠯᠬᠦ ᠶᠠᠪᠤᠳᠠᠯ᠎ᠢ ᠬᠢᠴᠢᠶᠡᠯ᠎ᠦᠨ ᠲᠠᠩᠬᠢᠮ᠎ᠠᠴᠠ ᠨᠡᠢᠭᠡᠮ᠎ᠦᠨ ᠦᠢᠯᠡᠴᠢᠯᠡᠭᠡᠨ᠎ᠦ ᠡᠮᠦᠨ᠎ᠡ ᠹᠷᠣᠨᠲ᠎ᠲᠤ ᠬᠦᠷᠲᠡᠯ᠎ᠡ ᠦᠷᠭᠡᠳᠭᠡᠪᠡ᠃ 2023 ᠣᠨ ᠠ᠋ᠴᠠ ᠡᠬᠢᠯᠡᠨ ᠵᠠᠰᠠᠭ᠎ᠤᠨ ᠶᠠᠪᠤᠳᠠᠯ᠎ᠤᠨ ᠦᠢᠯᠡᠴᠢᠯᠡᠭᠡᠨ᠎ᠤ ᠶᠡᠬᠡ ᠲᠢᠩᠬᠢᠮ᠎ᠦᠨ ᠠᠵᠢᠯᠲᠠᠳ ᠭᠠᠷᠠᠭ ᠪᠦᠷᠢ ᠲᠣᠭᠲᠠᠭᠰᠠᠨ ᠴᠠᠭᠲᠸ᠋ ᠨᠢᠭᠡ ᠤᠳᠠᠭᠠᠨ᠎ᠤ ᠰᠢᠭᠤᠳ ᠨᠡᠪᠲᠡᠷᠡᠭᠦᠯᠭᠡ ᠬᠢᠳᠡᠭ᠃ ᠰᠡᠭᠦᠳᠡᠷᠯᠡᠬᠦ ᠮᠠᠰᠢᠨ᠎ᠤ ᠡᠮᠦᠨ᠎ᠡ᠂ ᠲᠠᠳᠠ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ᠎ᠪᠡᠷ ᠡᠮ ᠡᠮᠨᠡᠯᠭᠡ᠎ᠶᠢᠨ ᠳᠠᠭᠠᠳᠬᠠᠯ᠎ᠢ ᠬᠡᠷᠬᠢᠨ ᠲᠠᠩᠰᠡᠠ ᠡᠴᠡ ᠲᠠᠢᠯᠬᠤ᠂ ᠣᠷᠣᠨ ᠰᠠᠭᠤᠴᠠ᠎ᠶᠢᠨ ᠭᠠᠵᠠᠷ᠎ᠢ ᠬᠡᠷᠬᠢᠨ ᠭᠤᠶᠤᠴᠢᠯᠠᠬᠤ᠂ ᠨᠥᠬᠥᠪᠦᠷᠢ᠎ᠶᠢ ᠬᠡᠷᠬᠢᠨ ᠠᠪᠬᠤ ᠭᠡᠬᠦᠴᠢᠯᠡᠨ ᠤᠬᠠᠭᠤᠯᠤᠨ ᠲᠠᠢᠯᠪᠤᠷᠢᠯᠠᠨ᠎ᠠ ᠃ ᠳᠡᠯᠭᠡᠴᠡᠨᠦ ᠨᠦᠭᠦᠭᠡ ᠲᠠᠯ᠎ᠠ᠎ᠳᠤ᠂ ᠣᠯᠠᠨ ᠲᠦᠮᠡᠨ ᠭᠠᠷ ᠤᠲᠠᠰᠤᠨ ᠳᠡᠭᠡᠷ᠎ᠡ ᠠᠰᠠᠭᠤᠯᠲᠠ ᠠᠰᠠᠭᠤᠬᠤ᠎ᠳᠤ᠂ ᠠᠵᠢᠯᠲᠠᠳ ᠨᠢᠭᠡᠳ ᠨᠢᠭᠡ᠎ᠪᠡᠷ ᠬᠦᠯᠢᠴᠡᠩᠬᠦᠢ ᠬᠠᠷᠢᠭᠤᠯᠤᠨ᠎ᠠ᠃ ᠡᠨᠡ ᠵᠢᠯ᠎ᠡᠴᠡ ᠨᠠᠭᠠᠰᠢ ᠨᠢᠭᠡᠨᠲᠡ 131 ᠲᠠᠯᠠᠪᠠᠢ ᠰᠢᠭᠤᠳ ᠨᠡᠪᠳᠡᠷᠡᠬᠦᠯᠭᠡ ᠬᠢᠵᠦ᠂ ᠲᠦᠮᠡ ᠭᠠᠷᠤᠢ ᠬᠥᠮᠥᠨ ᠣᠷᠣᠯᠴᠠᠵᠤ᠂ ᠲᠤᠬᠠᠢ᠎ᠶᠢᠨ ᠲᠠᠯᠠᠪᠠᠢ᠎ᠳᠤ 836 ᠠᠰᠠᠭᠤᠯᠲᠠ᠎ᠶᠢ ᠬᠠᠷᠢᠭᠤᠯᠵᠠᠢ᠃
ᠦᠭᠡ ᠨᠡᠪᠲᠡᠷᠡᠪᠡᠯ ᠰᠡᠳᠬᠢᠯ ᠤᠢᠷ᠎ᠠ᠃ ᠲᠦᠮᠡᠳ ᠪᠠᠷᠠᠭᠤᠨ ᠬᠣᠰᠢᠭᠤᠨ᠎ᠤ ᠬᠢᠨ ᠪᠠᠰᠠ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠢ ᠲᠦᠭᠡᠮᠡᠯᠵᠢᠬᠦᠯᠬᠦ ᠪᠣᠯᠣᠨ ᠨᠤᠲᠤᠭ᠎ᠤᠨ᠎ᠢᠶᠠᠨ ᠦᠯᠢᠭᠡᠷ᠎ᠢ ᠰᠠᠢᠬᠠᠨ ᠶᠠᠷᠢᠬᠤ᠎ᠶᠢ ᠬᠤᠯᠪᠤᠨ ᠤᠶᠠᠯᠳᠤᠭᠤᠯᠪᠠ᠃ ᠬᠡᠦᠬᠡᠳ᠎ᠦᠨ ᠴᠡᠴᠡᠷᠯᠢᠭ᠎ᠦᠨ 《ᠭᠡᠷ ᠪᠦᠯᠢ᠎ᠶᠢᠨ ᠤᠨᠭᠰᠢᠯᠭ᠎ᠠ》 ᠶ᠋ᠢᠨ ᠠᠵᠢᠯᠯᠠᠭ᠎ᠠ ᠳᠡᠭᠡᠷ᠎ᠡ ᠡᠵᠢ ᠨᠢ ᠬᠡᠦᠬᠡᠳ᠎ᠲᠠᠢ᠎ᠪᠡᠨ ᠬᠠᠮᠲᠤ᠎ᠪᠠᠷ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠪᠡᠷ《ᠴᠡᠯᠡᠭᠡᠷ ᠳᠠᠭᠤᠤ》 ᠶ᠋ᠢ ᠤᠶᠠᠨᠭᠭᠠᠯᠠᠪᠡ᠃ ᠪᠠᠭ᠎ᠠ ᠰᠤᠷᠭᠠᠭᠤᠯᠢ ᠶ᠋ᠢᠨ ᠬᠢᠴᠢᠶᠡᠯ᠎ᠦᠨ ᠪᠢᠴᠢᠭ᠎ᠦᠨ ᠵᠦᠴᠦᠭᠡ ᠶ᠋ᠢᠨ ᠦᠵᠡᠭᠦᠯᠭᠡ ᠶ᠋ᠢᠨ ᠲᠣᠭᠯᠠᠯᠲᠠ᠎ᠳᠤ ᠬᠡᠦᠬᠡᠳ᠎ᠦᠳ 《ᠲᠠᠯ᠎ᠠ ᠨᠤᠲᠤᠭ᠎ᠤᠨ ᠪᠢᠴᠢᠬᠠᠨ ᠪᠠᠭᠠᠲᠤᠷ ᠡᠭᠡᠴᠢ ᠥᠬᠢᠨ ᠳᠡᠭᠦᠦ》᠎ᠶ᠋ᠢ ᠠᠮᠢᠳᠤᠯᠢᠭ᠋ ᠰᠠᠢᠬᠠᠨ ᠲᠣᠭᠯᠠᠵᠤ᠂ ᠵᠦᠴᠦᠭᠡ ᠶ᠋ᠢᠨ ᠦᠭᠡ ᠶ᠋ᠢ ᠢᠷᠠᠭᠤ ᠲᠤᠳᠤ ᠤᠶᠠᠩᠭᠠᠯᠠᠵᠤ ᠪᠠᠢᠯ᠎ᠠ᠃ ᠤᠯᠤᠰ ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠢ ᠲᠦᠭᠡᠮᠡᠯᠵᠢᠬᠦᠯᠬᠦ ᠬᠤᠭᠤᠴᠠᠭᠠᠨ᠎ᠳᠤ ᠪᠦᠬᠦ ᠬᠣᠰᠢᠭᠤᠨ᠎ᠤ ᠬᠢᠨ ᠰᠣᠩᠭᠣᠳᠠᠭ ᠵᠣᠬᠢᠶᠠᠯ ᠤᠩᠰᠢᠬᠤ ᠦᠭᠡ ᠬᠡᠯᠡ ᠦᠰᠦᠭ ᠪᠢᠴᠢᠭ᠎ᠦᠨ ᠤᠷᠤᠯᠳᠤᠭᠠᠨ ᠢ ᠳᠦᠷᠢᠮᠵᠢᠭᠦᠯᠵᠦ᠂ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠢ ᠲᠦᠭᠡᠮᠡᠯᠵᠢᠬᠦᠯᠬᠦ ᠶᠠᠪᠤᠳᠠᠯ᠎ᠢ ᠡᠳᠦᠷ ᠲᠤᠳᠤᠮ᠎ᠤᠨ ᠠᠮᠢᠳᠤᠷᠠᠯ᠎ᠳᠤ ᠠᠭᠤᠰᠤᠯᠴᠠᠭᠤᠯᠪᠠ᠃
ᠦᠭᠡ ᠬᠡᠯᠡ ᠨᠢᠭᠡᠳᠪᠡᠯ᠂ ᠰᠡᠳᠬᠢᠯ ᠨᠢᠭᠡᠳᠦᠨ᠎ᠡ᠃ ᠲᠦᠮᠡᠳ ᠪᠠᠷᠠᠭᠤᠨ ᠬᠣᠰᠢᠭᠤᠨ᠎ᠤ ᠬᠢᠨ AI ᠪᠠᠭ᠍ᠰᠢ᠂ ᠥᠷᠯᠥᠭᠡ᠎ᠶᠢᠨ ᠤᠩᠰᠢᠯᠭ᠎ᠠ᠂ ᠵᠠᠰᠠᠭ᠎ᠤᠨ ᠶᠠᠪᠤᠳᠠᠯ᠎ᠤᠨ ᠰᠢᠭᠤᠳ ᠨᠡᠪᠲᠡᠷᠡᠭᠦᠯᠭᠡ᠂ ᠭᠡᠷ ᠪᠦᠯᠢ᠎ᠶᠢᠨ ᠤᠨᠭᠰᠢᠯᠭ᠎ᠠ ᠪᠡᠷ᠂ 0 ᠨᠠᠰᠤᠨ ᠠ᠋ᠴᠠ 100 ᠨᠠᠰᠤᠨ᠎ᠤ ᠬᠣᠭᠣᠷᠣᠨᠳᠣᠬᠢ ᠬᠡᠯᠡᠨ᠎ᠦ ᠰᠦᠯᠵᠢᠶ᠎ᠡ᠎ᠶᠢ ᠪᠦᠷᠢᠯᠳᠦᠭᠦᠯᠪᠡ᠃ ᠭᠡᠤᠭᠡᠳ ᠭᠡᠷᠪᠡ ᠬᠡᠦᠬᠡᠳ᠎ᠦᠨ ᠴᠡᠴᠡᠷᠯᠢᠭ᠎ᠡᠴᠡ ᠪᠠᠨ ᠡᠬᠢᠯᠡᠨ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ᠎ᠪᠡᠷ ᠰᠠᠢᠬᠠᠨ ᠶᠠᠷᠢᠵᠤ ᠴᠢᠳᠠᠪᠠᠯ ᠦᠭᠡᠯᠡᠢ ᠪᠤᠯᠤᠭᠰᠠᠨ ᠬᠤᠢᠨ᠎ᠠ ᠭᠠᠳᠠᠨ᠎ᠠ ᠣᠷᠣᠨ᠎ᠳᠤ ᠣᠴᠢᠵᠤ ᠰᠤᠷᠭᠠᠭᠤᠯᠢ᠎ᠳᠤ ᠰᠠᠭᠤᠵᠤ᠂ ᠠᠵᠢᠯ ᠬᠢᠬᠦ᠎ᠳᠦ ᠨᠤᠳᠤᠭ᠎ᠤᠨ ᠠᠶᠠᠯᠭᠤᠨ᠎ᠤ ᠵᠦᠷᠢᠶ᠎ᠡ ᠦᠭᠡᠢ ᠪᠣᠯᠤᠨ᠎ᠠ; ᠨᠠᠰᠤᠲᠠᠨ ᠡᠪᠡᠳᠴᠢᠨ᠎ᠢᠶᠡᠨ ᠦᠵᠡᠭᠦᠯᠬᠦᠳ᠋ᠡᠭᠡᠨ ᠡᠪᠡᠳᠴᠢᠨ᠎ᠤ ᠪᠠᠢᠳᠠᠯ ᠵᠢᠡᠨ ᠡᠮᠴᠢ᠎ᠳᠦ ᠲᠣᠳᠣᠷᠬᠠᠢ ᠬᠡᠯᠡᠵᠦ ᠦᠭᠴᠦ ᠴᠢᠳᠠᠨ᠎ᠠ; ᠭᠠᠴᠠᠭᠠᠨ᠎ᠤ ᠺᠠᠳ᠋ᠷ ᠰᠢᠭᠤᠳ ᠨᠡᠪᠲᠡᠷᠡᠭᠦᠯᠭᠡ᠎ᠪᠡᠷ ᠲᠦᠷᠦ ᠶᠢᠨ ᠪᠣᠳᠣᠯᠭ᠎ᠠ᠎ᠶᠢ ᠲᠠᠮᠵᠢᠭᠤᠯᠬᠤ ᠳ᠋ᠤ ᠪᠦᠬᠦ ᠭᠠᠴᠠᠭᠠᠨ᠎ᠤ ᠬᠥᠮᠥᠰ ᠪᠦᠷ ᠣᠢᠯᠠᠭᠠᠵᠤ ᠲᠡᠢᠯᠬᠦ ᠪᠤᠯᠤᠨ᠎ᠠ᠃ ᠡᠨᠡ ᠪᠣᠯ ᠳᠠᠷᠤᠢ ᠤᠯᠤᠰ ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠢ ᠳᠡᠯᠭᠡᠷᠡᠭᠦᠯᠬᠦ᠎ᠶᠢᠨ ᠬᠠᠮᠤᠭ᠎ᠤᠨ ᠪᠣᠷᠣᠭᠵᠢᠭᠤᠨ ᠤᠳᠬ᠎ᠠ ᠠᠭᠤᠯᠭ᠎ᠠ ᠮᠦᠨ᠃