ᠣᠢᠷ᠎ᠠ ᠳ᠋ᠤ᠂ ᠤᠯᠠᠭᠠᠨᠬᠠᠳᠠ ᠬᠣᠲᠠ ᠵᠢᠨ ᠠᠤᠬᠠᠨ ᠬᠣᠰᠢᠭᠤᠨ ᠤ᠋ ᠣᠶ ᠰᠢᠭᠤᠢ ᠪᠠ ᠨᠤᠲᠤᠭ ᠪᠡᠯᠴᠢᠭᠡᠷ ᠤ᠋ᠨ ᠲᠣᠪᠴᠢᠶ᠎ᠠ ᠵᠢᠨ ᠬᠢᠨ 6 ᠨᠠᠴᠢᠨ ᠢ᠋ ᠠᠪᠤᠷᠠᠨ ᠲᠤᠰᠠᠯᠠᠵᠤ᠂ ᠡᠭᠦᠨ ᠳ᠋ᠤ 4 ᠨᠢ ᠳᠡᠭᠳᠡᠭᠡᠬᠡᠢ ᠪᠠᠢᠪᠠ᠃ ᠨᠠᠴᠢᠨ ᠡᠴᠡ ᠭᠠᠳᠠᠨ᠎ᠠ᠂ ᠠᠪᠤᠷᠠᠨ ᠲᠤᠰᠠᠯᠠᠬᠤ ᠥᠷᠲᠡᠭᠡ ᠡᠴᠡ ᠤᠷᠢᠳ ᠬᠣᠵᠢᠳ ᠬᠤᠨ ᠭᠠᠯᠠᠭᠤ᠂ ᠤᠯᠠᠭᠠᠨ ᠬᠡᠪᠡᠯᠢᠲᠦ ᠬᠠᠷᠴᠠᠭᠠᠢ ᠵᠡᠷᠭᠡ ᠬᠣᠪᠣᠷ ᠴᠤᠬᠠᠭ ᠰᠢᠪᠠᠭᠤᠨ ᠤ᠋ ᠲᠥᠷᠥᠯᠢ ᠠᠪᠤᠷᠠᠨ ᠲᠤᠰᠠᠯᠠᠪᠠ᠃
ᠠᠤᠬᠠᠨ ᠬᠣᠰᠢᠭᠤ ᠪᠤᠯ ᠬᠣᠷᠴᠢᠨ ᠤ᠋ ᠡᠯᠡᠰᠦᠷᠬᠡᠭ ᠭᠠᠵᠠᠷ ᠤ᠋ᠨ ᠡᠮᠦᠨ᠎ᠡ ᠵᠠᠬ᠎ᠠ ᠳ᠋ᠤ ᠪᠠᠢᠷᠢᠯᠠᠵᠤ᠂ ᠰᠠᠯᠬᠢ ᠡᠯᠡᠰᠦ ᠶᠡᠬᠡᠲᠠᠢ ᠭᠠᠩ ᠬᠠᠭᠤᠷᠠᠢ ᠣᠷᠣᠨ ᠪᠤᠯᠤᠨ᠎ᠠ᠃ ᠣᠯᠠᠨ ᠵᠢᠯ ᠤ᠋ᠨ ᠲᠤᠷᠰᠢ᠂ ᠲᠤᠬᠠᠢ ᠵᠢᠨ ᠭᠠᠵᠠᠷ ᠤ᠋ᠨ ᠬᠢᠨ ᠤ᠋ ᠮᠣᠳᠣ᠌ ᠳᠠᠷᠢᠵᠤ ᠣᠢᠵᠢᠭᠤᠯᠬᠤ᠂ ᠠᠭᠤᠯᠠᠶᠢ ᠪᠢᠲᠡᠭᠦᠮᠵᠢᠯᠡᠨ ᠤᠢᠵᠢᠭᠤᠯᠬᠤ ᠪᠠ ᠨᠤᠭᠤ ᠭᠠᠵᠠᠷᠢ ᠵᠠᠰᠠᠨ ᠰᠡᠷᠭᠦᠭᠡᠬᠦ ᠢᠨᠵᠧᠨᠧᠷᠢᠩᠢ ᠦᠷᠭᠦᠯᠵᠢᠯᠡᠨ ᠠᠬᠢᠭᠤᠯᠬᠤ ᠵᠢ ᠳᠠᠭᠠᠯᠳᠤᠨ ᠠᠮᠢ ᠠᠬᠤᠢ ᠣᠷᠴᠢᠨ ᠲᠣᠭᠣᠷᠢᠨ ᠦᠷᠭᠦᠯᠵᠢᠯᠡᠨ ᠰᠠᠢᠵᠢᠷᠠᠵᠤ᠂ ᠬᠡᠭᠡᠷ᠎ᠡ ᠵᠢᠨ ᠠᠮᠢᠲᠠᠨᠪᠠᠢᠩᠭᠤ ᠢᠯᠡᠷᠡᠨ᠂ ᠪᠣᠷᠣ᠌ ᠭᠥᠷᠥᠭᠡᠰᠦ᠂ ᠵᠡᠭᠡᠷ᠎ᠡ ᠵᠡᠷᠭᠡ ᠬᠥᠬᠥᠲᠡᠨ ᠠᠮᠢᠲᠠᠨ ᠨᠠᠩ ᠴᠤ᠌ ᠦᠷᠭᠦᠯᠵᠢ ᠬᠠᠷᠠᠭᠳᠠᠳᠠᠭ ᠪᠣᠯᠵᠠᠢ᠃ ᠪᠦᠷᠢᠳᠬᠡᠯᠢ ᠦᠨᠳᠦᠰᠦᠯᠡᠪᠡᠯ᠂ ᠥᠩᠭᠡᠷᠡᠭᠰᠡᠨ ᠵᠢᠯᠦᠳᠲᠦ ᠠᠤᠬᠠᠨ ᠬᠣᠰᠢᠭᠤᠨ ᠤ᠋ ᠣᠶ ᠰᠢᠭᠤᠢ ᠪᠠ ᠨᠤᠲᠤᠭ ᠪᠡᠯᠴᠢᠭᠡᠷ ᠤ᠋ᠨ ᠲᠣᠪᠴᠢᠶ᠎ᠠ ᠵᠢᠨ ᠬᠡᠭᠡᠷ᠎ᠡ ᠵᠢᠨ ᠠᠮᠢᠲᠠᠨᠢ ᠠᠪᠤᠷᠠᠨ ᠲᠤᠰᠠᠯᠠᠬᠤ ᠥᠷᠲᠡᠭᠡ ᠪᠠᠰᠠ ᠪᠦᠷᠭᠦᠳ᠂ ᠬᠣᠵᠢᠭᠢᠷ ᠲᠠᠰ᠂ ᠣᠭᠣᠯᠢ᠂ ᠴᠠᠭᠠᠨ ᠳᠡᠭᠡᠯᠡᠢ᠂ ᠬᠤᠨ ᠭᠠᠯᠠᠭᠤ᠂ ᠤᠯᠠᠭᠠᠨ ᠡᠯᠢᠭᠡᠲᠦ ᠪᠦᠷᠭᠦᠳ ᠵᠡᠷᠭᠡ ᠣᠯᠠᠨ ᠵᠦᠢᠯ ᠤ᠋ᠨ ᠬᠡᠭᠡᠷ᠎ᠡ ᠵᠢᠨ ᠠᠮᠢᠲᠠᠨᠢ ᠠᠪᠤᠷᠠᠨ ᠲᠤᠰᠠᠯᠠᠵᠤ᠂ ᠡᠨᠡ ᠨᠢ ᠲᠤᠬᠠᠢ ᠵᠢᠨ ᠭᠠᠵᠠᠷ ᠤ᠋ᠨ ᠠᠮᠢ ᠠᠬᠤᠢ ᠵᠢᠨ ᠰᠢᠰᠲᠧᠮ ᠤ᠋ᠨ ᠪᠦᠷᠢᠨ ᠪᠦᠲᠦᠨ ᠴᠢᠨᠠᠷ ᠪᠣᠯᠣᠨ ᠠᠮᠢᠳᠤ ᠪᠣᠳᠠᠰ ᠤ᠋ᠨ ᠣᠯᠠᠨ ᠶᠠᠩᠵᠤᠲᠤ ᠴᠢᠨᠠᠷ ᠤ᠋ᠨ ᠰᠡᠷᠭᠦᠯᠲᠡᠶᠢ ᠭᠦᠢᠴᠡᠳ ᠬᠠᠷᠠᠭᠤᠯᠵᠤ ᠪᠤᠢ᠃
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号