ᠣᠢᠷ᠎ᠠ᠎ᠶᠢᠨ ᠵᠢᠯ ᠳ᠋ᠤ᠂ ᠲᠣᠭᠠᠴᠢᠯᠠᠯᠳᠠ ᠤᠶᠤᠨᠴᠢᠯᠠᠯᠳᠠ ᠵᠢᠨ ᠮᠡᠷᠭᠡᠵᠢᠯ ᠨᠢ ᠬᠥᠳᠡᠭᠡ ᠲᠣᠰᠬᠣᠨ᠎ᠤ ᠬᠡᠷᠡᠭᠯᠡᠭᠡ ᠵᠢᠨ ᠬᠡᠯᠬᠢᠶ᠎ᠡ᠎ᠶᠢ ᠤᠷᠲᠤᠳᠬᠠᠬᠤ᠂ ᠬᠥᠳᠡᠭᠡ ᠲᠣᠰᠬᠣᠨ᠎ᠤ ᠬᠡᠷᠡᠭᠯᠡᠭᠡ ᠵᠢᠨ ᠦᠷᠳᠡᠭ᠎ᠢ ᠳᠡᠭᠡᠭᠰᠢᠯᠡᠭᠦᠯᠬᠦ ᠴᠢᠬᠤᠯᠠ ᠬᠦᠴᠦᠨ ᠪᠣᠯᠵᠠᠢ᠃ ᠣᠯᠠᠨ ᠭᠠᠵᠠᠷ᠎ᠤᠨ ᠬᠢᠨ ᠣᠶᠤᠨᠴᠢ ᠪᠠᠷᠠᠭᠠᠨ᠎ᠤ ᠭᠦᠢᠯᠭᠡᠭᠡ᠂ ᠴᠠᠬ ᠳᠤᠬᠠᠢ ᠵᠢᠨ ᠵᠢᠵᠢᠭᠯᠡᠨ ᠬᠤᠳᠠᠯᠳᠤᠭ᠎ᠠ᠂ ᠡᠯᠧᠺᠲᠷᠣᠨ ᠬᠤᠳᠠᠯᠳᠤᠭᠠᠨ᠎ᠤ ᠰᠢᠭᠤᠳ ᠨᠡᠪᠲᠡᠷᠡᠭᠦᠯᠭᠡ ᠵᠡᠷᠭᠡ ᠬᠡᠷᠡᠭᠯᠡᠭᠡ ᠵᠢᠨ ᠡᠵᠡᠩᠨᠡᠯᠲᠡ᠎ᠶᠢᠨ ᠬᠡᠯᠪᠡᠷᠢ᠎ᠶᠢ ᠬᠥᠭᠵᠢᠭᠦᠯᠵᠦ᠂ ᠰᠢᠶᠠᠨ᠎ᠤ ᠬᠡᠪᠴᠢᠶᠡᠨ᠎ᠦ ᠬᠤᠳᠠᠯᠳᠤᠭᠠᠨ᠎ᠤ ᠠᠴᠢᠶᠠᠯᠠᠪᠤᠷᠢ᠎ᠶᠢ ᠪᠠᠢᠭᠤᠯᠵᠤ᠂ ᠬᠣᠲᠠ ᠬᠥᠳᠡᠭᠡ᠎ᠶᠢᠨ ᠭᠦᠢᠯᠭᠡᠭᠡᠨ᠎ᠦ ᠰᠢᠰᠲᠧᠮ᠎ᠢ ᠰᠢᠯᠤᠭᠤᠳᠬᠠᠵᠤ᠂ ᠬᠥᠳᠡᠭᠡ ᠲᠣᠰᠬᠣᠨ᠎ᠤ ᠬᠡᠷᠡᠭᠯᠡᠭᠡ᠎ᠳᠦ ᠰᠢᠨ᠎ᠡ ᠠᠮᠢᠵᠢᠷᠠᠯ᠎ᠤᠨ ᠬᠦᠴᠦᠨ ᠨᠡᠮᠡᠷᠢᠯᠡᠪᠡ᠃
ᠬᠥᠳᠡᠭᠡ ᠲᠣᠰᠬᠣᠨ ᠨᠢᠭᠡᠨᠲᠡ ᠰᠠᠭᠤᠭᠠᠯᠢ ᠠᠷᠠᠳ᠎ᠤᠨ ᠰᠡᠯᠡᠭᠦᠴᠡᠬᠦ᠂ ᠰᠣᠶᠣᠯ᠎ᠢ ᠮᠡᠳᠡᠷᠡᠬᠦ ᠪᠠ ᠤᠷᠮ᠎ᠠ ᠰᠡᠳᠬᠢᠯᠭᠡ ᠵᠢᠨ ᠭᠡᠷᠡᠭᠯᠡᠭᠡ ᠵᠢᠨ ᠴᠢᠬᠤᠯᠠ ᠲᠠᠯᠠᠪᠤᠷ ᠪᠣᠯᠪᠠ᠃ 《ᠲᠣᠭᠠᠴᠢᠯᠠᠭᠰᠠᠨ ᠵᠢᠮᠢᠰ᠎ᠦᠨ ᠬᠦᠷᠢᠶᠡᠯᠡᠩ》 ᠨᠢ ᠳᠤᠭᠠᠴᠢᠯᠠᠭᠰᠠᠨ ᠬᠠᠮᠢᠶᠠᠷᠤᠯᠳᠠ ᠪᠡᠷ ᠵᠢᠮᠢᠰ ᠳᠡᠬᠦᠬᠦ ᠪᠡᠶᠡᠴᠢᠯᠡᠨ ᠦᠢᠯᠠᠭᠠᠯᠳᠠ ᠳ᠋ᠤ ᠡᠨ᠋ᠸᠷᠬᠢ ᠤᠯᠭᠤᠵᠥ᠂ ᠲᠠᠷᠢᠶᠠᠯᠠᠩ᠎ᠤᠨ ᠦᠢᠯᠡᠳᠪᠦᠷᠢᠯᠡᠯ ᠪᠠ ᠰᠡᠯᠡᠭᠦᠴᠡᠯ ᠬᠡᠷᠡᠭᠯᠡᠭᠡ ᠵᠢᠨ ᠰᠢᠨ᠎ᠡ ᠡᠵᠡᠩᠨᠡᠯᠲᠡ᠎ᠶᠢᠨ ᠬᠡᠯᠪᠡᠷᠢ᠎ᠶᠢ ᠪᠣᠶ ᠪᠣᠯᠭᠠᠪᠠ᠃ 《ᠬᠡᠬᠡᠷ᠎ᠡ ᠬᠦᠳᠡᠬᠡ ᠵᠢᠨ ᠵᠠᠰᠠᠯ》 ᠨᠢ ᠤᠬᠤᠷ ᠹᠢᠯᠢᠮ ᠬᠢᠬᠡᠳ ᠳᠤᠭᠠᠴᠢᠯᠠᠬᠰᠠᠨ ᠳᠠᠮᠵᠢᠭᠤᠯᠭ᠎ᠠ ᠪᠡᠷ ᠳᠦᠷᠬᠡᠨ ᠬᠦᠭᠵᠢᠵᠥ ᠴᠢᠳᠠᠪᠠ᠃
ᠡᠵᠡᠩᠨᠡᠯᠲᠡ᠎ᠶᠢᠨ ᠬᠡᠯᠪᠡᠷᠢ᠎ᠶᠢᠨ ᠰᠢᠨ᠎ᠡ᠎ᠶᠢ ᠡᠭᠦᠳᠬᠦ᠎ᠶᠢᠨ ᠳᠠᠭᠠᠤ᠂ ᠲᠣᠭᠠᠴᠢᠯᠠᠯᠳᠠ ᠤᠶᠤᠨᠴᠢᠯᠠᠯᠳᠠ ᠵᠢᠨ ᠮᠡᠷᠭᠡᠵᠢᠯ ᠨᠢ ᠪᠠᠰᠠ ᠬᠥᠳᠡᠭᠡ ᠲᠣᠰᠬᠣᠨ᠎ᠤ ᠠᠵᠤ ᠦᠢᠯᠡᠰ᠎ᠦᠨ ᠠᠭᠤᠰᠤᠯᠴᠠᠯ᠎ᠢ ᠠᠬᠢᠭᠤᠯᠬᠤ᠎ᠳᠤ ᠪᠣᠯᠣᠯᠴᠠᠭ᠎ᠠ ᠬᠠᠩᠭᠠᠪᠠ᠃ ᠰᠸᠴᠤᠸᠠᠨ᠎ᠤ ᠴᠧᠩᠳᠦ᠋᠎ᠶᠢᠨ ᠴᠠᠩ ᠾᠧ ᠨᠠᠷᠨ ᠵᠢᠷᠭᠠᠬᠤ ᠬᠦᠷᠢᠶᠡᠯᠡᠩ ᠲᠣᠭᠠᠴᠢᠯᠠᠭᠰᠠᠨ ᠡᠵᠡᠩᠨᠡᠨ ᠪᠣᠷᠣᠯᠠᠭᠤᠯᠬᠤ ᠲᠠᠪᠴᠠᠩ᠎ᠳᠤ ᠲᠦᠰᠢᠭᠯᠡᠨ ᠠᠮᠢ ᠠᠬᠤᠢ᠎ᠶᠢᠨ ᠡᠬᠢ ᠪᠠᠶᠠᠯᠢᠭ᠋᠎ᠢ ᠨᠡᠢᠳᠬᠡᠵᠦ᠂ ᠬᠡᠭᠡᠷ᠎ᠡ ᠪᠠᠭᠤᠳᠠᠯᠯᠠᠵᠤ ᠰᠡᠯᠡᠭᠦᠴᠡᠬᠦ᠂ ᠤᠰᠤᠨ᠎ᠳᠦ ᠨᠠᠭᠠᠳᠬᠤ᠂ ᠬᠥᠳᠡᠭᠡ ᠲᠣᠰᠬᠣᠨ᠎ᠤ ᠴᠤᠭᠯᠠᠭ᠎ᠠ ᠮᠠᠢᠮᠠᠢ ᠪᠣᠯᠣᠨ ᠪᠠᠢᠭᠠᠯᠢᠯᠢᠬ ᠬᠥᠮᠦᠵᠢᠯ᠎ᠢ ᠨᠢᠭᠡ ᠴᠣᠭᠴᠠᠵᠢᠭᠤᠯᠤᠭᠰᠠᠨ 《ᠲᠦᠷᠪᠡᠨ ᠤᠯᠠᠷᠢᠯ᠎ᠤᠨ ᠬᠡᠷᠡᠭᠯᠡᠭᠡ ᠵᠢᠨ ᠲᠠᠯᠠᠪᠤᠷ》 ᠢ᠋ ᠪᠦᠷᠢᠯᠳᠦᠭᠦᠯᠪᠡ᠃
ᠲᠣᠭᠠᠴᠢᠯᠠᠯᠳᠠ ᠣᠶᠣᠨᠴᠢᠯᠠᠯᠳᠠ ᠵᠢᠨ ᠮᠡᠷᠭᠡᠵᠢᠯ ᠨᠢ ᠬᠡᠷᠡᠭᠴᠡᠭᠡ ᠬᠠᠩᠭᠠᠯᠭ᠎ᠠ ᠵᠢᠨ ᠲᠠᠯ᠎ᠠ ᠡᠴᠡ ᠬᠦᠳᠡᠬᠡ ᠲᠣᠰᠬᠣᠨ᠎ᠦ ᠬᠡᠷᠡᠭᠯᠡᠭᠡ ᠵᠢᠨ ᠰᠠᠭᠤᠷᠢ ᠯᠤᠬᠢᠭ ᠢ᠋ ᠳᠠᠬᠢᠨᠳᠠ ᠱᠤᠭᠤᠪᠠ᠃ ᠲᠣᠮᠣ᠌ ᠳ᠋ᠠᠢᠲ᠋ᠠ᠎ᠶᠢᠨ ᠵᠠᠳᠠᠯᠤᠯᠲᠠ᠂ ᠣᠶᠤᠨᠳᠤ ᠪᠤᠳᠤᠬᠤ ᠠᠷᠭ᠎ᠠ ᠵᠢᠴᠢ ᠠᠶᠠᠨᠴᠢᠳ᠎ᠤᠨ ᠤᠷᠤᠰᠬᠠᠯ᠎ᠢ ᠤᠷᠢᠳᠴᠢᠯᠠᠨ ᠮᠠᠭᠠᠳᠯᠠᠬᠤ᠎ᠳᠤ ᠲᠦᠰᠢᠭᠯᠡᠨ᠂ ᠬᠡᠷᠡᠭᠯᠡᠭᠡ ᠵᠢᠨ ᠬᠠᠨᠳᠤᠰᠢ᠎ᠶᠢᠨ ᠰᠤᠳᠤᠯᠤᠨ ᠮᠠᠭᠠᠳᠯᠠᠯᠳᠠ ᠨᠢ ᠲᠤᠷᠰᠢᠯᠭ᠎ᠠ᠎ᠪᠡᠷ ᠮᠠᠭᠠᠳᠯᠠᠵᠤ ᠪᠠᠢᠭᠰᠠᠨ᠎ᠠᠴᠠ᠎ᠪᠠᠨ ᠬᠡᠷᠡᠭᠯᠡᠭᠴᠢᠳ᠎ᠦᠨ ᠪᠡᠶᠡᠴᠢᠯᠡᠨ ᠣᠢᠯᠠᠭᠠᠬᠤ᠂ ᠤᠷᠮ᠎ᠠ ᠰᠡᠳᠬᠢᠯᠭᠡᠨᠦ ᠵᠠᠰᠠᠯᠳᠠ᠂ ᠬᠠᠷᠢᠯᠴᠠᠨ ᠦᠢᠯᠡᠳᠦᠯᠴᠡᠬᠦ ᠨᠡᠢᠭᠡᠮ᠎ᠦᠨ ᠬᠠᠷᠢᠯᠴᠠᠭ᠎ᠠ ᠵᠡᠷᠭᠡ ᠰᠢᠨ᠎ᠡ᠎ᠪᠡᠷ ᠬᠥᠭᠵᠢᠭᠰᠡᠨ ᠬᠡᠷᠡᠭᠴᠡᠭᠡ ᠱᠠᠭᠠᠷᠳᠠᠯᠭ᠎ᠠ ᠪᠡᠷ ᠨᠢ ᠣᠨᠣᠴᠠᠳᠠᠢ ᠢᠯᠭᠠᠨ ᠲᠠᠨᠢᠵᠤ ᠴᠢᠳᠠᠬᠣ ᠪᠣᠯᠵᠠᠢ᠃ ᠡᠨᠡ ᠨᠢ ᠵᠦᠷᠢᠶᠡᠴᠢᠯᠡᠭᠰᠡᠨ᠂ ᠥᠪᠡᠷᠮᠢᠴᠡ ᠣᠨᠴᠠᠯᠢᠭ᠋᠎ᠲᠠᠢ ᠬᠥᠳᠡᠭᠡ ᠲᠣᠰᠬᠣᠨ᠎ᠤ ᠬᠡᠷᠡᠭᠯᠡᠭᠡ᠎ᠶᠢᠨ ᠠᠬᠤᠢ ᠲᠠᠯᠠᠪᠣᠷ᠎ᠲᠦ ᠰᠢᠢᠳᠪᠦᠷᠢᠲᠦ ᠪᠣᠳᠣᠯᠭ᠎ᠠ ᠲᠣᠭᠲᠠᠭᠠᠬᠤ ᠦᠨᠳᠦᠰᠦᠯᠡᠯ ᠬᠠᠩᠭᠠᠵᠠᠢ᠃ ᠪᠠᠰᠠ ᠵᠠᠷᠢᠮ ᠭᠠᠵᠠᠷ ᠣᠷᠣᠨ᠎ᠤ ᠬᠥᠳᠡᠭᠡ ᠲᠣᠰᠬᠣᠨ᠎ᠤ ᠬᠡᠷᠡᠭᠯᠡᠭᠡ ᠵᠢᠨ ᠠᠬᠤᠢ ᠲᠠᠯᠠᠪᠣᠷ᠎ᠦᠨ ᠪᠦᠳᠦᠬᠡᠨ ᠪᠠᠢᠭᠤᠯᠤᠯᠲᠠ ᠮᠥᠨ ᠯᠡ ᠡᠬᠢ ᠪᠠᠶᠠᠯᠢᠭ᠋᠎ᠢ ᠨᠡᠭᠡᠭᠡᠨ ᠬᠥᠭᠵᠢᠭᠦᠯᠬᠦ ᠱᠠᠲᠤᠨ᠎ᠳᠤ ᠵᠣᠭᠰᠣᠩᠭᠢᠷᠠᠵᠤ᠂ ᠣᠶᠤᠨᠴᠢ ᠦᠢᠯᠡᠴᠢᠯᠡᠭᠡᠨ᠎ᠦ ᠲᠦᠬᠦᠷᠵᠢᠯ ᠵᠢᠡᠷ ᠪᠠᠭᠤᠷᠠᠢ᠂ ᠠᠬᠤᠢ ᠲᠠᠯᠠᠪᠣᠷ᠎ᠦᠨ ᠲᠣᠭᠠᠴᠢᠯᠠᠭᠰᠠᠨ ᠡᠵᠡᠩᠨᠡᠯᠲᠡ᠎ᠶᠢᠨ ᠴᠢᠳᠠᠪᠤᠷᠢ᠎ᠶᠢ ᠳᠡᠭᠡᠭᠰᠢᠯᠡᠭᠦᠯᠬᠦ ᠴᠢᠬᠤᠯᠠᠲᠠᠢ ᠪᠠᠢᠬᠤ᠎ᠶᠢ ᠣᠯᠵᠤ ᠬᠠᠷᠠᠬᠤ ᠬᠡᠷᠡᠭᠲᠡᠢ᠃ ᠬᠥᠳᠡᠭᠡ ᠲᠣᠰᠬᠣᠨ᠎ᠤ ᠲᠣᠭᠠᠴᠢᠯᠠᠭᠰᠠᠨ ᠣᠶᠤᠨᠴᠢ ᠬᠡᠷᠡᠭᠯᠡᠭᠡ᠎ᠶᠢ ᠪᠣᠢᠵᠢᠭᠤᠯᠬᠤ᠎ᠪᠠᠷ ᠬᠥᠳᠡᠭᠡ ᠲᠣᠰᠬᠣᠨ᠎ᠤ ᠬᠡᠷᠡᠭᠯᠡᠭᠡ᠎ᠶᠢᠨ ᠳᠠᠯᠳᠠ ᠬᠦᠴᠦᠨ᠎ᠢ ᠬᠥᠭᠵᠢᠭᠡᠬᠦ ᠵᠠᠩᠭᠢᠯᠠᠭ᠎ᠠ᠎ᠶᠢᠨ ᠭᠠᠷᠳᠠᠴᠠ ᠪᠣᠯᠭᠠᠵᠤ᠂ ᠬᠥᠳᠡᠭᠡ ᠲᠣᠰᠬᠣᠨ᠎ᠤ ᠬᠡᠷᠡᠭᠯᠡᠭᠡ᠎ᠶᠢᠨ ᠰᠢᠨ᠎ᠡ ᠬᠥᠳᠡᠯᠭᠡᠬᠦ ᠡᠨᠧᠷᠭᠢ᠎ᠶᠢ ᠪᠥᠬᠥ ᠲᠠᠯ᠎ᠠ᠎ᠪᠠᠷ ᠬᠥᠭᠵᠢᠭᠡᠬᠦ ᠬᠡᠷᠡᠭᠲᠡᠢ᠃
ᠦᠢᠯᠡᠳᠪᠦᠷᠢᠯᠡᠯ᠎ᠢ ᠪᠡᠶᠡᠴᠢᠯᠡᠨ ᠣᠢᠯᠠᠭᠠᠬᠤ᠂ ᠰᠣᠶᠣᠯ᠎ᠢ ᠳᠡᠯᠭᠡᠨ ᠦᠵᠡᠭᠦᠯᠬᠦ᠂ ᠰᠡᠯᠡᠭᠦᠴᠡᠨ ᠠᠮᠠᠷᠠᠬᠤ᠂ ᠨᠡᠢᠭᠡᠮ᠎ᠦᠨ ᠬᠠᠷᠢᠯᠴᠠᠭ᠎ᠠ ᠶᠠᠪᠤᠯᠴᠠᠭ᠎ᠠ᠎ᠶᠢ ᠨᠢᠭᠡ ᠴᠣᠭᠴᠠᠵᠢᠭᠤᠯᠤᠭᠰᠠᠨ ᠬᠠᠮ ᠬᠡᠯᠪᠡᠷᠢ᠎ᠶᠢᠨ ᠬᠡᠷᠡᠭᠯᠡᠭᠡ ᠵᠢᠨ ᠠᠬᠣᠢ ᠲᠠᠯᠠᠪᠣᠷ᠎ᠢ ᠪᠣᠶ ᠪᠣᠯᠭᠠᠨ᠎ᠠ᠃ ᠵᠣᠬᠢᠶᠠᠮᠠᠯ ᠣᠶᠤᠨ ᠴᠢᠳᠠᠪᠤᠷᠢ ᠵᠡᠷᠭᠡ ᠮᠡᠷᠭᠡᠵᠢᠯ᠎ᠢ ᠠᠰᠢᠬᠯᠠᠨ᠂ ᠬᠥᠳᠡᠭᠡ ᠲᠣᠰᠬᠣᠨ᠎ᠤ ᠲᠣᠭᠠᠴᠢᠯᠠᠭᠰᠠᠨ ᠣᠶᠤᠨᠴᠢ ᠬᠡᠷᠡᠭᠯᠡᠭᠡ᠎ᠶᠢᠨ ᠠᠬᠤᠢ ᠲᠠᠯᠠᠪᠣᠷ᠎ᠢ ᠨᠢᠭᠡ ᠴᠣᠭᠴᠠᠵᠢᠭᠤᠯᠤᠨ ᠵᠢᠷᠤᠵᠤ ᠲᠥᠯᠥᠪᠯᠡᠬᠦ᠎ᠶᠢ ᠠᠬᠢᠭᠤᠯᠤᠨ᠎ᠠ᠃ ᠬᠥᠳᠡᠭᠡ ᠲᠣᠰᠬᠣᠨᠵᠢᠡᠷ ᠰᠤᠳᠤᠯᠤᠨ ᠰᠤᠷᠤᠯᠴᠠᠬᠤ᠂ ᠪᠣᠳᠠᠰ᠎ᠤᠨ ᠪᠤᠰᠤ ᠰᠣᠶᠣᠯ᠎ᠤᠨ ᠥᠪ᠎ᠢ ᠪᠡᠶᠡᠴᠢᠯᠡᠨ ᠣᠢᠯᠠᠭᠠᠬᠤ᠂ ᠲᠣᠭᠠᠴᠢᠯᠠᠭᠰᠠᠨ ᠰᠣᠶᠣᠯ᠎ᠤᠨ ᠡᠭᠦᠳᠦᠯᠲᠡ᠂ ᠬᠡᠭᠡᠷ᠎ᠡ ᠪᠠᠭᠤᠳᠠᠯᠯᠠᠬᠤ᠂ ᠬᠥᠳᠡᠭᠡ ᠲᠣᠰᠬᠣᠨ᠎ᠤ ᠰᠥᠨᠢ᠎ᠶᠢᠨ ᠵᠢᠭᠤᠯᠴᠢᠯᠠᠯ ᠵᠡᠷᠭᠡ ᠰᠢᠨ᠎ᠡ ᠬᠡᠯᠪᠡᠷᠢ᠎ᠶᠢᠨ ᠬᠡᠷᠡᠭᠯᠡᠭᠡ ᠵᠢᠨ ᠠᠬᠣᠢ ᠲᠠᠯᠠᠪᠣᠷ᠎ᠢ ᠢᠳᠡᠪᠬᠢᠲᠡᠢ ᠬᠥᠭᠵᠢᠭᠦᠯᠵᠦ᠂ ᠡᠷᠡᠭᠦᠯᠵᠢᠯ ᠰᠤᠪᠢᠯᠠᠯᠲᠠ ᠪᠡᠶ᠎ᠡ᠎ᠶᠢᠨ ᠲᠠᠮᠢᠷ ᠵᠡᠷᠭᠡ ᠬᠥᠳᠡᠭᠡ ᠲᠣᠰᠬᠣᠨ᠎ᠤ ᠰᠢᠨ᠎ᠡ᠎ᠪᠡᠷ ᠮᠠᠨᠳᠤᠭᠰᠠᠨ ᠠᠵᠤ ᠦᠢᠯᠡᠰ᠎ᠦᠨ ᠠᠵᠢᠯ ᠲᠦᠷᠦᠯ ᠠᠯᠤᠰᠯᠠᠨ ᠠᠭᠤᠰᠤᠯᠴᠠᠬᠤ᠎ᠶᠢ ᠠᠬᠢᠭᠤᠯᠤᠨ᠎ᠠ᠃
ᠬᠥᠳᠡᠭᠡ ᠲᠣᠰᠬᠣᠨ᠎ᠤ ᠣᠨᠴᠠᠯᠢᠭ᠍ᠲᠤ ᠡᠬᠢ ᠪᠠᠶᠠᠯᠢᠭ᠋᠎ᠢ ᠲᠣᠭᠠᠴᠢᠯᠠᠨ ᠨᠡᠭᠡᠭᠡᠨ ᠬᠥᠭᠵᠢᠭᠦᠯᠬᠦ ᠪᠠ ᠲᠥᠷᠥᠯ ᠲᠡᠮᠳᠡᠭᠵᠢᠬᠦᠯᠬᠦᠶᠢ ᠴᠢᠩᠭᠠᠳᠬᠠᠵᠤ᠂ ᠢᠯᠡ ᠲᠣᠳᠣ᠌ ᠣᠨᠴᠠᠯᠢᠭ᠋᠎ᠲᠠᠢ ᠪᠦᠬᠦᠢ 《ᠲᠣᠰᠬᠣᠨ᠎ᠤ ᠲᠡᠮᠳᠡᠭᠲᠦ》 IP ᠰᠢᠰᠲᠧᠮ᠎ᠢ ᠪᠠᠢᠭᠤᠯᠤᠨ᠎ᠠ᠃ ᠬᠥᠳᠡᠭᠡ ᠲᠣᠰᠬᠣᠨ᠎ᠤ ᠬᠡᠷᠡᠭᠯᠡᠭᠡ᠎ᠶᠢᠨ ᠲᠥᠷᠥᠯ ᠲᠡᠮᠳᠡᠭᠲᠦ᠎ᠶᠢᠨ ᠤᠬᠠᠭᠠᠯᠠᠯ ᠪᠠ ᠲᠣᠭᠠᠴᠢᠯᠠᠬᠰᠠᠨ ᠡᠵᠡᠩᠨᠡᠯᠲᠡ᠎ᠶᠢ ᠴᠢᠩᠭᠠᠷᠠᠭᠤᠯᠵᠤ᠂ 《ᠲᠥᠷᠥᠯ ᠲᠡᠮᠳᠡᠭ᠎ᠦᠨ ᠳᠦᠷᠢ ᠲᠥᠷᠬᠦ + ᠲᠣᠭᠠᠴᠢᠯᠠᠭᠰᠠᠨ ᠠᠭᠤᠯᠭ᠎ᠠ + ᠬᠡᠷᠡᠭᠯᠡᠭᠡ᠎ᠶᠢᠨ ᠠᠬᠤᠢ ᠲᠠᠯᠠᠪᠣᠷ + ᠪᠦᠲᠦᠭᠡᠭᠳᠡᠬᠦᠨ᠎ᠦ ᠦᠢᠯᠡᠴᠢᠯᠡᠭᠡ》ᠵᠢᠨ ᠡᠵᠡᠩᠨᠡᠯᠲᠡ᠎ᠶᠢᠨ ᠰᠢᠰᠲᠧᠮ᠎ᠢ ᠪᠠᠢᠭᠤᠯᠤᠨ᠎ᠠ᠃《ᠰᠢᠨ᠎ᠡ ᠲᠠᠷᠢᠶᠠᠴᠢᠨ》᠂ ᠰᠦᠯᠵᠢᠶᠡᠨ ᠤᠳᠤᠨ ᠵᠡᠷᠭᠡ ᠣᠯᠠᠨ ᠡᠰᠢᠲᠦ ᠪᠡᠶᠡᠴᠢ ᠴᠣᠭᠴᠠ᠎ᠶᠢᠨ ᠬᠥᠳᠡᠭᠡ ᠲᠣᠰᠬᠣᠨ᠎ᠤ ᠬᠡᠷᠡᠭᠯᠡᠭᠡ᠎ᠶᠢᠨ ᠠᠬᠣᠢ ᠲᠠᠯᠠᠪᠤᠷ᠎ᠤᠨ ᠡᠵᠡᠩᠨᠡᠯᠲᠡ ᠬᠢᠭᠡᠳ ᠲᠥᠷᠥᠯ ᠲᠡᠮᠳᠡᠭᠲᠦ᠎ᠶᠢᠨ ᠳᠠᠮᠵᠢᠭᠤᠯᠭ᠎ᠠ᠎ᠳᠤ ᠣᠷᠣᠯᠴᠠᠬᠤ᠎ᠶᠢ ᠳᠡᠮᠵᠢᠨ᠎ᠡ᠃ ᠲᠣᠭᠠᠴᠢᠯᠠᠭᠰᠠᠨ ᠪᠣᠳᠠᠰ᠎ᠤᠨ ᠪᠤᠰᠤ ᠰᠣᠶᠣᠯ᠎ᠤᠨ ᠥᠪ᠂ ᠬᠥᠳᠡᠭᠡ ᠲᠣᠰᠬᠣᠨ᠎ᠤ ᠰᠣᠶᠣᠯ᠎ᠤᠨ ᠡᠭᠦᠳᠦᠯᠲᠡ ᠪᠣᠯᠣᠨ ᠣᠬᠣᠷ ᠸᠢᠳᠢᠤ᠋᠂ ᠰᠢᠭᠤᠳ ᠨᠡᠪᠲᠡᠷᠡᠭᠦᠯᠭᠡ᠂ ᠲᠣᠭᠠᠴᠢᠯᠠᠭᠰᠠᠨ ᠦᠵᠡᠭᠦᠯᠭᠡ ᠲᠣᠭᠯᠠᠯᠲᠠ ᠵᠡᠷᠭᠡ ᠠᠴᠢᠶᠠᠯᠠᠪᠤᠷᠢ᠎ᠶᠢᠨ ᠭᠦᠨᠵᠡᠭᠡᠢ ᠠᠭᠤᠰᠤᠯᠴᠠᠯ᠎ᠢ ᠠᠬᠢᠭᠤᠯᠵᠥ᠂ ᠬᠤᠷᠤᠮ ᠵᠠᠭᠤᠷ᠎ᠠ ᠵᠢᠨ ᠬᠦᠭᠵᠢᠯ ᠡᠴᠡ ᠤᠷᠳᠤ ᠬᠤᠭᠤᠴᠠᠭᠠᠨ ᠤ᠋ ᠪᠦᠳᠦᠮᠵᠢᠳᠡᠢ ᠡᠵᠡᠩᠨᠡᠯᠳᠡ ᠳᠡᠢᠰᠢ ᠬᠤᠪᠢᠷᠠᠭᠤᠯᠬᠤ ᠬᠡᠷᠡᠭᠳᠡᠢ᠃
— 《ᠠᠵᠦ ᠠᠬᠣᠢ ᠵᠢᠨ ᠡᠳᠦᠷ᠎ᠦᠨ ᠰᠣᠨᠢᠨ》 ᠡᠴᠡ