ᠰᠠᠶ᠋ᠢᠨ ᠮᠠᠰᠢᠨ ᠵᠢᠯᠣᠭᠣᠳᠴᠤ᠌ ᠵᠤᠭᠤᠰ ᠳᠠᠢ ᠬᠦᠮᠦᠨ ᠵᠢᠡᠷ ᠤᠪᠯᠠᠨ ᠮᠡᠬᠡᠯᠡᠬᠡᠳ ᠬᠠᠤᠯᠢ ᠵᠢᠨ ᠲᠤᠤᠷ ᠲᠦ᠍ ᠤᠨᠠᠪᠠ
2026-07-20 09:59:21
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠣᠶ᠋ᠢᠷ᠎ᠠ᠎ᠳᠤ᠂ ᠬᠥᠯᠥᠨ ᠪᠣᠶ᠋ᠢᠷ ᠬᠣᠲᠠ᠎ᠶᠢᠨ ᠰᠢᠨ᠎ᠡ ᠪᠠᠷᠭᠤ ᠵᠡᠭᠦᠨ ᠬᠣᠰᠢᠭᠤᠨ᠎ᠤ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ ᠨᠢᠬᠡᠨ ᠬᠡᠰᠦᠬᠦᠴᠢᠯᠡᠨ ᠬᠡᠷᠡᠭ ᠦᠢᠯᠡᠳᠦᠭᠰᠡᠨ ᠮᠡᠬᠡᠯᠡᠯ ᠤ᠋ᠨ ᠡᠪᠰᠡᠯ ᠪᠦᠯᠦᠭ᠎ᠢ ᠰᠦᠢᠷᠡᠭᠦᠯᠵᠦ᠂ 3  ᠶᠠᠯ᠎ᠠ ᠵᠢᠨ ᠰᠡᠵᠢᠭᠳᠡᠨ᠎ᠢ ᠪᠠᠷᠢᠪᠴᠢᠯᠠᠵᠠᠢ᠃

ᠪᠦᠦ ᠠᠪᠠᠬᠠᠶ ᠮᠠᠰᠢᠨ ᠲᠡᠷᠭᠡ ᠵᠢᠯᠣᠭᠣᠳᠤᠨ ᠶᠠᠪᠤᠬᠤ᠌᠎ᠳᠦ ᠨᠢᠭᠡ ᠡᠮᠡᠭᠲᠡᠶ ᠮᠠᠰᠢᠨ ᠲᠡᠷᠬᠡ ᠵᠢ ᠨᠢ ᠬᠠᠰᠢᠵᠤ ᠲᠤᠰᠠᠯᠠᠮᠵᠢ ᠭᠤᠶᠤᠴᠢᠯᠠᠪᠠ᠃ ᠡᠨᠡ ᠡᠮᠡᠭᠳᠡᠢ ᠦᠪᠡᠷ ᠎ᠢ ᠪᠡᠨ ᠭᠠᠳᠠᠷ ᠤᠷᠤᠨ ᠤ᠋ ᠵᠢᠭᠤᠯᠴᠢᠯᠠᠬᠴᠢ ᠬᠡᠮᠡᠵᠦ᠂ ᠭᠠᠷ ᠤᠳᠠᠰᠤ᠂ ᠪᠡᠶ᠎ᠡ ᠵᠢᠨ ᠦᠨᠡᠮᠯᠡᠯ ᠵᠢᠡᠨ ᠬᠡᠬᠡᠵᠦ᠂ ᠮᠠᠰᠢᠨ ᠲᠡᠷᠬᠡᠨ ᠤ᠋ ᠲᠤᠰᠤ ᠨᠢ ᠲᠠᠭᠤᠰᠴᠤ ᠶᠠᠪᠤᠬᠤ ᠵᠢᠨ ᠠᠷᠭ᠎ᠠ ᠦᠬᠡᠢ ᠪᠤᠯᠵᠤ᠂ 600 ᠲᠦᠬᠦᠷᠢᠭ ᠵᠢᠬᠡᠯᠡᠵᠦ ᠲᠤᠰᠤ ᠨᠡᠮᠡᠵᠦ᠂ ᠳ᠋ᠠᠴᠢᠩ ᠬᠤᠳᠠ ᠳ᠋ᠸ᠋ ᠬᠦᠷᠦᠭᠰᠡᠨ ᠤ᠋ ᠬᠤᠢᠨ᠎ᠠ ᠵᠢᠷᠬᠢᠶ᠎ᠡ ᠪᠡᠷ ᠪᠤᠴᠠᠭᠠᠶ᠎ᠠ ᠬᠡᠪᠡ᠃

ᠲᠤᠰ ᠡᠮᠡᠭᠲᠡᠢ ᠰᠠᠢᠨ ᠮᠠᠰᠢᠨ ᠲᠡᠷᠬᠡ ᠵᠢᠯᠤᠭᠤᠳᠴᠤ᠂  ᠡᠮᠦᠰᠴᠦ᠍ ᠵᠡᠭᠦᠭᠰᠡᠨ ᠨᠢ ᠡᠪᠯᠢᠭ  ᠪᠤᠯᠬᠤᠷ ᠪᠦᠦ ᠠᠪᠠᠬᠠᠢ ᠦᠨᠡᠮᠰᠢᠨ ᠢᠳᠡᠬᠡᠵᠦ᠂ 600 ᠲᠦᠬᠦᠷᠢᠭ ᠵᠢᠬᠡᠯᠡᠬᠦᠯᠦᠨ ᠦᠭᠴᠦ᠂ ᠪᠠᠰᠠ ᠭᠠᠷ ᠤᠳᠠᠰᠤᠨ ᠤ᠋ ᠨᠤᠮᠸᠷ ᠵᠢᠡᠨ ᠦᠯᠡᠳᠡᠬᠡᠨ ᠦᠭᠴᠡᠢ᠃ ᠨᠦᠬᠦᠬᠡ  ᠡᠮᠡᠭᠳᠡᠢ ᠵᠤᠭᠤᠰ ᠎ᠢ ᠠᠪᠤᠮᠠᠬᠴᠠ ᠪᠠᠷᠢᠨ ᠮᠠᠰᠢᠨ ᠲᠡᠷᠬᠡ ᠪᠡᠨ ᠵᠢᠯᠤᠭᠤᠳᠤᠨ ᠶᠠᠪᠤᠪᠠ᠃  ᠬᠡᠷᠡᠭ᠎ᠦᠨ ᠳᠠᠷᠠᠭ᠎ᠠ᠂ ᠪᠦᠦ ᠠᠪᠠᠬᠠᠶ ᠳᠤᠰ ᠡᠮᠡᠭᠳᠡᠢ ᠵᠢᠨ ᠵᠢᠷᠬᠢᠶ᠎ᠡ ᠵᠢ ᠣᠯᠠᠨ ᠤᠳᠠᠭ᠎ᠠ ᠨᠡᠮᠡᠵᠦ᠂ ᠤᠳᠠᠰᠤᠳᠠᠬᠰᠠᠨ ᠳ᠋ᠸ᠋ ᠪᠦᠷ ᠬᠠᠷᠢᠯᠴᠠᠬᠤ ᠵᠢᠨ ᠠᠷᠭ᠎ᠠ ᠦᠬᠡᠢ ᠪᠤᠯᠪᠠ᠃ ᠢᠩᠬᠢᠬᠡᠳ ᠰᠠᠶᠢ ᠮᠡᠬᠡᠯᠡᠭᠳᠡᠭᠰᠡᠨ᠎ᠢᠶᠡᠨ ᠮᠡᠳᠡᠵᠦ᠍᠂ ᠪᠠᠷᠢᠨ ᠲᠣᠮᠢᠯᠠᠭᠰᠠᠨ ᠰᠠᠯᠪᠤᠷᠢ᠎ᠳᠤ ᠬᠦᠷᠴᠦ᠍ ᠬᠡᠷᠡᠭ ᠮᠡᠳᠡᠭᠦᠯᠪᠡ᠃

ᠬᠡᠷᠡᠭ᠎ᠤᠨ ᠮᠡᠳᠡᠭᠦᠯᠦᠯᠲᠡ᠎ᠶᠢ ᠣᠯᠤᠭᠰᠠᠨ᠎ᠤ ᠳᠠᠷᠠᠭ᠎ᠠ᠂ ᠠᠮᠤᠭᠤᠯᠠᠩ ᠳ᠋ᠡᠬᠢ ᠲᠣᠮᠢᠯᠠᠭᠰᠠᠨ ᠰᠠᠯᠪᠤᠷᠢ ᠪᠠᠷᠢᠨ ᠰᠢᠨ᠎ᠡ ᠪᠠᠷᠭᠤ ᠵᠡᠭᠦᠨ ᠬᠣᠰᠢᠭᠤᠨ ᠎ᠤ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ᠎ᠶᠢᠨ ᠲᠠᠩᠨᠠᠨ  ᠪᠠᠶ᠋ᠢᠴᠠᠭᠠᠬᠤ ᠲᠥᠪ᠎ᠲᠡᠶ ᠬᠠᠷᠢᠯᠴᠠᠨ ᠰᠦᠪᠡᠭᠴᠢ᠎ᠶᠢ ᠰᠤᠳᠤᠯᠤᠨ ᠮᠠᠭᠠᠳᠯᠠᠪᠠ᠃ ᠰᠢᠨ᠎ᠡ ᠪᠠᠷᠭᠤ ᠵᠡᠭᠦᠨ ᠬᠣᠰᠢᠭᠤᠨ᠎ᠤ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ᠎ᠶᠢᠨ ᠡᠷᠡᠭᠦᠦ᠎ᠶᠢᠨ ᠬᠡᠷᠡᠭ᠎ᠢ ᠲᠠᠩᠨᠠᠨ ᠪᠠᠶ᠋ᠢᠴᠠᠭᠠᠬᠤ ᠶᠡᠬᠡ ᠠᠩᠭᠢ᠎ᠨᠢ ᠬᠠᠷ᠎ᠠ ᠦᠩᠬᠡᠳᠡᠢ ᠮᠠᠰᠢᠨ ᠲᠡᠷᠬᠡ ᠵᠢ ᠲᠤᠬᠳᠠᠭᠠᠵᠤ᠂ ᠵᠢᠯᠣᠭᠣᠴᠢ ᠵᠠᠩ ᠣᠪᠣᠭᠲᠤ᠌᠂ ᠯᠢᠦ ᠣᠪᠣᠭᠲᠤ᠌ (ᠡᠮᠡᠭᠲᠡᠶ) ᠬᠡᠷᠡᠭ ᠬᠢᠭᠰᠡᠨ ᠬᠦᠨᠳᠦ ᠶᠡᠬᠡ ᠰᠡᠵᠢᠭᠯᠡᠯᠲᠡᠶ ᠪᠠᠶ᠋ᠢᠬᠤ᠎ᠶᠢ ᠦᠳᠲᠡᠷ ᠲᠦᠷᠭᠡᠨ ᠪᠠᠢᠴᠠᠭᠠᠨ ᠢᠯᠡᠷᠡᠭᠦᠯᠪᠡ᠃ ᠲᠡᠮᠡᠢ ᠤᠳᠠᠯ ᠦᠬᠡᠢ ᠴᠠᠬᠳᠠᠭ᠎ᠠ ᠨᠠᠷ  ᠶᠠᠭᠰᠢ ᠬᠣᠲᠠ᠎ᠶᠢᠨ ᠨᠢᠭᠡᠨ ᠪᠠᠭ᠎ᠠ ᠲᠣᠭᠣᠷᠢᠭ᠎ᠡᠴᠡ ᠬᠡᠷᠡᠭ᠎ᠲᠦ᠍ ᠬᠣᠯᠪᠣᠭᠳᠠᠭᠰᠠᠨ ᠮᠠᠰᠢᠨ ᠲᠡᠷᠭᠡ᠎ᠶᠢ ᠢᠯᠡᠷᠡᠭᠦᠯᠵᠦ᠂ ᠲᠤᠬᠠᠶ᠎ᠶᠢᠨ ᠲᠠᠯᠠᠪᠤᠷ᠎ᠲᠤᠨᠢ ᠵᠠᠩ ᠣᠪᠣᠭᠲᠤ᠌᠂ ᠯᠢᠦ ᠣᠪᠣᠭᠲᠤ (ᠡᠮᠡᠭᠳᠡᠢ) ᠵᠢ  ᠪᠠᠷᠢᠪᠴᠢᠯᠠᠪᠠ᠃ ᠡᠭᠦᠨ ᠎ᠦ ᠬᠠᠮᠲᠤ᠌᠂  ᠴᠠᠭᠳᠠᠭ᠎ᠠ  ᠨᠠᠷ ᠮᠤᠵᠢ ᠠᠯᠤᠰᠯᠠᠨ ᠠᠨᠾᠦ᠋ᠢ ᠮᠤᠵᠢ᠎ᠳᠤ ᠬᠦᠷᠴᠦ᠍᠂ ᠬᠡᠷᠡᠭ᠎ᠲᠦ ᠬᠤᠯᠪᠤᠬᠳᠠᠬᠰᠠᠨ ᠵᠣᠭᠣᠰ᠎ᠢ ᠰᠢᠯᠵᠢᠭᠦᠯᠦᠨ ᠥᠭᠬᠦ᠌᠎ᠶᠢ ᠬᠠᠷᠢᠭᠤᠴᠠᠵᠤ ᠪᠠᠶ᠋ᠢᠭ᠎ᠠ ᠯᠢᠦ ᠣᠪᠣᠭᠲᠤ᠎ᠶᠢ ᠪᠠᠷᠢᠪᠴᠢᠯᠠᠪᠠ᠃

ᠪᠠᠶ᠋ᠢᠴᠠᠭᠠᠯᠳᠠ ᠪᠡᠷ ᠳᠠᠮᠵᠢᠨ᠂ ᠵᠠᠩ ᠣᠪᠣᠭᠲᠤ᠌᠂ ᠯᠢᠦ ᠣᠪᠣᠭᠲᠤ᠌ (ᠡᠮᠡᠭᠳᠡᠢ) 《ᠰᠠᠢᠨ ᠲᠡᠷᠭᠡ ᠵᠢᠯᠣᠭᠣᠳᠤᠬᠰᠠᠨ ᠪᠠᠶᠠᠨ ᠴᠢᠨᠡᠭᠡᠯᠢᠭ ᠵᠢᠭᠤᠯᠴᠢᠯᠠᠭᠰᠠᠳ 》 ᠵᠢᠡᠷ ᠤᠪᠯᠠᠨ᠂  ᠭᠠᠷ ᠤᠳᠠᠰᠤ ᠵᠤᠭᠤᠰᠤᠨ ᠪᠤᠬᠴᠤ ᠪᠡᠨ ᠬᠡᠬᠡᠭᠰᠡᠨ ᠵᠡᠷᠬᠡ ᠰᠢᠯᠳᠠᠬ ᠵᠢᠡᠷ ᠵᠤᠭᠤᠰ ᠮᠡᠬᠡᠯᠡᠭᠰᠡᠨ᠎ᠢ ᠮᠡᠳᠡᠵᠡᠢ᠃

ᠲᠤᠰ ᠡᠪᠰᠡᠯ ᠪᠦᠯᠦᠭ ᠨᠢ ᠤᠷᠲᠤ᠌ ᠬᠤᠭᠤᠴᠠᠭ᠎ᠠ ᠎ᠪᠠᠷ ᠪᠦᠬᠦ᠌ ᠤᠯᠤᠰ᠎ᠤᠨ ᠡᠯ᠎ᠡ ᠭᠠᠵᠠᠷ᠎ᠢᠶᠠᠷ ᠬᠡᠰᠦᠬᠦᠴᠢᠯᠡᠨ ᠬᠡᠷᠡᠭ ᠦᠢᠯᠡᠳᠴᠦ᠍᠂ ᠬᠥᠮᠦᠰ᠎ᠦᠨ 《ᠵᠣᠭᠣᠰ᠎ᠤᠨ ᠲᠣᠭ᠎ᠠ ᠨᠢ ᠶᠡᠬᠡ ᠪᠢᠰᠢ᠂ ᠰᠠᠶ᠋ᠢᠨ ᠮᠠᠰᠢᠨ ᠲᠡᠷᠭᠡ ᠵᠢᠯᠤᠭᠤᠳᠴᠤ ᠪᠠᠢᠭ᠎ᠠ ᠵᠤᠭᠤᠰ ᠮᠦᠩᠬᠦ ᠳᠠᠢ ᠵᠢᠭᠤᠯᠴᠢᠯᠠᠬᠴᠢ ᠤᠴᠢᠷ ᠡᠴᠡ ᠬᠥᠮᠦᠨ᠎ᠢ ᠮᠡᠬᠡᠯᠡᠬᠦ᠌ ᠦᠭᠡᠶ》 ᠬᠡᠬᠦ  ᠰᠡᠳᠬᠢᠴᠡ᠎ᠶᠢ ᠠᠰᠢᠭᠯᠠᠨ ᠬᠠᠭᠤᠷᠤᠨ ᠮᠡᠬᠡᠯᠡᠬᠦ ᠬᠡᠷᠡᠭ ᠬᠢᠪᠡ᠃ ᠣᠳᠣᠬᠠᠨ᠎ᠳᠤ᠂ 3 ᠶᠠᠯ᠎ᠠ ᠵᠢᠨ ᠰᠡᠵᠢᠭᠳᠡᠨ ᠳ᠋ᠸ᠋ ᠠᠯᠪᠠᠳᠠᠯᠭ᠎ᠠ ᠵᠢᠨ ᠠᠷᠭ᠎ᠠ ᠬᠡᠮᠵᠢᠶ᠎ᠡ ᠠᠪᠴᠦ᠂ ᠬᠡᠷᠡᠭ ᠎ᠢ ᠴᠢᠨᠠᠬᠰᠢᠳᠠ ᠪᠠᠢᠴᠠᠭᠠᠨ ᠰᠢᠢᠳᠪᠦᠷᠢᠯᠡᠵᠦ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号