ᠤᠰᠤ ᠪᠡᠯᠴᠢᠭᠡᠷ᠎ᠢ᠎ᠲᠠᠭᠠᠨ ᠤᠳᠤᠷᠯᠠᠬᠤ ᠪᠤᠯ ᠤᠯᠠᠭᠠᠨᠬᠠᠳᠠ᠎ᠶᠢᠨ ᠠᠷᠤ ᠬᠣᠷᠴᠢᠨ᠎ᠤ ᠲᠠᠯ᠎ᠠ ᠨᠤᠲᠤᠭ ᠲᠤ᠌ ᠮᠢᠩᠭᠠᠨ ᠵᠢᠯ ᠶᠠᠪᠤᠬᠳᠠᠬᠰᠠᠨ ᠨᠡᠭᠦᠳᠡᠯ ᠮᠠᠯᠵᠢᠯ ᠤᠨ ᠤᠯᠠᠮᠵᠢᠯᠠᠯ ᠪᠣᠯᠤᠨ᠎ᠠ᠃
7 ᠰᠠᠷ᠎ᠠ᠎ᠶᠢᠨ 1 ᠤ᠋ ᠡᠳᠦᠷ᠂ ᠤᠯᠠᠭᠠᠨᠬᠠᠳᠠ᠎ᠶᠢᠨ ᠠᠷᠤ ᠬᠣᠷᠴᠢᠨ ᠤ ᠪᠠᠶᠠᠡᠡᠦ᠋ᠨᠳᠦᠷ ᠰᠤᠮᠤ ᠨᠢ ᠵᠤᠰᠠᠯᠠᠩ᠎ᠳᠦ ᠭᠠᠷᠬᠤ ᠤᠳᠤᠷ ᠨᠡᠬᠦᠳᠡᠯ ᠵᠢᠡᠨ ᠡᠬᠢᠯᠡᠬᠦᠯᠵᠡᠢ᠃ 1200 ᠭᠠᠷᠤᠢ ᠮᠠᠯᠴᠢᠨ ᠡᠷᠦᠬᠡ ᠡᠪᠦᠯᠵᠢᠶᠡᠡᠴᠡᠪᠡᠨ ᠮᠣᠷᠳᠠᠵᠤ᠂ 8 ᠲᠦᠮᠡ ᠭᠠᠷᠤᠢ ᠮᠠᠯ ᠵᠢᠡᠨ ᠬᠥᠭᠡᠭᠡᠵᠦ᠍᠂ ᠤᠯᠠᠭᠠᠨ ᠬᠠᠳᠠ᠂ ᠢᠳᠠᠭᠤᠳᠤ ᠂ ᠪᠣᠷᠣ ᠥᠨᠳᠥᠷ᠂ ᠲᠠᠯ᠎ᠠ ᠵᠢᠨ ᠬᠤᠸᠠ᠂ ᠬᠥᠨᠳᠡᠯᠡᠨ᠂ ᠴᠠᠭᠠᠨ ᠥᠨᠳᠥᠷ ᠵᠡᠷᠭᠡ ᠵᠢᠷᠭᠤᠭᠠᠨ ᠵᠤᠰᠠᠯᠠᠩ ᠤ᠋ᠨ ᠭᠠᠵᠠᠷ ᠵᠢᠡᠨ ᠵᠤᠷᠢᠨ᠎ᠠ᠃ ᠡᠨᠡ ᠬᠦ᠌ ᠰᠦᠷ ᠳᠠᠯᠠᠶ᠋ᠢᠴᠠᠲᠠᠶ ᠶᠡᠬᠡ ᠨᠡᠬᠦᠳᠡᠯ ᠤ᠋ᠨ ᠲᠤᠮᠳᠠ᠂ ᠬᠦᠬᠡ ᠬᠤᠪᠴᠠᠰᠤᠳᠠᠢ ᠴᠠᠬᠳᠠᠭ᠎ᠠ ᠨᠠᠷ ᠨᠠᠭᠠᠰᠢ ᠴᠠᠭᠠᠰᠢ ᠪᠤᠷᠪᠢ ᠪᠤᠬᠢᠰᠬᠢᠯ ᠦᠬᠡᠢ ᠶᠠᠭᠠᠷᠠᠨ ᠶᠠᠪᠤᠵᠤ᠂ ᠮᠠᠯᠵᠢᠬᠤ ᠤᠷᠤᠨ ᠤ᠋ ᠤᠳᠤᠷ ᠨᠡᠬᠦᠳᠡᠯ ᠤ᠋ᠨ ᠪᠠᠳᠤ ᠲᠦᠰᠢᠭ ᠪᠤᠯᠵᠠᠢ᠃

ᠡᠨᠡ ᠵᠢᠯ ᠤ᠋ᠨ ᠤᠳᠤᠷ ᠨᠡᠬᠦᠳᠡᠯ ᠤ᠋ᠨ ᠠᠮᠤᠷ ᠲᠦᠪᠰᠢᠨ᠂ ᠡᠮᠬᠢ ᠵᠢᠷᠤᠮ᠎ᠲᠠᠶ᠂ ᠲᠣᠭᠲᠠᠭᠤᠨ᠎ᠢᠶᠠᠷ ᠶᠠᠪᠤᠭᠳᠠᠬᠤ᠎ᠶᠢ ᠪᠠᠲᠤᠯᠠᠬᠤ᠎ᠶᠢᠨ ᠲᠤᠯᠠᠳᠠ᠂ ᠠᠷᠤ ᠬᠣᠷᠴᠢᠨ ᠬᠣᠰᠢᠭᠤᠨ᠎ᠤ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ᠎ᠶᠢᠨ ᠪᠠᠶᠠᠡᠡᠦ᠋ᠡᠳᠥᠷ ᠲᠡᠬᠢ ᠲᠣᠮᠢᠯᠠᠭᠰᠠᠨ ᠰᠠᠯᠪᠤᠷᠢ ᠤᠷᠢᠳᠴᠢᠯᠠᠨ ᠰᠤᠳᠤᠯᠤᠨ ᠮᠠᠭᠠᠳᠯᠠᠵᠤ᠂ ᠠᠮᠤᠷ᠎ᠢ ᠬᠠᠮᠠᠭᠠᠯᠠᠬᠤ ᠲᠥᠰᠦᠯ᠎ᠢ ᠨᠠᠷᠢᠯᠢᠬᠵᠢᠭᠤᠯᠤᠨ᠂ ᠪᠠᠴᠢᠮ ᠪᠠᠶ᠋ᠢᠳᠠᠯ᠎ᠢ ᠠᠷᠭᠠᠴᠠᠭᠠᠬᠤ ᠠᠷᠭ᠎ᠠ ᠬᠡᠮᠵᠢᠶ᠎ᠡ᠎ᠶᠢ ᠲᠡᠭᠦᠯᠳᠡᠷᠵᠢᠭᠦᠯᠵᠦ᠍᠂ ᠤᠳᠤᠷ ᠨᠡᠬᠦᠳᠡᠯ ᠢ ᠬᠠᠮᠠᠭᠠᠯᠠᠬᠤ ᠵᠠᠬᠪᠤᠷ ᠢ ᠪᠥᠬᠥ᠌ ᠲᠠᠯ᠎ᠠ᠎ᠪᠠᠷ ᠡᠬᠢᠯᠡᠭᠦᠯᠵᠡᠢ᠃

— ᠪᠤᠳᠤᠯᠢᠶᠠᠨᠳᠠᠢ ᠵᠠᠮ᠎ᠳᠤ ᠤᠳᠠᠭᠠᠨ ᠶᠠᠪᠤᠵᠤ᠂ ᠨᠢᠬᠡᠨ ᠨᠢᠬᠡᠨ ᠳ᠋ᠡᠬᠡᠨ ᠨᠠᠢᠷ ᠲᠠᠯᠪᠢᠭᠠᠷᠠᠢ!
ᠪᠠᠶᠠᠡᠡᠦ᠋ᠡᠳᠥᠷ ᠲᠡᠬᠢ ᠲᠣᠮᠢᠯᠠᠭᠰᠠᠨ ᠰᠠᠯᠪᠤᠷᠢ ᠵᠢᠨ ᠳᠠᠷᠤᠭ᠎ᠠ ᠹᠦ᠋ ᠰᠢᠶᠤᠤ ᠴᠠᠭᠳᠠᠭ᠎ᠠ ᠨᠠᠷ ᠵᠢᠡᠨ ᠳᠠᠭᠠᠭᠤᠯᠤᠨ ᠲᠤᠬᠳᠠᠬᠰᠠᠨ ᠴᠡᠭ ᠲᠦ᠍ ᠵᠢᠵᠢᠭᠦᠷᠯᠡᠵᠦ᠍ ᠂ ᠴᠠᠭᠳᠠᠨ ᠪᠠᠶ᠋ᠢᠴᠠᠭᠠᠯᠲᠠ ᠬᠢᠵᠦ᠍᠂ ᠨᠠᠭᠠᠰᠢ ᠴᠠᠭᠠᠰᠢ ᠶᠠᠪᠤᠬᠤ ᠮᠠᠰᠢᠨ ᠲᠡᠷᠬᠡ ᠵᠢ ᠲᠠᠰᠤᠷᠠᠯᠲᠠ ᠥᠬᠡᠶ ᠵᠢᠯᠣᠭᠣᠳᠴᠤ᠌᠂ ᠮᠠᠯ ᠰᠦᠷᠦᠭ᠎ᠢ ᠰᠠᠯᠭᠠᠨ ᠬᠦᠬᠡᠬᠡᠵᠦ᠂ ᠮᠠᠯᠴᠢᠳᠲᠤ᠌ ᠠᠮᠤᠷ ᠲᠦᠪᠰᠢᠨ᠎ᠦ ᠰᠠᠨᠠᠭᠤᠯᠤᠮᠵᠢ ᠦᠭᠬᠦᠨ᠎ᠡ᠃ ᠡᠨᠡ ᠵᠢᠯ ᠲᠠᠪᠢ ᠶᠢᠰᠦᠳᠡᠢ ᠹᠦ᠋ ᠰᠢᠶᠤᠤ ᠤᠳᠤᠷ ᠨᠡᠬᠦᠳᠡᠯ ᠢ ᠬᠠᠮᠠᠭᠠᠯᠠᠭᠠᠳ ᠵᠢᠷᠭᠤᠭᠠᠨ ᠵᠢᠯ ᠤ᠋ᠨ ᠨᠢᠭᠤᠷ᠎ᠢ ᠦᠵᠡᠵᠡᠢ᠃

ᠵᠠᠮ ᠬᠣᠯᠠ᠂ ᠬᠦᠳᠡᠬᠡ ᠨᠤᠳᠤᠭ᠎ᠤᠨ ᠴᠠᠭ ᠠᠭᠤᠷ᠎ᠤᠨ ᠬᠤᠪᠢᠷᠠᠯᠲᠠ ᠶᠡᠬᠡᠲᠡᠶ᠂ ᠣᠯᠠᠨ ᠲᠦᠮᠡᠨ᠎ᠦ ᠡᠳ᠋ ᠪᠣᠳᠠᠰ᠎ᠤᠨ ᠬᠠᠩᠭᠠᠯᠭ᠎ᠠ ᠳᠥᠭᠥᠮ ᠦᠭᠡᠢ ᠵᠡᠷᠭᠡ ᠪᠣᠳᠠᠲᠠᠶ ᠠᠰᠠᠭᠤᠳᠠᠯ᠎ᠳᠤ ᠴᠢᠭᠯᠡᠭᠦᠯᠦᠨ ᠂ ᠲᠣᠮᠢᠯᠠᠭᠰᠠᠨ ᠰᠠᠯᠪᠤᠷᠢ ᠨᠢ ᠮᠠᠯᠵᠢᠯ᠎ᠤᠨ ᠵᠠᠮ ᠳᠠᠭᠠᠤ ᠬᠠᠢᠷ᠎ᠠ ᠬᠠᠯᠠᠮᠵᠢ ᠵᠢᠨ ᠤᠯᠠᠭ᠎ᠠ ᠥᠷᠲᠡᠭᠡ ᠪᠠᠶ᠋ᠢᠭᠤᠯᠵᠤ᠂ ᠴᠠᠭᠳᠠᠭ᠎ᠠ ᠪᠦᠬᠦᠯᠢ 24 ᠴᠠᠭ᠎ᠢᠶᠠᠷ ᠵᠢᠵᠢᠭᠦᠷᠯᠡᠨ ᠦᠢᠯᠡᠴᠢᠯᠡᠨ᠎ᠡ᠃ ᠤᠯᠠᠭ᠎ᠠ ᠥᠷᠲᠡᠭᠡ᠎ᠳᠦ ᠬᠠᠯᠠᠭᠤᠨ ᠤᠰᠤ᠂ ᠲᠦᠷᠭᠡᠨ ᠬᠣᠭᠣᠯᠠ᠂ ᠡᠮ ᠲᠠᠩ᠂ ᠰᠡᠯᠪᠢᠨ ᠵᠠᠰᠠᠬᠤ ᠪᠠᠭᠠᠵᠢ ᠬᠡᠷᠡᠭᠰᠡᠯ ᠵᠡᠷᠭᠡ ᠡᠳ᠋ ᠪᠣᠳᠠᠰ ᠪᠦᠷᠢᠨ ᠪᠠᠶ᠋ᠢᠵᠤ᠂ ᠠᠷᠠᠳ᠎ᠲᠤ᠌ ᠲᠥᠬᠥᠮ ᠦᠵᠡᠬᠦᠯᠬᠦ᠂ ᠭᠡᠨᠡᠳᠲᠡ᠎ᠶᠢᠨ ᠪᠠᠢᠳᠠᠯ ᠢ ᠰᠢᠢᠳᠪᠦᠷᠢᠯᠡᠬᠦ ᠡᠮᠦᠨ᠎ᠡ ᠹᠷᠣᠨᠲ᠎ᠤᠨ ᠵᠢᠭᠰᠠᠭᠠᠯ᠎ᠤᠨ ᠭᠠᠵᠠᠷ ᠪᠣᠯᠤᠨ᠎ᠠ᠃

ᠴᠠᠭᠳᠠᠭ᠎ᠠ ᠨᠠᠷ ᠠᠯᠢ ᠡᠷᠲᠡ ᠠᠵᠢᠯ᠎ᠤᠨ ᠪᠠᠢᠷᠢᠨ ᠳ᠋ᠠᠭᠠᠨ ᠭᠠᠷᠴᠤ᠌᠂ ᠤᠳᠤᠷ ᠤ᠋ᠨ ᠵᠠᠮ ᠢ ᠬᠠᠮᠠᠭᠠᠯᠠᠨ᠎ᠠ᠃ ᠡᠨᠡ ᠵᠢᠯ᠎ᠦᠨ ᠤᠳᠤᠷ ᠨᠡᠬᠦᠳᠡᠯ ᠤ᠋ᠨ ᠬᠤᠭᠤᠴᠠᠭᠠᠨ ᠳ᠋ᠸ᠋ ᠲᠣᠮᠢᠯᠠᠭᠰᠠᠨ ᠰᠠᠯᠪᠤᠷᠢ᠎ᠨᠢ ᠬᠠᠮᠢᠶ᠎ᠠ ᠪᠥᠬᠥᠶ ᠰᠠᠯᠠᠭ᠎ᠠ ᠮᠥᠴᠢᠷ᠎ᠲᠡᠶ ᠬᠠᠮᠲᠤᠷᠠᠨ᠂ ᠮᠠᠯᠵᠢᠯ᠎ᠤᠨ ᠵᠠᠮ᠎ᠤᠨ AI ᠤᠶᠤᠨᠲᠤ᠌ ᠲᠣᠭ᠎ᠠ ᠲᠤᠭᠠᠯᠠᠬᠤ ᠲᠥᠬᠥᠭᠡᠷᠦᠮᠵᠢ ᠵᠢ ᠠᠰᠢᠬᠯᠠᠨ᠂ ᠵᠢᠯᠣᠭᠣᠴᠢ ᠥᠬᠡᠶ ᠨᠢᠰᠬᠡᠯ᠎ᠢᠶᠡᠷ ᠠᠭᠠᠷ᠎ᠢᠶᠠᠷ ᠴᠠᠭᠳᠠᠨ ᠪᠠᠢᠴᠠᠭᠠᠨ᠂ 24 ᠴᠠᠭ ᠵᠢᠡᠷ ᠵᠢᠵᠢᠭᠦᠷᠯᠡᠵᠦ᠍᠂ ᠲᠣᠭ᠎ᠠ ᠪᠠᠷᠢᠮᠲᠠ᠎ᠶᠢ ᠴᠠᠭ ᠲᠤᠬᠠᠶ᠎ᠳᠤᠨᠢ ᠪᠦᠷᠢᠳᠬᠡᠵᠦ᠍᠂ ᠮᠠᠯ᠎ᠤᠨ ᠲᠣᠭ᠎ᠠ ᠬᠡᠮᠵᠢᠶ᠎ᠡ᠎ᠶᠢ ᠴᠢᠩᠭ᠎ᠠ ᠬᠢᠵᠠᠭᠠᠷᠯᠠᠵᠤ᠂ ᠮᠠᠯ ᠪᠡᠯᠴᠢᠭᠡᠷ᠎ᠦᠨ ᠲᠡᠩᠴᠡᠭᠦᠷᠢ᠎ᠶᠢ ᠪᠠᠲᠤᠯᠠᠬᠤ ᠬᠣᠷᠢᠭ᠎ᠠ ᠱᠤᠭᠤᠮ᠎ᠢ ᠴᠢᠩᠭ᠎ᠠ ᠰᠠᠬᠢᠨ᠎ᠠ᠃
ᠲᠣᠮᠢᠯᠠᠭᠰᠠᠨ ᠰᠠᠯᠪᠤᠷᠢ ᠵᠢᠨ ᠬᠢᠨ ᠪᠠᠰᠠ ᠪᠠᠶᠠᠡᠡᠦ᠋ᠨᠳᠦᠷ ᠰᠤᠮᠤᠨ ᠤ 23 ᠭᠠᠴᠠᠭᠠᠨ᠎ᠤ ᠵᠢᠷᠬᠢᠶ᠎ᠡ ᠵᠢᠨ ᠦᠢᠯᠡᠴᠢᠯᠡᠬᠡᠨ ᠤ᠋ ᠴᠤᠬᠯᠠᠷᠠᠯ ᠲᠡᠭᠡᠷ᠎ᠡ ᠴᠠᠭ ᠠᠭᠤᠷ᠎ᠤᠨ ᠤᠷᠢᠳᠴᠢᠯᠠᠬᠰᠠᠨ ᠮᠡᠳᠡᠬᠡ᠂ ᠵᠠᠮ᠎ᠤᠨ ᠪᠠᠶ᠋ᠢᠳᠠᠯ᠎ᠤᠨ ᠮᠡᠳᠡᠭᠡ ᠵᠠᠩᠭᠢ ᠵᠡᠷᠭᠡ ᠵᠢ ᠴᠠᠭ ᠳᠤᠬᠠᠢᠳᠦᠨᠢ ᠲᠠᠮᠵᠢᠭᠤᠯᠤᠨ ᠬᠦᠷᠬᠡᠪᠡ᠃
ᠤᠳᠤᠷ ᠨᠡᠬᠦᠳᠡᠯ ᠤ᠋ᠨ ᠠᠩᠬᠠᠨ ᠤ᠋ ᠡᠳᠦᠷ ᠤ᠋ᠨ ᠦᠳᠡ ᠳ᠋ᠸ᠋᠂ ᠴᠠᠭᠳᠠᠭ᠎ᠠ ᠨᠠᠷ ᠭᠣᠭᠣᠰᠤᠳᠠᠢ ᠬᠠᠨ ᠠᠭᠤᠯᠠ ᠵᠢᠨ ᠤᠯᠤᠰ᠎ᠤᠨ ᠲᠠᠰ᠎ᠤᠨ ᠪᠠᠶ᠋ᠢᠭᠠᠯᠢ᠎ᠶᠢᠨ ᠬᠠᠮᠠᠭᠠᠯᠠᠯᠲᠠ᠎ᠶᠢᠨ ᠣᠷᠣᠨ᠎ᠤ ᠳᠤᠮᠳᠠ ᠤᠰᠤ ᠵᠢᠨ ᠤᠷᠴᠢᠮ ᠵᠢᠡᠷ ᠲᠣᠭᠣᠷᠢᠨ ᠴᠠᠭᠳᠠᠬᠤ ᠦᠶ᠎ᠡ᠎ᠳᠦ᠂ ᠮᠠᠯᠴᠢᠨ ᠮᠡᠷᠭᠡᠨᠲᠦ᠍ ᠪᠠᠴᠢᠮ ᠲᠤᠰᠠᠯᠠᠮᠵᠢ ᠭᠤᠶᠤᠴᠢᠯᠠᠪᠠ᠃ ᠲᠡᠭᠦᠨ᠎ᠦ ᠮᠣᠷᠢ ᠨᠢ ᠤᠳᠤᠷ ᠤ᠋ᠨ ᠵᠠᠮ ᠲᠡᠭᠡᠷ᠎ᠡ ᠠᠯᠠᠭ᠎ᠠ ᠪᠤᠯᠵᠤ᠂ ᠬᠡᠷᠪᠡ ᠠᠭᠤᠯᠠᠨ᠎ᠳᠤ ᠣᠷᠣᠵᠤ ᠮᠣᠷᠢ ᠪᠡᠨ ᠡᠷᠢᠬᠦ᠌᠎ᠳᠦ ᠭᠦᠷᠪᠡᠯ ᠬᠤᠨᠢ ᠵᠢ ᠨᠢ ᠬᠠᠷᠢᠭᠤᠯᠬᠤ ᠬᠦᠮᠦᠨ ᠦᠬᠡᠢ ᠪᠤᠯᠤᠨ᠎ᠠ᠃ ᠹᠦ᠋ ᠰᠢᠶᠤᠤ ᠪᠠᠷᠢᠨ ᠴᠠᠬᠳᠠᠭ᠎ᠠ ᠨᠠᠷ ᠵᠢᠡᠨ ᠲᠠᠭᠠᠭᠤᠯᠤᠨ ᠠᠭᠤᠯᠠᠨ᠎ᠳᠤ ᠣᠷᠣᠵᠤ ᠪᠦᠬᠦᠯᠢ ᠭᠤᠷᠪᠠᠨ ᠴᠠᠬ ᠨᠠᠷᠢᠨ ᠬᠢᠨᠠᠮᠠᠭᠠᠢ ᠡᠷᠢᠬᠡᠳ ᠡᠴᠦᠰ ᠲᠡᠭᠡᠨ ᠠᠯᠳᠠᠬᠰᠠᠨ ᠮᠤᠷᠢ ᠵᠢ ᠡᠷᠢᠵᠦ ᠤᠯᠪᠠ᠃
ᠤᠳᠤᠷ ᠨᠡᠬᠦᠳᠡᠯ ᠤ᠋ᠨ ᠬᠤᠶᠠᠳᠡᠬᠢ ᠡᠳᠦᠷ᠂ ᠵᠢᠵᠢᠭᠦᠷᠯᠡᠵᠦ᠍ ᠪᠠᠶ᠋ᠢᠭ᠎ᠠ ᠴᠠᠭᠳᠠᠭ᠎ᠠ ᠨᠠᠷ ᠴᠠᠭᠳᠠᠨ ᠪᠠᠶ᠋ᠢᠴᠠᠭᠠᠬᠤ᠎ᠳᠠᠭᠠᠨ᠂ ᠮᠠᠯᠴᠢᠨ ᠰᠠᠶ᠋ᠢᠨᠴᠣᠭᠲᠤᠶᠢᠨ ᠲᠤᠭᠤᠯ ᠨᠢ ᠲᠤᠤᠷ ᠲᠦ᠍ ᠤᠷᠢᠶᠠᠬᠳᠠᠨ ᠰᠢᠷᠠᠬᠳᠤᠵᠤ᠂ ᠪᠡᠯᠴᠢᠬᠡᠷ ᠲᠡᠭᠡᠷ᠎ᠡ ᠬᠤᠴᠤᠷᠤᠬᠰᠠᠨ ᠢ ᠤᠯᠵᠤ ᠮᠡᠳᠡᠪᠡ᠃ ᠴᠠᠬᠳᠠᠭ᠎ᠠ ᠨᠠᠷ ᠲᠤᠭᠤᠯ ᠢ ᠮᠠᠰᠢᠨ ᠲᠡᠷᠬᠡᠨ ᠳ᠋ᠡᠬᠡᠨ ᠲᠡᠭᠡᠭᠡᠵᠦ᠂ ᠵᠤᠰᠠᠯᠠᠩ ᠤ᠋ᠨ ᠭᠠᠵᠠᠷ ᠲᠦ᠍ ᠠᠮᠤᠷ ᠲᠦᠪᠰᠢᠨ ᠵᠢᠡᠷ ᠬᠦᠷᠬᠡᠵᠦ ᠦᠭᠪᠡ᠃
ᠴᠠᠬᠳᠠᠭ᠎ᠠ ᠨᠠᠷ ᠦᠷᠯᠦᠬᠡ ᠡᠷᠳᠡ ᠡᠴᠨ ᠨᠠᠷᠠ ᠰᠢᠩᠬᠡᠬᠦ ᠬᠦᠷᠳᠡᠯ᠎ᠡ ᠤᠳᠤᠷ ᠨᠡᠬᠦᠳᠡᠯ ᠢ ᠲᠠᠭᠠᠵᠤ ᠬᠠᠮᠠᠭᠠᠯᠠᠨ᠎ᠠ᠃ ᠴᠠᠭᠳᠠᠭ᠎ᠠ ᠠᠷᠠᠳ ᠰᠡᠳᠬᠢᠯ ᠨᠢᠭᠡᠳᠦᠨ ᠬᠠᠮᠳᠤ ᠪᠡᠷ ᠬᠠᠮᠠᠭᠠᠯᠠᠬᠰᠠᠨ ᠬᠠᠯᠠᠭᠤᠨ ᠳᠤᠯᠠᠭᠠᠨ ᠦᠵᠡᠭᠳᠡᠯ᠎ᠦᠳ ᠨᠢ ᠠᠷᠤ ᠬᠣᠷᠴᠢᠨ᠎ᠤ ᠮᠠᠯᠵᠢᠬᠤ ᠠᠮᠢᠳᠤᠷᠠᠯ᠎ᠤᠨ ᠤᠳᠤᠷ ᠨᠡᠭᠦᠳᠡᠯ᠎ᠤᠨ ᠰᠠᠶ᠋ᠢᠨ ᠰᠠᠶ᠋ᠢᠬᠠᠨ ᠦᠵᠡᠮᠵᠢ ᠶᠢ ᠠᠮᠢᠳᠤᠯᠢᠭ᠎ᠢᠶᠠᠷ ᠵᠢᠷᠤᠬᠯᠠᠨ᠎ᠠ᠃
( ᠭᠡᠷᠡᠯ ᠵᠢᠷᠤᠭ᠎ᠤᠳ᠎ᠢ ᠢᠦᠢ ᠱᠢ ᠪᠦᠸᠸ ᠰᠡᠬᠦᠳᠡᠷᠯᠡᠪᠡ )