7 ᠰᠠᠷ᠎ᠠ᠎ᠶᠢᠨ 15᠎ᠤ ᠡᠳᠦᠷ᠂ ᠶᠢᠰᠦᠳᠦᠭᠡᠷ ᠬᠤᠭᠤᠴᠠᠭᠠᠨ᠎ᠤ
ᠯᠦ᠍ ᠰᠢᠶᠦ᠋ᠨ ᠤᠳᠬ᠎ᠠ ᠵᠣᠬᠢᠶᠠᠯ᠎ᠤᠨ ᠱᠠᠩᠨᠠᠯ ᠰᠢᠯᠭᠠᠷᠠᠭᠤᠯᠬᠤ ᠠᠯᠪᠠᠨ ᠭᠡᠷ ᠠᠯᠪᠠᠨ ᠵᠠᠷᠯᠠᠯ ᠨᠡᠢᠲᠡᠯᠡᠵᠦ᠂
ᠶᠢᠰᠦᠳᠦᠭᠡᠷ ᠬᠤᠭᠤᠴᠠᠭᠠᠨ᠎ᠤ ᠯᠦ᠍ ᠰᠢᠶᠦ᠋ᠨ ᠤᠳᠬ᠎ᠠ ᠵᠣᠬᠢᠶᠠᠯ᠎ᠤᠨ ᠱᠠᠩᠨᠠᠯ ᠰᠢᠯᠭᠠᠷᠠᠭᠤᠯᠤᠭᠰᠠᠨ ᠦᠷ᠎ᠡ ᠳ᠋ᠦᠩ᠎ᠢ
ᠨᠡᠢᠲᠡᠯᠡᠪᠡ᠂ ᠨᠡᠶ᠋ᠢᠲᠡ 35 ᠪᠦᠲᠦᠭᠡᠯ ᠱᠠᠩᠨᠠᠯ ᠭᠥᠷᠳᠡᠵᠡᠢ᠃ ᠥᠪᠥᠷ ᠮᠣᠩᠭᠣᠯ᠎ᠤᠨ ᠵᠣᠬᠢᠶᠠᠯᠴᠢ ᠠᠢ ᠫᠢᠩ᠎ᠦᠨ ᠪᠦᠲᠦᠭᠡᠯ 《ᠲᠡᠭᠷᠢ ᠵᠢᠨ ᠵᠠᠶᠠᠭᠠᠲᠤ ᠲᠠᠯ᠎ᠠ
ᠨᠤᠲᠤᠭ》 ᠨᠢ ᠨᠠᠢᠷᠠᠭᠤᠯᠤᠯ ᠰᠤᠯᠠ ᠪᠢᠴᠢᠯᠭᠡ
ᠵᠢᠨ ᠲᠦᠷᠦᠯ᠎ᠤᠨ ᠱᠠᠩᠨᠠᠯ᠎ᠢ ᠭᠥᠷᠳᠡᠵᠦ᠂ 12 ᠵᠢᠯᠥᠩᠭᠡᠷᠡᠭᠡᠳ ᠦᠪᠦᠷ ᠮᠤᠩᠭᠤᠯ᠎ᠳᠤ ᠳᠠᠬᠢᠨ ᠯᠦ᠍ ᠰᠢᠶᠦ᠋ᠨ ᠤᠳᠬ᠎ᠠ ᠵᠣᠬᠢᠶᠠᠯ᠎ᠤᠨ ᠱᠠᠩᠨᠠᠯ᠎ᠢ
ᠠᠪᠴᠢᠷᠠᠯ᠎ᠠ᠃
《ᠲᠡᠭᠷᠢ ᠵᠢᠨ ᠵᠠᠶᠠᠭᠠᠲᠤ ᠲᠠᠯ᠎ᠠ ᠨᠤᠲᠤᠭ》 ᠪᠣᠯ ᠠᠢ ᠫᠢᠩ᠎ᠦᠨ ᠬᠠᠮᠤᠭ᠎ᠤᠨ ᠰᠢᠨ᠎ᠡ
ᠬᠡᠪᠯᠡᠭᠦᠯᠦᠭᠰᠡᠨ ᠨᠠᠢᠷᠠᠭᠤᠯᠤᠯ᠎ᠤᠨ ᠲᠡᠭᠦᠪᠦᠷᠢ ᠪᠣᠯᠣᠨ᠎ᠠ᠂ ᠲᠡᠭᠦᠪᠦᠷᠢᠯᠡᠭᠳᠡᠭᠰᠡᠨ 27 ᠪᠦᠲᠦᠭᠡᠯ ᠨᠢ ᠥᠪᠥᠷ ᠮᠣᠩᠭᠣᠯ᠎ᠤᠨ
ᠰᠣᠶᠣᠯ᠎ᠤᠨ ᠪᠥᠬᠥ ᠦᠵᠡᠮᠵᠢ᠎ᠶᠢᠨ ᠬᠡᠯᠪᠡᠷᠢ᠎ᠶᠢᠨ ᠢᠯᠡᠷᠡᠭᠦᠯᠦᠯ ᠪᠠᠢᠵᠤ᠂ ᠠᠭᠤᠯᠭ᠎ᠠ ᠨᠢ ᠪᠠᠢᠭᠠᠯᠢ᠂ ᠰᠣᠶᠣᠯ
ᠢᠷᠭᠡᠨᠰᠢᠯ᠂ ᠲᠡᠦᠬᠡ᠂ ᠭᠠᠵᠠᠷ ᠵᠦᠢ ᠵᠡᠷᠭᠡ ᠣᠯᠠᠨ ᠲᠠᠯ᠎ᠠ᠎ᠶᠢ ᠬᠠᠮᠤᠷᠴᠠᠢ᠃ ᠵᠣᠬᠢᠶᠠᠯᠴᠢ ᠬᠥᠯᠥᠨ ᠪᠤᠢ᠍ᠢᠷ᠎ᠤᠨ
ᠡᠬᠡ ᠭᠠᠵᠠᠷ᠎ᠢ ᠠᠯᠬᠤᠮ ᠵᠢᠡᠷ ᠵᠢᠡᠨ ᠬᠡᠮᠵᠢᠵᠦ᠂ ᠰᠡᠳᠬᠢᠯ ᠲᠠᠯᠪᠢᠨ ᠠᠮᠢᠳᠤᠷᠠᠯ᠎ᠳᠤ ᠠᠭᠤᠰᠤᠨ᠂ ᠰᠡᠳᠬᠢᠯ᠎ᠤᠨ
ᠢᠯᠴᠢ ᠭᠡᠭᠡ ᠵᠢ ᠠᠭᠤᠯᠤᠭᠰᠠᠨ ᠶᠡᠬᠡ ᠬᠡᠮᠵᠢᠶᠡᠨ᠎ᠤ ᠨᠠᠷᠢᠨ ᠵᠦᠢᠯᠡᠰ᠎ᠤᠨ ᠲᠦᠷᠰᠦᠯᠡᠯ᠎ᠢᠶᠡᠷ 《ᠲᠡᠭᠷᠢ ᠬᠥᠮᠥᠨ ᠨᠢᠭᠡᠳᠦᠭᠰᠡᠨ》 ᠤᠤᠭᠠᠯ ᠤᠶᠤᠨ ᠤᠬᠠᠭᠠᠨ᠎ᠢ ᠠᠮᠢᠳᠤᠯᠢᠭ᠋᠎ᠢᠶᠠᠷ
ᠲᠠᠢᠯᠪᠤᠷᠢᠯᠠᠪᠠ᠃ ᠡᠭᠦᠨ᠎ᠦ ᠬᠠᠮᠲᠤ᠂ ᠵᠣᠬᠢᠶᠠᠯᠴᠢ᠎ᠠᠴᠠ ᠨᠡᠭᠦᠳᠡᠯ ᠮᠠᠯᠵᠢᠯ᠎ᠤᠨ ᠤᠯᠠᠮᠵᠢᠯᠠᠯ᠎ᠢ ᠣᠲᠣ᠌ ᠦᠶ᠎ᠡ᠎ᠶᠢᠨ
ᠠᠮᠢ ᠠᠬᠤᠢ᠎ᠶᠢ ᠬᠠᠮᠠᠭᠠᠯᠠᠬᠤ ᠣᠢᠯᠠᠭᠠᠭᠳᠠᠬᠤᠨ᠎ᠲᠠᠢ ᠤᠶᠠᠯᠳᠤᠭᠤᠯᠵᠤ᠂ ᠡᠷᠲᠡᠨ᠎ᠦ ᠰᠣᠶᠣᠯ᠎ᠢ ᠰᠢᠨ᠎ᠡ ᠴᠠᠭ ᠦᠶ᠎ᠡ᠎ᠳᠦ
ᠤᠯᠠᠮᠵᠢᠯᠠᠨ ᠵᠠᠯᠭᠠᠮᠵᠢᠯᠠᠬᠤ ᠠᠷᠭ᠎ᠠ ᠵᠠᠮ ᠪᠠ ᠬᠥᠭᠵᠢᠯᠲᠡ᠎ᠶᠢᠨ ᠪᠣᠯᠣᠮᠵᠢ᠎ᠶᠢ ᠬᠠᠢᠨ ᠰᠦᠪᠡᠭᠴᠢᠯᠡᠪᠡ᠃ ᠪᠦᠲᠦᠭᠡᠯ
ᠨᠢ ᠲᠥᠪ ᠶᠡᠬᠡᠮᠰᠦᠭ ᠪᠥᠭᠡᠳ ᠴᠡᠪᠡᠷ ᠰᠠᠢᠬᠠᠨ ᠪᠠᠢᠵᠤ᠂ ᠦᠭᠡ ᠥᠭᠦᠯᠡᠪᠦᠷᠢ᠎ᠶᠢᠨ ᠬᠢᠨᠢ ᠳᠤᠮᠳᠠ ᠰᠢᠯᠦᠭᠯᠢᠭ
ᠰᠠᠨᠠᠭ᠎ᠠ ᠠᠬᠤᠭᠤᠯᠤᠭᠳᠠᠵᠤ᠂ ᠳᠡᠯᠭᠡᠷ ᠪᠠᠶᠠᠨ ᠪᠠᠢᠭᠠᠯᠢ᠎ᠶᠢᠨ ᠥᠩᠭᠡ ᠦᠵᠡᠮᠵᠢ᠂ ᠲᠡᠨᠢᠭᠦᠨ ᠤᠬᠠᠭᠠᠨᠲᠤ
ᠬᠦᠮᠦᠨ ᠠᠷᠠᠳ᠎ᠤᠨ ᠣᠶᠤᠨ ᠰᠠᠨᠠᠭᠠᠨ᠎ᠤ ᠳᠦᠷᠰᠦ ᠪᠠᠢᠳᠠᠯ᠎ᠢ ᠠᠮᠢᠳᠤᠯᠢᠭ᠋ ᠳᠯᠡᠭᠡᠨ ᠢᠯᠡᠷᠡᠭᠦᠯᠵᠦ᠂ ᠢᠷᠡᠭᠡᠳᠦᠢ᠎ᠳᠦ
ᠬᠠᠨᠳᠤᠭᠰᠠᠨ᠂ ᠪᠦᠲᠦᠭᠡᠯᠴᠢ ᠴᠢᠨᠠᠷ᠎ᠢᠶᠠᠷ ᠪᠢᠯᠬᠠᠮ᠎ᠠ ᠠᠮᠢ ᠠᠬᠤᠢ᠎ᠶᠢᠨ ᠰᠡᠩᠬᠡᠷᠡᠭᠦᠯᠦᠯ᠎ᠤᠨ ᠴᠢᠨᠠᠷᠲᠠᠢ
ᠪᠦᠲᠦᠭᠡᠯ ᠪᠣᠯᠤᠭᠰᠠᠨ ᠪᠠᠢᠨ᠎ᠠ᠃
ᠠᠢ ᠫᠢᠩ ᠪᠣᠯ ᠳᠤᠮᠳᠠᠳᠤ ᠤᠯᠤᠰ᠎ᠤᠨ ᠵᠣᠬᠢᠶᠠᠯᠴᠢᠳ᠎ᠤᠨ
ᠡᠪᠯᠡᠯ᠎ᠦᠨ ᠭᠡᠰᠢᠭᠦᠨ᠂ ᠥᠪᠥᠷ ᠮᠣᠩᠭᠣᠯ᠎ᠤᠨ ᠵᠣᠬᠢᠶᠠᠯᠴᠢᠳ᠎ᠤᠨ ᠡᠪᠯᠡᠯ᠎ᠦᠨ ᠨᠠᠢᠷᠠᠭᠤᠯᠤᠯ᠎ᠤᠨ ᠵᠥᠪᠯᠡᠯ᠎ᠦᠨ
ᠳᠡᠳ᠋ ᠡᠷᠬᠢᠯᠡᠭᠴᠢ᠃ ᠪᠦᠬᠦ ᠤᠯᠤᠰ᠎ᠲᠤ ᠨᠥᠯᠥᠭᠡᠯᠡᠬᠦ ᠬᠦᠴᠦᠨ᠎ᠪᠦᠬᠦᠢ ᠨᠡᠷᠡᠳᠤ ᠵᠣᠬᠢᠶᠠᠯᠴᠢ ᠪᠣᠯᠤᠭᠰᠠᠨ᠎ᠤ
ᠬᠤᠪᠢ᠎ᠳᠤ᠂ ᠲᠡᠷᠡ ᠵᠣᠬᠢᠶᠠᠨ ᠪᠦᠲᠦᠭᠡᠯᠭᠡ ᠵᠢᠨ ᠤᠶᠤᠨ ᠴᠢᠳᠠᠯ᠎ᠢᠶᠠᠨ ᠬᠥᠯᠥᠨ ᠪᠤᠢ᠍ᠢᠷ᠎ᠤᠨ ᠡᠨᠡ ᠬᠦ᠌ ᠦᠷᠭᠡᠨ
ᠠᠭᠤᠳᠠᠮ ᠨᠤᠲᠤᠭ ᠳᠡᠪᠢᠰᠬᠡᠷ᠎ᠢ ᠭᠦᠨ ᠰᠡᠳᠬᠢᠯᠭᠡ ᠪᠡᠷ ᠬᠠᠯᠠᠮᠵᠢᠯᠠᠬᠤ᠂ ᠤᠢᠯᠠᠭᠠᠬᠤ ᠪᠠ ᠪᠢᠴᠢᠭᠯᠡᠨ
ᠵᠢᠷᠤᠭᠯᠠᠬᠤ᠎ᠳᠦ ᠵᠣᠷᠢᠭᠤᠯᠪᠠ᠃ 1972 ᠣᠨ᠎ᠠᠴᠠ ᠡᠬᠢᠯᠡᠨ ᠤᠷᠠᠨ ᠵᠣᠬᠢᠶᠠᠯ᠎ᠤᠨ ᠪᠦᠲᠦᠭᠡᠯ᠎ᠢᠶᠡᠨ《ᠠᠷᠠᠳ᠎ᠤᠨ ᠤᠳᠬ᠎ᠠ ᠵᠣᠬᠢᠶᠠᠯ》᠂《ᠬᠤᠷᠢᠶᠠᠯᠲᠠ》᠂ 《ᠠᠷᠪᠠᠨ ᠰᠠᠷ᠎ᠠ》 ᠵᠡᠷᠭᠡ ᠰᠡᠳᠬᠦᠯ᠎ᠳᠦ ᠨᠡᠢᠲᠡᠯᠡᠭᠦᠯᠵᠦ᠂ 《ᠬᠥᠯᠥᠨ ᠪᠣᠶ᠋ᠢᠷ᠎ᠤᠨ ᠡᠷᠡᠰᠳᠡᠯ》᠂ 《ᠲᠠᠯ᠎ᠠ ᠨᠤᠲᠤᠭ᠎ᠤᠨ ᠠᠮᠢᠲᠠᠳ᠎ᠤᠨ
ᠲᠤᠬᠠᠢ ᠲᠡᠮᠳᠡᠭᠯᠡᠯ》 ᠵᠡᠷᠭᠡ 9 ᠨᠠᠢᠷᠠᠭᠤᠯᠤᠯ᠎ᠤᠨ ᠲᠡᠭᠦᠪᠦᠷᠢ
ᠬᠡᠪᠯᠡᠭᠦᠯᠵᠦ᠂ ᠥᠨᠢᠷ ᠴᠡᠴᠡᠭ ᠤᠳᠬ᠎ᠠ ᠵᠣᠬᠢᠶᠠᠯ᠎ᠤᠨ ᠱᠠᠩᠨᠠᠯ᠂ ᠰᠠᠨ ᠮᠤᠤ᠎ᠶᠢᠨ ᠨᠠᠢᠷᠠᠭᠤᠯᠤᠯ᠎ᠤᠨ ᠱᠠᠩᠨᠠᠯ
ᠵᠡᠷᠭᠡ ᠱᠠᠩᠨᠠᠯ ᠭᠥᠷᠳᠡᠭᠰᠡᠨ ᠪᠥᠭᠡᠳ ᠳᠣᠯᠣᠳᠤᠭᠠᠷ᠂ ᠨᠠᠢ᠍ᠮᠠᠳᠤᠭᠠᠷ ᠬᠤᠭᠤᠴᠠᠭᠠᠨ᠎ᠤ ᠯᠦ᠍ ᠰᠢᠶᠦ᠋ᠨ ᠤᠳᠬ᠎ᠠ
ᠵᠣᠬᠢᠶᠠᠯ᠎ᠤᠨ ᠱᠠᠩᠨᠠᠯ᠎ᠳᠤ ᠨᠡᠷ᠎ᠡ ᠳᠤᠷᠠᠳᠤᠭᠳᠠᠵᠠᠢ᠃
ᠨᠠᠮ᠎ᠤᠨ ᠠᠷᠪᠠᠨ ᠨᠠᠢ᠍ᠮᠠᠳᠤᠭᠠᠷ ᠶᠡᠬᠡ
ᠬᠤᠷᠠᠯ᠎ᠠᠴᠠ ᠨᠠᠭᠠᠰᠢ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠤᠬᠠᠭᠤᠯᠬᠤ ᠬᠡᠯᠲᠡᠰ᠎ᠦᠨ
ᠵᠢᠯᠣᠭᠣᠳᠤᠯᠭ᠎ᠠ ᠳᠣᠣᠷ᠎ᠠ᠂ ᠥᠪᠥᠷ ᠮᠣᠩᠭᠣᠯ᠎ᠤᠨ ᠤᠳᠬ᠎ᠠ ᠵᠣᠬᠢᠶᠠᠯ᠎ᠤᠨ ᠡᠲᠡᠭᠡᠳ᠎ᠦᠨ ᠬᠢᠨ ᠳᠤᠮᠳᠠᠳᠤ᠎ᠶᠢᠨ ᠦᠨᠳᠦᠰᠦᠲᠡᠨ᠎ᠦ
ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠣᠭᠴᠠᠯᠠᠬᠤ᠎ᠪᠠᠷ ᠭᠣᠣᠯ ᠰᠢᠵᠢᠮ ᠪᠣᠯᠭᠠᠵᠤ᠂ ᠦᠨᠳᠦᠰᠦᠲᠡᠨ᠎ᠨᠦᠭᠦᠳ᠎ᠦᠨ
ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ᠂ ᠪᠦᠯᠬᠦᠮᠳᠡᠨ
ᠲᠡᠮᠡᠴᠡᠬᠦ᠎ᠶᠢ ᠲᠤᠰᠬᠠᠭᠰᠠᠨ ᠦᠯᠡᠮᠵᠢ ᠤᠯᠠᠨ ᠤᠳᠬ᠎ᠠ ᠵᠣᠬᠢᠶᠠᠯ᠎ᠤᠨ ᠪᠦᠲᠦᠭᠡᠯ᠎ᠢ ᠵᠣᠬᠢᠶᠠᠨ ᠪᠦᠲᠦᠭᠡᠭᠰᠡᠨ
ᠪᠠᠢᠨ᠎ᠠ᠃ 2012
ᠣᠨ᠎ᠠᠴᠠ
ᠤᠳᠤᠬᠠᠨ ᠪᠣᠯᠲᠠᠯ᠎ᠠ᠂ ᠥᠪᠥᠷ ᠮᠣᠩᠭᠣᠯ᠎ᠤᠨ ᠤᠳᠬ᠎ᠠ ᠵᠣᠬᠢᠶᠠᠯ ᠤᠯᠠᠨ ᠲᠤᠮᠤ ᠱᠠᠩᠨᠠᠯ ᠬᠦᠷᠲᠡᠵᠦ᠂ 《ᠮᠤᠤᠠᠤᠰᠤ ᠵᠢᠨ ᠨᠣᠭᠣᠭᠠᠨ ᠲᠤᠮᠤᠭ》ᠯᠦ᠍ ᠰᠢᠶᠦ᠋ᠨ ᠤᠳᠬ᠎ᠠ ᠵᠣᠬᠢᠶᠠᠯ᠎ᠤᠨ
ᠱᠠᠩᠨᠠᠯ᠎ᠢ ᠬᠦᠷᠲᠡᠵᠦ᠂ 《ᠮᠣᠷᠢ ᠤᠨᠤᠵᠤ ᠳᠡᠯᠡᠬᠡᠢ ᠵᠢ ᠲᠤᠭᠤᠷᠢᠭᠰᠠᠨ ᠨᠢ》᠂ 《ᠭᠣᠪᠢ ᠵᠢᠨ ᠬᠦᠬᠡ ᠲᠡᠭᠷᠢ》 ᠵᠡᠷᠭᠡ 14 ᠪᠦᠲᠦᠭᠡᠯ ᠨᠢ ᠪᠦᠬᠦ ᠤᠯᠤᠰ᠎ᠤᠨ ᠴᠥᠭᠡᠨ
ᠲᠣᠭᠠᠲᠤ ᠦᠨᠳᠦᠰᠦᠲᠡᠨ᠎ᠦ ᠤᠳᠬ᠎ᠠ ᠵᠣᠬᠢᠶᠠᠯ᠎ᠤᠨ ᠵᠣᠬᠢᠶᠠᠨ ᠪᠦᠲᠦᠭᠡᠯᠭᠡ᠎ᠶᠢᠨ ᠠᠵᠢᠨᠠᠢ ᠬᠦᠯᠦᠭ ᠱᠠᠩᠨᠠᠯ᠎ᠢ
ᠬᠦᠷᠲᠡᠵᠦ᠂ 《ᠡᠵᠢ᠎ᠶᠢᠨ ᠭᠣᠣᠯ》 ᠨᠢ ᠪᠦᠬᠦ ᠤᠯᠤᠰ᠎ᠤᠨ ᠰᠢᠯᠢᠳᠡᠭ ᠬᠡᠦᠬᠡᠳ᠎ᠦᠨ
ᠤᠳᠬ᠎ᠠ ᠵᠣᠬᠢᠶᠠᠯ᠎ᠤᠨ ᠱᠠᠩᠨᠠᠯ᠎ᠢ ᠬᠦᠷᠲᠡᠵᠦ᠂ ᠪᠠᠰᠠ ᠤᠯᠠᠨ ᠪᠦᠲᠦᠭᠡᠯ ᠨᠢ 《ᠲᠠᠪᠤᠨ ᠨᠢᠭᠡ᠎ᠶᠢᠨ ᠢᠨᠵᠧᠨᠧᠷᠢᠩ》᠎ᠤᠨ ᠱᠠᠩᠨᠠᠯ᠎ᠢ ᠬᠦᠷᠲᠡᠵᠦ᠂ ᠡᠭᠦᠨ᠎ᠦ
ᠬᠠᠮᠲᠤ ᠪᠢᠩ ᠰᠢᠨ᠎ᠤ ᠨᠠᠢᠷᠠᠭᠤᠯᠤᠯ᠎ᠤᠨ ᠱᠠᠩᠨᠠᠯ᠂ ᠰᠢᠤᠢ ᡂᠢ ᠵᠢᠨ ᠮᠡᠳᠡᠭᠡᠯᠡᠯ᠎ᠤᠨ ᠤᠷᠠᠨ ᠵᠣᠬᠢᠶᠠᠯ᠎ᠤᠨ ᠱᠠᠩᠨᠠᠯ
ᠵᠡᠷᠭᠡ ᠪᠦᠬᠦ ᠤᠯᠤᠰ᠎ᠤᠨ ᠱᠠᠩᠨᠠᠯ᠎ᠢ ᠴᠸ᠋ ᠬᠦᠷᠲᠡᠵᠡᠢ᠃