ᠳᠡᠯᠭᠡᠷ ᠵᠤᠨ ᠤ᠋ ᠤᠯᠠᠷᠢᠯ ᠳ᠋ᠤ ᠤᠷᠤᠭᠰᠠᠨ ᠡᠴᠡ ᠨᠠᠭᠠᠰᠢ᠂ ᠬᠦᠬᠡ ᠲᠩᠷᠢ ᠬᠦᠪᠦᠩ ᠴᠠᠭᠠᠨ ᠡᠭᠦᠯᠡ᠂ ᠦᠵᠡᠰᠭᠦᠯᠡᠩᠳᠦ ᠰᠠᠢᠬᠠᠨ ᠲᠠᠯ᠎ᠠ ᠨᠤᠳᠤᠭ᠂ ᠬᠦᠷ ᠬᠦᠭᠵᠢᠶᠡᠨ ᠲᠠᠢ ᠨᠠᠢᠷ ᠨᠠᠭᠠᠳᠤᠮ ᠬᠢᠭᠡᠳ ᠰᠠᠷᠢᠭᠦᠨ ᠳᠠᠭᠠᠯᠠᠮᠵᠢᠳᠠᠢ ᠠᠭᠤᠷ ᠠᠮᠢᠰᠬᠤᠯ ᠳ᠋ᠤ ᠳᠠᠳᠠᠭᠳᠠᠨ ᠦᠪᠦᠷ ᠮᠤᠩᠭᠤᠯ ᠳ᠋ᠤ ᠢᠷᠡᠬᠦ ᠵᠢᠭᠤᠯᠴᠢᠯᠠᠭᠰᠠᠳ ᠡᠳᠦᠷ ᠡᠴᠡ ᠡᠳᠦᠷ ᠤᠯᠠᠰᠢᠷᠠᠵᠤ᠂ ᠵᠠᠮ ᠬᠠᠷᠢᠯᠴᠠᠭᠠᠨ ᠤ᠋ ᠭᠦᠢᠰᠦ ᠪᠤᠯᠤᠭᠰᠠᠨ ᠡᠯ᠎ᠠ ᠬᠤᠳᠠ ᠪᠠᠯᠭᠠᠰᠤ ᠶ᠋ᠢᠨ ᠬᠤᠨᠤᠭ ᠪᠠᠭᠤᠳᠠᠯ᠂ ᠬᠤᠭᠤᠯᠠᠨ ᠭᠡᠷ ᠵᠡᠷᠭᠡ ᠦᠢᠯᠡᠴᠢᠯᠡᠭᠡᠨ ᠤ᠋ ᠦᠢᠯᠡᠰ ᠴᠤ᠌ ᠬᠦᠭᠵᠢᠶᠡᠨᠳᠤ ᠤᠯᠠᠷᠢᠯ ᠶ᠋ᠢᠡᠨ ᠤᠭᠳᠤᠨ ᠠᠪᠴᠠᠢ᠃
ᠤᠢᠷ᠎ᠠ ᠳ᠋ᠤ ᠰᠤᠷᠪᠤᠯᠵᠢᠯᠠᠭᠴᠢ ᠬᠦᠬᠡᠬᠤᠲᠠ ᠭᠠᠯᠲᠤ ᠲᠡᠷᠭᠡᠨ ᠦᠷᠲᠡᠭᠡ ᠶ᠋ᠢᠨ ᠡᠮᠦᠨ᠎ᠡ ᠲᠠᠯ᠎ᠠ ᠶ᠋ᠢᠨ ᠰᠤᠶᠤᠯ ᠤ᠋ᠨ ᠤᠷᠳᠤᠨ ᠵᠠᠮ ᠶ᠋ᠢᠡᠷ ᠶᠠᠪᠤᠬᠤ ᠳ᠋ᠤ ᠵᠠᠮ ᠤ᠋ᠨ ᠬᠤᠶᠠᠷ ᠲᠠᠯ᠎ᠠ ᠶ᠋ᠢᠨ ᠬᠤᠳᠠᠯᠳᠤᠭᠠᠨ ᠤ᠋ ᠭᠠᠵᠠᠷ ᠪᠠ ᠬᠤᠭᠤᠯᠠᠨ ᠬᠡᠷ ᠲᠤ᠌ ᠬᠦᠮᠦᠨ ᠬᠠᠷ᠎ᠠ ᠰᠦᠯᠵᠢᠯᠳᠦᠵᠤ ᠬᠦᠷ ᠬᠦᠭᠵᠢᠶᠡᠨ ᠵᠢᠡᠷ ᠪᠢᠯᠬᠠᠨ᠎ᠠ᠃
ᠦᠳᠡ ᠤᠢᠷᠠᠳᠴᠦ ᠭᠡᠳᠡᠰᠦ ᠪᠡᠨ ᠪᠤᠷᠤᠯᠠᠭᠤᠯᠬᠤ ᠴᠠᠭ ᠪᠤᠯᠬᠤ ᠳ᠋ᠦ ᠴᠤᠩᠬᠤ ᠰᠢᠯ ᠨᠢ ᠬᠢᠯ᠎ᠠ ᠴᠢᠯᠠ᠂ ᠶᠠᠭᠤ ᠪᠦᠬᠦᠨ ᠨᠢ ᠴᠡᠪᠡᠷ ᠲᠤᠬᠢᠯᠢᠭ ᠬᠠᠷᠠᠭᠳᠠᠬᠤ ᠹᠦ ᠬᠤᠢ ᠦᠪᠡᠰᠤᠪᠠᠨ ᠰᠤᠩᠭᠤᠬᠤ ᠬᠤᠭᠤᠯᠠᠨ ᠭᠡᠷ ᠬᠠᠷᠠᠭᠠᠨ ᠳ᠋ᠤ ᠤᠷᠤᠪᠠ᠃ ᠲᠡᠮᠦᠷ ᠲᠤᠭᠤᠭᠠᠨ ᠳ᠋ᠤ ᠴᠢᠨᠠᠭᠰᠠᠨ ᠬᠠᠯᠠᠭᠤᠨ ᠠᠭᠤᠷ ᠰᠠᠪᠰᠠᠯᠠᠭᠰᠠᠨ ᠱᠦᠯᠦ ᠲᠠᠢ ᠵᠠᠭᠤᠰᠢ ᠪᠤᠯᠤᠨ ᠰᠢᠷᠡᠭᠡ ᠳᠤᠭᠤᠷᠢᠭᠯᠠᠨ ᠲᠡᠭᠳᠡᠷ ᠳᠡᠭᠲᠡᠷ ᠵᠡᠷᠭᠡᠯᠡᠭᠰᠡᠨ ᠡᠯ᠎ᠠ ᠵᠦᠢᠯ ᠤ᠋ᠨ ᠬᠠᠭᠤᠷᠤᠯᠭ᠎ᠠ ᠬᠠᠭᠠᠷᠢᠯᠭ᠎ᠠ ᠵᠢ ᠨᠢ ᠬᠠᠷᠠᠭᠠᠳ ᠪᠢᠳᠡ ᠦᠪᠡᠷ ᠤ᠋ᠨ ᠡᠷᠬᠡ ᠦᠭᠡᠢ ᠰᠢᠯᠦᠰᠦ ᠪᠡᠨ ᠵᠠᠯᠬᠢᠨ ᠤᠷᠤᠵᠦ ᠦᠵᠡᠶ᠎ᠠ ᠭᠡᠮᠠᠨ ᠳᠤᠳᠤᠭᠰᠢᠯᠠᠵᠠᠢ᠃
ᠦᠪᠡᠰᠤᠪᠠᠨ ᠰᠤᠩᠭᠤᠬᠤ ᠬᠤᠭᠤᠯᠠ ᠭᠡᠬᠦ ᠪᠡᠷ ᠡᠳᠡᠨ ᠤ᠋ ᠬᠢ ᠴᠢᠨᠠᠭᠰᠠᠨ ᠮᠢᠬ᠎ᠠ᠂ ᠬᠠᠭᠠᠷᠢᠭᠰᠠᠨ ᠭᠡᠳᠡᠰᠦ᠂ ᠬᠠᠭᠤᠷᠤᠭᠰᠠᠨ ᠨᠤᠭᠤᠭ᠎ᠠ᠂ ᠪᠤᠤᠵᠠ ᠪᠠᠩᠰᠢ᠂ ᠮᠠᠨᠳᠠᠤ ᠪᠤᠳᠠᠭ᠎ᠠ᠂ ᠰᠦ ᠲᠠᠢ ᠴᠠᠢ᠂ ᠬᠠᠷ᠎ᠠ ᠴᠠᠢ᠂ ᠵᠢᠮᠢᠰ ᠭᠡᠳ 60 ᠰᠢᠬᠠᠮ ᠵᠦᠢᠯ ᠤ᠋ᠨ ᠢᠳᠡᠭᠡᠨ ᠤᠮᠳᠠᠭᠠᠨ ᠬᠠᠩᠭᠠᠵᠤ᠂ ᠬᠦᠮᠦᠨ ᠪᠦᠷᠢ 30 ᠭᠠᠷᠤᠢ ᠲᠦᠬᠦᠷᠢᠭ ᠶ᠋ᠢᠡᠷ ᠦᠪᠡᠷ ᠤ᠋ᠨ ᠳᠤᠷᠠᠳᠠᠢ ᠬᠤᠭᠤᠯᠠ ᠤᠮᠳᠠ ᠪᠡᠨ ᠰᠤᠩᠭᠤᠵᠤ ᠪᠤᠯᠳᠠᠭ ᠶ᠋ᠢᠡᠷ ᠬᠤᠭᠤᠯᠠᠨ ᠤ᠋ ᠴᠠᠭ ᠲᠤ᠌ ᠶᠡᠷᠦ ᠨᠢ ᠵᠤᠴᠢᠨ ᠲᠠᠰᠤᠷᠠᠬᠤ ᠦᠭᠡᠢ ᠶᠤᠮ᠃

ᠯᠢᠡᠭ ᠯᠢᠡᠭ
ᠦᠳᠡ ᠶ᠋ᠢᠨ 12 ᠴᠠᠭ ᠤ᠋ᠨ ᠦᠶ᠎ᠡ ᠪᠡᠷ ᠬᠡᠳᠦᠨ ᠳᠤᠮᠤ ᠬᠡᠯᠪᠡᠷᠢ ᠶ᠋ᠢᠨ ᠠᠶᠠᠨᠴᠢᠳ ᠤ᠋ᠨ ᠮᠠᠰᠢᠨ ᠬᠤᠭᠤᠯᠠᠨ ᠭᠡᠷ ᠤ᠋ᠨ ᠡᠭᠦᠳᠡᠨ ᠳ᠋ᠤ ᠢᠷᠡᠵᠦ ᠬᠤᠢᠨ᠎ᠠ ᠬᠤᠢᠨ᠎ᠠ ᠡᠴᠡ ᠪᠡᠨ ᠮᠦᠷᠯᠡᠨ ᠵᠤᠭᠰᠤᠪᠠ᠃ ᠬᠠᠷᠠᠵᠤ ᠪᠠᠢᠳᠠᠯ᠎ᠠ ᠮᠤᠡᠭᠭᠤᠯ ᠤᠯᠤᠰ ᠤ᠋ᠨ ᠬᠡᠮᠡᠷ ᠵᠢᠭᠤᠯᠴᠢᠯᠠᠭᠰᠠᠳ ᠠᠷᠤ ᠠᠷᠤ ᠡᠴᠡ ᠪᠡᠨ ᠲᠡᠷᠭᠡᠨ ᠡᠴᠡ ᠪᠠᠭᠤᠵᠤ ᠬᠤᠭᠤᠯᠠᠨ ᠭᠡᠷ ᠵᠦᠭ ᠴᠤᠪᠤᠷᠠᠯᠳᠤᠵᠤ᠂ ᠬᠤᠭᠤᠯᠠᠨ ᠭᠡᠷ ᠨᠢᠭᠡ ᠯᠡ ᠳᠡᠭᠡᠷ᠎ᠠ ᠫᠢᠳ ᠳᠦᠬᠦᠷᠴᠠᠢ᠃
ᠦᠷᠦᠭᠡ ᠳᠦᠭᠦᠷᠡᠡᠭ ᠵᠤᠴᠢᠳ ᠤ᠋ᠨ ᠳᠤᠮᠳᠠᠭᠤᠷ ᠳᠦᠴᠢ ᠡᠷᠬᠢᠮᠠ ᠨᠠᠰᠤᠨ ᠤ᠋ ᠨᠢᠭᠡᠨ ᠪᠦᠰᠡᠭᠦᠢ ᠪᠤᠰᠢᠭᠤ ᠱᠠᠯᠠᠮᠠᠭᠠᠢ ᠬᠦᠳᠡᠯᠦᠨ ᠬᠤᠭᠤᠯᠠ ᠵᠠᠭᠤᠰᠢ ᠲᠦᠪᠬᠢᠨᠡᠭᠦᠯᠵᠦ᠂ ᠴᠠᠢ ᠤᠰᠤ ᠪᠠᠢᠷᠢᠯᠠᠭᠤᠯᠤᠨ᠂ ᠤᠨᠠᠭᠰᠠᠨ ᠮᠠᠯᠠᠭᠠᠢ ᠪᠠᠨ ᠠᠪᠬᠤ ᠵᠡᠪ ᠦᠬᠡᠢ ᠶᠠᠭᠠᠷᠠᠯᠳᠤᠨ᠎ᠠ᠃ ᠡᠨᠡ ᠬᠦᠮᠦᠨ ᠪᠤᠯ ᠳᠠᠷᠤᠢ ᠬᠤᠭᠤᠯᠠᠨ ᠭᠡᠷ ᠤ᠋ᠨ ᠡᠵᠡᠨᠳᠡᠡ ᠮᠤᠡᠭᠭᠤᠯ ᠪᠦᠰᠡᠭᠦᠢ ᠯᠢᠡᠭ ᠯᠢᠡᠭ ᠪᠤᠯᠤᠨ᠎ᠠ᠃ ᠲᠡᠷᠡ ᠪᠡᠷ 2000 ᠤᠨ ᠳ᠋ᠦ 16 ᠨᠠᠰᠤ ᠲᠠᠢ ᠳ᠋ᠠᠭᠠᠨ ᠠᠡᠭᠬ᠎ᠠ ᠳᠤᠮᠳᠠᠳᠤ ᠪᠠᠨ ᠠᠷᠠᠢ ᠲᠡᠭᠦᠰᠦᠭᠰᠡᠨ ᠦᠭᠡᠢ ᠪᠡᠷ ᠠᠷᠤ ᠭᠡᠷ ᠡᠴᠡ ᠪᠠᠨ ᠰᠠᠯᠵᠤ᠂ ᠨᠠᠭᠠᠴᠤ ᠪᠠᠨ ᠵᠤᠷᠢᠨ᠂ ᠬᠤᠷᠴᠢᠨ ᠨᠤᠲᠤᠭ ᠡᠴᠡ ᠤᠷᠤᠨ ᠤ᠋ ᠲᠦᠪ ᠬᠦᠬᠡᠬᠤᠲᠠ ᠳ᠋ᠦ ᠢᠷᠡᠭᠰᠡᠨ ᠶᠤᠮ᠃ ᠰᠠᠶᠢ ᠬᠦᠬᠡᠬᠤᠲᠠ ᠳ᠋ᠦ ᠢᠷᠡᠬᠦ ᠪᠡᠷ ᠨᠠᠰᠤ ᠪᠠᠭ᠎ᠠ ᠴᠢᠰᠤ ᠰᠢᠡᠭᠭᠡᠨ᠂ ᠨᠡᠢᠭᠡᠮ ᠤ᠋ᠨ ᠲᠤᠷᠰᠢᠯᠭ᠎ᠠ ᠭᠡᠮᠡᠨ ᠦᠭᠡᠢ ᠤᠴᠢᠷ ᠡᠴᠡ ᠠᠵᠢᠯ ᠡᠷᠢᠬᠦ ᠭᠡᠵᠦ ᠤᠯᠠᠨ ᠭᠠᠵᠠᠷ ᠶ᠋ᠢᠡᠷ ᠤᠷᠤᠭᠰᠠᠨ ᠪᠤᠯᠪᠠᠴᠤ ᠪᠦᠷ ᠬᠠᠳᠠ ᠮᠦᠷᠭᠦᠵᠦ ᠨᠡᠢᠭᠡᠮ ᠤ᠋ᠨ ᠡᠯ᠎ᠡ ᠬᠠᠯᠠ ᠵᠢ ᠠᠡᠭᠬ᠎ᠠ ᠠᠮᠰᠠᠵᠠᠢ᠃ ᠰᠡᠭᠦᠯ ᠳ᠋ᠤᠨᠢ ᠨᠠᠭᠠᠴᠤ ᠨᠢ ᠨᠢᠭᠡ ᠲᠠᠨᠢᠯ ᠳ᠋ᠠᠭᠠᠨ ᠬᠡᠯᠡᠵᠦ ᠪᠠᠢᠭᠠᠳ ᠬᠤᠭᠤᠯᠠᠨ ᠭᠡᠷ ᠲᠤᠨᠢ ᠠᠷᠰᠠᠷ ᠠᠵᠢᠯ ᠬᠢᠯᠭᠡᠬᠦ ᠪᠡᠷ ᠪᠤᠯᠪᠠ᠃
ᠠᠰᠢᠭᠦᠢ ᠠᠵᠢᠯ ᠤᠯᠤᠭᠰᠠᠨ ᠯᠢᠡᠭ ᠯᠢᠡᠭ ᠠᠷᠭ᠎ᠠ ᠦᠭᠡᠢ ᠪᠠᠶᠠᠷᠯᠠᠵᠤ᠂ ᠨᠠᠰᠤ ᠪᠠᠭ᠎ᠠ ᠲᠠᠮᠢᠷ ᠲᠡᠡᠭᠭᠡᠭᠡ ᠪᠡᠷ ᠠᠨᠠᠢ᠂ ᠲᠤᠷᠰᠢᠯᠭ᠎ᠠ ᠮᠡᠬᠦᠰ ᠪᠤᠯᠪᠠᠴᠤ ᠴᠢᠳᠠᠯ ᠤ᠋ᠨ ᠶ᠋ᠢᠡᠨ ᠬᠢᠷᠢ ᠪᠡᠷ ᠴᠢᠷᠮᠠᠢᠵᠤ᠂ ᠨᠠᠷᠢᠨ ᠨᠢᠮᠪᠠᠢ ᠪᠦᠭᠡᠳ ᠢᠳᠡᠪᠬᠢᠳᠠᠢ ᠪᠡᠷ ᠰᠤᠷᠤᠯᠴᠠᠬᠤ ᠤᠪᠤᠷ ᠶ᠋ᠢᠡᠷ ᠠᠷᠴᠢᠵᠤ ᠠᠷᠢᠯᠭᠠᠨ ᠤᠬᠢᠶᠠᠵᠤ ᠴᠡᠪᠡᠷᠯᠡᠬᠦ ᠠᠵᠢᠯ ᠡᠴᠡ ᠡᠬᠢᠯᠡᠨ ᠬᠢᠵᠦ᠂ ᠠᠭᠠᠵᠢᠮ ᠠᠭᠠᠵᠢᠮ ᠶ᠋ᠢᠡᠷ ᠠᠷᠭ᠎ᠠ ᠵᠠᠮ ᠶ᠋ᠢᠡᠨ ᠤᠯᠵᠤ᠂ ᠦᠢᠯᠡᠴᠢᠯᠡᠭᠴᠢ᠂ ᠬᠤᠭᠤᠯᠠ ᠵᠠᠬᠢᠶᠠᠯᠠᠭᠴᠢ᠂ ᠨᠤᠭᠤᠭ᠎ᠠ ᠵᠦᠭᠡᠭᠡᠭᠴᠢ ᠬᠡᠮᠡᠨ ᠠᠵᠢᠯ ᠤ᠋ᠨ ᠪᠠᠢᠷᠢ ᠪᠤᠯᠭᠠᠨ ᠳ᠋ᠦ ᠠᠵᠢᠯᠯᠠᠵᠤ ᠦᠵᠡᠭᠰᠡᠨ ᠶ᠋ᠢᠡᠨ ᠰᠡᠭᠦᠯᠳᠡᠵᠦ ᠢᠷᠡᠭᠡᠳ ᠪᠠᠭ ᠤ᠋ᠨ ᠳᠠᠭᠠᠭᠤᠯᠤᠭᠴᠢ᠂ ᠬᠤᠭᠤᠯᠠᠨ ᠭᠡᠷ ᠤ᠋ᠨ ᠠᠬᠠᠯᠠᠭᠴᠢ ᠪᠤᠯᠵᠤ᠂ ᠠᠬᠢᠨ ᠳᠠᠭᠠᠭᠠᠮᠠᠯ ᠪᠤᠯᠵᠤ ᠵᠡᠷᠭᠡ ᠳᠡᠪᠰᠢᠪᠡ᠃ ᠲᠡᠷᠡ ᠪᠡᠷ 6 ᠵᠢᠯ ᠤ᠋ᠨ ᠴᠠᠭ ᠵᠠᠷᠤᠴᠠᠭᠤᠯᠵᠤ ᠢᠳᠡᠭᠡᠨ ᠤᠮᠳᠠᠭᠠᠨ ᠤ᠋ ᠦᠢᠯᠡᠴᠢᠯᠡᠭᠡ᠂ ᠬᠤᠭᠤᠯᠠᠨ ᠭᠡᠷ ᠤ᠋ᠨ ᠬᠠᠮᠢᠶᠠᠷᠤᠯᠲᠠ᠂ ᠵᠤᠴᠢᠳ ᠲᠠᠢ ᠬᠠᠷᠢᠴᠠᠬᠤ ᠠᠷᠭ᠎ᠠ ᠵᠡᠷᠭᠡ ᠵᠢ ᠡᠵᠡᠮᠰᠢᠨ᠂ ᠯᠠᠪᠳᠠᠭᠤᠨ ᠪᠠᠳᠤᠲᠠᠢ ᠠᠵᠢᠯ ᠤ᠋ᠨ ᠴᠢᠳᠠᠪᠤᠷᠢ᠂ ᠪᠤᠳᠠᠳᠠᠢ ᠵᠢ ᠡᠷᠬᠢᠮᠯᠡᠬᠦ ᠠᠵᠢᠯ ᠤ᠋ᠨ ᠰᠤᠷᠳᠠᠯ ᠲᠠᠢ ᠪᠤᠯᠵᠤ᠂ ᠠᠵᠢᠯ ᠳ᠋ᠠᠭᠠᠨ ᠴᠠᠭᠠᠷᠠᠨ ᠦᠢᠯᠡᠰ ᠳᠡᠭᠡᠨ ᠰᠢᠭᠤᠳᠤᠭᠰᠠᠨ ᠬᠠᠰᠢᠷ ᠭᠠᠷ ᠪᠤᠯᠵᠠᠢ᠃

2007 ᠤᠨ ᠳ᠋ᠦ ᠯᠢᠡᠭ ᠯᠢᠡᠭ ᠬᠤᠭᠤᠯᠠᠨ ᠭᠡᠷ ᠲᠦ᠍ ᠬᠠᠮᠲᠤ ᠠᠵᠢᠯᠯᠠᠵᠤ ᠪᠠᠢᠬᠤ ᠳ᠋ᠠᠭᠠᠨ ᠦᠶᠡᠷᠬᠡᠨ ᠳᠠᠰᠤᠯᠴᠠᠵᠤ ᠢᠨᠠᠭ ᠠᠮᠠᠷᠠᠭ ᠤ᠋ᠨ ᠬᠡᠯᠬᠢᠶ᠎ᠡ ᠲᠠᠢ ᠪᠤᠯᠤᠭᠰᠠᠨ ᠨᠠᠢᠵᠠ ᠵᠠᠯᠠᠭᠤ ᠲᠠᠢ ᠪᠠᠨ ᠠᠵᠠ ᠵᠢᠷᠭᠠᠯ ᠶ᠋ᠢᠡᠨ ᠬᠤᠯᠪᠤᠨ ᠠᠢᠯ ᠭᠡᠷ ᠪᠤᠰᠬᠠᠪᠠ᠃ ᠲᠡᠭᠦᠨᠴᠢᠯᠡᠨ ᠲᠡᠷᠡ ᠪᠡᠷ ᠠᠷᠤ ᠭᠡᠷ ᠠᠵᠢᠯ ᠦᠢᠯᠡᠰ ᠶ᠋ᠢᠡᠨ ᠬᠠᠮᠳᠤ ᠳ᠋ᠤᠨᠢ ᠬᠠᠷᠠᠭᠠᠯᠵᠠᠬᠤ ᠶ᠋ᠢᠨ ᠵᠡᠷᠭᠡ ᠪᠡᠷ ᠬᠦᠭᠵᠢᠶᠡᠨ ᠶᠡᠬᠡᠲᠡᠢ ᠬᠦᠬᠡᠬᠤᠲᠠ ᠳ᠋ᠦ ᠯᠠᠪᠳᠠᠭᠤᠨ ᠶ᠋ᠢᠡᠷ ᠬᠦᠯ ᠲᠤᠭᠲᠠᠬᠤ ᠭᠡᠵᠦ ᠬᠦᠭᠵᠢᠯᠳᠡ ᠶ᠋ᠢᠨ ᠤᠷᠤᠨ ᠵᠠᠢ ᠨᠢ ᠨᠡᠡᠭ ᠶᠠᠬᠡ ᠵᠸᠠ ᠵᠸᠡᠭ ᠳ᠋ᠸᠤᠹᠥ᠋ ᠶ᠋ᠢᠨ ᠦᠢᠯᠡᠳᠭᠡᠯ ᠤ᠋ᠨ ᠬᠤᠭᠤᠯᠠᠨ ᠭᠡᠷ ᠤ᠋ᠨ ᠨᠢᠭᠡᠨ ᠬᠠᠮᠳᠤᠷᠠᠭᠰᠠᠨ ᠬᠤᠭᠤᠯᠠᠨ ᠭᠡᠷ ᠤ᠋ᠨ ᠬᠠᠮᠢᠶᠠᠷᠤᠭᠴᠢ ᠪᠡᠷ ᠠᠵᠢᠯ ᠰᠢᠯᠵᠢᠵᠠᠢ᠃ ᠲᠡᠷᠡ ᠠᠵᠢᠯᠴᠢ ᠬᠢᠴᠢᠶᠡᠡᠭᠭᠦᠢ ᠪᠡᠷ ᠬᠤᠭᠤᠯᠠᠨ ᠭᠡᠷ ᠤ᠋ᠨ ᠶᠡᠬᠡ ᠪᠠᠭ᠎ᠠ ᠶᠠᠪᠤᠳᠠᠯ ᠢ᠋ ᠵᠤᠬᠢᠴᠠᠭᠤᠯᠵᠤ᠂ ᠬᠤᠭᠤᠯᠠ ᠤᠮᠳᠠ ᠶ᠋ᠢᠨ ᠶᠠᠰᠤ ᠴᠢᠨᠠᠷ ᠢ᠋ ᠴᠢᠡᠭᠭ᠎ᠠ ᠬᠠᠮᠢᠶᠠᠷᠤᠨ᠂ ᠦᠢᠯᠡᠴᠢᠯᠡᠭᠡᠨ ᠤ᠋ ᠨᠠᠷᠢᠨ ᠵᠦᠢᠯᠡᠰ ᠢ᠋ ᠠᠩᠬᠠᠷᠴᠤ᠂ ᠡᠵᠡᠡᠭᠨᠡᠯᠲᠡ ᠶ᠋ᠢᠨ ᠦᠷ᠎ᠡ ᠪᠦᠲᠦᠮᠵᠢ ᠪᠠᠨ ᠳᠡᠭᠡᠭᠰᠢᠯᠡᠭᠦᠯᠵᠤ᠂ ᠤᠯᠠᠨ ᠡᠴᠡ ᠤᠷᠤᠢᠯᠠᠭᠰᠠᠨ ᠬᠠᠮᠢᠶᠠᠷᠤᠨ ᠵᠤᠬᠢᠴᠠᠭᠤᠯᠬᠤ ᠴᠢᠳᠠᠪᠤᠷᠢ ᠳ᠋ᠠᠭᠠᠨ ᠲᠦᠰᠢᠭᠯᠡᠨ ᠤᠷᠤᠨ ᠲᠤᠭᠤᠷᠢᠭ ᠤ᠋ᠨ ᠶᠡᠷᠦᠡᠭᠬᠡᠢ ᠳᠠᠭᠠᠭᠠᠮᠠᠯ ᠪᠤᠯᠵᠤ᠂ ᠤᠯᠠᠨ ᠠᠷᠪᠢᠨ ᠬᠠᠮᠳᠤᠷᠠᠭᠰᠠᠨ ᠬᠤᠭᠤᠯᠠᠨ ᠭᠡᠷ ᠤ᠋ᠨ ᠡᠵᠡᠡᠭᠨᠡᠯᠲᠡ ᠵᠢ ᠨᠢᠭᠡᠲᠦᠯᠲᠡᠢ ᠲᠦᠯᠦᠪᠵᠢᠭᠦᠯᠦᠨ ᠬᠠᠮᠢᠶᠠᠷᠬᠤ ᠪᠤᠯᠤᠭᠰᠠᠨ ᠶᠤᠮ᠃
2012 ᠤᠨ ᠳ᠋ᠦ ᠲᠡᠷᠡ ᠪᠡᠷ ᠵᠸᠠ ᠵᠸᠡᠭ ᠳ᠋ᠸᠤᠹᠥ᠋ ᠶ᠋ᠢᠨ ᠦᠢᠯᠡᠳᠭᠡᠯ ᠤ᠋ᠨ ᠬᠤᠭᠤᠯᠠᠨ ᠭᠡᠷ ᠤ᠋ᠨ ᠵᠠᠬ᠎ᠠ ᠳᠡᠯᠭᠡᠭᠦᠷ ᠤ᠋ᠨ ᠬᠦᠭᠵᠢᠯᠲᠠ ᠰᠠᠢᠨ ᠪᠠᠢᠬᠤ ᠶ᠋ᠢ ᠠᠵᠢᠵᠤ ᠬᠤᠪᠢ ᠤᠷᠤᠵᠤ ᠬᠤᠪᠢᠴᠠᠭ᠎ᠠ ᠡᠵᠡᠮᠳᠡᠭᠴᠢ ᠪᠤᠯᠵᠤ᠂ ᠠᠵᠢᠯ ᠲᠦᠷᠦᠯ ᠤ᠋ᠨ ᠦᠷᠭᠡᠨ ᠳᠡᠯᠭᠡᠷ ᠡᠬᠢ ᠪᠠᠶᠠᠯᠢᠭ ᠪᠤᠯᠤᠨ ᠬᠤᠭᠤᠯᠠᠨ ᠭᠡᠷ ᠤ᠋ᠨ ᠬᠠᠮᠢᠶᠠᠷᠤᠯᠲᠠ ᠶ᠋ᠢᠨ ᠲᠤᠷᠰᠢᠯᠭ᠎ᠠ ᠬᠤᠷᠠᠮᠳᠤᠭᠤᠯᠤᠨ᠂ ᠠᠡᠭᠬᠠᠨ ᠤ᠋ ᠭᠠᠨᠵᠤᠭ᠎ᠠ ᠮᠦᠡᠭᠬᠦ ᠪᠠᠨ ᠴᠤᠭᠯᠠᠭᠤᠯᠪᠡ᠃ ᠲᠡᠭᠡᠭᠡᠳ 2019 ᠤᠨ ᠳ᠋ᠦ ᠬᠤᠪᠢᠴᠠᠭᠠᠨ ᠤ᠋ ᠮᠦᠩᠬᠦ ᠪᠡᠨ ᠪᠦᠬᠦᠨ ᠢ᠋ ᠭᠠᠷᠭᠠᠨ ᠠᠪᠴᠤ᠂ ᠦᠪᠡᠷ ᠤ᠋ᠨ ᠬᠡᠰᠡᠨ ᠬᠤᠭᠤᠯᠠᠨ ᠭᠡᠷ ᠢ᠋ ᠡᠵᠡᠡᠭᠨᠡᠬᠦ ᠪᠡᠷ ᠵᠤᠷᠢᠭ ᠰᠢᠭᠤᠳᠴᠠᠢ᠃
ᠤᠳᠠᠭᠠᠨ ᠵᠢᠯ ᠤ᠋ᠨ ᠦᠭᠡᠳᠡ ᠲᠠᠢ ᠤᠷᠤᠭᠰᠢ ᠲᠠᠢ ᠠᠵᠢᠯ ᠦᠢᠯᠡᠰ ᠤ᠋ᠨ ᠵᠠᠮᠨᠠᠯ ᠲᠠᠢ ᠡᠴᠡ ᠪᠤᠯᠵᠤ ᠯᠢᠡᠭ ᠯᠢᠡᠭ ᠠᠡᠭᠬ᠎ᠠ ᠦᠢᠯᠡᠰ ᠪᠤᠰᠬᠠᠬᠤ ᠳ᠋ᠠᠭᠠᠨ ᠵᠢᠭᠠᠬᠠᠨ ᠠᠭᠰᠤᠮ ᠤᠮᠤᠷᠬᠠᠭ ᠤᠪᠤᠷ ᠶ᠋ᠢᠡᠷ ᠬᠠᠨᠳᠤᠵᠤ᠂ ᠪᠠᠭ᠎ᠠ ᠪᠤᠰᠤ ᠨᠤᠭᠤᠷᠠᠯ ᠪᠦᠳᠦᠷᠢᠯ ᠳ᠋ᠦ ᠤᠴᠠᠷᠠᠵᠠᠢ᠃
ᠤᠯᠠᠨ ᠵᠢᠯ ᠤ᠋ᠨ ᠰᠤᠷᠴᠤ ᠡᠵᠡᠮᠰᠢᠭᠰᠡᠨ ᠵᠦᠢᠯ ᠶ᠋ᠢᠡᠨ ᠪᠤᠳᠠᠳᠠᠢ ᠳ᠋ᠦ ᠨᠠᠢᠳᠠᠪᠤᠷᠢᠵᠢᠭᠤᠯᠤᠨ ᠦᠢᠯᠡᠳᠦᠯᠭᠡ ᠪᠡᠷ ᠭᠡᠷᠡᠴᠢᠯᠡᠬᠦ ᠵᠢ ᠶᠠᠭᠠᠷᠠᠭᠰᠠᠨ ᠲᠡᠷᠡ ᠪᠡᠷ ᠤᠷᠢᠳ ᠬᠤᠵᠢᠳ 2 ᠬᠠᠭᠰᠠᠭᠠᠭᠰᠠᠨ ᠪᠤᠤᠵᠠ ᠶ᠋ᠢᠨ ᠬᠤᠭᠤᠯᠠᠨ ᠭᠡᠷ ᠨᠡᠭᠡᠭᠡᠵᠦ᠂ ᠬᠦᠮᠦᠨ ᠤᠯᠠᠨᠲᠠᠢ ᠬᠠᠢ ᠯᠢᠶᠠᠡᠭ ᠬᠤᠳᠠᠯᠳᠤᠭᠠᠨ ᠤ᠋ ᠲᠠᠯᠠᠪᠤᠷ ᠲᠦ᠍ ᠪᠠᠰᠠ ᠨᠢᠭᠡᠨ ᠤᠮᠳᠠᠭᠠᠨ ᠤ᠋ ᠳᠡᠯᠭᠡᠭᠦᠷ ᠨᠡᠭᠡᠭᠡᠭᠰᠡᠨ ᠪᠦᠭᠡᠳ ᠠᠯᠤᠰ ᠬᠤᠯᠠ ᠮᠠᠨᠵᠤᠤᠷ᠂ ᠰᠢ ᠠᠨ ᠳ᠋ᠦ ᠬᠦᠷᠳᠡᠯ᠎ᠠ ᠢᠳᠡᠭᠡᠨ ᠤᠮᠳᠠᠭᠠᠨ ᠤ᠋ ᠲᠦᠷᠦᠯ ᠵᠦᠢᠯ ᠳ᠋ᠦ ᠪᠡᠯᠡ ᠤᠷᠤᠭᠤᠯᠵᠤ ᠶᠠᠪᠤᠯ᠎ᠠ᠃ ᠲᠡᠭᠡᠬᠦ ᠳ᠋ᠤ ᠬᠢᠵᠢᠭ ᠳᠡᠯᠭᠡᠷᠡᠭᠰᠡᠨ᠂ ᠵᠠᠬ᠎ᠠ ᠳᠡᠯᠭᠡᠭᠦᠷ ᠬᠤᠪᠢᠷᠠᠯᠳᠠ ᠶᠡᠬᠡᠳᠠᠢ ᠪᠤᠯᠤᠭᠰᠠᠨ ᠵᠡᠷᠭᠡ ᠤᠯᠠᠨ ᠵᠦᠢᠯ ᠤ᠋ᠨ ᠰᠢᠯᠲᠠᠭᠠᠨ ᠡᠴᠡ ᠪᠤᠯᠵᠤ ᠬᠡᠳᠦᠬᠡᠨ ᠵᠢᠯ ᠤ᠋ᠨ ᠳᠤᠲᠤᠷ᠎ᠠ ᠬᠢᠭᠰᠡᠨ ᠪᠦᠬᠦᠨ ᠨᠢ ᠢᠯᠠᠭᠳᠠᠯ ᠳ᠋ᠦ ᠤᠴᠠᠷᠠᠵᠤ᠂ ᠤᠯᠠᠨ ᠵᠢᠯ ᠤ᠋ᠨ ᠬᠤᠷᠠᠮᠳᠤᠭᠤᠯᠤᠭᠰᠠᠨ ᠮᠦᠩᠬᠦ ᠨᠢ ᠴᠦ᠍ ᠳᠠᠭᠤᠰᠤᠭᠰᠠᠨ ᠪᠠᠢᠨ᠎ᠠ᠃

《ᠲᠦᠮᠡᠨ ᠶᠠᠪᠤᠳᠠᠯ ᠡᠬᠢᠯᠡᠬᠦ ᠳ᠋ᠤ ᠪᠡᠷᠬᠡ ᠭᠡᠭᠴᠢ ᠦᠨᠡᠨ ᠶᠤᠮ ᠪᠠᠢᠨ᠎ᠠ᠃ ᠬᠤᠭᠤᠯᠠᠨ ᠭᠡᠷ ᠡᠷᠬᠢᠯᠡᠬᠦ ᠨᠢ ᠲᠡᠢᠮᠦ ᠠᠮᠠᠷᠬᠠᠨ ᠶᠠᠪᠤᠳᠠᠯ ᠪᠢᠰᠢ᠂ ᠪᠤᠰᠤᠳ ᠤ᠋ᠨ ᠬᠤᠭᠤᠯᠠᠨ ᠭᠡᠷ ᠢ᠋ ᠬᠠᠮᠢᠶᠠᠷᠤᠨ ᠵᠤᠬᠢᠴᠠᠭᠤᠯᠬᠤ ᠬᠢᠭᠡᠳ ᠦᠪᠡᠷ ᠶ᠋ᠢᠡᠨ ᠬᠤᠭᠤᠯᠠᠨ ᠭᠡᠷ ᠡᠷᠬᠢᠯᠡᠬᠦ ᠨᠢ ᠬᠤᠶᠠᠷ ᠠᠰᠲᠠᠭᠠᠨ ᠶᠠᠪᠤᠳᠠᠯ᠃ ᠦᠪᠡᠷ ᠶ᠋ᠢᠡᠨ ᠭᠠᠷᠳᠠᠵᠤ ᠬᠢᠪᠡᠯ ᠰᠠᠶᠢ ᠡᠭᠦᠨ ᠤ᠋ ᠲᠤᠳᠤᠷᠠᠬᠢ ᠤᠴᠢᠷ ᠤᠬᠠᠭᠠᠨ ᠢ᠋ ᠨᠢ ᠨᠠᠷᠢᠨ ᠤᠢᠯᠠᠭᠠᠵᠤ ᠳᠡᠢᠯᠦᠨ᠎ᠡ》 ᠭᠡᠵᠦ ᠯᠢᠡᠭ ᠯᠢᠡᠭ ᠲᠤᠬᠠᠢ ᠶ᠋ᠢᠨ ᠦᠶ᠎ᠡ ᠶ᠋ᠢᠨ ᠪᠠᠢᠳᠠᠯ ᠶ᠋ᠢᠡᠨ ᠡᠷᠬᠢᠴᠡᠭᠦᠯᠬᠦ ᠪᠡᠷ ᠳᠡᠰᠭᠡᠯ ᠦᠭᠡᠢ ᠰᠡᠭᠦᠷᠡᠰᠦ ᠠᠯᠳᠠᠵᠤ ᠪᠠᠢᠯ᠎ᠠ᠃
ᠦᠢᠯᠡᠰ ᠪᠦᠲᠦᠭᠡᠬᠦ ᠭᠡᠭᠴᠢ ᠯᠠᠪᠳᠠᠭᠤᠨ ᠪᠠᠳᠤᠳᠠᠢ ᠬᠦᠰᠡᠯ ᠵᠤᠷᠢᠯᠲᠠ ᠦᠭᠡᠢ ᠪᠤᠯ ᠪᠠᠢᠩᠭᠤ ᠰᠤᠯᠠ ᠳᠤᠷᠤᠢ ᠶᠠᠪᠤᠵᠤ᠂ ᠳᠤᠳᠠᠭᠤ ᠳᠤᠷᠭᠤᠨ ᠵᠤᠭᠰᠤᠬᠤ ᠠᠶᠤᠯ ᠲᠠᠢ ᠶᠤᠮ᠃ ᠯᠢᠡᠭ ᠯᠢᠡᠭ ᠲᠤᠬᠠᠢ ᠶ᠋ᠢᠨ ᠦᠶ᠎ᠡ ᠳ᠋ᠡᠭᠡᠨ ᠠᠯᠳᠠᠯ᠎ᠠ᠂ ᠤᠨᠠᠯ᠎ᠠ ᠭᠡᠵᠦ ᠭᠤᠨᠢᠵᠤ ᠭᠤᠲᠤᠷᠠᠵᠤ ᠠᠪᠤᠭᠰᠠᠨ ᠪᠤᠯᠪᠠᠴᠤ 《ᠬᠢᠪᠡᠯ ᠬᠢᠭᠰᠡᠨ ᠳ᠋ᠡᠭᠡᠨ ᠵᠤᠷᠢᠪᠠᠯ ᠵᠤᠷᠢᠭᠰᠡᠨ ᠳ᠋ᠠᠭᠠᠨ 》 ᠭᠡᠵᠦ ᠡᠷᠴᠢ ᠵᠤᠷᠢᠭ ᠶ᠋ᠢᠡᠨ ᠴᠢᠩᠭᠠᠯᠠᠵᠤ᠂ ᠵᠠᠡᠭᠬᠢᠳᠤᠭᠰᠠᠨ ᠬᠦᠮᠦᠰᠭᠡ ᠪᠠᠨ ᠲᠡᠨᠢᠢᠯᠭᠡᠨ᠂ ᠤᠴᠢᠷ ᠰᠢᠯᠲᠠᠭᠠᠨ ᠢ᠋ ᠲᠤᠡᠭᠭᠠᠵᠤ᠂ ᠳᠠᠬᠢᠨᠲᠠ ᠦᠢᠯᠡᠰ ᠪᠤᠰᠬᠠᠬᠤ ᠪᠡᠷ ᠰᠢᠢᠳᠴᠠᠢ᠃
2023 ᠤᠨ ᠳ᠋ᠤ᠂ ᠯᠢᠡᠭ ᠯᠢᠡᠭ ᠵᠠᠬ᠎ᠠ ᠳᠡᠯᠭᠡᠭᠦᠷ ᠤ᠋ᠨ ᠪᠠᠢᠴᠠᠭᠠᠯᠲᠠ ᠬᠢᠵᠦ᠂ ᠤᠳᠠᠭᠠᠨ ᠵᠢᠯ ᠤ᠋ᠨ ᠲᠤᠷᠰᠢᠯᠭ᠎ᠠ ᠰᠤᠷᠭᠠᠮᠵᠢ ᠪᠡᠨ ᠦᠨᠳᠦᠰᠦᠯᠡᠨ ᠤᠳᠤ ᠶ᠋ᠢᠨ ᠹᠦ ᠬᠤᠢ ᠨᠡᠷᠡᠮᠵᠢᠳᠦ ᠵᠡᠭᠦᠨ ᠬᠤᠢᠲᠤ ᠶ᠋ᠢᠨ ᠤᠨᠴᠠᠯᠢᠭᠲᠦ ᠦᠪᠡᠰᠤᠪᠠᠨ ᠰᠤᠩᠭᠤᠬᠤ ᠬᠤᠭᠤᠯᠠᠨ ᠭᠡᠷ ᠢ᠋ ᠨᠡᠭᠡᠭᠡᠵᠦ᠂ ᠦᠨᠦᠷ ᠠᠮᠲᠠ ᠨᠢ ᠰᠠᠢᠨ᠂ ᠦᠨ᠎ᠡ ᠬᠠᠡᠭᠰᠢ ᠨᠢ ᠲᠤᠬᠢᠷᠠᠮᠵᠢᠲᠠᠢ ᠪᠡᠷ ᠶ᠋ᠢᠡᠨ ᠤᠯᠠᠭᠠᠨᠬᠠᠳᠠ ᠬᠤᠳᠠ᠂ ᠲᠦᠡᠭᠯᠢᠶᠤᠤ ᠬᠤᠳᠠ᠂ ᠬᠢᠡᠭᠭᠠᠨ ᠠᠢᠮᠠᠭ ᠵᠡᠷᠭᠡ ᠤᠷᠤᠨ ᠤ᠋ ᠨᠢᠭᠡ ᠪᠦᠯᠦᠭ ᠲᠤᠭᠲᠠᠮᠠᠯ ᠬᠡᠷᠡᠭᠯᠡᠭᠴᠢ ᠲᠠᠢ ᠪᠤᠯᠵᠠᠢ᠃ ᠰᠢᠨ᠎ᠡ ᠪᠡᠷ ᠨᠡᠬᠡᠭᠡᠭᠰᠡᠨ ᠲᠤᠰ ᠬᠤᠭᠤᠯᠠᠨ ᠭᠡᠷ ᠨᠢ ᠨᠢᠭᠡ ᠯᠡ ᠳᠡᠭᠡᠷ᠎ᠠ 200 ᠡᠴᠡ 300 ᠬᠦᠮᠦᠨ ᠢ᠋ ᠵᠤᠴᠢᠯᠠᠵᠤ ᠳᠡᠢᠯᠬᠦ ᠪᠡᠷ ᠪᠠᠢᠭᠤᠯᠵᠤ᠂ ᠬᠠᠮᠤᠭ ᠤ᠋ᠨ ᠤᠯᠠᠨ ᠳ᠋ᠠᠭᠠᠨ ᠨᠢᠭᠡ ᠡᠳᠦᠷ ᠲᠤ᠌ 800 ᠬᠦᠮᠦᠨ ᠢ᠋ ᠵᠤᠴᠢᠯᠠᠵᠤ ᠦᠡᠭᠭᠡᠷᠡᠪᠠ᠃

ᠵᠡᠭᠦᠨ ᠬᠤᠢᠲᠤ ᠶ᠋ᠢᠨ ᠬᠤᠭᠤᠯᠠᠨ ᠤ᠋ ᠦᠨᠦᠷ ᠠᠮᠲᠠ ᠵᠢ ᠰᠠᠢᠬᠠᠨ ᠪᠠᠲᠤᠯᠠᠬᠤ ᠶ᠋ᠢᠨ ᠲᠦᠯᠦᠭᠡ ᠯᠢᠡᠭ ᠯᠢᠡᠭ ᠵᠠᠭᠤᠰᠢ ᠪᠤᠯᠭᠠᠨ ᠢ᠋ ᠰᠡᠳᠬᠢᠯ ᠲᠠᠯᠪᠢᠨ ᠪᠡᠯᠡᠳᠭᠡᠳᠡᠭ᠃ ᠬᠤᠭᠤᠯᠠᠨ ᠭᠡᠷ ᠲᠠᠬᠡᠨ ᠪᠠᠢᠡᠭᠭᠤ ᠶ᠋ᠢᠨ 60 ᠰᠢᠬᠠᠮ ᠵᠦᠢᠯ ᠤ᠋ᠨ ᠬᠤᠭᠤᠯᠠ ᠤᠮᠳᠠ ᠲᠠᠢ᠂ ᠴᠢᠳᠬᠤᠭᠰᠠᠠ ᠭᠠᠬᠠᠢ ᠶ᠋ᠢᠨ ᠭᠡᠳᠡᠰᠦ᠂ ᠰᠤᠸᠠᠨᠼᠠᠢ ᠲᠠᠢ ᠴᠢᠨᠠᠭᠰᠠᠨ ᠲᠠᠷᠭᠤᠨ ᠮᠢᠬ᠎ᠠ᠂ ᠰᠦᠢᠭᠰᠠᠨ ᠪᠤᠳᠠᠭ᠎ᠠ᠂ ᠵᠢᠶᠠᠡᠭ ᠳ᠋ᠦ ᠳᠦᠷᠦᠬᠦ ᠨᠤᠭᠤᠭ᠎ᠠ ᠵᠡᠷᠭᠡ ᠵᠡᠭᠦᠨ ᠬᠤᠢᠲᠤ ᠶ᠋ᠢᠨ ᠡᠡᠭ ᠤ᠋ᠨ ᠬᠤᠭᠤᠯᠠ ᠵᠠᠭᠤᠰᠢ ᠪᠡᠷ ᠭᠤᠤᠯᠳᠠᠭᠤᠯᠵᠤ᠂ ᠳᠠᠬᠢᠶᠠᠨ ᠮᠢᠬ᠎ᠠ᠂ ᠬᠦᠯᠳᠡᠭᠡᠭᠰᠡᠨ ᠳ᠋ᠸᠤᠹᠥ᠋ ᠵᠡᠷᠭᠡ ᠪᠠᠢᠩᠭᠤ ᠬᠡᠷᠡᠭᠯᠡᠬᠦ ᠢᠳᠡᠭᠡᠨ ᠤ᠋ ᠮᠠᠲᠧᠷᠢᠶᠠᠯ ᠢ᠋ ᠪᠦᠷ ᠨᠤᠲᠤᠭ ᠡᠴᠡ ᠪᠠᠨ ᠠᠪᠴᠢᠷᠠᠨ᠂ ᠨᠤᠲᠤᠭ ᠤ᠋ᠨ ᠦᠨᠦᠷ ᠠᠮᠲᠠ ᠵᠢ ᠳᠡᠭᠡᠳᠦ ᠬᠡᠮᠵᠢᠶ᠎ᠠ ᠪᠡᠷ ᠪᠠᠲᠤᠯᠠᠵᠤ ᠪᠠᠢᠨ᠎ᠠ᠃ ᠲᠡᠭᠦᠨᠴᠢᠯᠡᠨ ᠬᠤᠭᠤᠯᠠᠨ ᠭᠡᠷ ᠲᠠᠬᠡᠨ ᠦᠪᠡᠷᠮᠢᠴᠡ ᠡᠵᠡᠡᠭᠨᠡᠯᠲᠡ ᠶ᠋ᠢᠨ ᠵᠠᠭᠪᠤᠷ ᠢ᠋ ᠬᠡᠷᠡᠭᠵᠢᠭᠦᠯᠦᠨ᠂ ᠡᠳᠦᠷ ᠪᠤᠯᠭᠠᠨ 6 ᠲᠤᠮᠤ ᠲᠡᠮᠦᠷ ᠲᠤᠭᠤᠭ᠎ᠠ ᠪᠡᠷ ᠱᠦᠯᠦ ᠲᠠᠢ ᠵᠠᠭᠤᠰᠢ ᠪᠡᠯᠡᠳᠭᠡᠬᠦ ᠡᠴᠡ ᠭᠠᠳᠠᠨ᠎ᠠ ᠪᠤᠰᠤᠳ ᠵᠦᠢᠯ ᠤ᠋ᠨ ᠨᠤᠭᠤᠭ᠎ᠠ ᠴᠠᠭ᠎ᠠ ᠪᠠᠨ ᠳᠤᠭᠳᠠᠭᠰᠠᠨ ᠬᠤᠭᠤᠴᠠᠭᠠᠨ ᠳ᠋ᠤ ᠦᠭᠡᠷᠡᠴᠢᠯᠡᠨ ᠰᠢᠨᠡᠴᠢᠯᠡᠵᠦ᠂ ᠠᠳᠠᠯᠢ ᠪᠤᠰᠤ ᠬᠡᠷᠡᠭᠯᠡᠭᠴᠢ ᠶ᠋ᠢᠨ ᠤᠯᠠᠨ ᠵᠦᠢᠯ ᠤ᠋ᠨ ᠢᠳᠡᠭᠡᠨ ᠤ᠋ ᠳᠤᠷᠠᠰᠢᠯ ᠢ᠋ ᠬᠠᠡᠭᠭᠠᠵᠤ ᠪᠤᠢ᠃ ᠲᠡᠷᠡ ᠪᠠᠰᠠ ᠡᠷᠢᠶᠡᠨ ᠬᠤᠲᠠ ᠶ᠋ᠢᠨ ᠵᠢᠭᠤᠯᠴᠢᠯᠠᠯ ᠤ᠋ᠨ ᠺᠤᠮᠫᠠᠨᠢ ᠲᠠᠢ ᠤᠷᠳᠤ ᠬᠤᠭᠤᠴᠠᠭᠠᠨ ᠤ᠋ ᠬᠠᠮᠲᠤᠷᠠᠨ ᠠᠵᠢᠯᠯᠠᠬᠤ ᠬᠡᠯᠡᠯᠴᠡᠭᠡᠷ ᠲᠤᠭᠲᠠᠵᠤ᠂ ᠮᠤᠡᠭᠭᠤᠯ ᠤᠯᠤᠰ ᠤ᠋ᠨ ᠵᠢᠭᠤᠯᠴᠢᠯᠠᠯ ᠤ᠋ᠨ ᠪᠦᠯᠬᠦᠮ ᠢ᠋ ᠪᠠᠢᠩᠭᠤ ᠵᠤᠴᠢᠯᠠᠨ᠂ ᠡᠵᠡᠡᠭᠨᠡᠯᠲᠡ ᠶ᠋ᠢᠨ ᠠᠷᠭ᠎ᠠ ᠵᠠᠮ ᠶ᠋ᠢᠡᠨ ᠦᠷᠭᠡᠵᠢᠭᠦᠯᠦᠨ ᠰᠢᠨᠡᠴᠢᠯᠡᠭᠰᠡᠨ ᠶ᠋ᠢᠡᠷ ᠬᠡᠷᠡᠭᠯᠡᠭᠴᠢᠳ ᠤ᠋ᠨ ᠰᠠᠢᠨ ᠦᠨᠡᠯᠡᠯᠲᠡ ᠵᠢ ᠤᠯᠵᠠᠢ᠃
《ᠬᠦᠬᠡᠬᠤᠲᠠ ᠳ᠋ᠦ ᠢᠷᠡᠭᠡᠳ ᠤᠯᠠᠨ ᠵᠢᠯ ᠪᠤᠯᠤᠯ᠎ᠠ᠃ 3 ᠵᠢᠯ ᠤ᠋ᠨ ᠡᠮᠦᠨ᠎ᠡ ᠡᠨᠡ ᠬᠤᠭᠤᠯᠠᠨ ᠭᠡᠷ ᠢ᠋ ᠮᠡᠳᠡᠭᠰᠡᠨ ᠡᠴᠡ ᠠᠪᠤᠭᠠᠳ ᠴᠢᠯᠦᠭᠡ ᠵᠠᠪ ᠭᠠᠷᠪᠠᠯ ᠭᠡᠳᠦᠨ ᠨᠠᠢᠵᠠ ᠲᠠᠢ ᠪᠠᠨ ᠬᠠᠮᠲᠤ ᠢᠷᠡᠳᠡᠭ᠃ ᠡᠨᠳᠡᠬᠢ ᠵᠢᠨ ᠬᠤᠭᠤᠯᠠ ᠵᠠᠭᠤᠰᠢ ᠶ᠋ᠢᠨ ᠲᠦᠷᠦᠯ ᠵᠦᠢᠯ ᠤᠯᠠᠨ ᠮᠦᠷᠲᠡᠭᠡᠨ ᠪᠦᠷ ᠪᠢᠳᠡᠨ ᠤ᠋ ᠢᠳᠡᠬᠦ ᠳᠤᠷᠠᠲᠠᠢ ᠨᠤᠭᠤᠭ᠎ᠠ ᠴᠠᠭ᠎ᠠ᠂ ᠲᠡᠭᠡᠭᠡᠳ ᠦᠨ᠎ᠡ ᠬᠠᠡᠭᠰᠢ ᠨᠢ ᠪᠠᠰᠠ ᠲᠤᠬᠢᠷᠠᠮᠵᠢᠲᠠᠢ᠂ ᠤᠷᠴᠢᠨ ᠨᠦᠬᠦᠴᠡᠯ ᠨᠢ ᠴᠤ᠌ ᠠᠷᠢᠭᠤᠨ ᠴᠡᠪᠡᠷ᠂ ᠡᠭᠡᠭᠡ ᠯᠡ ᠠᠷᠤ ᠭᠡᠷ ᠲᠡᠭᠡᠨ ᠬᠠᠷᠢᠭᠰᠠᠨ ᠰᠢᠬ ᠰᠠᠨᠠᠭᠳᠠᠳᠠᠭ》 ᠭᠡᠵᠦ ᠬᠦᠬᠡᠬᠤᠳᠠ ᠳ᠋ᠦ ᠠᠵᠢᠯᠯᠠᠵᠤ ᠪᠠᠢᠭ᠎ᠠ ᠬᠤᠷᠴᠢᠨ ᠵᠡᠭᠦᠨ ᠭᠠᠷᠤᠨ ᠬᠤᠢᠲᠤ ᠬᠤᠰᠢᠭᠤᠨ ᠤ᠋ ᠠᠳᠤᠭᠤᠴᠢᠨ ᠰᠤᠮᠤ ᠵᠢᠨ ᠬᠠᠰᠸᠴᠢᠷ ᠭᠠᠴᠠᠭᠠᠨ ᠤ᠋ ᠪᠦᠬᠡᠪᠠᠲᠤ ᠬᠤᠭᠤᠯᠠ ᠢᠳᠡᠬᠦ ᠶ᠋ᠢᠨ ᠳᠠᠭᠠᠤ ᠶᠠᠷᠢᠵᠤ ᠪᠠᠢᠯ᠎ᠠ᠃
ᠬᠦᠮᠦᠨ ᠤ᠋ ᠭᠠᠵᠠᠷ ᠬᠦᠨᠳᠡᠯᠡᠨ ᠤ᠋ ᠨᠤᠲᠤᠭ ᠲᠦ᠍ ᠠᠵᠢᠯ ᠤᠯᠵᠤ ᠠᠮᠢ ᠵᠢᠭᠤᠬᠤ ᠭᠡᠵᠦ ᠤᠯᠠᠨ ᠵᠦᠢᠯ ᠤ᠋ᠨ ᠬᠦᠴᠢᠷ ᠢ᠋ ᠪᠡᠶ᠎ᠡ ᠪᠡᠷ ᠶ᠋ᠢᠡᠨ ᠦᠡᠭᠭᠡᠷᠡᠭᠦᠯᠦᠭᠰᠡᠨ ᠯᠢᠡᠭ ᠯᠢᠩ ᠤᠳᠤ ᠬᠤᠭᠤᠯᠠᠨ ᠭᠡᠷ ᠲᠡᠭᠡᠨ ᠬᠤᠷᠴᠢᠨ ᠨᠤᠲᠤᠭ ᠤ᠋ᠨ ᠠᠷᠪᠠᠭᠠᠳ ᠠᠬ᠎ᠠ ᠡᠭᠡᠴᠢ ᠳ᠋ᠠᠭᠡᠨ ᠠᠵᠢᠯ ᠤ᠋ᠨ ᠪᠠᠢᠷᠢ ᠬᠠᠡᠭᠭᠠᠪᠠ ᠃ ᠲᠡᠷᠡ ᠪᠡᠷ ᠬᠦᠮᠦᠨ ᠪᠤᠯᠭᠠᠨ ᠳ᠋ᠦ ᠡᠶᠡᠯᠳᠡᠭ ᠶ᠋ᠢᠡᠷ ᠬᠠᠨᠳᠤᠵᠤ᠂ ᠳᠤᠭᠳᠠᠭᠰᠠᠨ ᠲᠤᠭ᠎ᠠ ᠡᠴᠡ ᠢᠯᠡᠭᠦᠦ ᠵᠤᠴᠢᠨ ᠢ᠋ ᠵᠤᠴᠢᠯᠠᠭᠰᠠᠨ ᠡᠳᠦᠷ ᠭᠠᠷᠪᠠᠯ ᠦᠢᠯᠡᠴᠢᠯᠡᠭᠴᠢ ᠨᠢᠭᠡᠪᠦᠷᠢ ᠪᠠᠨ 50 ᠲᠦᠭᠦᠷᠢᠭ ᠶ᠋ᠢᠡᠷ ᠱᠠᠡᠭᠨᠠᠳᠠᠭ᠃ ᠵᠢᠭᠤᠯᠴᠢᠯᠠᠯ ᠤ᠋ᠨ ᠬᠦᠭᠵᠢᠶᠡᠨᠲᠤ ᠤᠯᠠᠷᠢᠯ ᠪᠤᠯᠪᠠᠯ ᠦᠢᠯᠡᠴᠢᠯᠡᠭᠴᠢ ᠨᠢᠭᠡᠪᠦᠷᠢ ᠶ᠋ᠢᠨ ᠱᠠᠡᠭᠨᠠᠯ ᠤ᠋ᠨ ᠮᠦᠡᠭᠬᠦ ᠨᠢ 700 — 800 ᠲᠦᠭᠦᠷᠢᠭ ᠲᠦ᠍ ᠬᠦᠷᠴᠦ᠂ ᠴᠠᠯᠢᠡᠭ ᠮᠦᠩᠬᠦ ᠨᠢ ᠶᠡᠷᠦᠡᠭᠭᠡᠢ ᠳ᠋ᠡᠭᠡᠨ 4000 ᠲᠦᠭᠦᠷᠢᠭ ᠢ᠋ ᠳᠠᠪᠠᠵᠤ᠂ ᠠᠷᠪᠠᠭᠠᠳ ᠬᠦᠮᠦᠨ ᠶ᠋ᠢᠡᠷ ᠪᠦᠷᠢᠯᠳᠦᠭᠰᠡᠨ ᠦᠢᠯᠡᠴᠢᠯᠡᠭᠡᠨ ᠤ᠋ ᠪᠦᠯᠬᠦᠮ ᠨᠢ ᠰᠡᠳᠬᠢᠯ ᠶ᠋ᠢᠡᠨ ᠬᠠᠮᠲᠤᠳᠬᠠᠵᠤ ᠬᠦᠴᠦ ᠪᠠᠨ ᠨᠢᠭᠡᠳᠭᠡᠨ᠂ ᠬᠤᠭᠤᠯᠠᠨ ᠭᠡᠷ ᠤ᠋ᠨ ᠰᠠᠢᠨ ᠰᠠᠢᠬᠠᠨ ᠡᠵᠡᠡᠭᠨᠡᠯᠲᠡ ᠶ᠋ᠢᠨ ᠰᠠᠭᠤᠷᠢ ᠶ᠋ᠢ ᠪᠠᠳᠤ ᠴᠤᠭᠴᠠᠯᠠᠵᠠᠢ᠃

ᠬᠦᠯᠦᠰᠦᠨ ᠳᠤᠰᠤᠯ ᠠᠮᠢᠳᠤᠷᠠᠯ ᠢ᠋ ᠴᠢᠮᠡᠭᠯᠡᠵᠦ᠂ ᠠᠷᠢᠭᠤᠨ ᠬᠦᠳᠡᠯᠮᠦᠷᠢ ᠬᠦᠮᠦᠨ ᠢ᠋ ᠭᠤᠮᠤᠳᠠᠭᠠᠳᠠᠭ ᠦᠭᠡᠢ ᠶᠤᠮ᠃ ᠹᠦ ᠬᠤᠢ ᠦᠪᠡᠰᠤᠪᠠᠨ ᠰᠤᠩᠭᠤᠬᠤ ᠬᠤᠭᠤᠯᠠᠨ ᠭᠡᠷ ᠶ᠋ᠢᠡᠨ ᠲᠤᠭᠲᠠᠭᠤᠨ ᠡᠵᠡᠡᠭᠨᠡᠯᠲᠡ ᠶ᠋ᠢᠨ ᠵᠠᠮ ᠳ᠋ᠦ ᠤᠷᠤᠭᠤᠯᠤᠭᠰᠠᠨ ᠯᠢᠡᠭ ᠯᠢᠡᠭ 2025 ᠤᠨ ᠤ᠋ ᠰᠡᠭᠦᠯᠴᠢ ᠪᠡᠷ ᠬᠤᠭᠤᠯᠠᠨ ᠭᠡᠷ ᠤ᠋ᠨ ᠶ᠋ᠢᠡᠨ ᠬᠠᠵᠠᠭᠤ ᠳ᠋ᠦ ᠯᠢᠦᠢ ᠯᠤᠤ ᠬᠠ ᠪᠤᠯᠭᠤᠭᠰᠠᠨ ᠢᠳᠡᠭᠡᠨ ᠤ᠋ ᠬᠤᠯᠪᠤᠭᠠᠲᠤ ᠳᠡᠯᠭᠡᠭᠦᠷ ᠨᠡᠬᠡᠭᠡᠵᠡᠢ᠃ ᠲᠤᠰ ᠳᠡᠯᠭᠡᠭᠦᠷ ᠲᠦ᠍ ᠦᠪᠡᠷ ᠤ᠋ᠨ ᠬᠤᠭᠤᠯᠠᠨ ᠭᠡᠷ ᠲᠡᠭᠡᠨ ᠰᠢᠭᠦᠰᠦᠯᠡᠭᠰᠡᠨ 30 ᠭᠠᠷᠤᠢ ᠵᠦᠢᠯ ᠤ᠋ᠨ ᠪᠤᠯᠭᠤᠭᠰᠠᠨ ᠢᠳᠡᠭᠡᠨ ᠶ᠋ᠢᠡᠨ ᠪᠤᠷᠤᠯᠠᠭᠤᠯᠬᠤ ᠶ᠋ᠢᠨ ᠬᠠᠮᠲᠤ ᠰᠢᠯᠤᠭᠤᠨ ᠬᠦᠭᠡ ᠬᠤᠰᠢᠭᠤᠨ ᠤ᠋ ᠴᠠᠭᠠᠨ ᠢᠳᠡᠭᠡᠨ᠂ ᠨᠠᠢ᠍ᠮᠠᠨ ᠤ᠋ ᠰᠠᠷᠮᠤᠭ᠂ ᠬᠤᠷᠴᠢᠨ ᠨᠤᠲᠤᠭ ᠤ᠋ᠨ ᠬᠠᠲᠠᠭᠠᠭᠰᠠᠨ ᠪᠤᠷᠴᠠ ᠵᠡᠷᠭᠡ ᠤᠷᠤᠨ ᠨᠤᠲᠤᠭ ᠤ᠋ᠨ ᠴᠢᠨᠠᠷ ᠰᠠᠢᠲᠠᠢ ᠪᠦᠲᠦᠭᠡᠭᠳᠡᠭᠦᠨ ᠢ᠋ ᠪᠤᠷᠤᠯᠠᠭᠤᠯᠵᠤ᠂ ᠵᠡᠭᠦᠨ ᠬᠤᠢᠲᠤ ᠶ᠋ᠢᠨ ᠤᠨᠴᠠᠯᠢᠭᠲᠦ ᠬᠤᠭᠤᠯᠠ ᠬᠢᠭᠡᠳ ᠲᠠᠯ᠎ᠠ ᠨᠤᠲᠤᠭ ᠤ᠋ᠨ ᠠᠮᠳᠠᠳᠤ ᠢᠳᠡᠭᠡᠨ ᠢ᠋ ᠠᠮᠢᠳᠤᠯᠢᠭ ᠶ᠋ᠢᠡᠷ ᠤᠶᠠᠯᠳᠤᠭᠤᠯᠤᠨ᠂ ᠦᠪᠡᠷᠮᠢᠴᠠ ᠤᠨᠴᠠᠯᠢᠭ ᠲᠠᠢ᠂ ᠤᠯᠠᠨ ᠡᠰᠢᠵᠢᠭᠰᠡᠨ ᠡᠵᠡᠡᠭᠨᠡᠯᠲᠡ ᠶ᠋ᠢᠨ ᠪᠠᠢᠷᠢᠰᠢᠯ ᠢ᠋ ᠪᠦᠷᠢᠯᠳᠦᠭᠦᠯᠪᠡ᠃
20 ᠭᠠᠷᠤᠢ ᠵᠢᠯ ᠤ᠋ᠨ ᠲᠤᠷᠰᠢ ᠯᠢᠡᠭ ᠯᠢᠡᠭ ᠡᠡᠭᠬᠦᠯ ᠲᠤᠡᠭᠬᠤᠯ ᠠᠮᠢᠳᠤᠷᠠᠯ ᠤ᠋ᠨ ᠵᠠᠮ ᠶ᠋ᠢᠡᠷ ᠨᠤᠭᠤᠷᠠᠵᠤ ᠪᠦᠳᠦᠷᠢᠨ ᠪᠠᠢᠵᠤ ᠬᠦᠬᠡᠬᠤᠲᠠᠨ᠎ᠠ ᠬᠦᠯ ᠳᠤᠭᠳᠠᠵᠤ᠂ ᠤᠳᠤ ᠠᠵᠤ ᠦᠢᠯᠡᠰ ᠨᠢ ᠲᠤᠭᠲᠠᠭᠤᠨ ᠤ᠋ ᠳᠤᠮᠳᠠ ᠰᠠᠢᠵᠢᠷᠠᠨ ᠵᠢᠯ ᠳ᠋ᠡᠭᠡᠨ 20 — 30 ᠲᠦᠮᠡᠨ ᠲᠦᠭᠦᠷᠢᠭ ᠤ᠋ᠨ ᠤᠷᠤᠯᠭᠡ ᠲᠠᠢ ᠪᠤᠯᠵᠠᠢ᠃ ᠲᠡᠷᠡ ᠦᠨᠡᠨᠴᠢ ᠢᠲᠡᠭᠡᠮᠵᠢ ᠵᠢ ᠡᠪᠤᠷᠯᠡᠨ ᠬᠤᠭᠤᠯᠠᠨ ᠭᠡᠷ ᠶ᠋ᠢᠡᠨ ᠦᠡᠭᠭᠡ ᠲᠠᠢ ᠦᠭᠡᠲᠡ ᠲᠠᠢ ᠡᠵᠡᠡᠭᠨᠡᠵᠤ᠂ ᠦᠢᠯᠡᠰ ᠵᠢᠡᠨ ᠲᠠᠬᠡᠳᠤᠯᠡᠨ ᠦᠷᠭᠦᠯᠵᠢᠯᠡᠨ ᠴᠢᠷᠮᠠᠢᠭᠰᠠᠭᠠᠷ ᠁