ᠤᠷᠠᠨ ᠭᠠᠷ᠎ᠤᠨ ᠡᠷᠳᠡᠮ᠎ᠢᠶᠠᠷ ᠦᠪ ᠰᠤᠶᠤᠯ᠎ᠢᠶᠠᠨ ᠤᠯᠠᠮᠵᠢᠯᠠᠨ᠎ᠠ
2026-07-17 11:16:20
ᠵᠣᠬᠢᠶᠠᠭ᠍ᠴᠢ᠄
ᠲᠤᠷᠠᠨ ᠎ᠶ᠋ᠢᠨ ᠶᠠᠨ ᠲᠦᠩ ᠬᠤᠢ
ᠣᠩᠱᠢᠭ᠍ᠰᠠᠨ ᠣᠳᠠᠭ᠎ᠠ᠄
★★★☆☆

ᠵᠠᠷᠤᠳ ᠨᠤᠳᠤᠭ᠎ᠤᠨ ᠨᠡᠬᠦᠳᠡᠯ ᠰᠤᠶᠤᠯ᠎ᠤᠨ ᠤᠤᠭᠠᠯ ᠬᠦᠷᠦᠰᠦᠨ᠎ᠳᠤ ᠠᠭᠤᠳᠠᠯᠤᠭᠠᠳ ᠪᠠᠷᠠᠰᠢ ᠦᠭᠡᠢ ᠰᠤᠶᠤᠯ᠎ᠤᠨ ᠦᠪ ᠬᠠᠳᠠᠭᠠᠯᠠᠭ᠍ᠳᠠᠵᠤ ᠪᠠᠢᠳᠠᠭ᠃ ᠰᠤᠶᠤᠯ᠎ᠤᠨ ᠱᠢᠮᠡᠳᠤ ᠬᠦᠷᠦᠰᠤᠨ᠎ᠳᠤ ᠬᠦᠮᠦᠵᠢᠭ᠌ᠳᠡᠭ᠌ᠰᠡᠨ ᠵᠠᠷᠤᠳ᠎ᠤᠨ ᠤᠷᠠᠴᠤᠳ ᠦᠪ ᠰᠤᠶᠤᠯ᠎ᠢᠶᠠᠨ ᠲᠡᠭᠡᠳᠦᠯᠡᠨ ᠤᠯᠠᠮᠵᠢᠯᠠᠭ᠍ᠰᠠᠭᠠᠷ ᠢᠷᠡᠭ᠌ᠰᠡᠨ ᠶᠤᠮ᠃ ᠵᠠᠷᠤᠳ ᠬᠤᠱᠢᠭᠤᠨ᠎ᠤ ᠭᠠᠭ᠍ᠠᠢᠳᠤ ᠪᠠᠯᠭᠠᠰᠤᠨ᠎ᠤ ᠮᠠᠯᠴᠢᠳ ᠤᠯᠠᠮᠵᠢᠯᠠᠯᠳᠤ ᠰᠤᠶᠤᠯ᠎ᠢᠶᠠᠨ ᠤᠯᠠᠮᠵᠢᠯᠠᠬᠤ᠎ᠶ᠋ᠢᠨ ᠬᠠᠮᠳᠤ ᠱᠢᠨ᠎ᠡ᠎ᠶ᠋ᠢ ᠡᠬᠦᠳᠴᠤ᠌᠂ ᠰᠤᠶᠤᠯ᠎ᠤᠨ ᠪᠦᠳᠦᠭᠡᠭ᠌ᠳᠡᠭᠦᠨ᠎ᠢ ᠤᠷᠠᠯᠠᠨ ᠪᠦᠳᠦᠭᠡᠵᠤ᠂ ᠵᠠᠬ᠎ᠠ ᠲᠡᠯᠭᠡᠬᠦᠷ᠎ᠲᠤ ᠪᠤᠷᠤᠯᠠᠭᠤᠯᠵᠤ᠂ ᠱᠢᠨ᠎ᠡ ᠴᠠᠭ ᠦᠶ᠎ᠡ᠎ᠳᠤ ᠤᠯᠠᠮᠵᠢᠯᠠᠯᠳᠤ ᠰᠤᠶᠤᠯ᠎ᠤᠨ ᠠᠮᠢᠵᠢᠷᠠᠯ᠎ᠤᠨ ᠬᠦᠴᠦᠨ᠎ᠢ ᠬᠦᠭ᠌ᠵᠢᠭᠡᠵᠤ ᠪᠠᠢᠨ᠎ᠠ᠃

ᠠᠷᠰᠯᠠᠨ᠎ᠤ ᠭᠠᠷ ᠤᠷᠠᠯᠠᠯ᠎ᠤᠨ ᠦᠢᠯᠡᠳᠭᠡᠯ᠎ᠤᠨ ᠭᠠᠵᠠᠷ᠎ᠲᠤ ᠠᠯᠬᠤᠨ ᠤᠷᠤᠬᠤ᠎ᠳᠤ᠂ ᠮᠤᠳᠤᠨ᠎ᠤ ᠦᠨᠦᠷ ᠪᠤᠯᠤᠨ ᠠᠷᠠᠰᠤᠨ ᠡᠳ᠋ᠯᠡᠯ᠎ᠤᠨ ᠦᠨᠦᠷ ᠦᠨᠦᠷᠳᠦᠭ᠌ᠳᠡᠨ᠎ᠡ᠃ ᠠᠷᠰᠯᠠᠨ ᠶᠠᠭ ᠡᠮᠡᠭᠡᠯ᠎ᠤᠨ ᠪᠦᠬᠦᠷᠭᠡ᠂ ᠡᠮᠡᠭᠡᠯ᠎ᠤᠨ ᠰᠠᠭᠤᠳᠠᠯ ᠵᠡᠷᠭᠡ᠎ᠶ᠋ᠢᠨ ᠶᠠᠰᠤ ᠮᠤᠳᠤ᠎ᠶ᠋ᠢ ᠬᠢᠷᠦᠭᠡᠳᠡᠵᠤ ᠬᠡᠯᠪᠡᠷᠢᠵᠢᠭᠦᠯᠤᠨ᠂ ᠡᠮᠡᠭᠡᠯ ᠤᠷᠠᠯᠠᠭᠠᠳ ᠶᠠᠭᠠᠷᠠᠤ ᠪᠠᠢᠯ᠎ᠠ᠃ 《ᠪᠦᠭᠦᠳᠡ᠎ᠶ᠋ᠢ ᠭᠠᠷ᠎ᠢᠶᠠᠷ ᠬᠢᠵᠤ ᠪᠠᠢᠨ᠎ᠠ᠂ ᠨᠢᠭᠡ ᠡᠮᠡᠭᠡᠯ ᠬᠢᠬᠦ᠌᠎ᠳᠤ ᠰᠠᠷ᠎ᠠ ᠭᠠᠷᠤᠢ᠎ᠶ᠋ᠢᠨ ᠴᠠᠭ ᠬᠡᠷᠡᠭ᠌ᠰᠡᠨ᠎ᠡ᠂ ᠤᠯᠠᠩᠬᠢ᠎ᠳᠠᠭᠠᠨ ᠬᠦᠮᠦᠰ ᠭᠠᠷ ᠤᠳᠠᠰᠤᠨ ᠲᠡᠭᠡᠷ᠎ᠡ ᠮᠢᠨᠤ ᠡᠮᠡᠭᠡᠯ᠎ᠢ ᠵᠠᠬᠢᠶᠠᠯᠠᠳᠠᠭ》 ᠭᠡᠵᠦ᠍ ᠭᠠᠭ᠍ᠠᠢᠳᠤ ᠪᠠᠯᠭᠠᠰᠤ᠎ᠶ᠋ᠢᠨ ᠪᠠᠶᠠᠨᠲᠠᠪᠠᠭ᠎ᠠ ᠭᠠᠴᠠᠭ᠎ᠠ᠎ᠶ᠋ᠢᠨ ᠮᠠᠯᠴᠢᠨ ᠠᠷᠰᠯᠠᠨ ᠮᠤᠳᠤ ᠬᠢᠷᠦᠭᠡᠳᠡᠬᠦ᠌᠎ᠶ᠋ᠢᠨ ᠲᠠᠭᠠᠤ ᠰᠤᠷᠪᠤᠯᠵᠢᠯᠠᠭ᠍ᠴᠢ᠎ᠳᠤ ᠶᠠᠷᠢᠨ᠎ᠠ᠃


1.png


ᠠᠷᠰᠯᠠᠨ ᠦᠷᠤᠬᠡᠨ ᠳ᠋ᠡᠬᠡᠨ ᠡᠮᠡᠬᠡᠯ ᠬᠢᠵᠤ ᠰᠠᠭᠤᠨ᠎ᠠ


ᠠᠷᠰᠯᠠᠨ ᠪᠤᠯ ᠬᠠᠷᠠᠬᠠᠨ ᠪᠠᠭ᠎ᠠ᠎ᠠᠴᠠ ᠠᠳᠤᠭᠤ ᠮᠠᠯ᠎ᠲᠠᠢ ᠨᠤᠴᠤᠯᠳᠤᠵᠤ ᠦᠰᠦᠭ᠌ᠰᠡᠨ ᠬᠦᠳᠡᠭᠡ᠎ᠶ᠋ᠢᠨ ᠬᠡᠤᠬᠡᠳ  ᠶᠤᠮ᠃ ᠲᠡᠷᠡ ᠭᠠᠩᠭᠠᠩ ᠵᠠᠯᠠᠭᠤ ᠨᠠᠰᠤᠨ᠎ᠳᠠᠭᠠᠨ ᠮᠤᠷᠢ ᠤᠨᠤᠭ᠎ᠠ᠎ᠪᠠᠨ ᠰᠤᠷᠢᠵᠤ᠂ ᠤᠷᠤᠯᠳᠤᠭᠠᠨ᠎ᠳᠤ ᠤᠯᠠᠨᠲᠠ ᠤᠷᠤᠯᠴᠠᠨ ᠱᠠᠩᠨᠠᠯ ᠬᠦᠬᠢᠬᠦᠯᠦᠯ᠎ᠢᠶᠠᠷ ᠡᠩᠭᠡᠷ᠎ᠢᠶᠠᠨ ᠮᠢᠯᠢᠶᠠᠯᠭᠠᠵᠤ ᠶᠠᠪᠤᠵᠠᠢ᠃ ᠨᠠᠰᠤ ᠠᠬᠢᠬᠤ᠎ᠶ᠋ᠢ ᠲᠠᠭᠠᠯᠳᠤᠨ᠂ ᠤᠷᠤᠯᠳᠤᠭᠠᠨ ᠮᠦᠷᠦᠢᠴᠡᠭᠡᠨ᠎ᠳᠤ ᠤᠷᠤᠯᠴᠠᠬᠤ᠎ᠪᠠᠨ ᠪᠠᠢᠵᠤ ᠮᠤᠷᠢᠨ᠎ᠤ ᠡᠳ᠋ᠯᠡᠯ ᠬᠡᠷᠡᠭ᠌ᠰᠡᠯ ᠵᠤᠬᠢᠶᠠᠵᠤ ᠡᠬᠢᠯᠡᠪᠡ᠃ ᠠᠷᠰᠯᠠᠨ ᠠᠷᠪᠠᠭᠠᠳ ᠵᠢᠯ ᠰᠤᠷᠴᠤ᠌ ᠰᠤᠳᠤᠯᠤᠭᠠᠳ᠂ ᠡᠮᠡᠭᠡᠯ ᠤᠷᠠᠯᠠᠬᠤ᠎ᠳᠠᠭᠠᠨ ᠮᠡᠷᠭᠡᠱᠢᠵᠤ᠂ ᠬᠤᠯᠠ ᠤᠢᠷ᠎ᠠ᠎ᠳ᠋ᠠᠭᠠᠨ ᠠᠯᠳᠠᠷᠲᠠᠢ ᠤᠷᠠᠨ ᠲᠠᠷᠬᠠᠨ ᠪᠤᠯᠵᠦ᠍᠂ ᠲᠡᠬᠦᠨ᠎ᠢᠶᠠᠷ ᠡᠮᠡᠭᠡᠯ ᠬᠢᠯᠭᠡᠬᠦ᠌ ᠬᠦᠮᠦᠨ ᠴᠤ᠌ ᠤᠯᠠᠱᠢᠷᠠᠵᠤ᠂ ᠤᠯᠠᠮᠵᠢᠯᠠᠯᠳᠤ ᠭᠠᠷ ᠤᠷᠠᠯᠠᠯ᠎ᠢᠶᠠᠷ ᠤᠷᠤᠯᠭ᠎ᠠ᠎ᠪᠠᠨ ᠨᠡᠮᠡᠭ᠌ᠳᠡᠭᠦᠯᠬᠦ᠌᠎ᠶ᠋ᠢᠨ ᠬᠠᠮᠳᠤ ᠤᠯᠠᠮᠵᠢᠯᠠᠯᠳᠤ ᠰᠤᠶᠤᠯ᠎ᠢᠶᠠᠨ ᠤᠯᠠᠮᠵᠢᠯᠠᠨ ᠬᠦᠭ᠌ᠵᠢᠭᠦᠯᠵᠦ᠍ ᠪᠠᠢᠨ᠎ᠠ᠃

《ᠪᠢ ᠪᠤᠯ ᠠᠳᠤᠭᠤᠨ᠎ᠳᠤ ᠪᠠᠭ᠍ᠠᠲᠠᠢ᠃ ᠮᠤᠷᠢ ᠤᠷᠤᠯᠳᠤᠬᠤ ᠴᠢᠨᠢ ᠡᠷ᠎ᠡ᠎ᠶ᠋ᠢᠨ ᠭᠤᠷᠪᠠᠨ ᠨᠠᠭᠠᠳᠤᠮ᠎ᠤᠨ ᠨᠢᠭᠡ᠎ᠨᠢ ᠪᠢᠱᠢᠤ ᠳ᠋ᠠ᠂ ᠡᠮᠡᠭᠡᠯ ᠦᠭᠡᠢ ᠪᠤᠯ ᠮᠤᠷᠢ ᠤᠨᠤᠭᠠᠳ ᠦᠵᠡᠯ ᠦᠭᠡᠢ᠂ ᠪᠢ ᠡᠮᠡᠭᠡᠯ ᠤᠷᠠᠯᠠᠬᠤ ᠮᠡᠷᠭᠡᠵᠢᠯ᠎ᠢᠶᠠᠨ ᠬᠤᠢᠴᠢ ᠦᠶ᠎ᠡ᠎ᠶ᠋ᠢᠨ᠎ᠬᠢᠨ᠎ᠳ᠋ᠡᠬᠡᠨ ᠤᠯᠠᠮᠵᠢᠯᠠᠶ᠎ᠠ ᠭᠡᠵᠤ ᠪᠤᠳᠤᠵᠤ ᠪᠠᠢᠨ᠎ᠠ》 ᠭᠡᠵᠦ᠍ ᠠᠷᠰᠯᠠᠨ ᠶᠠᠷᠢᠨ᠎ᠠ᠃


2.png


ᠰᠢᠭᠤᠳ ᠨᠡᠪᠳᠡᠷᠡᠬᠦᠯᠬᠡ ᠬᠢᠨ᠎ᠠ


ᠮᠠᠯᠴᠢᠨ ᠰᠠᠷᠠᠭᠤᠯ᠎ᠤᠨ ᠭᠡᠷ᠎ᠲᠤ᠌᠂ ᠭᠡᠳᠦᠨ ᠪᠦᠰᠡᠭᠦᠢ ᠱᠢᠷᠡᠭᠡ ᠲᠤᠭᠤᠷᠢᠨ ᠰᠠᠭᠤᠵᠤ᠂ ᠨᠢᠭ᠍ᠲᠠ ᠬᠠᠮᠵᠢᠯᠴᠠᠨ᠂ ᠲᠤᠷᠭᠠᠨ ᠤᠳᠠᠰᠤ ᠵᠢᠷᠢᠯᠵᠡᠭᠦᠯᠦᠨ᠂ ᠱᠢᠬᠢᠳᠭᠡᠭᠡᠷᠢ ᠨᠠᠭᠠᠵᠤ᠂ ᠭᠡ ᠤᠭᠠᠯᠵᠠ ᠤᠷᠢᠶᠠᠨ᠂ ᠦᠨᠳᠦᠰᠦᠳᠡᠨ᠎ᠤ ᠤᠨᠴᠠᠯᠢᠭ᠍ᠳᠤ ᠭᠠᠷ ᠤᠷᠠᠯᠠᠯ᠎ᠤᠨ ᠪᠦᠳᠦᠭᠡᠭ᠌ᠳᠡᠬᠦᠨ ᠪᠠᠭᠤᠪᠴᠢ᠂ ᠲᠤᠯᠤᠭᠠᠢ᠎ᠶ᠋ᠢᠨ ᠵᠠᠰᠠᠯ ᠵᠡᠷᠭᠡ᠎ᠶ᠋ᠢ ᠤᠷᠠᠯᠠᠭᠠᠳ ᠶᠠᠭᠠᠷᠠᠨ᠎ᠠ᠃ ᠤᠢᠷ᠎ᠠ᠎ᠳᠤ᠂ ᠡᠳᠡᠨ᠎ᠤ᠎ᠬᠢᠨ ᠰᠦᠯᠵᠢᠶᠡᠨ ᠲᠡᠭᠡᠷ᠎ᠡ᠎ᠠᠴᠠ ᠵᠠᠬᠢᠶᠠᠯᠠᠭ᠎ᠠ ᠲᠤᠰᠪᠠ᠂ ᠤᠯᠠᠨ᠎ᠢᠶᠠᠷ᠎ᠢᠶᠠᠨ ᠴᠠᠭ᠎ᠢ ᠵᠠᠪᠳᠤᠨ ᠠᠵᠢᠯᠯᠠᠵᠤ᠂ ᠪᠠᠷᠠᠭ᠎ᠠ᠎ᠪᠠᠨ ᠴᠠᠭ ᠲᠤᠬᠠᠢ᠎ᠳᠤᠨᠢ ᠶᠠᠪᠤᠭᠤᠯᠬᠤ᠎ᠪᠠᠷ ᠴᠢᠷᠮᠠᠢᠵᠤ ᠪᠠᠢᠭ᠎ᠠ᠎ᠨᠢ ᠡᠨᠡ ᠪᠢᠯᠡ᠃

《ᠣᠳᠣᠬᠠᠨ᠎ᠳᠤ ᠮᠠᠨ᠎ᠤ ᠵᠠᠬᠢᠶᠠᠯᠠᠭ᠎ᠠ ᠤᠯᠠᠨ᠃ ᠪᠢᠳᠡ ᠵᠠᠬᠢᠶᠠᠯᠠᠭ᠎ᠠ᠎ᠶ᠋ᠢᠨ ᠪᠠᠷᠠᠭ᠎ᠠ᠎ᠪᠠᠨ ᠬᠢᠵᠤ ᠪᠠᠷᠠᠭ᠍ᠰᠠᠨ᠎ᠤ ᠲᠠᠷᠠᠭ᠎ᠠ᠂ ᠬᠤᠪᠢ ᠬᠤᠪᠢᠨ᠎ᠤ ᠠᠵᠢᠯ᠎ᠳ᠋ᠠᠭᠠᠨ ᠶᠠᠭᠠᠷᠠᠳᠠᠭ᠂ ᠪᠤᠷᠤᠯᠠᠭᠤᠯᠭ᠎ᠠ ᠶᠡᠭᠡ ᠰᠠᠢᠨ᠂ ᠰᠠᠷ᠎ᠠ ᠪᠤᠯᠭᠠᠨ ᠭᠡᠳᠦᠨ ᠮᠢᠩᠭᠠᠨ ᠵᠠᠰᠠᠯ ᠵᠢᠮᠰᠡᠭ᠎ᠢ ᠤᠷᠠᠯᠠᠨ ᠭᠢᠵᠤ ᠪᠤᠢ》 ᠭᠡᠵᠦ᠍ ᠮᠠᠯᠴᠢᠨ ᠰᠠᠷᠠᠭᠤᠯ ᠬᠡᠯᠡᠪᠡ᠃

ᠰᠠᠷᠠᠭᠤᠯ ᠨᠢᠭᠡ ᠤᠳᠠᠭᠠᠨ᠎ᠤ ᠭᠡᠨᠡᠳᠲᠡ᠎ᠶ᠋ᠢᠨ ᠲᠤᠬᠢᠶᠠᠯᠳᠤᠯ᠎ᠢᠶᠠᠷ ᠦᠨᠳᠦᠰᠦᠳᠡᠨ᠎ᠤ ᠤᠨᠴᠠᠯᠢᠭ᠎ᠲᠠᠢ ᠭᠠᠷ ᠤᠷᠠᠯᠠᠯ᠎ᠤᠨ ᠵᠠᠰᠠᠯ ᠵᠢᠮᠰᠡᠭ᠎ᠨᠢ ᠰᠦᠯᠵᠢᠶᠡᠨ᠎ᠠᠨᠳᠠ ᠨᠠᠷ᠎ᠤᠨ ᠲᠠᠭᠠᠱᠢᠶᠠᠯ᠎ᠢ ᠶᠡᠭᠡᠳᠡ ᠤᠯᠵᠤ᠂ ᠪᠤᠷᠤᠯᠠᠭᠤᠯᠭ᠎ᠠ ᠰᠠᠢᠲᠠᠢ ᠪᠠᠢᠬᠤ᠎ᠶ᠋ᠢ ᠤᠯᠵᠤ ᠮᠡᠳᠡᠵᠠᠢ᠃ ᠦᠨᠳᠦᠰᠦᠳᠡᠨ᠎ᠤ ᠭᠠᠷ ᠤᠷᠠᠯᠠᠯ᠎ᠳ᠋ᠠᠭᠠᠨ ᠲᠤᠷ᠎ᠠ ᠪᠠᠭ᠍ᠠᠲᠠᠢ ᠤᠴᠢᠷ᠎ᠠᠴᠠ ᠲᠡᠷᠡ ᠰᠠᠨᠠᠭᠠᠴᠢᠯᠠᠭ᠎ᠠ᠎ᠠᠴᠠ᠎ᠪᠠᠨ ᠣᠬᠤᠷ ᠸᠢᠳᠢᠤ᠋᠎ᠪᠠᠷ ᠡᠵᠡᠩᠨᠡᠬᠦ᠂ ᠱᠢᠭᠤᠳ ᠨᠡᠪᠳᠡᠷᠡᠭᠦᠯᠭᠡ᠎ᠪᠠᠷ ᠪᠠᠷᠠᠭ᠎ᠠ ᠬᠤᠳᠠᠯᠳᠤᠬᠤ᠂ ᠰᠦᠯᠵᠢᠶᠡᠨ ᠳᠡᠭᠡᠷᠡᠬᠢ ᠬᠤᠳᠠᠯᠳᠤᠭᠠᠨ᠎ᠤ ᠬᠤᠳᠠ ᠵᠡᠷᠭᠡ ᠡᠯᠧᠺᠲᠷᠣᠨ ᠬᠤᠳᠠᠯᠳᠤᠭᠠᠨ᠎ᠤ ᠮᠡᠳᠡᠯᠭᠡ᠎ᠶ᠋ᠢ ᠰᠤᠷᠴᠤ᠌ ᠰᠤᠳᠤᠯᠵᠤ᠂ ᠤᠯᠠᠨ ᠡᠱᠢᠴᠢᠯᠡᠭ᠌ᠰᠡᠨ ᠰᠦᠯᠵᠢᠶᠡᠨ ᠳᠡᠭᠡᠷᠡᠬᠢ ᠪᠣᠷᠤᠯᠠᠭᠤᠯᠭ᠎ᠠ᠎ᠶ᠋ᠢᠨ ᠱᠢᠰᠲ᠋ᠧᠮ᠎ᠢ ᠪᠠᠢᠭᠤᠯᠵᠤ᠂ ᠲᠠᠯ᠎ᠠ ᠨᠤᠲᠤᠭ᠎ᠤᠨ ᠣᠨᠴᠠᠯᠢᠭ᠎ᠲᠠᠢ ᠭᠠᠷ ᠤᠷᠠᠯᠠᠯ᠎ᠤᠨ ᠪᠦᠲᠦᠭᠡᠭ᠌ᠳᠡᠬᠦᠨ᠎ᠢ ᠪᠦᠬᠦ᠌ ᠤᠯᠤᠰ᠎ᠤᠨ ᠡᠯ᠎ᠡ ᠭᠠᠵᠠᠷ᠎ᠲᠤ ᠪᠤᠷᠤᠯᠠᠭᠤᠯᠵᠤ ᠪᠠᠢᠨ᠎ᠠ᠃


3.png


ᠰᠠᠷᠠᠭᠤᠯ ᠡᠬᠡᠴᠢ ᠲᠡᠬᠦᠤ ᠨᠠᠷ ᠲᠡᠢ ᠪᠡᠨ ᠭᠠᠷ ᠤᠷᠠᠯᠠᠯ᠎ᠤᠨ ᠪᠦᠳᠤᠬᠡᠭᠳᠡᠬᠦᠨ ᠵᠢᠠᠨ ᠤᠷᠠᠯᠠᠨ᠎ᠠ


ᠪᠣᠯᠪᠠᠰᠤᠷᠠᠩᠭᠤᠢ ᠤᠷ᠎ᠠ ᠮᠡᠷᠭᠡᠵᠢᠯ ᠪᠠ ᠲᠣᠭ᠍ᠲᠠᠪᠤᠷᠢᠲᠠᠢ ᠪᠣᠷᠤᠯᠠᠭᠤᠯᠭ᠎ᠠ᠎ᠶ᠋ᠢᠨ ᠠᠷᠭ᠎ᠠ ᠵᠠᠮ᠎ᠳᠤ ᠲᠦᠱᠢᠭ᠌ᠯᠡᠨ᠂ ᠰᠠᠷᠠᠭᠤᠯ ᠭᠠᠴᠠᠭᠠᠨ᠎ᠤ᠎ᠪᠠᠨ ᠡᠮᠡᠭ᠌ᠳᠡᠢᠴᠤᠳ᠎ᠢ ᠲᠠᠢᠴᠢᠯᠠᠨ ᠭᠠᠷ ᠤᠷᠠᠯᠠᠯ ᠦᠢᠯᠡᠳᠬᠦ᠌ ᠡᠩᠨᠡᠭᠡᠨ᠎ᠳᠤ ᠤᠷᠤᠯᠴᠠᠭᠤᠯᠵᠤ᠂ ᠦᠪᠡᠷ᠎ᠤᠨ ᠮᠡᠷᠭᠡᠵᠢᠯ ᠪᠤᠯᠤᠨ ᠪᠣᠷᠣᠯᠠᠭᠤᠯᠬᠤ ᠲᠤᠷᠱᠢᠯᠭ᠎ᠠ᠎ᠪᠠᠨ ᠬᠠᠷᠠᠮ ᠦᠭᠡᠢ ᠵᠢᠭᠠᠨ ᠦᠭ᠌ᠴᠤ᠂ ᠠᠳᠠᠯ ᠦᠢᠯᠡᠰ ᠴᠤᠭ᠍ᠴᠠᠯᠠᠬᠤ ᠎ᠳᠤᠨᠢ ᠲᠤᠰᠠᠯᠠᠵᠤ ᠪᠠᠢᠳᠠᠭ᠃ ᠭᠠᠴᠠᠭᠠᠨ᠎ᠤ ᠠᠷᠠᠳ᠎ᠲᠤ ᠭᠡᠷ᠎ᠤᠨ ᠡᠭᠦᠳᠡᠨ᠎ᠳᠤᠨᠢ ᠭᠠᠷ᠎ᠤᠨ ᠡᠷᠳᠡᠮ ᠰᠤᠷᠭᠠᠵᠤ᠂ ᠠᠵᠢᠯ ᠣᠯᠭᠤᠯᠲᠠ᠎ᠶ᠋ᠢ ᠲᠣᠭ᠍ᠲᠠᠪᠤᠷᠢᠵᠢᠭᠤᠯᠵᠤ᠂ ᠣᠷᠣᠯᠭ᠎ᠠ᠎ᠶ᠋ᠢ᠎ᠨᠢ ᠨᠡᠮᠡᠭ᠌ᠳᠡᠭᠦᠯᠵᠦ᠍᠂ ᠭᠡᠷ ᠪᠦᠯᠢ᠎ᠶ᠋ᠢᠨ ᠠᠮᠢᠳᠤᠷᠠᠯ᠎ᠢᠶᠠᠨ ᠬᠠᠮᠲᠤ᠎ᠳᠤᠨᠢ ᠬᠠᠷᠠᠭᠠᠯᠵᠠᠬᠤ᠎ᠪᠠᠷ ᠪᠠᠷᠠᠬᠤ ᠦᠭᠡᠢ ᠪᠠᠰᠠ ᠥᠪᠡᠷ᠎ᠤᠨ ᠦᠷᠳᠡᠭ᠎ᠢᠶᠠᠨ ᠪᠡᠶᠡᠯᠡᠭᠦᠯᠬᠦ᠌᠎ᠳᠤᠨᠢ ᠬᠦᠴᠦᠨ ᠨᠡᠮᠡᠷᠢᠯᠡᠵᠤ ᠪᠠᠢᠨ᠎ᠠ᠃

《ᠲᠠᠷᠠᠭᠠᠴᠢ᠎ᠶ᠋ᠢᠨ ᠠᠯᠬᠤᠮ᠎ᠳᠤ ᠨᠢᠭᠡᠨ ᠪᠦᠷᠢᠨ ᠪᠦᠲᠦᠨ ᠠᠵᠤ ᠦᠢᠯᠡᠰ᠎ᠤᠨ ᠬᠡᠯᠬᠢᠶ᠎ᠡ᠎ᠶ᠋ᠢ ᠪᠠᠢᠭᠤᠯᠵᠤ᠂ ᠨᠠᠩ ᠣᠯᠠᠨ ᠡᠮᠡᠭ᠌ᠲᠡᠢᠴᠦᠳ᠎ᠢ ᠣᠷᠣᠯᠴᠠᠭᠤᠯᠵᠤ᠂ ᠥᠪᠡᠷ᠎ᠤᠨ ᠮᠡᠷᠭᠡᠵᠢᠯ ᠪᠤᠯᠤᠨ ᠬᠢᠷᠢ ᠬᠡᠮᠵᠢᠶ᠎ᠡ᠎ᠪᠠᠨ ᠳᠡᠭᠡᠭ᠌ᠰᠢᠯᠡᠭᠦᠯᠦᠨ ᠨᠠᠩ ᠤᠯᠠᠨ ᠱᠢᠯᠢᠳᠡᠭ ᠪᠦᠲᠦᠭᠡᠯ ᠭᠠᠷᠭᠠᠵᠤ᠂ ᠵᠠᠬ᠎ᠠ ᠲᠡᠯᠭᠡᠭᠦᠷ ᠲᠤ᠌ ᠮᠠᠨ᠎ᠤ ᠭᠠᠴᠠᠭᠠᠨ᠎ᠤ᠎ᠪᠠᠨ ᠪᠦᠳᠦᠭᠡᠭ᠌ᠳᠡᠭᠦᠨ᠎ᠢ ᠲᠠᠨᠢᠭᠤᠯᠵᠤ᠂ ᠤᠢᠷ᠎ᠠ ᠬᠠᠪᠢ᠎ᠶ᠋ᠢᠨ ᠡᠮᠡᠭ᠌ᠳᠡᠢᠴᠤᠳ᠎ᠤᠨ ᠤᠷᠤᠯᠭ᠎ᠠ᠎ᠶ᠋ᠢ ᠨᠡᠩ ᠨᠡᠮᠡᠭᠳᠡᠭᠦᠯᠭᠦ ᠪᠡᠷ ᠴᠢᠷᠮᠠᠢᠨ᠎ᠠ》 ᠭᠡᠵᠦ᠍ ᠮᠠᠯᠴᠢᠨ ᠰᠠᠷᠠᠭᠤᠯ ᠢᠳᠡᠭᠡᠯ ᠲᠡᠬᠦᠯᠳᠡᠷ ᠶᠠᠷᠢᠨ᠎ᠠ᠃

ᠠᠷᠠᠳ᠎ᠤᠨ ᠵᠠᠩ ᠦᠢᠯᠡ᠎ᠶ᠋ᠢᠨ ᠵᠢᠵᠢᠭ᠌ᠬᠡᠨ ᠠᠵᠤ ᠦᠢᠯᠡᠰ᠎ᠨᠢ ᠨᠤᠲᠤᠭ ᠤᠰᠤᠨ᠎ᠳᠠᠭᠠᠨ ᠦᠨᠳᠦᠰᠦᠯᠡᠵᠦ᠍᠂ ᠠᠷᠠᠳ᠎ᠤᠨ ᠠᠮᠢᠳᠤᠷᠠᠯ᠎ᠳᠤ ᠠᠱᠢᠭ ᠬᠦᠷᠲᠡᠭᠡᠵᠦ᠍᠂ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ᠎ᠳᠤ ᠬᠠᠯᠠᠭᠤᠨ ᠳᠤᠯᠠᠭᠠᠨ ᠠᠮᠢᠵᠢᠷᠠᠯ᠎ᠤᠨ ᠬᠦᠴᠦᠨ ᠨᠡᠮᠡᠷᠢᠯᠡᠵᠦ᠍᠂ ᠲᠣᠰᠭᠤᠨ᠎ᠤ ᠠᠷᠠᠳ᠎ᠤᠨ ᠵᠣᠯ ᠵᠢᠷᠭᠠᠯᠲᠤ ᠲᠥᠷᠥᠭ᠌ᠳᠡᠯ ᠪᠣᠯᠣᠨ ᠬᠦᠷᠲᠡᠮᠵᠢ᠎ᠶ᠋ᠢᠨ ᠲᠥᠷᠥᠭ᠌ᠳᠡᠯ᠎ᠢ ᠦᠨᠡᠨ ᠬᠦ᠌ ᠳᠡᠭᠡᠭ᠌ᠰᠢᠯᠡᠭᠦᠯᠵᠦ᠍ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号