ᠵᠤᠨ ᠤ᠋ ᠭᠤᠤᠯ ᠪᠤᠯᠵᠤ ᠪᠤᠷᠤᠭᠠᠨ ᠤᠰᠤ ᠤᠯᠠᠰᠢᠷᠠᠵᠤ᠂ ᠠᠶᠤᠩᠭᠠᠳᠤ ᠪᠤᠷᠤᠭᠠᠨ ᠶᠡᠬᠡ ᠰᠠᠯᠬᠢ ᠵᠡᠷᠭᠡ ᠭᠠᠮᠰᠢᠭᠳᠤ ᠴᠠᠭ ᠠᠭᠤᠷ ᠳᠠᠪᠬᠤᠴᠠᠬᠤ ᠶ᠋ᠢ ᠳᠠᠭᠠᠯᠳᠤᠨ ᠦᠶᠡᠷ ᠢ᠋ ᠰᠡᠷᠭᠡᠢᠯᠡᠵᠦ ᠭᠠᠮᠰᠢᠭ ᠡᠴᠡ ᠠᠪᠤᠷᠠᠬᠤ ᠠᠵᠢᠯ ᠴᠤ᠌ ᠨᠠᠷᠢᠨ ᠪᠤᠳᠤᠯᠢᠶᠠᠨᠳᠠᠢ ᠪᠠᠢᠳᠠᠯ ᠳ᠋ᠤ ᠤᠷᠤᠪᠠ᠃ ᠡᠬᠦᠨ ᠳ᠋ᠤ ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠦᠶᠡᠷ ᠢ᠋ ᠰᠡᠷᠬᠡᠢᠯᠡᠵᠤ ᠭᠠᠮᠰᠢᠭ ᠡᠴᠡ ᠠᠪᠤᠷᠠᠬᠤ ᠡᠳ᠋ ᠪᠤᠳᠠᠰ ᠨᠦᠭᠡᠴᠡᠯᠡᠬᠦ᠂ ᠬᠦᠮᠦᠨ ᠤ᠋ ᠬᠦᠴᠦᠨ ᠢ᠋ ᠪᠡᠯᠡᠳᠭᠡᠬᠦ᠂ ᠰᠢᠨᠵᠢᠯᠡᠬᠦ ᠤᠬᠠᠭᠠᠨ ᠢ᠋ ᠲᠦᠭᠡᠮᠡᠯᠵᠢᠭᠦᠯᠬᠦ ᠵᠡᠷᠭᠡ ᠠᠵᠢᠯ ᠢ᠋ ᠪᠦᠬᠦ ᠬᠦᠴᠦᠨ ᠶ᠋ᠢᠡᠷ ᠠᠬᠢᠭᠤᠯᠵᠤ᠂ ᠤᠯᠠᠨ ᠲᠦᠮᠡᠨ ᠤ᠋ ᠠᠮᠢ ᠨᠠᠰᠤ ᠪᠠ ᠡᠳ᠋ ᠬᠦᠷᠦᠩᠭᠡ ᠶ᠋ᠢᠨ ᠠᠮᠦᠷ ᠲᠦᠪᠰᠢᠨ ᠤ᠋ ᠬᠦᠮᠦᠯᠢᠭ ᠦᠵᠡᠯ ᠤ᠋ᠨ ᠬᠠᠮᠠᠭᠠᠯᠠᠯᠳᠠ ᠶ᠋ᠢᠨ ᠱᠤᠭᠤᠮ ᠢ᠋ ᠪᠠᠳᠤ ᠴᠤᠭᠴᠠᠯᠠᠵᠤ ᠪᠠᠢᠨ᠎ᠠ᠃
ᠤᠳᠤᠬᠠᠨ ᠳ᠋ᠤ ᠪᠦᠬᠦ ᠤᠷᠤᠨ ᠤ᠋ ᠡᠯ᠎ᠠ ᠱᠠᠳᠤᠨ ᠤ᠋ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠪᠤᠯᠤᠨ ᠡᠳ᠋ ᠪᠤᠳᠠᠰ ᠨᠦᠭᠡᠴᠡᠯᠡᠬᠦ 34 ᠬᠦᠮᠦᠷᠭᠡ ᠶ᠋ᠢᠨ ᠬᠢᠨ ᠨᠦᠭᠡᠴᠡ ᠮᠠᠢᠬᠠᠨ᠂ ᠡᠪᠬᠡᠮᠡᠯ ᠤᠷᠤ᠂ ᠬᠦᠨᠵᠢᠯᠡ ᠳᠡᠪᠢᠰᠭᠡᠷ᠂ ᠭᠡᠷ ᠪᠦᠯᠢ ᠶ᠋ᠢᠨ ᠭᠠᠮᠰᠢᠭ ᠡᠴᠡ ᠠᠪᠤᠷᠠᠬᠤ ᠲᠤᠰᠠᠯᠠᠮᠵᠢ ᠶ᠋ᠢᠨ ᠬᠠᠢᠷᠴᠠᠭ ᠵᠡᠷᠭᠡ ᠭᠠᠮᠰᠢᠭ ᠡᠴᠡ ᠠᠪᠤᠷᠠᠬᠤ ᠡᠳ᠋ ᠪᠤᠳᠠᠰ ᠶ᠋ᠢᠡᠨ ᠪᠦᠬᠦ ᠲᠠᠯ᠎ᠠ ᠪᠡᠷ ᠡᠮᠬᠢᠯᠡᠨ ᠳᠤᠭᠠᠯᠠᠵᠤ᠂ ᠡᠳ᠋ ᠪᠤᠳᠠᠰ ᠢ᠋ ᠳᠤᠬᠢᠷᠠᠭᠤᠯᠤᠨ ᠵᠦᠭᠡᠭᠡᠪᠤᠷᠢᠯᠡᠬᠦ ᠪᠡᠷ ᠪᠡᠯᠡᠬᠡᠨ ᠪᠤᠯᠪᠠ᠃ ᠦᠪᠡᠷᠳᠡᠭᠡᠨ ᠵᠠᠰᠠᠬᠤ ᠤᠷᠤᠨ ᠤ᠋ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠪᠤᠯᠤᠨ ᠬᠦᠬᠡᠬᠤᠳᠠ᠂ ᠬᠦᠯᠦᠨ ᠪᠤᠢᠷ ᠬᠤᠳᠠ ᠵᠡᠷᠭᠡ ᠠᠢᠮᠠᠭ ᠬᠤᠳᠠ ᠶ᠋ᠢᠨ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠪᠠᠰᠠ ᠴᠤᠪᠠ᠂ ᠤᠰᠤᠨ ᠭᠤᠳᠤᠯ᠂ ᠤᠰᠤᠨ ᠬᠦᠭᠡᠷᠭᠡ ᠵᠡᠷᠭᠡ ᠦᠶᠡᠷ ᠢ᠋ ᠰᠡᠷᠭᠡᠢᠯᠡᠬᠦ ᠲᠤᠰᠬᠠᠢ ᠬᠡᠷᠡᠭᠰᠡᠯ ᠢ᠋ ᠬᠤᠳᠠᠯᠳᠤᠨ ᠠᠪᠴᠠᠢ᠃ ᠳᠤᠮᠳᠠᠳᠤ ᠤᠯᠤᠰ ᠤ᠋ᠨ ᠤᠯᠠᠭᠠᠨ ᠵᠠᠭᠠᠯᠮᠠᠢᠳᠠᠨ (ᠦᠪᠦᠷ ᠮᠤᠩᠭᠤᠯ) ᠤ᠋ ᠠᠪᠤᠷᠠᠨ ᠲᠤᠰᠠᠯᠠᠵᠤ ᠰᠢᠯᠵᠢᠭᠦᠯᠦᠨ ᠵᠦᠭᠡᠭᠡᠪᠤᠷᠢᠯᠡᠬᠦ ᠠᠩᠬᠢ᠂ ᠦᠪᠡᠷᠳᠡᠭᠡᠨ ᠵᠠᠰᠠᠬᠤ ᠤᠷᠤᠨ ᠤ᠋ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠤ᠋ᠨ ᠭᠠᠮᠰᠢᠭ ᠡᠴᠡ ᠠᠪᠤᠷᠠᠨ ᠲᠤᠰᠠᠯᠠᠬᠤ ᠠᠩᠬᠢ ᠵᠢᠴᠢ ᠤᠯᠠᠭᠠᠨᠬᠠᠳᠠ ᠬᠤᠳᠠ᠂ ᠤᠯᠠᠭᠠᠨᠴᠠᠪ ᠬᠤᠳᠠ ᠶ᠋ᠢᠨ ᠤᠯᠠᠭᠠᠨ ᠵᠠᠭᠠᠯᠮᠠᠢᠳᠠᠨ ᠤ᠋ ᠪᠠᠴᠢᠮ ᠪᠠᠢᠳᠠᠯ ᠢ᠋ ᠠᠷᠭᠠᠴᠠᠭᠠᠨ ᠠᠪᠤᠷᠠᠨ ᠲᠤᠰᠠᠯᠠᠬᠤ ᠠᠩᠬᠢ ᠨᠢᠭᠡᠨᠳᠡ ᠭᠠᠮᠰᠢᠭ ᠡᠴᠡ ᠠᠪᠤᠷᠠᠬᠤ ᠪᠦᠷᠢᠨ ᠪᠡᠯᠡᠳᠭᠡᠯ ᠳ᠋ᠤ ᠤᠷᠤᠪᠠ᠃
7 ᠰᠠᠷ᠎ᠠ ᠶ᠋ᠢᠨ 4 ᠤ᠋ ᠡᠳᠦᠷ᠂ ᠦᠪᠡᠷᠳᠡᠭᠡᠨ ᠵᠠᠰᠠᠬᠤ ᠤᠷᠤᠨ ᠤ᠋ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠡᠴᠡ ᠦᠪᠡᠷᠳᠡᠭᠡᠨ ᠵᠠᠰᠠᠬᠤ ᠤᠷᠤᠨ ᠤ᠋ ᠰᠤᠷᠭᠠᠨ ᠬᠦᠮᠦᠵᠢᠯ ᠤ᠋ᠨ ᠲᠢᠩᠬᠢᠮ ᠪᠤᠯᠤᠨ ᠦᠪᠦᠷ ᠮᠤᠩᠭᠤᠯ ᠤ᠋ᠨ ᠡᠳᠦᠷ ᠤ᠋ᠨ ᠰᠤᠨᠢᠨ ᠤ᠋ ᠬᠤᠷᠢᠶ᠎ᠠ ᠲᠠᠢ ᠬᠠᠮᠳᠤᠷᠠᠨ ᠦᠷᠨᠢᠭᠦᠯᠦᠭᠰᠡᠨ 《ᠳᠡᠷᠭᠡᠳᠡᠬᠢ ᠠᠪᠤᠷᠠᠨ ᠲᠤᠰᠠᠯᠠᠬᠤ ᠮᠡᠷᠭᠡᠵᠢᠯ·ᠤᠰᠤᠨ ᠳ᠋ᠤ ᠴᠠᠴᠠᠬᠤ ᠡᠴᠡ ᠰᠡᠷᠭᠡᠢᠯᠡᠬᠦ ᠠᠮᠢ ᠨᠠᠰᠤᠨ ᠤ᠋ ᠬᠦᠮᠦᠵᠢᠯ》 ᠰᠢᠭᠤᠳ ᠨᠡᠪᠳᠡᠷᠡᠭᠦᠯᠭᠡ ᠨᠢ ᠳᠦᠭᠦᠮ ᠤᠢᠯᠠᠭᠠᠮᠵᠢᠳᠠᠢ ᠠᠷᠭ᠎ᠠ ᠬᠡᠯᠪᠡᠷᠢ ᠪᠡᠷ ᠤᠯᠠᠨ ᠲᠦᠮᠡᠨ ᠳ᠋ᠤ ᠤᠰᠤᠨ ᠳ᠋ᠤ ᠤᠨᠠᠬᠤ ᠪᠡᠷ ᠬᠡᠷᠬᠢᠨ ᠦᠪᠡᠷ ᠢ᠋ ᠪᠡᠨ ᠠᠪᠤᠷᠠᠬᠤ ᠵᠢᠴᠢ ᠪᠤᠰᠤᠳ ᠢ᠋ ᠠᠪᠤᠷᠠᠬᠤ ᠠᠷᠭ᠎ᠠ ᠮᠡᠷᠭᠡᠵᠢᠯ ᠢ᠋ ᠲᠦᠭᠡᠮᠡᠯᠵᠢᠭᠦᠯᠵᠦ᠂ 422 ᠲᠦᠮᠡᠨ ᠦᠵᠡᠭᠴᠢ ᠶ᠋ᠢᠨ ᠠᠩᠬᠠᠷᠤᠯ ᠢ᠋ ᠳᠠᠳᠠᠨ᠂ 35 ᠲᠦᠮᠡᠨ ᠤᠳᠠᠭ᠎ᠠ ᠶ᠋ᠢᠨ ᠰᠦᠯᠵᠢᠶᠡᠨ ᠠᠨᠳᠠ ᠵᠢᠨ ᠰᠠᠢᠰᠢᠶᠠᠯ ᠢ᠋ ᠬᠦᠷᠳᠡᠵᠠᠢ᠃ ᠪᠦᠬᠦ ᠤᠷᠤᠨ ᠤ᠋ ᠡᠯ᠎ᠠ ᠱᠠᠳᠤᠨ ᠤ᠋ ᠤᠯᠠᠭᠠᠨ ᠵᠠᠭᠠᠯᠮᠠᠢᠳᠠᠨ ᠤ᠋ ᠬᠢᠨ ᠪᠠᠰᠠ ᠤᠰᠤᠨ ᠳ᠋ᠤ ᠴᠠᠴᠠᠬᠤ ᠶ᠋ᠢ ᠰᠡᠷᠭᠡᠢᠯᠡᠬᠦ ᠡᠯ᠎ᠠ ᠵᠦᠢᠯ ᠤ᠋ᠨ ᠲᠦᠬᠦᠭᠡᠷᠦᠮᠵᠢ ᠶ᠋ᠢ ᠵᠢᠭᠰᠠᠭᠠᠨ ᠪᠠᠢᠴᠠᠭᠠᠵᠤ᠂ ᠳᠤᠳᠠᠵᠤ ᠪᠠᠢᠭᠰᠠᠨ ᠵᠦᠢᠯ ᠢ᠋ ᠳᠠᠷᠤᠢ ᠳ᠋ᠤᠨᠢ ᠨᠦᠬᠦᠪᠤᠷᠢᠯᠡᠵᠤ ᠪᠠᠷᠢᠨ ᠬᠡᠷᠡᠭᠯᠡᠵᠦ ᠪᠤᠯᠬᠤ ᠶ᠋ᠢ ᠪᠠᠳᠤᠯᠠᠪᠠ᠃
ᠬᠦᠯᠦᠨ ᠪᠤᠢᠷ ᠬᠤᠳᠠ ᠶ᠋ᠢᠨ ᠰᠢᠨ᠎ᠠ ᠪᠠᠷᠭᠤ ᠵᠡᠭᠦᠨ ᠬᠤᠰᠢᠭᠤᠨ ᠤ᠋ ᠰᠢᠨᠠᠪᠤᠯᠠᠭ ᠰᠤᠮᠤ ᠶ᠋ᠢᠨ ᠮᠤᠳᠤᠨ ᠠᠮᠵᠢ ᠭᠠᠴᠠᠭ᠎ᠠ᠂ ᠴᠠᠭᠠᠨᠨᠠᠭᠤᠷ ᠨᠡᠢᠭᠡᠮ ᠲᠤᠭᠤᠷᠢᠭ ᠲᠤ᠌ ᠤᠬᠤᠷ ᠬᠤᠭᠤᠴᠠᠭᠠᠨ ᠤ᠋ ᠰᠢᠷᠦᠭᠦᠨ ᠪᠤᠷᠤᠭᠠᠨ ᠤᠷᠤᠭᠠᠳ ᠦᠶᠡᠷ ᠤᠰᠤᠳᠤᠯ ᠪᠤᠯᠵᠤ᠂ ᠮᠠᠯᠴᠢᠳ ᠤ᠋ᠨ ᠤᠷᠤᠨ ᠰᠠᠭᠤᠴᠠ ᠪᠠ ᠮᠠᠯᠵᠢᠯ ᠤ᠋ᠨ ᠲᠦᠬᠦᠭᠡᠷᠦᠮᠵᠢ ᠵᠤᠬᠢᠬᠤ ᠬᠡᠮᠵᠢᠶ᠎ᠠ ᠪᠡᠷ ᠭᠠᠮᠰᠢᠭᠳᠠᠪᠠ᠃ ᠡᠬᠦᠨ ᠳ᠋ᠤ ᠬᠦᠯᠦᠨ ᠪᠤᠢᠷ ᠬᠤᠳᠠ ᠶ᠋ᠢᠨ ᠬᠢᠨ ᠳᠠᠷᠤᠢᠬᠠᠨ ᠰᠢᠨ᠎ᠠ ᠪᠠᠷᠭᠤ ᠵᠡᠭᠦᠨ ᠬᠤᠰᠢᠭᠤᠨ ᠤ᠋ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠲᠦ᠍ 10 ᠲᠦᠮᠡᠨ ᠲᠦᠭᠦᠷᠢᠭ ᠤ᠋ᠨ ᠭᠠᠮᠰᠢᠭ ᠡᠴᠡ ᠠᠪᠤᠷᠠᠬᠤ ᠲᠤᠰᠬᠠᠢ ᠪᠡᠯᠡ ᠮᠦᠩᠬᠦ ᠪᠠᠭᠤᠯᠭᠠᠨ᠂ ᠭᠠᠮᠰᠢᠭᠳᠠᠭᠰᠠᠨ ᠤᠯᠠᠨ ᠲᠦᠮᠡᠨ ᠢ᠋ ᠲᠦᠪᠬᠢᠨᠡᠭᠦᠯᠬᠦ ᠪᠠ ᠭᠡᠷ ᠪᠠᠢᠰᠢᠩ ᠢ᠋ ᠨᠢ ᠵᠠᠰᠠᠵᠤ ᠰᠡᠯᠪᠢᠬᠦ ᠠᠵᠢᠯ ᠦᠷᠨᠢᠭᠦᠯᠪᠡ᠃ ᠬᠦᠯᠦᠨ ᠪᠤᠢᠷ ᠬᠤᠳᠠ ᠶ᠋ᠢᠨ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠪᠠᠰᠠ ᠮᠤᠷᠢᠨᠳᠠᠪᠠᠭ᠎ᠠ ᠶ᠋ᠢᠨ ᠳᠠᠭᠤᠷ ᠦᠨᠳᠦᠰᠦᠳᠡᠨ ᠤ᠋ ᠦᠪᠡᠷᠳᠡᠭᠡᠨ ᠵᠠᠰᠠᠬᠤ ᠬᠤᠰᠢᠭᠤ᠂ ᠠᠷᠤᠨ ᠬᠤᠰᠢᠭᠤ᠂ ᠵᠠᠯᠠᠨ ᠠᠢᠯ ᠬᠤᠳᠠ ᠵᠡᠷᠭᠡ ᠠᠮᠠᠷᠬᠠᠨ ᠭᠠᠮᠰᠢᠭᠳᠠᠬᠤ ᠤᠷᠤᠨ ᠳ᠋ᠤ ᠮᠠᠢᠬᠠᠨ᠂ ᠡᠪᠬᠡᠮᠡᠯ ᠤᠷᠤ᠂ ᠭᠡᠷ ᠪᠦᠯᠢ ᠶ᠋ᠢᠨ ᠪᠠᠴᠢᠮ ᠪᠠᠢᠳᠠᠯ ᠢ᠋ ᠠᠷᠭᠠᠴᠠᠭᠠᠬᠤ ᠪᠤᠭᠤᠳᠠᠯ᠂ ᠴᠤᠪᠠ᠂ ᠤᠰᠤᠨ ᠭᠤᠳᠤᠯ ᠵᠡᠷᠭᠡ ᠨᠡᠢᠳᠡ 46.7 ᠲᠦᠮᠡᠨ ᠲᠦᠭᠦᠷᠢᠭ ᠤ᠋ᠨ ᠦᠷᠳᠡᠭ ᠪᠦᠬᠦᠢ 2587 ᠬᠤᠪᠢ ᠡᠳ᠋ ᠪᠤᠳᠠᠰ ᠢ᠋ ᠳᠤᠬᠢᠷᠠᠭᠤᠯᠤᠨ ᠦᠭᠬᠦᠭᠰᠡᠨ ᠪᠠᠢᠨ᠎ᠠ᠃
ᠲᠤᠯᠤᠭᠠᠨ ᠰᠠᠷ᠎ᠠ ᠶ᠋ᠢᠨ ᠰᠡᠭᠦᠯᠴᠢ ᠨᠠᠶ᠋ᠮᠠᠨ ᠰᠠᠷ᠎ᠠ ᠶ᠋ᠢᠨ ᠡᠬᠢᠨ ᠤ᠋ ᠦᠶᠡᠷ ᠢ᠋ ᠰᠡᠷᠭᠡᠢᠯᠡᠬᠦ ᠵᠠᠩᠬᠢᠯᠠᠭ᠎ᠠ ᠶ᠋ᠢᠨ ᠬᠤᠭᠤᠴᠠᠭ᠎ᠠ ᠳ᠋ᠤ ᠴᠢᠭᠯᠡᠭᠦᠯᠵᠤ᠂ ᠪᠦᠬᠦ ᠤᠷᠤᠨ ᠤ᠋ ᠤᠯᠠᠭᠠᠨ ᠵᠠᠭᠠᠯᠮᠠᠢᠳᠠᠨ ᠤ᠋ ᠬᠢᠨ ᠡᠭᠦᠷᠭᠡ ᠬᠠᠷᠢᠭᠤᠴᠠᠯᠭ᠎ᠠ ᠪᠡᠨ ᠪᠠᠳᠤ ᠴᠡᠬᠡᠵᠢᠯᠡᠨ᠂ ᠦᠶᠡᠷ ᠢ᠋ ᠰᠡᠷᠬᠡᠢᠯᠡᠵᠤ ᠭᠠᠮᠰᠢᠭ ᠡᠴᠡ ᠠᠪᠤᠷᠠᠬᠤ ᠠᠵᠢᠯ ᠢ᠋ ᠯᠠᠪᠳᠠᠭᠤᠨ ᠪᠠᠳᠤᠳᠠᠢ ᠰᠠᠢᠳᠦᠷ ᠦᠷᠨᠢᠭᠦᠯᠵᠤ᠂ ᠭᠠᠮᠰᠢᠭ ᠡᠴᠡ ᠠᠪᠤᠷᠠᠬᠤ ᠡᠳ᠋ ᠪᠤᠳᠠᠰ ᠢ᠋ ᠦᠨᠳᠦᠷ ᠪᠦᠲᠦᠮᠵᠢᠳᠠᠢ ᠪᠡᠷ ᠳᠤᠬᠢᠷᠠᠭᠤᠯᠤᠨ ᠵᠦᠭᠡᠭᠡᠪᠤᠷᠢᠯᠡᠵᠦ᠂ ᠪᠠᠴᠢᠮ ᠪᠠᠢᠳᠠᠯ ᠢ᠋ ᠠᠷᠭᠠᠴᠠᠭᠠᠵᠤ ᠭᠠᠮᠰᠢᠭ ᠡᠴᠡ ᠠᠪᠤᠷᠠᠨ ᠲᠤᠰᠠᠯᠠᠬᠤ ᠠᠵᠢᠯᠯᠠᠭ᠎ᠠ ᠶ᠋ᠢ ᠵᠢᠷᠦᠮᠵᠢᠭᠤᠯᠤᠨ᠂ ᠭᠠᠮᠰᠢᠭ ᠡᠴᠡ ᠠᠪᠤᠷᠠᠬᠤ ᠪᠡᠯᠡ ᠮᠦᠩᠬᠦ ᠪᠠ ᠡᠳ᠋ ᠪᠤᠳᠠᠰ ᠢ᠋ ᠳᠤᠬᠢᠷᠠᠭᠤᠯᠤᠨ ᠬᠡᠷᠡᠭᠯᠡᠭᠰᠡᠨ ᠪᠠᠢᠳᠠᠯ ᠢ᠋ ᠴᠠᠭ ᠲᠤᠬᠠᠢ ᠳ᠋ᠤᠨᠢ ᠨᠡᠢᠳᠡᠯᠡᠵᠤ᠂ ᠤᠯᠠᠨ ᠲᠦᠮᠡᠨ ᠤ᠋ ᠠᠮᠢ ᠨᠠᠰᠤ ᠡᠳ᠋ ᠬᠦᠷᠦᠩᠭᠡ ᠶ᠋ᠢᠨ ᠠᠮᠦᠷ ᠲᠦᠪᠰᠢᠨ ᠢ᠋ ᠦᠨᠡᠨ ᠬᠦ᠌ ᠪᠠᠳᠤᠯᠠᠬᠤ ᠪᠤᠯᠤᠨ᠎ᠠ᠃