ᠦᠪᠦᠷ ᠮᠤᠡᠭᠭᠤᠯ 《ᠮᠠᠯ ᠠᠵᠤ ᠠᠬᠤᠢ ᠲᠠᠷᠢᠶᠠᠯᠠᠡᠭ ᠳ᠋ᠤ ᠭᠠᠮᠰᠢᠭ ᠲᠠᠷᠢᠵᠤ ᠮᠡᠳᠡᠬᠦ ᠬᠠᠴᠢᠨ ᠠᠭᠤᠷ ᠠᠮᠢᠰᠬᠤᠯ ᠢ᠋ ᠰᠡᠷᠭᠡᠢᠯᠡᠨ ᠠᠷᠭᠠᠴᠠᠭᠠᠬᠤ》 ᠰᠠᠨᠠᠭᠤᠯᠤᠮᠵᠢ ᠨᠡᠢᠳᠡᠯᠡᠪᠡ
2026-07-14 10:08:52
ᠵᠣᠬᠢᠶᠠᠭ᠍ᠴᠢ᠄
ᠼᠠᠢ ᠬᠤᠡᠭ
ᠣᠩᠱᠢᠭ᠍ᠰᠠᠨ ᠣᠳᠠᠭ᠎ᠠ᠄
★★★☆☆

ᠦᠶᠡᠷ ᠢ᠋ ᠰᠡᠷᠭᠡᠢᠯᠡᠬᠦ ᠵᠠᠩᠬᠢᠯᠠᠭ᠎ᠠ ᠵᠢᠨ ᠬᠤᠭᠤᠴᠠᠭᠠᠨ ᠳ᠋ᠤ ᠤᠷᠤᠵᠤ᠂ ᠦᠪᠦᠷ ᠮᠤᠡᠭᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠲᠠᠷᠢᠶᠠᠯᠠᠡᠭ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ᠋ ᠲᠢᠡᠭᠬᠢᠮ ᠤᠢᠷ᠎ᠠ ᠳ᠋ᠤ 《ᠮᠠᠯ ᠠᠵᠤ ᠠᠬᠤᠢ ᠲᠠᠷᠢᠶᠠᠯᠠᠡᠭ ᠳ᠋ᠤ ᠭᠠᠮᠰᠢᠭ ᠲᠠᠷᠢᠵᠤ ᠮᠡᠳᠡᠬᠦ ᠬᠠᠴᠢᠨ ᠠᠭᠤᠷ ᠠᠮᠢᠰᠬᠤᠯ ᠢ᠋ ᠰᠡᠷᠭᠡᠢᠯᠡᠨ ᠠᠷᠭᠠᠴᠠᠭᠠᠬᠤ》 ᠰᠡᠷᠡᠮᠵᠢᠯᠡᠭᠦᠯᠦᠯ ᠤ᠋ᠨ ᠰᠠᠨᠠᠭᠤᠯᠤᠮᠵᠢ ᠨᠡᠢᠲᠡᠯᠡᠨ᠂ ᠪᠦᠬᠦ ᠤᠷᠤᠨ ᠤ᠋ ᠡᠯ᠎ᠡ ᠭᠠᠵᠠᠷ ᠤ᠋ᠨ ᠬᠢᠨ ᠪᠦᠬᠦ ᠬᠦᠴᠦᠨ ᠶ᠋ᠢᠡᠷ ᠶ᠋ᠢᠡᠨ ᠦᠶᠡᠷ ᠤᠰᠤᠳᠤᠯ ᠢ᠋ ᠠᠷᠭᠠᠴᠠᠭᠠᠬᠤ ᠪᠡᠯᠡᠳᠭᠡᠯ ᠬᠢᠵᠦ᠂ ᠭᠠᠮᠰᠢᠭ ᠤ᠋ᠨ ᠨᠦᠯᠦᠭᠡ ᠵᠢ ᠬᠦᠴᠦᠯᠡᠨ ᠪᠠᠭᠠᠰᠬᠠᠵᠤ᠂ ᠵᠢᠯ ᠤ᠋ᠨ ᠦᠢᠯᠡᠳᠪᠦᠷᠢᠯᠡᠯ ᠤ᠋ᠨ ᠡᠭᠦᠷᠭᠡ ᠪᠠᠨ ᠦᠨᠳᠦᠷ ᠪᠠᠷᠢᠮᠵᠢᠶ᠎ᠡ ᠪᠡᠷ ᠪᠡᠶᠡᠯᠡᠭᠦᠯᠤᠨ᠂ ᠬᠡᠪᠴᠢᠶᠡᠵᠢᠯ ᠤ᠋ᠨ ᠴᠢᠨᠠᠷᠲᠠᠢ ᠳᠠᠬᠢᠨ ᠶᠠᠳᠠᠭᠤᠷᠠᠬᠤ ᠬᠤᠷᠢᠭ᠎ᠠ ᠱᠤᠭᠤᠮ ᠢ᠋ ᠪᠠᠲᠤ ᠰᠠᠬᠢᠬᠤ ᠬᠡᠷᠡᠭᠲᠡᠢ ᠭᠡᠵᠦ ᠱᠠᠭᠠᠷᠳᠠᠪᠠ᠃

ᠦᠪᠡᠷᠲᠡᠭᠡᠨ ᠵᠠᠰᠠᠬᠤ ᠤᠷᠤᠨ ᠤ᠋ ᠲᠠᠷᠢᠶᠠᠯᠠᠡᠭ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ᠋ ᠲᠢᠡᠭᠬᠢᠮ ᠡᠴᠡ ᠦᠶᠡᠷ ᠤ᠋ᠨ ᠬᠤᠭᠤᠴᠠᠭᠠᠨ ᠳ᠋ᠦ ᠡᠯ᠎ᠡ ᠱᠠᠲᠤᠨ ᠤ᠋ ᠬᠢᠨ ᠮᠡᠷᠭᠡᠵᠢᠯ ᠤ᠋ᠨ ᠵᠢᠯᠤᠭᠤᠳᠤᠯᠭ᠎ᠠ ᠪᠠᠨ ᠴᠢᠡᠭᠭᠠᠳᠬᠠᠵᠤ᠂ ᠲᠠᠷᠢᠶᠠᠯᠠᠡᠭ ᠤ᠋ᠨ ᠲᠤᠰᠬᠠᠢ ᠮᠡᠷᠭᠡᠵᠢᠯᠲᠡᠳ ᠤ᠋ᠨ ᠦᠢᠯᠡᠳᠦᠯ ᠢ᠋ ᠭᠦᠢᠴᠡᠳ ᠪᠠᠳᠠᠷᠠᠭᠤᠯᠤᠨ᠂ ᠭᠤᠤᠯᠳᠠᠯᠭ᠎ᠠ ᠲᠠᠢ ᠭᠠᠵᠠᠷ ᠤᠷᠤᠨ᠂ ᠭᠤᠤᠯᠳᠠᠯᠭ᠎ᠠ ᠲᠠᠢ ᠠᠵᠤ ᠠᠬᠤᠢᠯᠠᠯ ᠳ᠋ᠦ ᠬᠦᠨᠵᠡᠭᠡᠢᠷᠡᠨ ᠲᠤᠭᠤᠷᠢᠨ ᠵᠢᠯᠤᠭᠤᠳᠬᠤ ᠡᠷᠴᠢᠮ ᠶ᠋ᠢᠡᠨ ᠴᠢᠡᠭᠭᠠᠷᠠᠭᠤᠯᠬᠤ ᠭᠡᠷᠡᠭᠲᠡᠢ᠃ ᠲᠠᠷᠢᠮᠠᠯ ᠤ᠋ᠨ ᠦᠢᠯᠡᠰ ᠤ᠋ᠨ ᠲᠠᠯ᠎ᠠ ᠪᠡᠷ᠂ ᠲᠦᠬᠦᠬᠡᠷᠤᠮᠵᠢᠳᠤ ᠲᠠᠷᠢᠶᠠᠯᠠᠩ ᠤ᠋ᠨ ᠲᠤᠯᠠᠭᠠᠨ ᠬᠦᠯᠡᠮᠵᠢ ᠵᠡᠷᠭᠡ ᠲᠦᠭᠦᠭᠡᠷᠦᠮᠵᠢ ᠶ᠋ᠢ ᠵᠠᠰᠠᠵᠤ ᠪᠡᠬᠢᠯᠡᠨ ᠶᠡᠬᠡ ᠰᠠᠯᠬᠢᠨ ᠢ᠋ ᠰᠡᠷᠭᠡᠢᠯᠡᠬᠦ ᠴᠢᠳᠠᠪᠤᠷᠢ ᠵᠢ ᠨᠢ ᠴᠢᠡᠭᠭᠠᠳᠬᠠᠵᠤ᠂ ᠵᠢᠮᠢᠰ ᠢᠳᠡᠰᠢᠨ ᠨᠤᠭᠤᠭ᠎ᠠ ᠵᠡᠷᠭᠡ ᠪᠤᠯᠪᠠᠰᠤᠷᠠᠭᠰᠠᠨ ᠲᠠᠷᠢᠮᠠᠯ ᠢ᠋ ᠴᠠᠭ ᠲᠤᠬᠠᠢ ᠳ᠋ᠤᠨᠢ ᠬᠤᠷᠢᠶᠠᠵᠤ᠂ ᠤᠰᠤᠳᠤᠯ ᠳ᠋ᠤ ᠭᠠᠮᠰᠢᠭᠳᠠᠬᠤ ᠵᠢ ᠰᠡᠷᠭᠡᠢᠯᠡᠬᠦ ᠭᠡᠷᠡᠭᠲᠡᠢ; ᠮᠠᠯ ᠠᠵᠤ ᠠᠬᠤᠢ ᠶ᠋ᠢᠨ ᠲᠠᠯ᠎ᠠ ᠪᠡᠷ᠂ ᠮᠠᠯ ᠵᠢᠭᠦᠷᠲᠡᠨ ᠤ᠋ ᠬᠠᠰᠢᠶ᠎ᠡ ᠰᠠᠷᠠᠪᠴᠢ᠂ ᠡᠪᠡᠰᠤ ᠪᠤᠷᠳᠤᠭ᠎ᠠ ᠵᠢᠨ ᠬᠦᠮᠦᠷᠭᠡ ᠵᠡᠷᠭᠡ ᠲᠦᠬᠦᠭᠡᠷᠦᠮᠵᠢ ᠵᠢ ᠪᠦᠬᠦ ᠲᠠᠯ᠎ᠠ ᠪᠡᠷ ᠪᠠᠢᠴᠠᠭᠠᠬᠤ ᠶ᠋ᠢᠨ ᠬᠠᠮᠲᠤ ᠪᠡᠬᠢᠵᠢᠭᠦᠯᠵᠦ᠂ ᠲᠡᠵᠢᠭᠡᠨ ᠦᠷᠡᠵᠢᠭᠦᠯᠬᠦ ᠲᠠᠯᠠᠪᠠᠢ ᠶ᠋ᠢᠨ ᠤᠰᠤ ᠵᠠᠯᠠᠬᠤ ᠰᠢᠰᠲᠸᠮ ᠢ᠋ ᠲᠤᠢᠯᠪᠤᠷᠢᠲᠠᠢ ᠨᠡᠪᠲᠡᠷᠡᠭᠦᠯᠦᠨ᠂ ᠬᠤᠲᠤᠭᠤᠷ ᠭᠠᠵᠠᠷ ᠪᠠᠢᠷᠢᠯᠠᠭ᠎ᠠ ᠲᠡᠵᠢᠭᠡᠨ ᠦᠷᠡᠵᠢᠭᠦᠯᠬᠦ ᠲᠠᠯᠠᠪᠠᠢ ᠵᠢ ᠰᠢᠪᠳᠤᠭᠤᠯᠵᠤ ᠪᠠᠢᠭᠠᠳ ᠤᠭᠤᠳᠠ ᠲᠠᠢ ᠰᠢᠷᠤᠢ᠂ ᠤᠰᠤᠨ ᠬᠦᠭᠡᠷᠭᠡ ᠵᠡᠷᠭᠡ ᠲᠦᠬᠦᠭᠡᠷᠦᠮᠵᠢ ᠵᠢ ᠤᠷᠢᠳᠴᠢᠯᠠᠨ ᠪᠡᠯᠡᠲᠤᠬᠥᠯᠬᠦ ᠭᠡᠷᠡᠭᠲᠡᠢ; ᠵᠢᠭᠠᠰᠤᠨ ᠠᠵᠤ ᠠᠬᠤᠶ ᠵᠢᠨ ᠲᠠᠯ᠎ᠠ ᠪᠠᠷ᠂ ᠬᠠᠮᠢᠶ᠎ᠠ ᠪᠦᠬᠦᠢ ᠵᠢᠭᠠᠰᠤᠨ ᠠᠵᠤ ᠠᠬᠤᠶ ᠵᠢᠨ ᠡᠵᠡᠩᠨᠡᠯᠲᠡ ᠵᠢᠨ ᠭᠣᠣᠯ ᠴᠣᠭᠴᠠ ᠵᠢ ᠵᠢᠯᠣᠭᠣᠳᠴᠦ ᠪᠠᠢᠭᠠᠳ ᠬᠠᠰᠢᠯᠭ᠎ᠠ ᠲᠠᠯᠠᠩ ᠤ᠋ᠨ ᠠᠩ ᠵᠠᠪᠰᠠᠷ ᠢ᠋ ᠵᠠᠰᠠᠨ ᠪᠡᠬᠢᠯᠡᠵᠦ᠍᠂ ᠤᠰᠤᠨ ᠰᠤᠪᠠᠭ ᠢ᠋ ᠨᠡᠪᠲᠡᠷᠡᠭᠦᠯᠦᠨ᠂ ᠨᠠᠭᠤᠷ ᠴᠥᠭᠥᠷᠥᠮ ᠬᠠᠰᠢᠯᠭ᠎ᠠ ᠰᠡᠲᠡᠷᠡᠬᠦ᠌ ᠵᠢ ᠰᠡᠷᠭᠡᠶ᠋ᠢᠯᠡᠨ ᠬᠣᠷᠢᠭᠯᠠᠵᠤ᠂ ᠬᠦᠴᠢᠯᠲᠥᠢ᠍ᠷᠥᠭᠴᠢ ᠨᠡᠮᠡᠭᠳᠡᠭᠦᠯᠬᠦ᠌ ᠡᠳ᠋᠂ ᠠᠷᠢᠭᠤᠳᠬᠠᠬᠤ ᠡᠳ᠋᠂ ᠪᠠᠴᠢᠮ ᠪᠠᠶ᠋ᠢᠳᠠᠯ ᠢ᠋ ᠠᠷᠭᠠᠴᠠᠭᠠᠬᠤ ᠡᠳ᠋ ᠵᠡᠷᠭᠡ ᠵᠢ ᠨᠥᠭᠡᠴᠡᠯᠡᠬᠦ᠌ ᠶ᠋ᠢᠨ ᠬᠠᠮᠲᠤ ᠵᠢᠭᠠᠰᠤᠨ ᠣᠩᠭᠣᠴᠠᠨ ᠤ᠋ ᠭᠠᠷᠠᠮ ᠤ᠋ᠨ ᠬᠠᠮᠢᠶᠠᠷᠤᠯᠲᠠ ᠡᠵᠡᠮᠳᠡᠯ ᠢ᠋ ᠪᠦᠬᠦ᠌ ᠲᠠᠯ᠎ᠠ ᠪᠠᠷ ᠴᠢᠡᠭᠭᠠᠳᠬᠠᠬᠤ ᠭᠡᠷᠡᠭᠲᠡᠢ᠃ ᠡᠬᠦᠨ ᠡᠴᠡ ᠭᠠᠳᠠᠨ᠎ᠠ ᠪᠠᠰᠠ ᠲᠠᠷᠢᠶᠠᠨ ᠡᠮ᠂ ᠬᠢᠮᠢ ᠶ᠋ᠢᠨ ᠪᠤᠷᠳᠤᠭᠤᠷ᠂ ᠸᠠᠺᠼᠢᠨ᠂ ᠡᠪᠡᠰᠦ ᠪᠣᠷᠳᠣᠭ᠎ᠠ᠂ ᠠᠷᠢᠭᠤᠳᠬᠠᠬᠤ ᠡᠳ᠋ ᠵᠡᠷᠭᠡ ᠭᠠᠮᠰᠢᠭ ᠢ᠋ ᠰᠡᠷᠭᠡᠢᠯᠡᠵᠤ ᠭᠠᠮᠰᠢᠭ ᠡᠴᠡ ᠠᠪᠤᠷᠠᠬᠤ ᠡᠳ᠋ ᠪᠤᠳᠠᠰ ᠤ᠋ᠨ ᠨᠦᠬᠡᠴᠡ ᠵᠢ ᠰᠠᠢᠳᠤᠷ ᠬᠢᠵᠦ ᠂ ᠭᠠᠮᠰᠢᠭ ᠡᠴᠡ ᠪᠣᠯᠵᠣ ᠳᠠᠬᠢᠨ ᠶᠠᠳᠠᠭᠤᠷᠠᠵᠤ ᠮᠡᠳᠡᠬᠦ᠌ ᠮᠠᠯᠵᠢᠬᠤ ᠲᠠᠷᠢᠶᠠᠯᠠᠬᠤ ᠡᠷᠦᠬᠡ ᠵᠢ ᠳᠡᠭᠡᠳᠦ ᠬᠡᠮᠵᠢᠶ᠎ᠡ ᠪᠡᠷ ᠠᠩᠬᠠᠷᠴᠤ᠌᠂ ᠬᠠᠪᠰᠤᠷᠤᠨ ᠲᠡᠳᠬᠦᠬᠦ᠌ ᠠᠷᠭ᠎ᠠ ᠬᠡᠮᠵᠢᠶ᠎ᠡ ᠵᠢ ᠴᠠᠭ ᠲᠤᠬᠠᠶ ᠳ᠋ᠤᠨᠢ ᠨᠠᠶ᠋ᠢᠳᠠᠪᠤᠷᠢᠵᠢᠭᠤᠯᠤᠨ᠂ ᠭᠠᠮᠰᠢᠭ ᠡᠴᠡ ᠪᠣᠯᠵᠣ ᠳᠠᠬᠢᠨ ᠶᠠᠳᠠᠭᠤᠷᠠᠬᠤ ᠵᠢ ᠰᠡᠷᠭᠡᠶ᠋ᠢᠯᠡᠬᠦ᠌ ᠬᠡᠷᠡᠭᠳᠠᠢ ᠬᠡᠵᠤ ᠰᠠᠨᠠᠭᠤᠯᠪᠠ᠃

ᠤᠢᠯᠠᠭᠠᠭᠰᠠᠨ ᠵᠢᠡᠷ᠂ ᠦᠪᠡᠷᠲᠡᠭᠡᠨ ᠵᠠᠰᠠᠬᠤ ᠤᠷᠤᠨ ᠤ᠋ ᠲᠠᠷᠢᠶᠠᠯᠠᠡᠭ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ᠋ ᠲᠢᠡᠭᠬᠢᠮ ᠨᠢ ᠴᠠᠭ ᠠᠭᠤᠷ᠂ ᠤᠰᠤᠨ ᠠᠰᠢᠭᠯᠠᠯᠲᠠ᠂ ᠪᠠᠴᠢᠮ ᠪᠠᠶ᠋ᠢᠳᠠᠯ ᠢ᠋ ᠠᠷᠭᠠᠴᠠᠭᠠᠬᠤ ᠵᠡᠷᠭᠡ ᠰᠠᠯᠠᠭ᠎ᠠ ᠮᠥᠴᠢᠷ ᠯᠤᠭᠡ ᠶ᠋ᠢᠨ ᠬᠠᠮᠵᠢᠯᠴᠠᠭ᠎ᠠ ᠪᠠᠨ ᠴᠢᠡᠭᠭᠠᠳᠬᠠᠨ᠂ ᠴᠠᠭ ᠠᠭᠤᠷ ᠤ᠋ᠨ ᠬᠤᠪᠢᠷᠠᠯᠲᠠ ᠵᠢ ᠴᠢᠩᠭ᠎ᠠ ᠠᠩᠬᠠᠷᠤᠨ ᠲᠠᠷᠤᠢ ᠳ᠋ᠤᠨᠢ ᠵᠠᠳᠠᠯᠤᠨ ᠮᠠᠭᠠᠳᠯᠠᠵᠤ᠂ ᠤᠯᠠᠨ ᠠᠷᠭ᠎ᠠ ᠵᠠᠮ ᠶ᠋ᠢᠡᠷ ᠤᠷᠢᠳᠴᠢᠯᠠᠨ ᠰᠡᠷᠡᠮᠵᠢᠯᠡᠭᠦᠯᠬᠦ ᠰᠠᠨᠠᠭᠤᠯᠤᠮᠵᠢ ᠨᠠᠢᠲᠡᠯᠡᠨ᠂ ᠮᠠᠯᠴᠢᠨ ᠲᠠᠷᠢᠶᠠᠴᠢᠨ᠂ ᠡᠵᠡᠡᠭᠨᠡᠯᠲᠡ ᠶ᠋ᠢᠨ ᠭᠤᠤᠯ ᠴᠤᠭᠴᠠ ᠪᠠ ᠠᠵᠤ ᠠᠬᠤᠢᠯᠠᠯ ᠤ᠋ᠨ ᠭᠠᠮᠰᠢᠭ ᠢ᠋ ᠰᠡᠷᠭᠡᠢᠯᠡᠬᠦ ᠬᠠᠷᠠᠭᠠᠯᠵᠠᠭᠰᠠᠨ ᠪᠡᠯᠡᠳᠭᠡᠯ ᠬᠢᠬᠦ ᠵᠢ ᠴᠠᠭ ᠲᠤᠬᠠᠢ ᠳ᠋ᠤᠨᠢ ᠰᠠᠨᠠᠭᠤᠯᠵᠤ ᠪᠠᠢᠨ᠎ᠠ᠃ 7 ᠰᠠᠷ᠎ᠠ ᠶ᠋ᠢᠨ 11 ᠤ᠋ ᠡᠳᠦᠷ ᠡᠴᠡ ᠡᠬᠢᠯᠡᠨ 8 ᠰᠠᠷ᠎ᠠ ᠶ᠋ᠢᠨ ᠰᠡᠭᠦᠯᠴᠢ ᠪᠤᠯᠲᠠᠯ᠎ᠠ 24 ᠴᠠᠭ ᠶ᠋ᠢᠡᠷ ᠵᠢᠵᠢᠭᠦᠷᠯᠡᠨ ᠰᠠᠬᠢᠬᠤ ᠳᠦᠷᠢᠮ ᠢ᠋ ᠬᠡᠷᠡᠭᠵᠢᠭᠦᠯᠵᠦ᠂ ᠦᠪᠡᠷᠲᠡᠭᠡᠨ ᠵᠠᠰᠠᠬᠤ ᠤᠷᠤᠨ ᠤ᠋ ᠮᠡᠳᠡᠭᠳᠡᠯ ᠶᠤᠰᠤᠭᠠᠷ ᠪᠠᠴᠢᠮ ᠪᠠᠢᠳᠠᠯ ᠢ᠋ ᠠᠷᠭᠠᠴᠠᠭᠠᠬᠤ ᠠᠵᠢᠯᠯᠠᠭ᠎ᠠ ᠵᠢ ᠡᠬᠢᠯᠡᠭᠦᠯᠦᠨ᠂ ᠭᠠᠮᠰᠢᠭ ᠤ᠋ᠨ ᠪᠠᠢᠳᠠᠯ ᠤ᠋ᠨ ᠲᠤᠬᠢᠷᠠᠭᠤᠯᠤᠯᠲᠠ ᠵᠢ ᠴᠢᠡᠭᠭᠠᠳᠬᠠᠵᠤ᠂ ᠴᠠᠭ ᠲᠤᠬᠠᠢ ᠳ᠋ᠤᠨᠢ ᠮᠡᠳᠡᠭᠦᠯᠤᠨ ᠴᠠᠭ ᠲᠤᠬᠠᠢ ᠳ᠋ᠤᠨᠢ ᠴᠤᠤᠷᠢᠶᠠᠳᠤᠨ ᠲᠠᠭᠠᠵᠤ᠂ ᠮᠠᠯ ᠠᠵᠤ ᠠᠬᠤᠢ ᠲᠠᠷᠢᠶᠠᠯᠠᠡᠭ ᠤ᠋ᠨ ᠦᠢᠯᠡᠳᠪᠤᠷᠢᠯᠡᠯ ᠤ᠋ᠨ ᠠᠮᠤᠷ ᠲᠦᠪᠰᠢᠨ ᠡᠮᠬᠢ ᠵᠢᠷᠤᠮ ᠲᠠᠢ ᠶᠠᠪᠤᠭᠳᠠᠬᠤ ᠵᠢ ᠪᠦᠬᠦ ᠬᠦᠴᠦᠨ ᠵᠢᠡᠷ ᠵᠢᠡᠨ ᠪᠠᠳᠤᠯᠠᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号