ᠬᠡᠤᠬᠡᠳᠲᠤ ᠪᠠᠯᠴᠢᠷ ᠪᠠᠭᠠ ᠡᠴᠠ ᠨᠢ ᠡᠬᠢᠯᠡᠨ᠂ ᠪᠡᠶᠡ ᠰᠡᠳᠬᠢᠯᠦᠨ ᠬᠢᠨᠢ ᠬᠦᠯᠢᠶᠡᠨ ᠠᠪᠬᠤ ᠤᠨᠴᠠᠯᠢᠭ᠋ ᠲᠸ᠋ ᠵᠤᠬᠢᠴᠠᠭᠤᠯᠤᠨ᠂ ᠪᠡᠶᠡᠪᠠᠨ ᠳᠠᠭᠠᠭᠠᠬᠤ ᠬᠦᠮᠤᠵᠢᠯᠢ ᠬᠠᠷᠠᠯᠲᠠ ᠬᠠᠨᠲᠤᠯᠭᠠ ᠲᠠᠢ ᠰᠠᠢᠲᠤᠷ ᠬᠢᠬᠥ ᠨᠢ ᠬᠡᠤᠬᠡᠳᠤᠨ ᠬᠣᠵᠢᠮ ᠢᠷᠡᠭᠡᠲᠤᠢᠳᠤ ᠶᠠᠮᠠᠷᠬᠠᠨ ᠬᠦᠮᠤᠨ ᠪᠤᠯᠵᠤ ᠬᠦᠮᠤᠵᠢᠭ᠌ᠲᠡᠬᠥ᠂ ᠲᠡᠷᠡᠴᠢᠯᠡᠨ ᠬᠡᠤᠬᠡᠳᠤᠨ ᠠᠵᠢᠯ ᠠᠮᠢᠳᠤᠷᠠᠯ ᠵᠡᠷᠭᠡ ᠠᠯᠢ ᠪᠦᠬᠥᠢ ᠤᠴᠢᠷ ᠶᠠᠪᠤᠲᠠᠯᠳ᠋ᠦ᠍ᠨᠢ ᠦᠭᠡᠲᠠ ᠮᠦᠷᠦᠨ ᠭᠡᠷᠡᠯ ᠭᠡᠭᠡ ᠤᠯᠭᠤᠵᠤ ᠪᠠᠢᠭᠠ ᠶᠠᠪᠤᠲᠠᠯ ᠪᠣᠯᠬᠤ ᠶᠤᠮ ᠃
ᠤᠲᠣ᠌ ᠤᠯᠠᠩᠬᠢ ᠠᠢᠯ ᠨᠢ ᠭᠠᠭᠴᠠ ᠬᠤᠶᠠᠷᠬᠠᠨ ᠬᠡᠤᠬᠡᠳ ᠲᠠᠢ ᠮᠦᠷᠲᠡᠭᠡᠨ ᠠᠮᠢᠲᠤᠷᠠᠯᠤᠨ ᠬᠢᠷᠢ ᠲᠦᠪᠰᠢᠨ ᠨᠡᠢᠲᠡᠮ ᠲᠡᠭᠡᠭᠰᠢᠯᠡᠭᠰᠡᠨᠢᠶᠡᠷ᠂ ᠬᠡᠨ ᠠᠯᠢᠨ ᠨᠢ ᠴᠤ᠌ ᠬᠡᠤᠬᠡᠳᠢᠶᠠᠨ ᠭᠡᠲᠣ᠌ ᠡᠩᠬᠥᠷᠡᠢᠯᠡᠨ᠂ ᠠᠯᠢ ᠰᠠᠢᠨᠢ ᠢᠲᠡᠬᠥᠯᠵᠤ ᠡᠮᠦᠰᠬᠡᠬᠦ ᠪᠡᠷ ᠴᠢᠷᠮᠠᠢᠵᠤ᠂ ᠵᠠᠷᠢᠮ ᠨᠢ ᠬᠡᠤᠬᠡᠳᠢᠶᠡᠷ ᠢ᠋ᠶ᠋ᠠᠨ ᠪᠠᠭᠠ ᠰᠠᠭᠠ ᠠᠵᠢᠯ ᠬᠦᠲᠡᠯᠮᠤᠷᠢ ᠬᠢᠯᠭᠡᠬᠥ ᠪᠠᠢᠲᠤᠭᠠᠢ ᠬᠡᠤᠬᠡᠳᠤᠨᠢᠶᠠᠨ ᠡᠮᠤᠨᠡ ᠡᠴᠠ ᠶᠠᠭᠤ ᠪᠦᠬᠥᠨᠢ ᠨᠢ ᠳᠢᠭ᠋ ᠲᠠᠭ ᠪᠡᠯᠡᠳᠭᠡᠵᠤ ᠦᠭᠳᠡᠭ᠃ ᠡᠨᠡ ᠨᠢ ᠦᠵᠡᠬᠥᠳᠦ ᠡᠴᠢᠭᠡ ᠡᠬᠡ ᠪᠤᠯᠤᠭᠰᠠᠳᠤᠨ ᠬᠡᠤᠬᠡᠳᠢᠶᠠᠨ ᠭᠡᠰᠡᠨ ᠬᠠᠢᠷᠠ ᠡᠨᠡᠷᠢᠯ ᠪᠤᠯᠪᠠᠴᠤ ᠦᠨᠡᠨᠲᠡᠭᠡᠨ ᠬᠡᠤᠬᠡᠳᠤᠨ ᠢ᠋ᠶ᠋ᠠᠨ ᠠᠯᠤᠰ ᠢᠷᠡᠭᠡᠲᠤᠢᠶᠢ ᠬᠠᠷᠠᠯᠠᠭᠤᠯᠵᠤ ᠪᠠᠢᠬᠤ ᠶᠠᠪᠤᠳᠠᠯ ᠬᠡᠮᠡᠷ᠃
ᠢᠢᠮᠤ ᠡᠴᠠ ᠡᠴᠢᠭᠡ ᠡᠬᠡ ᠪᠤᠯᠤᠭᠰᠠᠳ 《ᠡᠷᠬᠡᠶᠢ ᠰᠤᠷᠬᠤᠪᠠᠷ ᠪᠡᠷᠬᠡᠶᠢ ᠰᠤᠷ》᠂ 《ᠬᠦᠮᠤᠨ ᠪᠣᠯᠬᠤᠪᠠᠭᠠ ᠡᠴᠠᠪᠠᠨ᠂ ᠬᠦᠯᠤᠭ᠌ ᠪᠣᠯᠬᠤ ᠤᠨᠠᠭᠠ ᠡᠴᠠᠪᠠᠨ》 ᠭᠡᠲᠡᠭᠠᠷᠠᠳᠤᠨ ᠵᠤᠢᠷ ᠰᠡᠴᠡᠨ ᠦᠭᠡᠶᠢᠨ ᠤᠴᠢᠷ ᠤᠳᠬᠠᠶᠢ ᠪᠦᠷᠢᠨ ᠤᠢᠯᠠᠭᠠᠵᠤ᠂ ᠠᠮᠢᠲᠤᠷᠠᠯᠤᠨ ᠨᠦᠬᠥᠴᠡᠯ ᠬᠡᠳᠦᠢ ᠪᠠᠶᠠᠨ ᠲᠠᠩᠰᠤᠭ ᠪᠠᠢᠯᠠ ᠴᠤ᠌ ᠭᠡᠰᠡᠨ ᠬᠡᠤᠬᠡᠳᠵᠢᠡᠨ ᠦᠰᠬᠡᠨ ᠬᠦᠮᠦᠵᠢᠬᠦᠯᠬᠦ ᠳ᠋ᠡᠬᠡᠨ ᠠᠮᠢᠳᠤᠷᠠᠯ ᠳᠤᠮᠳᠠᠬᠢ 《ᠬᠦᠴᠢᠷ ᠪᠡᠷᠬᠡ》 ᠵᠢ ᠮᠡᠳᠡᠬᠦᠯᠵᠦ ᠪᠠᠢᠬᠤ ᠵᠢ ᠬᠢᠴᠢᠶᠠᠪᠡᠯ ᠵᠦᠢᠳᠡᠢ᠃ ᠡᠨᠡ ᠪᠤᠯ ᠬᠡᠦᠬᠡᠳᠤᠨ ᠪᠡᠶᠠ ᠪᠠᠨ ᠳᠠᠭᠠᠭᠠᠬᠤ ᠴᠢᠳᠠᠪᠤᠷᠢ ᠵᠢ ᠬᠦᠮᠦᠵᠢᠬᠦᠯᠬᠦ ᠠᠩᠬᠠᠨᠤ ᠠᠯᠬᠤᠮ ᠪᠤᠯᠤᠨᠠ᠂ ᠳᠠᠷᠤᠢ ᠬᠡᠤᠬᠡᠳᠢᠶᠡᠷ ᠬᠠᠷᠠᠬᠠᠨ ᠪᠠᠭᠠ ᠡᠴᠡ ᠨᠢ ᠦᠪᠡᠷᠤᠨ ᠬᠢᠨᠢ ᠬᠢᠬᠦ ᠶᠤᠰᠤᠳᠠᠢ ᠵᠦᠢᠯ ᠢ᠋ ᠨᠢ ᠦᠪᠡᠷ ᠵᠢᠡᠷ ᠨᠢ ᠬᠢᠯᠬᠡᠬᠦ ᠬᠡᠷᠡᠭᠳᠡᠢ᠃ ᠲᠤᠬᠠᠢᠯᠠᠪᠠᠯ᠂ ᠬᠡᠤᠬᠡᠳ ᠬᠤᠶᠡᠷ ᠭᠤᠷᠪᠡᠨ ᠨᠠᠰᠤᠯᠠᠪᠠᠯ ᠠᠶᠠᠭᠠ ᠬᠠᠯᠪᠠᠭᠠᠶᠢ ᠨᠢ ᠠᠳᠬᠤᠭᠤᠯᠵᠤ ᠢᠲᠡᠬᠥᠯᠵᠦ ᠰᠤᠷᠭᠠᠬᠤ ᠡᠴᠠ ᠠᠪᠤᠭᠠᠳ ᠬᠤᠪᠴᠡᠰᠤ ᠬᠤᠨᠠᠷ ᠵᠢᠡᠨ ᠦᠪᠡᠷᠢᠶᠡᠨ ᠡᠮᠤᠰᠬᠥ᠂ ᠲᠦᠷᠪᠡ ᠳᠠᠪᠤᠨ ᠨᠠᠰᠤᠯᠠᠪᠠᠯ ᠨᠢᠭᠤᠷ ᠭᠠᠷ ᠵᠢᠡᠨ ᠦᠪᠡᠷᠢᠶᠡᠨ ᠤᠬᠢᠶᠠᠬᠤ᠂ ᠤᠢᠮᠤᠰᠤ ᠱᠠᠬᠠᠢ ᠪᠠᠨ ᠤᠬᠢᠶᠠᠬᠤ᠂ ᠲᠤᠭᠯᠠᠭᠠᠮᠤᠨ ᠵᠦᠢᠯᠢᠶᠡᠨ ᠬᠤᠷᠢᠶᠠᠵᠤ ᠳᠡᠭᠰᠢᠯᠡᠬᠦ ᠮᠡᠳᠦᠶᠢᠨ ᠠᠷᠰᠠᠷ ᠵᠦᠢᠯᠡᠰᠢ ᠠᠯᠬᠤᠮ ᠲᠠᠷᠠᠭᠠ ᠲᠠᠢ ᠬᠢᠯᠭᠡᠵᠤ ᠰᠤᠷᠭᠠᠨᠠ᠃ ᠢᠩᠬᠢᠪᠡᠯ ᠬᠡᠤᠬᠡᠳ ᠨᠠᠰᠤ ᠨᠡᠮᠡᠭᠲᠡᠬᠥ᠌ ᠲᠤᠲᠣᠮ ᠠᠶᠠᠨᠲᠠᠭᠠᠨ ᠦᠪᠡᠷᠤᠨ ᠬᠢᠳᠡᠭ ᠵᠦᠢᠯ ᠵᠢᠡᠨ ᠤᠬᠠᠮᠰᠠᠷ ᠡᠴᠡ ᠪᠠᠨ ᠬᠢᠬᠦ ᠲᠠᠳᠬᠠᠯ ᠲᠠᠢ ᠪᠤᠯᠵᠤ ᠬᠦᠮᠦᠵᠢᠭᠳᠡᠨᠡ᠃ ᠡᠨᠡ ᠦᠶᠠ ᠳ᠋ᠤ ᠬᠡᠷᠤᠨ ᠠᠬᠠᠮᠠᠳ 《ᠮᠢᠨᠤ ᠬᠦᠦ ᠪᠤᠯᠵᠤ ᠪᠠᠢᠨᠠ᠂ ᠰᠠᠢᠬᠠᠨ ᠭᠢᠵᠤ ᠪᠠᠢᠨᠠ !》 ᠭᠡᠬᠥ ᠮᠡᠲᠣ᠌ᠶᠢᠨ ᠰᠠᠢᠰᠢᠶᠠᠯ ᠤᠷᠮᠠᠰᠢᠭᠤᠯᠤᠯᠦᠨ ᠦᠭᠡᠶᠢ ᠢᠯᠡᠬᠥᠬᠡᠨ ᠬᠡᠯᠡᠵᠤ ᠪᠡᠢ᠃ ᠡᠬᠥᠨ ᠡᠴᠠ ᠪᠤᠯᠵᠤ ᠬᠡᠤᠬᠡᠳ ᠬᠦᠳᠡᠯᠮᠦᠷᠢ ᠵᠢᠨ ᠳᠤᠮᠳᠠ ᠡᠴᠡ ᠬᠦᠴᠢᠷ ᠪᠡᠷᠬᠡᠶᠢ ᠢᠯᠠᠨ ᠲᠠᠪᠠᠬᠤ ᠰᠦᠰᠤ ᠵᠣᠷᠢᠭ᠋ ᠲᠠᠢ ᠪᠤᠯᠬᠤ ᠪᠠ ᠪᠡᠶᠡᠳ᠋ᠡᠬᠡᠨ ᠴᠤ᠌ ᠢᠲᠡᠭᠡᠯ ᠲᠠᠢ ᠪᠤᠯᠵᠤ᠂ ᠤᠯᠠᠮᠢᠶᠠᠷ ᠪᠤᠰᠤᠳᠢ ᠦᠷᠤ ᠡᠪᠡᠳᠬᠥ ᠪᠠ ᠬᠠᠪᠰᠤᠷᠬᠤ ᠵᠡᠷᠭᠡ ᠤᠯᠠᠨ ᠲᠠᠯᠠᠶᠢᠨ ᠬᠦᠮᠤᠵᠢᠯ ᠪᠤᠯᠪᠠᠰᠤᠷᠠᠯ ᠲᠠᠢ ᠪᠤᠢᠵᠢᠵᠤ᠂ ᠪᠡᠶᠡᠪᠡᠨ ᠲᠠᠭᠠᠭᠠᠬᠣ᠌ ᠴᠢᠲᠠᠪᠤᠷᠢ ᠨᠢ ᠮᠡᠲᠡᠭᠲᠡᠮᠡ ᠲᠡᠭᠡᠭᠰᠢᠯᠡᠨᠡ᠃
ᠭᠡᠷᠤᠨ ᠠᠬᠠᠮᠠᠳ ᠪᠤᠯᠤᠭᠰᠠᠳ ᠬᠡᠤᠬᠡᠳᠤᠨᠢᠶᠡᠨ ᠪᠢᠴᠢᠭ ᠨᠤᠮ ᠰᠤᠷᠬᠤ ᠳ᠋ᠤ ᠠᠩᠬᠠᠷᠤᠯ ᠲᠠᠯᠪᠢᠬᠤ ᠪᠤᠯ ᠵᠦᠪ ᠵᠦᠢᠳᠡᠢ ᠰᠠᠢᠨ ᠤᠴᠢᠷ᠃ ᠭᠡᠪᠡᠴᠦ ᠡᠭᠦᠨᠢ ᠭᠠᠭᠴᠠᠬᠠᠨ ᠬᠠᠷᠠᠯᠳᠠ ᠪᠤᠯᠭᠠᠵᠤ᠂ ᠪᠤᠰᠤᠳ ᠬᠦᠮᠦᠵᠢᠯᠢ ᠪᠦᠷᠢᠮᠦᠰᠦᠨ ᠤᠮᠳᠤᠭᠠᠢᠯᠠᠪᠠᠯ ᠵᠤᠬᠢᠰ ᠦᠭᠡᠢ᠂ ᠰᠠᠢᠨ ᠰᠠᠢᠬᠠᠨ ᠲᠠᠳᠬᠠᠯᠢ ᠪᠦᠷ ᠪᠠᠭᠠ ᠡᠴᠡ ᠨᠢ ᠬᠦᠮᠦᠵᠢᠭᠦᠯᠬᠦ ᠴᠢᠬᠤᠯᠠ ᠲᠠᠢ ᠶᠤᠮ ᠴᠢᠨᠢ ᠃ ᠡᠢᠮᠦ ᠡᠴᠡ ᠡᠳᠦᠷ ᠲᠤᠳᠤᠮᠤᠨ ᠠᠵᠢᠯ ᠬᠦᠳᠡᠯᠮᠦᠷᠢ ᠳ᠋ᠤ ᠪᠠᠢᠩᠭᠤ ᠤᠷᠤᠯᠴᠠᠭᠤᠯᠵᠤ ᠪᠠᠢᠪᠠᠯ ᠬᠡᠤᠬᠡᠳ ᠠᠮᠢᠳᠤᠷᠠᠯᠤᠨ ᠦᠨᠳᠦᠰᠦᠨ ᠴᠢᠳᠠᠪᠤᠷᠢ ᠵᠢ ᠠᠭᠠᠵᠢᠮᠢᠶᠡᠷ ᠡᠵᠡᠮᠰᠢᠵᠦ᠂ ᠬᠡᠵᠢᠶᠡ ᠨᠢᠭᠡᠨ ᠡᠳᠦᠷ ᠬᠠᠮᠢᠭᠠ ᠬᠦᠷᠦᠭᠰᠡᠨ ᠴᠸ᠋ ᠪᠡᠶᠡᠨ ᠳ᠋ᠡᠭᠡᠨ ᠵᠦᠪ ᠵᠦᠢᠳᠡᠢ᠂ ᠠᠵᠢᠯ ᠶᠠᠪᠤᠳᠠᠯ ᠳ᠋ᠤ ᠭᠠᠷᠮᠠᠭᠠᠢ ᠰᠢᠭᠤᠷᠬᠠᠢ᠂ ᠭᠡᠷ ᠪᠦᠯᠢ᠂ ᠨᠡᠢᠭᠡᠮ ᠨᠡᠢᠳᠡ ᠳ᠋ᠤ ᠴᠸ᠋ ᠬᠠᠢᠷᠠ ᠲᠠᠢ ᠬᠠᠷᠢᠭᠤᠴᠠᠯᠭᠠ ᠲᠠᠢ ᠬᠦᠮᠦᠵᠢᠭᠳᠡᠬᠦ ᠪᠤᠯᠤᠨᠠ ᠃
《ᠠᠷᠤ ᠲᠠᠪᠠᠵᠤ ᠬᠦᠯᠤᠭ᠌ ᠪᠣᠯᠳᠠᠭ᠂ ᠠᠵᠢᠯ ᠬᠢᠵᠦ ᠬᠦᠮᠤᠨ ᠪᠤᠯᠳᠠᠭ》 ᠬᠡᠮᠡᠬᠥ ᠪᠤᠭᠤᠷᠤᠯ ᠲᠡᠭᠡᠲᠤᠰᠤᠨᠰᠤᠷᠭᠠᠯ ᠵᠢᠡᠷ ᠬᠡᠦᠬᠡᠳ ᠵᠢᠡᠨ ᠵᠦᠪ ᠬᠦᠮᠦᠵᠢᠬᠦᠯᠬᠦᠶᠢ ᠰᠠᠨᠠᠵᠤ ᠪᠠᠢᠶᠠ ᠪᠢᠳᠡ !