ᠤᠡᠭᠰᠢᠯᠭᠠᠵᠢᠨ ᠬᠦᠳᠤᠯᠤᠮᠵᠢ
ᠬᠠᠭᠠᠰ ᠵᠠᠭᠤᠨ ᠤ᠋ ᠳᠤᠷᠰᠢ᠂ ᠡᠷᠳᠡᠮ ᠰᠢᠨᠵᠢᠯᠡᠭᠡᠨ ᠤ᠋ ᠠᠵᠢᠯᠳᠠᠳ ᠬᠤᠷᠴᠢᠨ ᠤ᠋ ᠡᠯᠡᠰᠦᠷᠭᠡᠭ ᠭᠠᠵᠠᠷ ᠲᠦ᠍ ᠨᠤᠳᠤᠭᠰᠢᠵᠤ᠂ ᠠᠵᠢᠯᠯᠠᠬᠤ ᠥᠷᠲᠡᠭᠡ ᠪᠡᠷ ᠰᠤᠳᠤᠯᠭᠠᠨ ᠤ᠋ ᠰᠠᠭᠤᠷᠢᠨ ᠪᠣᠯᠭᠠᠨ ᠣᠶᠤᠨ ᠤᠬᠠᠭᠠᠨ ᠪᠠ ᠬᠦᠴᠦ ᠬᠥᠯᠥᠰᠥ ᠪᠠᠨ ᠰᠢᠪᠬᠠᠵᠤ᠂ ᠡᠯᠡᠰᠦᠷᠬᠡᠭᠵᠢᠯ ᠢ᠋ ᠰᠡᠷᠭᠡᠢᠯᠡᠨ ᠡᠯᠡᠰᠤ ᠵᠢ ᠵᠠᠰᠠᠬᠤ ᠠᠵᠢᠯ ᠤ᠋ᠨ ᠣᠨᠣᠯ ᠦᠢᠯᠡᠳᠦᠯᠭᠡ ᠵᠢᠨ ᠲᠠᠯ᠎ᠠ ᠪᠡᠷ ᠰᠢᠨ᠎ᠡ ᠵᠢ ᠡᠭᠦᠳᠴᠦ᠂ ᠡᠯᠡᠰᠦ ᠵᠢ ᠵᠠᠰᠠᠬᠤ ᠬᠡᠷᠡᠭᠯᠡᠬᠦ ᠬᠠᠮᠢᠶᠠᠷᠬᠤ ᠲᠠᠯ᠎ᠠ ᠪᠡᠷ ᠠᠮᠵᠢᠯᠳᠠ ᠪᠦᠳᠦᠮᠵᠢ ᠤᠯᠤᠭᠰᠠᠨ ᠪᠠᠢᠨ᠎ᠠ᠃
ᠤᠯᠠᠭᠠᠨᠬᠠᠳᠠ ᠬᠣᠲᠠ ᠥᠪᠥᠷ ᠮᠣᠩᠭᠣᠯ ᠤ᠋ᠨ ᠵᠡᠭᠦᠨ ᠡᠮᠦᠨ᠎ᠡ ᠪᠡᠶ᠎ᠡ᠂ ᠥᠪᠥᠷ ᠮᠣᠩᠭᠣᠯ ᠾᠧᠪᠧᠢ ᠯᠢᠶᠣᠤᠨᠢᠩ ᠭᠤᠷᠪᠠᠨ ᠮᠣᠵᠢ ᠵᠢᠨ ᠠᠭᠤᠯᠵᠠᠷ ᠲᠤ᠌ ᠪᠠᠢᠷᠢᠯᠠᠵᠤ᠂ ᠪᠡᠭᠡᠵᠢᠩ ᠲᠢᠶᠠᠨᠵᠢᠨ ᠾᠧᠪᠧᠢ ᠣᠷᠣᠨ ᠤ᠋ ᠴᠢᠬᠤᠯᠠ ᠠᠮᠢ ᠠᠬᠤᠢ ᠵᠢᠨ ᠠᠮᠤᠷ ᠲᠦᠪᠰᠢᠨ ᠤ᠋ ᠬᠠᠯᠬᠠᠪᠴᠢ ᠪᠣᠯᠬᠤ ᠪᠥᠭᠡᠳ ᠬᠣᠷᠴᠢᠨ᠂ ᠬᠤᠯᠠᠨ ᠰᠢᠷᠭ᠎ᠠ ᠳᠠᠭ᠎ᠠ ᠬᠣᠶᠠᠷ ᠶᠡᠬᠡ ᠡᠯᠡᠰᠦᠷᠭᠡᠭ ᠭᠠᠵᠠᠷ ᠤ᠋ᠨ ᠰᠥᠨᠥᠭᠡᠯᠳᠡ ᠵᠢᠨ ᠳᠠᠢᠯᠠᠯᠳᠤᠭᠠᠨ ᠤ᠋ ᠴᠢᠬᠤᠯᠠ ᠲᠠᠯᠠᠪᠤᠷ ᠪᠣᠯᠤᠨ᠎ᠠ᠃
ᠤᠩᠨᠢᠭᠤᠳ ᠬᠤᠰᠢᠭᠤ ᠵᠢᠨ ᠡᠯᠡᠰᠤᠷᠭᠡᠭ ᠭᠠᠵᠠᠷ ᠤ᠋ᠨ ᠳᠠᠯᠠᠪᠠᠢ 667 ᠲᠦᠮᠡᠨ ᠮᠦ᠍ ᠳ᠋ᠤ ᠬᠦᠷᠴᠦ᠂ 14 ᠲᠦᠮᠡᠨ ᠮᠠᠯᠴᠢᠨ ᠳᠠᠷᠢᠶᠠᠴᠢᠨ ᠤ᠋ ᠠᠮᠢᠳᠤᠷᠠᠯ ᠦᠢᠯᠡᠳᠪᠦᠷᠢᠯᠡᠯ ᠢ᠋ ᠶᠡᠭᠡᠭᠡᠨ ᠨᠦᠯᠦᠭᠡᠯᠡᠵᠤ ᠪᠠᠢᠵᠠᠢ᠃ 《ᠬᠠᠷᠠᠬᠠᠨ ᠪᠠᠭ᠎ᠠ ᠪᠠᠢᠬᠤᠳᠤ ᠨᠤᠳᠤᠭᠵᠢᠡᠷ ᠡᠯᠡᠰᠤ ᠪᠤᠳᠠᠷᠠᠵᠤ᠂ ᠰᠠᠯᠬᠢᠨ ᠲᠠᠢ ᠡᠳᠤᠷ ᠨᠢᠳᠤ ᠪᠠᠨ ᠨᠡᠭᠡᠭᠡᠬᠦᠳᠤ ᠬᠦᠴᠢᠷᠳᠠᠵᠤ ᠪᠠᠢᠬᠰᠠᠨ᠃ ᠤᠳᠤ ᠬᠠᠷᠢᠨ ᠡᠯᠡᠰᠤ ᠲᠤᠭᠳᠠᠪᠤᠷᠢᠵᠢᠵᠤ ᠡᠪᠡᠰᠤ ᠨᠤᠭᠤᠭ᠎ᠠ ᠬᠦᠭᠡᠷᠡᠨ᠂ ᠮᠠᠯᠴᠢᠨ ᠲᠦᠮᠡᠨ ᠤ᠋ ᠠᠮᠢᠳᠤᠷᠠᠯ ᠦᠢᠯᠡᠳᠪᠤᠷᠢᠯᠡᠯ ᠮᠠᠰᠢ ᠰᠠᠢᠵᠢᠷᠠᠭᠰᠠᠨ ᠪᠠᠢᠨ᠎ᠠ》 ᠭᠡᠵᠤ ᠳᠤᠰ ᠬᠤᠰᠢᠭᠤᠨ ᠤ᠋ ᠠᠰᠢᠬᠠᠨ ᠪᠠᠯᠭᠠᠰᠤ ᠵᠢᠨ ᠤᠯᠠᠭᠠᠠᠠᠤᠳᠤ ᠭᠠᠴᠠᠭ᠎ᠠ ᠵᠢᠨ ᠮᠠᠯᠴᠢᠨ ᠸᠧᠨ ᠱᠧᠩ ᠪᠠᠶᠠᠷᠳᠠᠢᠬᠠᠨ ᠭᠡᠯᠡᠨ᠎ᠠ᠃

ᠡᠯᠡᠰᠦᠶ᠋ᠢ ᠲᠤᠭᠤᠯᠤᠭ᠍ᠰᠠᠨ ᠵᠠᠰᠠᠮᠠᠯ ᠵᠠᠮ
ᠯᠢ ᠹᠦ᠋ ᠰᠡᠭᠦᠳᠡᠷᠯᠡᠪᠠ
ᠤᠯᠠᠭᠠᠠᠠᠤᠳᠤ ᠭᠠᠴᠠᠭ᠎ᠠ ᠪᠤᠯ ᠬᠤᠷᠴᠢᠨ ᠤ᠋ ᠡᠯᠡᠰᠦᠷᠭᠡᠭ ᠭᠠᠵᠠᠷ ᠤ᠋ᠨ ᠪᠠᠷᠠᠭᠤᠨ ᠬᠠᠪᠢ ᠳ᠋ᠤ ᠪᠠᠢᠷᠢᠯᠠᠵᠤ ᠪᠠᠢᠳᠠᠭ᠃ 1975 ᠣᠨ ᠡᠴᠡ ᠡᠬᠢᠯᠡᠨ ᠳᠤᠮᠳᠠᠳᠤ ᠤᠯᠤᠰ ᠤ᠋ᠨ ᠰᠢᠨᠵᠢᠯᠡᠭᠦ ᠤᠬᠠᠭᠠᠨ ᠤ᠋ ᠬᠦᠷᠢᠶᠡᠯᠡᠩ ᠤ᠋ᠨ ᠮᠦᠭᠳᠡᠨ ᠳ᠋ᠡᠬᠢ ᠬᠡᠷᠡᠭᠯᠡᠭᠡᠨ ᠤ᠋ ᠠᠮᠢ ᠠᠬᠤᠢ ᠵᠢᠨ ᠰᠤᠳᠤᠯᠭᠠᠨ ᠤ᠋ ᠭᠠᠵᠠᠷ ᠤ᠋ᠨ ᠬᠢᠨ ᠤᠯᠠᠭᠠᠨᠬᠠᠳᠠ ᠵᠢᠨ ᠣᠩᠨᠢᠭᠤᠳ ᠬᠤᠰᠢᠭᠤᠨ ᠤ᠋ ᠠᠰᠢᠬᠠᠨ ᠰᠤᠮᠤ ᠵᠢᠨ ᠤᠯᠠᠭᠠᠠᠠᠣᠳᠣ ᠭᠠᠴᠠᠭ᠎ᠠ ᠳ᠋ᠤ᠌ ᠠᠮᠢ ᠠᠬᠤᠢ ᠵᠢᠨ ᠲᠤᠷᠰᠢᠯᠲᠠ ᠵᠢᠨ ᠦᠷᠳᠡᠭᠡ ᠪᠠᠢᠭᠤᠯᠪᠠ᠃ ᠡᠷᠳᠡᠮ ᠰᠢᠨᠵᠢᠯᠡᠭᠡᠨ ᠤ᠋ ᠠᠵᠢᠯᠳᠠᠳ ᠤᠯᠠᠭᠠᠠᠠᠣᠳᠣ ᠥᠷᠲᠡᠭᠡ ᠳ᠋ᠤ ᠲᠣᠭ᠎ᠠ ᠪᠠᠷᠢᠮᠲᠠ ᠴᠤᠭᠯᠠᠭᠤᠯᠵᠤ᠂ ᠡᠯᠡᠰᠤᠷᠭᠡᠭᠵᠢᠯ ᠢ᠋ ᠰᠡᠷᠭᠡᠢᠯᠡᠨ ᠡᠯᠡᠰᠤ ᠵᠢ ᠵᠠᠰᠠᠵᠤ ᠬᠦᠷᠦᠰᠤ ᠵᠢ ᠳᠤᠭᠳᠠᠪᠤᠷᠢᠵᠢᠭᠤᠯᠬᠤ ᠳᠤᠬᠠᠢ ᠰᠢᠨᠵᠢᠯᠡᠭᠦ ᠤᠬᠠᠭᠠᠨ ᠤ᠋ ᠦᠨᠳᠦᠰᠤᠯᠠᠯ ᠬᠠᠩᠭᠠᠵᠤ᠂ ᠲᠠᠷᠠᠴᠢᠯᠠᠨ ᠪᠤᠳᠠᠳᠠᠢᠳᠤ ᠦᠢᠯᠡᠳᠦᠯᠭᠡᠵᠢᠭᠦᠯᠵᠤ᠂ ᠨᠢᠭᠡᠨᠳᠡ 51 ᠵᠢᠯ ᠪᠤᠯᠤᠭᠰᠠᠨ ᠪᠠᠢᠵᠠᠢ᠃ 《ᠪᠢᠳᠡ ᠣᠩᠨᠢᠭᠤᠳ ᠬᠤᠰᠢᠭᠤᠨ ᠤ᠋ ᠣᠢ ᠰᠢᠭᠤᠢ ᠪᠠ ᠨᠤᠳᠤᠭ ᠪᠡᠯᠴᠢᠭᠡᠷ ᠤ᠋ᠨ ᠲᠣᠪᠴᠢᠶ᠎ᠠ ᠲᠠᠢ ᠬᠠᠮᠲᠤᠷᠠᠨ ᠠᠵᠢᠯᠯᠠᠵᠤ᠂ ᠵᠠᠰᠠᠮᠠᠯ ᠵᠠᠮ ᠵᠢᠠᠷ ᠭᠣᠣᠯ ᠪᠣᠯᠭᠠᠨ᠂ ᠭᠤᠷᠪᠠᠨ ᠪᠦᠰᠡ ᠵᠢᠨ ᠬᠠᠮᠠᠭᠠᠯᠠᠯᠲᠠ ᠵᠢᠨ ᠤᠷᠭᠤᠮᠠᠯ ᠤ᠋ᠨ ᠬᠤᠴᠢᠯᠭ᠎ᠠ ᠵᠢᠨ ᠰᠢᠰᠲ᠋ᠧᠮ ᠢ᠋ ᠪᠠᠢᠭᠤᠯᠪᠠ》 ᠭᠡᠵᠤ ᠤᠯᠠᠭᠠᠠᠠᠣᠳᠣ ᠭᠠᠴᠠᠭᠠᠨ ᠳ᠋ᠡᠬᠢ ᠠᠮᠢ ᠠᠬᠤᠢ ᠵᠢᠨ ᠲᠤᠷᠰᠢᠯᠲᠠ ᠵᠢᠨ ᠦᠷᠳᠡᠭᠡ ᠵᠢᠨ ᠳᠠᠷᠤᠭ᠎ᠠ ᠶᠠᠨ ᠴᠢᠶᠣᠤ ᠯᠢᠩ ᠲᠠᠨᠢᠯᠴᠠᠭᠤᠯᠤᠨ᠎ᠠ᠃
ᠡᠷᠳᠡᠮ ᠰᠢᠨᠵᠢᠯᠡᠭᠡᠨ ᠤ᠋ ᠠᠵᠢᠯᠲᠠᠳ ᠣᠷᠣᠨ ᠪᠠᠢᠷᠢ ᠲᠣᠭᠲᠠᠭᠠᠨ ᠤᠷᠲᠤ ᠬᠤᠭᠤᠴᠠᠭᠠᠨ ᠤ᠋ ᠰᠢᠨᠵᠢᠭᠰᠡᠨ ᠲᠣᠭ᠎ᠠ ᠪᠠᠷᠢᠮᠲᠠ ᠵᠢ ᠦᠨᠳᠦᠰᠦᠯᠡᠵᠦ᠂ ᠤᠰᠤᠨ ᠤ᠋ ᠳᠠᠭᠠᠭᠠᠴᠠ ᠬᠦᠴᠦᠨ ᠢ᠋ ᠣᠨᠣᠴᠠᠲᠠᠢ ᠪᠣᠳᠣᠵᠤ᠂ ᠡᠯᠡᠰᠦ ᠵᠢ ᠲᠤᠭᠤᠯᠤᠭᠰᠠᠨ ᠵᠠᠰᠠᠮᠠᠯ ᠵᠠᠮ ᠵᠢᠠᠷ ᠨᠡᠭᠦᠳᠡᠯ ᠡᠯᠡᠰᠦ ᠵᠢ ᠬᠤᠷᠢᠭᠯᠠᠵᠤ᠂ ᠲᠠᠷᠠᠴᠢᠯᠠᠨ ᠣᠢ ᠮᠣᠳᠣ ᠡᠪᠡᠰᠦᠨ ᠤ᠋ ᠣᠨᠣᠴᠠᠲᠠᠢ ᠲᠣᠬᠢᠷᠠᠭᠤᠯᠭ᠎ᠠ ᠪᠠᠷ ᠳᠠᠮᠵᠢᠨ ᠡᠯᠡᠰᠤ ᠵᠢ ᠪᠠᠲᠤ ᠪᠡᠬᠢ ᠳᠤᠭᠳᠠᠪᠤᠷᠢᠵᠢᠭᠤᠯᠵᠤ᠂ 《ᠨᠤᠭᠤᠭᠠᠷᠠᠭᠤᠯᠤᠯᠳᠠ ᠤᠷᠤᠭᠰᠢᠯᠠᠵᠤ ᠡᠯᠡᠰᠤ ᠤᠬᠤᠷᠢᠭᠰᠠᠨ》 ᠬᠠᠷᠠᠯᠳᠠ ᠵᠢ ᠪᠡᠶᠡᠯᠡᠭᠦᠯᠦᠭᠰᠡᠨ ᠪᠠᠢᠨ᠎ᠠ᠃ 《ᠰᠢᠨᠵᠢᠯᠡᠬᠦ ᠤᠬᠠᠭᠠᠨᠴᠢ ᠪᠠᠷ ᠡᠯᠡᠰᠦ ᠵᠢ ᠵᠠᠰᠠᠵᠤ ᠠᠮᠢ ᠠᠬᠤᠢ ᠵᠢ ᠰᠠᠢᠵᠢᠷᠠᠭᠤᠯᠤᠭᠰᠠᠨ ᠨᠢ ᠣᠯᠠᠨ ᠲᠦᠮᠡᠨ ᠤ᠋ ᠠᠮᠢᠳᠤᠷᠠᠯ ᠦᠢᠯᠡᠳᠪᠤᠷᠢᠯᠡᠯ ᠳ᠋ᠤ᠌ ᠦᠨᠡᠨ ᠬᠦ᠌ ᠬᠤᠪᠢᠷᠠᠯᠲᠠ ᠠᠪᠴᠢᠷᠠᠵᠤ ᠦᠭᠪᠠ᠃ 20 ᠭᠠᠷᠤᠢ ᠵᠢᠯ ᠤ᠋ᠨ ᠡᠮᠦᠨ᠎ᠡ ᠬᠦᠮᠤᠰ ᠮᠣᠷᠢ ᠤᠨᠤᠵᠤ ᠨᠠᠭᠠᠰᠢ ᠴᠠᠭᠠᠰᠢ ᠶᠠᠪᠤᠵᠤ ᠪᠠᠢᠪᠠ᠂ ᠣᠳᠣ ᠡᠯᠡᠰᠤᠵᠢ ᠲᠤᠭᠤᠯᠤᠭᠰᠠᠨ ᠵᠠᠰᠠᠮᠠᠯ ᠵᠠᠮ ᠨᠢ ᠤᠯᠠᠨ ᠲᠦᠮᠡᠨᠤ᠋ ᠶᠠᠪᠤᠵᠤ ᠰᠠᠭᠤᠬᠤᠳᠤ ᠮᠠᠰᠢ ᠲᠦᠬᠦᠮ ᠦᠵᠡᠬᠦᠯᠬᠦ ᠪᠤᠯᠵᠠᠢ》 ᠭᠡᠵᠦ ᠶᠠᠨ ᠴᠢᠶᠣᠤ ᠯᠢᠩ ᠬᠡᠯᠡᠨ᠎ᠡ ᠃
ᠤᠩᠨᠢᠭᠤᠳ ᠬᠤᠰᠢᠭᠤᠨ ᠳ᠋ᠡᠬᠢ ᠬᠤᠷᠴᠢᠨ ᠤ᠋ ᠡᠯᠡᠰᠦᠷᠭᠡᠭ ᠭᠠᠵᠠᠷ ᠤ᠋ᠨ ᠳᠤᠮᠳᠠᠭᠤᠷ ᠵᠤᠷᠪᠤᠰ ᠵᠤᠷᠪᠤᠰ ᠵᠠᠰᠠᠮᠠᠯ ᠵᠠᠮ ᠡᠯᠡᠰᠤ ᠵᠢ ᠳᠤᠭᠤᠯᠤᠨ ᠨᠠᠯᠤᠭᠡᠷ ᠡᠯᠡᠰᠤ ᠵᠢ ᠬᠡᠰᠡᠭᠯᠡᠨ ᠰᠠᠯᠭᠠᠵᠤ᠂ ᠵᠠᠮ ᠤ᠋ᠨ ᠬᠣᠶᠠᠷ ᠬᠠᠵᠠᠭᠤ ᠪᠠᠷ ᠢᠬᠴᠤ ᠤᠷᠭᠤᠮᠠᠯ ᠨᠢᠭᠲᠠᠷᠠᠨ ᠤᠷᠭᠤᠵᠤ᠂ ᠰᠢᠷ᠎ᠠ ᠪᠤᠷᠭᠠᠰᠤ ᠨᠠᠢᠯᠵᠠᠭᠤᠷ ᠬᠠᠷᠭᠠᠨ᠎ᠠ ᠵᠡᠷᠭᠡ ᠪᠤᠲᠠᠯᠢᠭ ᠮᠣᠳᠣ ᠨᠢ ᠬᠦᠬᠡᠷᠡᠨ ᠨᠤᠮᠢᠨ ᠨᠣᠭᠣᠭᠠᠨ ᠲᠣᠣᠷ ᠢ᠋ ᠰᠦᠯᠵᠢᠵᠦ᠂ ᠡᠯᠡᠰᠦ ᠵᠢ ᠪᠠᠲᠤ ᠳᠤᠭᠳᠠᠪᠤᠷᠢᠵᠢᠭᠤᠯᠬᠤ ᠠᠵᠢ᠃ ᠪᠦᠷᠢᠳᠭᠡᠯ ᠢ᠋ ᠦᠨᠳᠦᠰᠦᠯᠡᠪᠡᠯ᠂ ᠤᠩᠨᠢᠭᠤᠳ ᠬᠤᠰᠢᠭᠤᠨ ᠳ᠋ᠤ ᠨᠢᠭᠡᠨᠳᠡ 18 ᠵᠤᠷᠪᠤᠰ ᠡᠯᠡᠰᠤ ᠵᠢ ᠳᠤᠭᠤᠯᠤᠭᠰᠠᠨ ᠵᠠᠰᠠᠮᠠᠯ ᠵᠠᠮ ᠲᠠᠪᠢᠰᠴᠤ᠂ ᠶᠡᠷᠦᠩᠭᠡᠢ ᠤᠷᠳᠤ ᠨᠢ 531 ᠺᠢᠯᠦᠮᠧᠲᠷ ᠲᠦ᠍ ᠬᠦᠷᠴᠦ᠂ 365.5 ᠲᠦᠮᠡᠨ ᠮᠦ᠍ ᠡᠯᠡᠰᠤ ᠵᠢ ᠵᠠᠰᠠᠵᠤ᠂ ᠤᠷᠭᠤᠮᠠᠯ ᠤ᠋ᠨ ᠬᠤᠴᠢᠯᠭ᠎ᠠ ᠵᠢᠨ ᠨᠤᠷᠮ᠎ᠠ 40% ᠳ᠋ᠤ ᠬᠦᠷᠴᠠᠢ᠃ 《ᠡᠯᠡᠰᠤ ᠵᠢ ᠳᠤᠭᠤᠯᠤᠭᠰᠠᠨ ᠵᠠᠰᠠᠮᠠᠯ ᠵᠠᠮ ᠤ᠋ᠨ ᠪᠠᠰᠨ ᠨᠢᠭᠡᠨ ᠴᠢᠬᠤᠯᠠ ᠦᠢᠯᠡᠳᠤᠯ ᠭᠡᠪᠠᠯ ᠡᠯᠡᠰᠤᠵᠢ ᠲᠤᠭᠳᠠᠪᠤᠷᠢᠵᠢᠭᠤᠯᠬᠤ ᠠᠮᠢ ᠠᠬᠤᠢ ᠵᠢᠨ ᠬᠠᠯᠬᠠᠪᠴᠢ ᠪᠤᠯᠬᠤ ᠶᠤᠮ》 ᠭᠡᠵᠤ ᠤᠩᠨᠢᠭᠤᠳ ᠬᠤᠰᠢᠭᠤ ᠵᠢᠨ ᠤᠢ ᠰᠢᠭᠤᠢ ᠪᠠ ᠨᠤᠳᠤᠭ ᠪᠡᠯᠴᠢᠭᠡᠷ ᠤ᠋ᠨ ᠳᠤᠪᠴᠢᠶ᠎ᠠ ᠵᠢᠨ ᠳᠠᠷᠤᠭ᠎ᠠ ᠦᠨᠳᠦᠰᠦ ᠳᠠᠨᠢᠯᠴᠠᠭᠤᠯᠤᠨ᠎ᠠ᠃
ᠥᠩᠭᠡᠷᠡᠭᠰᠡᠨ 51 ᠵᠢᠯ ᠳ᠋ᠦ᠍᠂ ᠮᠠᠰᠢ ᠤᠯᠠᠨ ᠡᠷᠳᠡᠮ ᠰᠢᠨᠵᠢᠯᠡᠭᠡᠨ ᠤ᠋ ᠠᠵᠢᠯᠳᠠᠨ ᠡᠨᠡ ᠬᠡᠰᠡᠭ ᠡᠯᠡᠰᠦᠷᠭᠡᠭ ᠭᠠᠵᠠᠷ ᠲᠦ᠍ ᠢᠷᠠᠵᠤ ᠨᠤᠳᠤᠭᠰᠢᠨ᠂ ᠣᠶᠤᠨ ᠤᠬᠠᠭᠠᠨ ᠪᠠ ᠬᠦᠴᠦ ᠬᠥᠯᠥᠰᠥ ᠪᠠᠨ ᠨᠠᠮᠡᠷᠢᠯᠡᠵᠠᠢ᠃ ᠤᠯᠠᠭᠠᠠᠠᠣᠳᠣ ᠥᠷᠲᠡᠭᠡ ᠨᠢ 《ᠬᠣᠷᠴᠢᠨ ᠪᠣᠯᠤᠨ ᠬᠤᠯᠠᠨ ᠰᠢᠷᠭ᠎ᠠ ᠳᠠᠭ᠎ᠠ ᠵᠢᠨ ᠡᠯᠡᠰᠦᠷᠭᠡᠭ ᠭᠠᠵᠠᠷ ᠤ᠋ᠨ ᠰᠦᠨᠦᠭᠡᠯᠳᠡ ᠵᠢᠨ ᠳᠠᠢᠯᠠᠯᠳᠤᠭᠠᠨ》 ᠦ᠌ ᠭᠣᠣᠯ ᠲᠠᠯᠠᠪᠤᠷ ᠤ᠋ᠨ ᠰᠤᠳᠤᠯᠭᠠᠨ ᠤ᠋ ᠰᠠᠭᠤᠷᠢᠨ ᠪᠣᠯᠤᠭᠰᠠᠨ ᠤ᠋ ᠬᠤᠪᠢ ᠳ᠋ᠤ᠌᠂ ᠰᠢᠨ᠎ᠡ ᠴᠠᠭ ᠦᠶ᠎ᠡ ᠵᠢᠨ ᠡᠯᠡᠰᠦᠷᠬᠡᠭᠵᠢᠯ ᠢ᠋ ᠰᠡᠷᠭᠡᠢᠯᠡᠨ ᠡᠯᠡᠰᠤ ᠵᠢ ᠵᠠᠰᠠᠬᠤ ᠠᠬᠤᠢ ᠪᠠᠢᠳᠠᠯ ᠳᠣᠣᠷᠠᠬᠢ ᠮᠠᠭᠤᠵᠢᠷᠠᠭᠰᠠᠨ ᠣᠢ ᠡᠪᠡᠰᠦᠨ ᠤ᠋ ᠠᠮᠢ ᠠᠬᠤᠢ ᠵᠢᠨ ᠰᠢᠰᠲ᠋ᠧᠮ ᠢ᠋ ᠲᠦᠷᠭᠡᠨ ᠰᠡᠷᠭᠦᠭᠡᠬᠦ᠂ ᠣᠢ ᠡᠪᠡᠰᠦᠨ ᠤ᠋ ᠠᠵᠤ ᠦᠢᠯᠡᠰ ᠤ᠋ᠨ ᠰᠢᠨ᠎ᠡ ᠴᠢᠨᠠᠷ ᠤ᠋ᠨ ᠦᠢᠯᠡᠳᠪᠦᠷᠢᠯᠡᠯ ᠤ᠋ᠨ ᠬᠦᠴᠦᠨ ᠢ᠋ ᠤᠷᠳᠤ ᠬᠤᠭᠤᠴᠠᠭ᠎ᠠ ᠬᠥᠭᠵᠢᠭᠦᠯᠬᠦ ᠵᠡᠷᠭᠡ ᠠᠰᠠᠭᠤᠳᠠᠯ ᠳ᠋ᠤ᠌ ᠴᠢᠭᠯᠡᠭᠦᠯᠦᠨ᠂ ᠣᠨᠣᠯ ᠤ᠋ᠨ ᠲᠠᠯ᠎ᠠ ᠵᠢᠨ ᠠᠮᠵᠢᠯᠳᠠ ᠪᠦᠳᠦᠮᠵᠢ ᠵᠢ ᠤᠯᠤᠭᠰᠠᠨ ᠮᠦᠷᠳᠡᠭᠡᠨ ᠦᠢᠯᠡᠳᠦᠯᠭᠡ ᠮᠡᠷᠭᠡᠵᠢᠯ ᠤ᠋ᠨ ᠲᠠᠯ᠎ᠠ ᠪᠠᠷ ᠴᠦ᠍ ᠲᠠᠰᠤᠷᠠᠯᠲᠠ ᠦᠭᠡᠢ ᠰᠢᠨᠠᠵᠢ ᠡᠬᠦᠳᠴᠤ᠂ ᠡᠯᠡᠰᠦ ᠵᠢ ᠵᠠᠰᠠᠬᠤ᠂ ᠡᠯᠡᠰᠦ ᠵᠢ ᠬᠡᠷᠡᠭᠯᠡᠬᠦ᠂ ᠡᠯᠡᠰᠦ ᠵᠢ ᠬᠠᠮᠢᠶᠠᠷᠬᠤ ᠲᠠᠯ᠎ᠠ ᠪᠠᠷ ᠲᠠᠰᠤᠷᠠᠯᠲᠠ ᠦᠭᠡᠢ ᠰᠢᠨ᠎ᠡ ᠵᠠᠭᠪᠤᠷ ᠢ᠋ ᠡᠬᠦᠳᠪᠠ᠃
ᠬᠡᠷᠡᠭᠴᠡᠭᠡ ᠱᠠᠭᠠᠷᠳᠠᠯᠭ᠎ᠠ ᠵᠢ ᠬᠠᠩᠭᠠᠬᠤ ᠪᠣᠯ ᠡᠷᠳᠡᠮ ᠰᠢᠨᠵᠢᠯᠡᠭᠡᠨ ᠤ᠋ ᠠᠵᠢᠯᠲᠠᠳ ᠤ᠋ᠨ ᠬᠦᠢᠴᠡᠳᠭᠡᠪᠡᠰᠤ ᠵᠤᠬᠢᠬᠤ ᠡᠭᠦᠷᠭᠡ ᠮᠦᠨ᠃ ᠶᠠᠨ ᠴᠢᠶᠣᠤ ᠯᠢᠩ ᠪᠦᠯᠬᠦᠮ ᠨᠢᠭᠡᠴᠢ ᠪᠡᠨ ᠳᠠᠭᠠᠭᠤᠯᠤᠨ 《ᠵᠠᠮ ᠵᠢᠠᠷ ᠡᠯᠡᠰᠦ ᠵᠢ ᠵᠠᠰᠠᠬᠤ》 ᠦᠷ᠎ᠡ ᠪᠦᠲᠦᠮᠵᠢ ᠵᠢ ᠦᠨᠡᠯᠡᠬᠦ ᠰᠢᠰᠲ᠋ᠧᠮ᠂ 《ᠰᠠᠨᠰᠠᠷ — ᠣᠭᠲᠠᠷᠭᠤᠢ ︱ ᠭᠠᠵᠠᠷ》 ᠢ᠋ ᠨᠢᠭᠡ ᠴᠤᠭᠴᠠᠵᠢᠭᠤᠯᠤᠨ ᠬᠢᠨᠠᠨ ᠬᠡᠮᠵᠢᠬᠦ ᠪᠠ ᠵᠠᠭᠪᠤᠷ ᠢ᠋ ᠪᠤᠢ ᠪᠤᠯᠭᠠᠵᠤ᠂ ᠥᠩᠭᠡᠷᠡᠭᠰᠡᠨ 30 ᠵᠢᠯ ᠤ᠋ᠨ ᠬᠡᠳᠤ ᠳᠤᠳᠤ ᠠᠯᠤᠰ ᠰᠡᠷᠡᠯ ᠤ᠋ᠨ ᠵᠢᠷᠤᠭ ᠳᠦᠷᠰᠦ ᠵᠢ ᠦᠨᠳᠦᠰᠦᠯᠡᠵᠦ᠂ ᠦᠵᠡᠮᠵᠢ ᠵᠢᠨ ᠪᠠᠢᠷᠢᠰᠢᠯ ᠤ᠋ᠨ ᠭᠦᠢᠴᠡᠳᠬᠡᠯ ᠲᠣᠭ᠎ᠠ᠂ ᠣᠢ ᠡᠪᠡᠰᠦᠨ ᠤ᠋ ᠬᠠᠮᠠᠭᠠᠯᠠᠯᠲᠠ ᠵᠢᠨ ᠰᠢᠰᠲ᠋ᠧᠮ᠂ ᠡᠯᠡᠰᠦᠷᠬᠡᠭᠵᠢᠭᠰᠡᠨ ᠬᠡᠮᠵᠢᠶ᠎ᠡ ᠵᠡᠷᠭᠡ ᠲᠠᠯ᠎ᠠ ᠵᠢᠨ ᠲᠣᠭ᠎ᠠ ᠪᠠᠷᠢᠮᠲᠠ ᠲᠠᠢ ᠤᠶᠠᠯᠳᠤᠭᠤᠯᠤᠨ᠂ ᠲᠣᠭᠠᠨ ᠤ᠋ ᠤᠬᠠᠭᠠᠨ ᠤ᠋ ᠵᠠᠳᠠᠯᠤᠯᠲᠠ ᠵᠢᠨ ᠠᠷᠭ᠎ᠠ ᠪᠠᠷ ᠵᠠᠰᠠᠮᠠᠯ ᠵᠠᠮ ᠤ᠋ᠨ ᠪᠦᠲᠦᠭᠡᠨ ᠪᠠᠢᠭᠤᠯᠤᠯᠲᠠ ᠬᠢᠭᠡᠳ ᠡᠯᠡᠰᠦᠷᠬᠡᠭᠵᠢᠯ ᠢ᠋ ᠰᠡᠷᠭᠡᠢᠯᠡᠨ ᠡᠯᠡᠰᠤᠵᠢ ᠵᠠᠰᠠᠭᠰᠠᠨ ᠦᠷ᠎ᠡ ᠪᠦᠲᠦᠮᠵᠢ ᠵᠢᠨ ᠬᠣᠯᠪᠣᠭᠠᠨ ᠤ᠋ ᠵᠠᠭᠪᠤᠷ ᠢ᠋ ᠪᠠᠢᠭᠤᠯᠵᠤ᠂ ᠵᠠᠭᠪᠤᠷ ᠢ᠋ ᠳᠡᠯᠭᠡᠷᠡᠭᠦᠯᠬᠦ ᠶᠠᠪᠤᠴᠠ ᠳ᠋ᠤ᠌ ᠣᠷᠣᠰᠢᠵᠤ ᠪᠠᠢᠭ᠎ᠠ ᠠᠰᠠᠭᠤᠳᠠᠯ ᠢ᠋ ᠢᠯᠭᠠᠨ ᠳᠠᠨᠢᠵᠤ᠂ ᠢᠷᠡᠭᠡᠳᠦᠢ ᠵᠢᠨ ᠬᠥᠭᠵᠢᠯᠲᠡ ᠵᠢᠨ ᠴᠢᠭᠯᠡᠯ ᠢ᠋ ᠲᠤᠳᠤᠷᠬᠠᠢᠯᠠᠪᠠ᠃
ᠰᠢᠨᠵᠢᠯᠡᠭᠦ ᠤᠬᠠᠭᠠᠨᠴᠢ ᠪᠠᠷ ᠡᠯᠡᠰᠤᠷᠭᠡᠭᠵᠢᠯᠢ ᠰᠡᠷᠭᠡᠢᠯᠡᠨ ᠡᠯᠡᠰᠤᠵᠢ ᠵᠠᠰᠠᠵᠤ᠂ ᠨᠤᠮᠢᠨ ᠨᠤᠭᠤᠭᠠᠨ ᠬᠠᠯᠬᠠᠪᠴᠢ ᠵᠢ ᠪᠠᠳᠤ ᠴᠤᠭᠴᠠᠯᠠᠨ᠎ᠠ᠃ 2025 ᠣᠨ ᠤ᠋ 6 ᠰᠠᠷ᠎ᠠ ᠳ᠋ᠤ᠌᠂ ᠤᠯᠠᠭᠠᠠᠠᠣᠳᠣ ᠥᠷᠲᠡᠭᠡ ᠵᠢᠨ ᠰᠠᠭᠤᠷᠢᠨ ᠳ᠋ᠤ᠌ 《ᠬᠠᠯᠬᠠᠪᠴᠢ ᠣᠢ ᠵᠢᠨ ᠢᠨᠵᠧᠨᠧᠷᠢᠩ ᠪᠣᠯᠤᠨ ᠴᠥᠯᠯᠡᠷᠭᠡᠭᠵᠢᠯ ᠢ᠋ ᠰᠡᠷᠭᠡᠢᠯᠡᠨ ᠵᠠᠰᠠᠬᠤ》 ᠠᠺᠠᠳᠧᠮᠢᠴᠢ ᠵᠢᠨ ᠠᠵᠢᠯᠯᠠᠬᠤ ᠴᠡᠭ ᠪᠠᠢᠭᠤᠯᠤᠭᠳᠠᠪᠠ᠃ 《ᠬᠤᠢᠰᠢᠳᠠ ᠪᠢᠳᠡ ᠬᠣᠷᠴᠢᠨ ᠤ᠋ ᠡᠯᠡᠰᠦᠷᠬᠡᠭ ᠭᠠᠵᠠᠷ ᠤ᠋ᠨ ᠰᠥᠨᠥᠭᠡᠯᠳᠡ ᠵᠢᠨ ᠲᠡᠢᠯᠠᠯᠳᠤᠭᠠᠨ ᠤ᠋ ᠠᠭᠤᠯᠠ ᠤᠰᠤ ᠣᠢ ᠮᠤᠳᠤ ᠭᠠᠵᠠᠷ ᠲᠠᠷᠢᠶ᠎ᠠ ᠨᠠᠭᠤᠷ ᠪᠦᠷᠢᠳᠤ ᠨᠤᠳᠤᠭ ᠪᠡᠯᠴᠢᠭᠡᠷ ᠡᠯᠡᠰᠤ ᠮᠠᠩᠬ᠎ᠠ ᠵᠢᠨ ᠰᠢᠰᠲ᠋ᠧᠮᠳᠤ ᠵᠠᠰᠠᠯᠲᠠ ᠵᠢᠨ ᠮᠡᠷᠭᠡᠵᠢᠯ᠂ ᠡᠯᠡᠰᠦᠷᠬᠡᠭᠵᠢᠭᠰᠡᠨ ᠭᠠᠵᠠᠷ ᠤ᠋ᠨ ᠣᠢ ᠡᠪᠡᠰᠦᠨ ᠤ᠋ ᠠᠮᠢ ᠠᠬᠤᠢ ᠵᠢᠨ ᠰᠢᠰᠲ᠋ᠧᠮ ᠢ᠋ ᠦᠷᠭᠦᠯᠵᠢᠯᠡᠨ ᠲᠠᠬᠦᠯᠳᠡᠷᠵᠢᠬᠦᠯᠬᠦ ᠮᠡᠷᠭᠡᠵᠢᠯ᠂ ᠡᠯᠡᠰᠦᠷᠬᠡᠭ ᠭᠠᠵᠠᠷ ᠤ᠋ᠨ ᠰᠢᠨ᠎ᠡ ᠴᠢᠨᠠᠷ ᠤ᠋ᠨ ᠦᠢᠯᠡᠳᠪᠦᠷᠢᠯᠡᠯ ᠤ᠋ᠨ ᠬᠦᠴᠦᠨ ᠤ᠋ ᠪᠦᠷᠢᠯᠳᠦᠯ ᠬᠢᠭᠡᠳ ᠠᠷᠭ᠎ᠠ ᠵᠠᠮ ᠢ᠋ ᠬᠠᠢᠨ ᠰᠦᠪᠡᠭᠴᠢᠯᠡᠬᠦ ᠵᠡᠷᠭᠡ ᠲᠠᠯ᠎ᠠ ᠪᠠᠷ ᠰᠤᠳᠤᠯᠭᠠᠨ ᠬᠢᠵᠦ᠂ ᠡᠯᠡᠰᠤᠷᠭᠡᠭᠵᠢᠯᠢ ᠰᠡᠷᠭᠡᠢᠯᠡᠨ ᠡᠯᠡᠰᠤᠵᠢ ᠵᠠᠰᠠᠬᠤ ᠬᠠᠷᠠᠯᠲᠠ ᠵᠢ ᠴᠢᠨᠠᠷ ᠰᠠᠢᠲᠠᠢ ᠪᠡᠶᠡᠯᠡᠭᠦᠯᠬᠦ ᠳ᠋ᠦ᠍ ᠮᠡᠷᠭᠡᠵᠢᠯ ᠤ᠋ᠨ ᠲᠤᠯᠭᠠᠭᠤᠷᠢᠯᠠᠯ ᠪᠠ ᠴᠢᠳᠠᠪᠤᠷᠢᠲᠠᠨ ᠤ᠋ ᠳᠡᠮᠵᠢᠯᠭᠡ ᠬᠠᠩᠭᠠᠨ᠎ᠠ》 ᠭᠡᠵᠦ ᠶᠠᠨ ᠴᠢᠶᠣᠤ ᠯᠢᠩ ᠬᠠᠷᠠᠯᠳᠠ ᠪᠠᠨ ᠲᠤᠳᠤᠷᠠᠭᠤᠯᠤᠨ᠎ᠠ᠃