ᠪᠢᠴᠢᠯ ᠰᠢᠭᠦᠮᠵᠢ
2026-07-13 11:33:52
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠮᠡᠳᠡᠭᠡᠯᠡᠯ᠎ᠢ ᠦᠨᠳᠦᠰᠦᠯᠡᠪᠡᠯ ᠡᠸᠦ᠋ᠷᠦᠫᠡ᠎ᠶᠢᠨ ᠬᠣᠯᠪᠣᠭᠠᠨ᠎ᠤ ᠵᠥᠪᠯᠡᠯ 9 ᠰᠠᠷ᠎ᠠ᠎ᠳᠤ ᠡᠸᠦ᠋ᠷᠦᠫᠡ᠎ᠶᠢᠨ ᠬᠣᠯᠪᠣᠭᠠᠨ᠎ᠤ ᠬᠡᠪᠴᠢᠶᠡᠨ᠎ᠳᠦ ᠨᠠᠰᠤᠨ᠎ᠳᠤ ᠥᠯᠥ ᠭᠦᠷᠦᠭᠰᠡᠳ᠎ᠦᠨ ᠨᠡᠢᠭᠡᠮ᠎ᠦᠨ ᠬᠠᠷᠢᠯᠴᠠᠭᠠᠨ ᠎ᠤ ᠵᠠᠭᠤᠴᠢᠯᠠᠭᠤᠷ ᠬᠡᠷᠡᠭᠯᠡᠬᠦ᠎ᠶᠢ ᠴᠠᠭᠠᠵᠠᠯᠠᠬᠤ ᠲᠥᠯᠥᠪᠯᠡᠭᠡ᠎ᠶᠢ ᠨᠡᠢᠲᠡᠯᠡᠬᠦ ᠪᠡᠷ ᠪᠣᠢ᠃ ᠣᠳᠣᠬᠠᠨ᠎ᠳᠤ ᠡᠸᠦ᠋ᠷᠦᠫᠡ᠎ᠶᠢᠨ ᠬᠣᠯᠪᠣᠭᠠᠨ᠎ᠤ ᠡᠯ᠎ᠡ ᠤᠯᠤᠰ᠎ᠤᠨ ᠵᠠᠰᠠᠭ᠎ᠤᠨ ᠣᠷᠳᠣᠨ ᠨᠢᠭᠡᠨᠲᠡ ᠨᠡᠢᠭᠡᠮ᠎ᠦᠨ ᠵᠠᠭᠤᠴᠢᠯᠠᠭᠤᠷ᠎ᠤᠨ ᠴᠠᠭᠠᠵᠠᠯᠠᠬᠤ ᠵᠠᠷᠯᠢᠭ᠋᠎ᠢ ᠬᠡᠷᠬᠢᠨ ᠬᠡᠷᠡᠭᠵᠢᠭᠦᠯᠬᠦ ᠲᠤᠬᠠᠢ ᠠᠳᠠᠯᠢ ᠪᠤᠰᠤ ᠲᠥᠰᠥᠯ ᠳᠤᠷᠠᠳᠴᠠᠢ᠂ ᠡᠭᠦᠨ᠎ᠳᠦ ᠣᠨᠴᠠ ᠲᠣᠭᠲᠠᠭᠰᠠᠨ ᠨᠠᠰᠤᠨ᠎ᠠᠴᠠ ᠳᠣᠷᠣᠭ᠍ᠰᠢᠬᠢ ᠨᠠᠰᠤᠨ᠎ᠳᠤ ᠥᠯᠥ ᠭᠦᠷᠦᠭᠰᠡᠳ ᠨᠡᠢᠭᠡᠮ᠎ᠦᠨ ᠵᠠᠭᠤᠴᠢᠯᠠᠭᠤᠷ᠎ᠤᠨ ᠲᠠᠪᠴᠠᠩ᠎ᠢ ᠬᠡᠷᠡᠭᠯᠡᠬᠦ᠎ᠶᠢ ᠲᠤᠢᠯᠪᠤᠷᠢᠲᠠᠢ ᠬᠢᠵᠠᠭᠠᠷᠯᠠᠬᠤ ᠪᠤᠶᠤ ᠨᠠᠰᠤᠨ᠎ᠳᠤ ᠥᠯᠥ ᠭᠦᠷᠦᠭᠰᠡᠳ ᠡᠷᠬᠡᠪᠰᠢ ᠡᠩ ᠲᠡᠷᠢᠭᠦᠨ᠎ᠳᠦ ᠭᠡᠷ᠎ᠦᠨ ᠠᠬᠠᠮᠠᠳ᠎ᠤᠨ ᠵᠥᠪᠰᠢᠶᠡᠷᠡᠯ᠎ᠢ ᠣᠯᠬᠤ ᠬᠡᠷᠡᠭᠲᠡᠢ ᠭᠡᠵᠦ ᠱᠠᠭᠠᠷᠳᠠᠵᠤ ᠪᠠᠢᠨ᠎ᠠ᠃

ᠦᠨᠡᠯᠡᠯᠳᠡ ᠡᠸᠦ᠋ᠷᠦᠫᠡ ᠲᠢᠪ᠎ᠦᠨ ᠬᠢᠨ᠎ᠦ ᠬᠠᠤᠯᠢ ᠴᠠᠭᠠᠵᠠ᠎ᠪᠠᠷ ᠨᠠᠰᠤᠨ᠎ᠳᠤ ᠥᠯᠥ ᠭᠦᠷᠦᠭᠰᠡᠳ ᠎ᠦᠨ ᠨᠡᠢᠬᠡᠮ᠎ᠦᠨ ᠬᠠᠷᠢᠯᠴᠠᠭᠠᠨ᠎ᠦ ᠵᠠᠭᠣᠴᠢᠯᠠᠭᠣᠷ ᠬᠡᠷᠡᠭᠯᠡᠬᠦ ᠵᠢ ᠴᠠᠭᠠᠵᠠᠯᠠᠵᠣ ᠪᠠᠢᠬᠤ ᠨᠢ ᠨᠡᠢᠭᠡᠮ᠎ᠦᠨ ᠬᠠᠷᠢᠯᠴᠠᠭᠠᠨ᠎ᠤ ᠡᠷᠬᠡ ᠴᠢᠯᠦᠭᠡ ᠵᠢᠴᠢ ᠨᠠᠰᠤᠨ᠎ᠳᠤ ᠥᠯᠥ ᠭᠦᠷᠦᠭᠰᠡᠳ᠎ᠢ ᠬᠠᠮᠠᠭᠠᠯᠠᠬᠣ ᠲᠤᠬᠠᠢ ᠨᠢᠭᠡ ᠤᠳᠠᠭ᠎ᠠ ᠵᠢᠨ ᠲᠤᠷᠰᠢᠯᠲᠠ ᠪᠤᠯᠤᠨ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号