5 ᠵᠤᠢᠯ᠎ᠤᠨ ᠲᠠᠳᠬᠠᠯ ᠨᠢ ᠦᠮᠡᠨ ᠡᠬᠦᠰᠬᠡᠬᠦ ᠠᠶᠤᠯ ᠲᠠᠢ
2026-07-10 10:55:03
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠦᠵᠡᠬᠦ᠌᠎ᠳᠤ ᠠᠷᠪᠢᠯᠠᠵᠦ᠍ ᠪᠠᠶ᠋ᠢᠭ᠎ᠠ ᠶᠤᠮ ᠰᠢᠭ᠋ 5 ᠵᠤᠢᠯ᠎ᠤᠨ ᠳᠠᠳᠬᠠᠯ᠎ᠳᠤ ᠥᠮᠡᠨ ᠡᠭᠦᠰᠭᠡᠬᠦ᠌ ᠠᠶᠤᠯ ᠲᠦᠭᠰᠢᠭᠦᠷᠢ ᠨᠢᠭᠤᠭᠳᠠᠵᠤ ᠪᠠᠶ᠋ᠢᠳᠠᠭ᠃

1. ᠶᠠᠭᠤᠮ᠎ᠠ ᠨᠠᠭᠠᠯᠳᠤᠳᠠᠭ ᠦᠭᠡᠢ ᠲᠣᠭᠣᠭ᠎ᠠ ᠴᠢᠨᠢ ᠴᠠᠪ ᠭᠠᠷᠤᠬᠰᠠᠨ ᠪᠠᠶ᠋ᠢᠳᠠᠯ᠎ᠠ ᠬᠠᠶᠠᠬᠤ ᠡᠴᠡ ᠪᠡᠨ ᠬᠠᠶ᠋ᠢᠷᠠᠯᠠᠬᠤ᠃ ᠶᠠᠭᠤᠮ᠎ᠠ ᠨᠠᠭᠠᠯᠳᠤᠳᠠᠭ ᠦᠭᠡᠢ ᠲᠣᠭᠣᠭ᠎ᠠ ᠵᠢᠨ ᠰᠢᠷ ᠨᠢ ᠶᠡᠬᠡ ᠬᠡᠮᠵᠢᠶ᠎ᠡ ᠪᠡᠷ ᠬᠤᠪᠬᠤᠷᠠᠬᠰᠠᠨ ᠦᠶ᠎ᠡ ᠳ᠋ᠥ ᠨᠤᠭᠤᠭ᠎ᠠ ᠴᠠᠭ᠎ᠠ ᠬᠠᠭᠤᠷᠪᠠᠯ ᠠᠮᠠᠷᠬᠠᠨ ᠬᠡᠦᠷᠰᠢᠵᠦ᠍᠂ ᠨᠡᠩ ᠤᠯᠠᠨ ᠬᠣᠣᠷᠲᠤ᠌ ᠪᠣᠳᠠᠰ ᠡᠭᠦᠰᠬᠡᠳᠡᠭ᠂ ᠵᠢᠱ᠌ᠢᠶᠡᠯᠡᠪᠡᠯ᠂ ᠤᠯᠠᠨ ᠴᠠᠭᠠᠷᠢᠭᠲᠤ᠌ ᠦᠨᠦᠷᠲᠦ᠍ ᠨᠡᠭᠦᠷᠦᠭᠴᠢ᠎ᠶᠢᠨ ᠲᠦᠷᠦᠯ᠎ᠤᠨ ᠪᠣᠳᠠᠰ ᠵᠡᠷᠭᠡ᠎ᠨᠢ ᠥᠮᠡᠨ ᠡᠭᠦᠰᠭᠡᠬᠦ᠌ ᠠᠶᠤᠯ ᠲᠦᠭᠰᠢᠭᠦᠷᠢ᠎ᠶᠢ ᠨᠡᠮᠡᠭᠳᠡᠭᠦᠯᠳᠡᠭ᠃

2. ᠦᠯᠡᠳᠡᠭᠰᠡᠨ ᠬᠣᠭᠣᠯᠠ ᠪᠤᠳᠠᠭ᠎ᠠ᠎ᠪᠠᠨ ᠬᠠᠶᠠᠬᠤ ᠡᠴᠡ ᠪᠡᠨ ᠬᠠᠶ᠋ᠢᠷᠠᠯᠠᠬᠤ᠃ ᠵᠦᠩᠱᠠᠨ ᠶᠡᠬᠡ ᠰᠤᠷᠭᠠᠭᠤᠯᠢ᠎ᠶᠢᠨ ᠬᠠᠪᠤᠳᠠᠷ᠎ᠢ ᠰᠡᠷᠭᠡᠶ᠋ᠢᠯᠡᠨ ᠵᠠᠰᠠᠬᠤ ᠲᠥᠪ᠎ᠤᠨ ᠬᠣᠳᠣᠭᠣᠳᠣᠨ᠎ᠤ ᠭᠠᠳᠠᠷ ᠰᠠᠯᠠᠭᠠᠨ᠎ᠤ ᠡᠷᠬᠢᠯᠡᠭᠴᠢ ᠵᠧᠤ ᡁᠢ ᠸᠧᠶ ᠬᠡᠯᠡᠬᠦ᠌᠎ᠳᠡᠭᠡᠨ᠂ ᠦᠯᠡᠳᠡᠭᠰᠡᠨ ᠬᠣᠭᠣᠯᠠ ᠪᠤᠳᠠᠭ᠎ᠠ ᠵᠡᠷᠭᠡ ᠨᠢ ᠬᠣᠳᠣᠭᠣᠳᠣᠨ ᠥᠮᠡᠨ᠎ᠤ 《ᠠᠬᠢᠭᠤᠯᠤᠭᠴᠢ》 ᠮᠥᠨ ᠬᠡᠪᠡ᠃

3. ᠴᠠᠬᠢᠯᠭᠠᠨ ᠠᠷᠪᠢᠯᠠᠬᠤ᠎ᠶᠢᠨ ᠲᠥᠯᠥᠭᠡ ᠲᠣᠰᠣᠨ ᠤᠲᠤᠭ᠎ᠠ᠎ᠶᠢᠨ ᠮᠠᠰᠢᠨ ᠢ᠋ ᠡᠷᠳ᠋ᠨ ᠬᠠᠭᠠᠬᠤ᠃ ᠥᠨᠳᠥᠷ ᠬᠠᠯᠠᠭᠤᠨ ᠵᠢᠨᠷ ᠬᠠᠭᠤᠷᠴᠤ᠌ ᠬᠠᠭᠠᠷᠢᠬᠤ᠂ ᠶᠡᠬᠡ ᠭᠠᠯ᠎ᠢᠶᠠᠷ ᠬᠠᠭᠤᠷᠬᠤ ᠦᠶ᠎ᠡ᠎ᠳᠤ ᠲᠣᠰᠣ ᠪᠣᠯᠤᠨ ᠢᠳᠡᠭᠡᠨ ᠵᠠᠳᠠᠷᠠᠪᠠᠯ ᠶᠡᠬᠡ ᠬᠡᠮᠵᠢᠶᠡᠨ᠎ᠤ PM 2.5 ᠮᠥᠬᠥᠯᠢᠭ ᠵᠢᠴᠢ ᠳᠡᠭᠳᠡᠮᠡᠬᠡᠶ ᠴᠢᠨᠠᠷᠲᠠᠶ ᠣᠷᠭᠠᠨᠢᠭ ᠪᠣᠳᠠᠰ ᠡᠭᠦᠰᠬᠡᠳᠡᠭ᠃ ᠡᠲᠡᠭᠡᠷ ᠪᠣᠳᠠᠰ᠎ᠢ ᠠᠮᠢᠰᠬᠤᠵᠤ ᠣᠷᠣᠭᠤᠯᠬᠤ ᠳ᠋ᠥ᠍ ᠬᠦᠷᠪᠡᠯ ᠠᠭᠤᠰᠬᠢᠨ ᠦᠷᠪᠢᠰᠦᠯ ᠪᠣᠯᠵᠣ ᠮᠡᠳᠡᠨ᠎ᠡ᠂ ᠬᠠᠭᠤᠷᠴᠤ᠌ ᠭᠠᠷᠭᠠᠬᠰᠠᠨ ᠢᠳᠡᠭᠡᠨ ᠵᠢᠨᠨ ᠣᠷᠳᠣ ᠬᠤᠭᠤᠴᠠᠭ᠎ᠠ ᠪᠡᠷ ᠡᠶ᠋ᠢᠮᠦ᠍ ᠤᠷᠴᠢᠨ ᠳ᠋ᠥ᠍ ᠪᠠᠶ᠋ᠢᠯᠭᠠᠪᠠᠯ ᠠᠮᠢᠰᠬᠤᠯ᠎ᠤᠨ ᠵᠠᠮ᠎ᠤᠨ ᠡᠰ᠎ᠢ ᠭᠡᠮᠲᠦᠭᠡᠵᠦ᠍᠂ ᠥᠮᠡᠨᠵᠢᠬᠦ᠌ ᠠᠶᠤᠯ ᠲᠦᠭᠰᠢᠭᠦᠷᠢ᠎ᠶᠢ ᠨᠡᠮᠡᠭᠳᠡᠭᠦᠯᠵᠦ᠍ ᠮᠡᠳᠡᠨ᠎ᠡ᠃ ᠰᠠᠨᠠᠭᠤᠯᠤᠮᠵᠢ᠄ ᠨᠣᠭᠣᠭ᠎ᠠ ᠬᠠᠭᠤᠷᠴᠤ᠌ ᠪᠠᠷᠠᠭᠰᠠᠨ᠎ᠤ ᠳᠠᠷᠠᠭ᠎ᠠ ᠲᠣᠰᠣᠨ ᠣᠲᠣᠭ᠎ᠠ᠎ᠶᠢᠨ ᠮᠠᠰᠢᠨ᠎ᠢ ᠦᠷᠭᠦᠯᠵᠢᠯᠡᠨ ᠠᠵᠢᠯᠯᠠᠭᠤᠯᠵᠤ ᠪᠠᠶ᠋ᠢᠭᠠᠳ ᠳᠠᠬᠢᠨ ᠬᠠᠭᠠᠪᠠᠯ ᠵᠤᠬᠢᠨ᠎ᠠ᠃

4. ᠢᠳᠡᠭᠡᠨ ᠢ᠋ ᠲᠣᠰᠣᠨ᠎ᠳᠤ ᠪᠤᠴᠠᠯᠭᠠᠭᠠᠳ ᠦᠯᠡᠳᠡᠭᠰᠡᠨ ᠲᠤᠰᠤ ᠪᠡᠷ ᠨᠢ ᠨᠣᠭᠣᠭ᠎ᠠ ᠬᠠᠭᠤᠷᠬᠤ᠃ ᠢᠳᠡᠭᠡᠨ᠎ᠢ ᠲᠣᠰᠣᠨ᠎ᠳᠤ ᠪᠤᠴᠠᠯᠭᠠᠬᠤ᠎ᠳᠤ ᠶᠡᠷᠦ᠎ᠨᠢ ᠮᠠᠰᠢ ᠠᠷᠪᠢᠨ ᠲᠣᠰᠣ ᠬᠡᠷᠡᠭᠯᠡᠳᠡᠭ᠂ ᠵᠠᠷᠢᠮ ᠬᠥᠮᠦᠨ ᠪᠦᠷᠢᠯᠭᠡᠬᠦ᠌ ᠦᠭᠡᠢ᠎ᠶᠢᠨ ᠲᠥᠯᠥᠭᠡ ᠢᠳᠡᠭᠡᠨ ᠢ᠋ ᠲᠣᠰᠣᠨ᠎ᠳᠤ ᠪᠤᠴᠠᠯᠭᠠᠭᠠᠳ ᠦᠯᠡᠳᠡᠭᠰᠡᠨ ᠲᠣᠰᠣ ᠪᠡᠷ ᠨᠢ ᠨᠣᠭᠣᠭ᠎ᠠ ᠬᠠᠭᠤᠷᠴᠤ᠌ ᠪᠠᠶ᠋ᠢᠳᠠᠭ᠃ ᠲᠣᠰᠣ᠎ᠶᠢ ᠥᠨᠳᠥᠷ ᠬᠠᠯᠠᠭᠤᠨ ᠵᠢᠨᠷ ᠬᠠᠯᠠᠭᠠᠪᠠᠯ᠂ ᠡᠰᠡᠷᠭᠦ᠌ ᠬᠡᠯᠪᠡᠷᠢ᠎ᠶᠢᠨ ᠥᠭᠡᠬᠦᠨ ᠬᠦᠴᠢᠯ ᠪᠣᠯᠤᠨ ᠬᠣᠣᠷ᠎ᠲᠠᠢ ᠲᠣᠰᠣ ᠢᠰᠦᠯᠳᠦᠭᠰᠡᠨ ᠪᠣᠳᠠᠰ ᠡᠭᠦᠰᠬᠡᠳᠡᠭ᠂ ᠡᠶ᠋ᠢᠮᠦ᠍ ᠲᠣᠰᠣ᠎ᠶᠢ ᠲᠠᠬᠢᠨ ᠥᠨᠳᠥᠷ ᠬᠠᠯᠠᠭᠤᠨ᠎ᠢᠶᠠᠷ ᠬᠠᠯᠠᠭᠠᠵᠤ ᠨᠤᠭᠤᠭ᠎ᠠ ᠴᠠᠭ᠎ᠠ ᠢᠳᠡᠭᠡᠨ ᠬᠠᠭᠤᠷᠴᠤ᠌ ᠬᠠᠭᠠᠷᠢᠬᠤ ᠦᠶ᠎ᠡ᠎ᠳᠤ ᠥᠮᠡᠨ ᠡᠭᠦᠰᠭᠡᠬᠦ᠌ ᠪᠣᠳᠠᠰ ᠦᠳᠲᠡᠷ ᠲᠦᠷᠭᠡᠨ ᠨᠡᠮᠡᠭᠳᠡᠨ᠎ᠡ᠃

5. ᠠᠶᠠᠭ᠎ᠠ ᠤᠬᠢᠶᠠᠬᠤ ᠬᠠᠶ᠋ᠢᠮᠢᠶᠠᠨ ᠵᠢᠨᠨ ᠤᠷᠳᠦ ᠬᠤᠭᠤᠴᠠᠭ᠎ᠠ᠎ᠪᠠᠷ ᠰᠣᠯᠢᠬᠤ ᠦᠭᠡᠢ ᠬᠡᠷᠡᠭᠯᠡᠬᠦ᠌᠃ ᠲᠣᠭᠣᠭᠠᠨ ᠭᠡᠷ᠎ᠲᠤ᠌ ᠦᠷᠭᠦᠯᠵᠢ ᠬᠠᠷᠠᠭᠳᠠᠳᠠᠭ᠎ᠨᠢ ᠬᠥᠳᠡᠯᠬᠦ᠌ ᠦᠭᠡᠢ ᠰᠠᠪᠬᠠᠨᠴᠢᠷ ᠪᠠᠺᠲ᠋ᠧᠷᠢ᠂ ᠮᠣᠷᠠᠰᠤᠯ ᠪᠠᠺᠲ᠋ᠧᠷᠢ᠂ ᠠᠯᠲᠠᠨ ᠰᠢᠷᠭᠠᠯ ᠰᠠᠪᠬᠠᠨᠴᠢᠷ ᠪᠠᠺᠲ᠋ᠧᠷᠢ᠂ ᠬᠥᠭᠡᠴᠦ᠍ ᠪᠠ ᠢᠰᠬᠡᠭᠦᠷ᠎ᠤᠨ ᠪᠠᠺᠲ᠋ᠧᠷᠢ ᠵᠡᠷᠬᠡ ᠪᠣᠯᠤᠨ᠎ᠠ᠂ ᠡᠳᠡᠭᠡᠷ ᠪᠠᠺᠲ᠋ᠧᠷᠢ ᠨᠢ ᠣᠯᠠᠨ ᠵᠦᠢᠯ᠎ᠤᠨ ᠡᠪᠡᠳᠴᠢᠨ ᠡᠮᠭᠡᠭ᠎ᠢ ᠡᠭᠦᠰᠭᠡᠵᠦ᠍ ᠮᠡᠳᠡᠨ᠎ᠡ᠃ ᠲᠣᠭᠣᠭᠠᠨ ᠬᠡᠷ᠎ᠤᠨ ᠬᠡᠷᠡᠭᠰᠡᠯ ᠪᠤᠯᠬᠤ ᠪᠣᠶ ᠪᠥᠬᠥᠶ ᠬᠠᠶ᠋ᠢᠮᠢᠶᠠᠨ ᠨᠢ ᠠᠳᠠᠯᠢ ᠦᠭᠡᠢ᠂ ᠤᠰᠤ ᠰᠢᠩᠭᠡᠭᠡᠬᠦ᠌ ᠴᠢᠨᠠᠷ ᠵᠢᠨᠷ ᠰᠠᠶ᠋ᠢᠨ ᠪᠠᠶ᠋ᠢᠳᠠᠭ᠃ ᠲᠡᠷᠡᠴᠢᠯᠡᠨ ᠲᠤᠶ᠋ᠢᠯᠪᠤᠷᠢᠳᠠᠢ ᠴᠡᠪᠡᠷᠭᠡᠨ ᠪᠤᠯᠭᠠᠬᠤ ᠳ᠋ᠥ᠍ ᠭᠡᠴᠡᠭᠦᠤ ᠪᠠᠶ᠋ᠢᠳᠠᠭ ᠠᠶᠠᠭ᠎ᠠ ᠤᠬᠢᠶᠠᠬᠤ ᠬᠠᠶ᠋ᠢᠮᠢᠶᠠᠨ᠎ᠤ ᠡᠪᠡᠳᠴᠢᠨ ᠡᠭᠦᠰᠭᠡᠭᠴᠢ ᠪᠠᠺᠲ᠋ᠧᠷᠢ᠎ᠶᠢ ᠪᠠᠶ᠋ᠢᠴᠠᠭᠠᠨ ᠭᠠᠷᠭᠠᠬᠤ ᠨᠣᠷᠮ᠎ᠠ᠎ᠨᠢ ᠴᠤ᠌ ᠶᠡᠷᠦ᠎ᠨᠢ ᠬᠠᠮᠤᠭ ᠡᠴᠡ ᠥᠨᠳᠥᠷ ᠪᠠᠶ᠋ᠢᠳᠠᠭ᠃

(《ᠠᠷᠠᠳ᠎ᠤᠨ ᠰᠦᠯᠵᠢᠶ᠎ᠠ》 ᠡᠴᠨ ᠤᠷᠴᠢᠭᠤᠯᠤᠨ ᠠᠪᠤᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号