ᠲᠣᠮᠳᠠᠳᠤ᠎ᠵᠢᠨ ᠰᠣᠶᠣᠯ᠎ᠤᠨ ᠬᠠᠮᠳᠤ᠎ᠵᠢᠨ ᠲᠠᠨᠢᠯᠲᠡ᠎ᠵᠢ ᠴᠢᠩᠭᠠᠳᠬᠠᠵᠤ ᠲᠣᠮᠳᠠᠳᠤ᠎ᠵᠢᠨ ᠦᠨᠳᠣᠰᠣᠳᠡᠨ᠎ᠤ ᠬᠠᠮᠳᠤ᠎ᠵᠢᠨ ᠴᠣᠭᠴᠠ᠎ᠵᠢᠨ ᠣᠬᠠᠮᠰᠡᠷ᠎ᠢ ᠪᠠᠲᠤ ᠴᠣᠭᠴᠠᠯᠠᠶ᠎ᠠ
2026-07-10 10:21:58
ᠵᠣᠬᠢᠶᠠᠭ᠍ᠴᠢ᠄
ᠥ᠋ ᠲᠢᠶᠠᠨᠪᠤᠤ ᠲᠡᠷᠭᠡᠯᠬᠡᠨ
ᠣᠩᠱᠢᠭ᠍ᠰᠠᠨ ᠣᠳᠠᠭ᠎ᠠ᠄
★★★☆☆

ᠬᠥᠮᠥᠨ ᠲᠥᠷᠥᠯᠬᠢᠳᠡᠨ᠎ᠤ ᠬᠦᠭᠵᠢᠯᠲᠡ᠎ᠵᠢᠨ ᠲᠡᠣᠬᠡ᠎ᠵᠢ ᠠᠵᠢᠭᠯᠠᠪᠠᠯ᠂ ᠰᠣᠶᠣᠯ ᠪᠣᠯ ᠬᠦᠮᠦᠰ᠎ᠤᠨ ᠦᠵᠡᠯ ᠰᠠᠨᠠᠭ᠎ᠠ᠂ ᠦᠢᠯᠡ ᠠᠵᠢᠯᠯᠠᠭ᠎ᠠ᠎ᠵᠢ ᠨᠦᠯᠦᠭᠡᠯᠡᠬᠦ ᠭᠤᠤᠯ ᠬᠦᠴᠦᠨ ᠵᠦᠢᠯ ᠪᠤᠯᠬᠤ ᠶᠤᠮ᠃ ᠥᠨᠥᠳᠥᠷ᠎ᠤᠨ ᠰᠣᠷᠳᠡᠯ ᠣᠬᠠᠭᠣᠯᠭ᠎ᠠ ᠳ᠋ᠤ ᠶᠠᠷᠢᠭᠳᠠᠵᠤ ᠪᠠᠢᠭ᠎ᠠ ᠪᠣᠶᠤ ᠤᠳᠬ᠎ᠠ ᠤᠷᠠᠯᠢᠭ ᠲᠤ᠌ ᠪᠢᠴᠢᠭᠳᠡᠵᠦ ᠪᠠᠢᠭ᠎ᠠ ᠲᠣᠮᠳᠠᠳᠤ᠎ᠵᠢᠨ ᠰᠣᠶᠣᠯ ᠪᠣᠯ ᠥᠨᠢ ᠣᠳᠠᠭᠠᠨ ᠲᠡᠣᠬᠡ ᠲᠠᠢ ᠰᠣᠶᠣᠯ ᠮᠥᠨ᠃ ᠲᠣᠮᠳᠠᠳᠤ᠎ᠵᠢᠨ ᠰᠣᠶᠣᠯ᠎ᠢ ᠮᠠᠨ᠎ᠤ ᠣᠯᠣᠰ᠎ᠤᠨ ᠡᠯ᠎ᠡ ᠥᠨᠳᠣᠰᠣᠳᠡᠨ ᠬᠠᠮᠳᠣ ᠪᠡᠷ ᠪᠥᠳᠥᠭᠡᠭᠰᠡᠨ ᠮᠦᠷᠳᠡᠭᠡᠨ ᠬᠠᠮᠳᠤ ᠪᠡᠷ ᠡᠳ᠋ᠯᠡᠬᠦ ᠰᠤᠶᠤᠯ ᠶᠤᠮ᠂ ᠮᠠᠨ᠎ᠤ ᠤᠯᠤᠰ᠎ᠤᠨ ᠴᠥᠬᠡᠨ ᠲᠣᠭᠠᠲᠤ ᠦᠨᠳᠣᠰᠣᠳᠡᠨ᠎ᠤ ᠰᠣᠶᠣᠯ ᠨᠢ ᠲᠣᠮᠳᠠᠳᠤ᠎ᠵᠢᠨ ᠰᠣᠶᠣᠯ᠎ᠤᠨ ᠪᠥᠷᠢᠯᠳᠣᠯ ᠪᠣᠯᠣᠨ ᠬᠥᠭᠵᠢᠯ ᠳ᠋ᠤ ᠤᠨᠴᠠᠭᠠᠢ ᠬᠤᠪᠢ ᠨᠡᠮᠡᠷᠢ ᠦᠵᠡᠭᠦᠯᠵᠠᠢ᠃ ᠡᠨᠡ ᠪᠣᠯ ᠲᠣᠮᠳᠠᠳᠤ᠎ᠵᠢᠨ ᠰᠣᠶᠣᠯ ᠪᠣᠯᠣᠨ ᠡᠯ᠎ᠡ ᠴᠥᠬᠡᠨ ᠲᠣᠭᠠᠳᠤ ᠥᠨᠳᠣᠰᠣᠳᠡᠨ᠎ᠤ ᠰᠣᠶᠣᠯ᠎ᠤᠨ ᠥᠨᠳᠣᠰᠣᠨ ᠬᠠᠷᠢᠯᠴᠠᠭ᠎ᠠ ᠬᠤᠯᠪᠣᠭ᠎ᠠ ᠮᠥᠨ᠃

ᠲᠣᠮᠳᠠᠳᠤ᠎ᠵᠢᠨ ᠰᠣᠶᠣᠯ᠎ᠤᠨ ᠴᠢᠨᠠᠭᠰᠢᠳᠠ᠎ᠵᠢᠨ ᠬᠥᠭᠵᠢᠯᠲᠡ ᠵᠢ ᠨᠥᠯᠥᠭᠡᠯᠡᠵᠤ ᠪᠦᠬᠦᠢ ᠬᠥᠴᠥᠨ ᠵᠥᠢᠯ᠎ᠤᠳ᠎ᠤᠨ ᠨᠢᠭᠡ ᠨᠢ ᠲᠣᠮᠳᠠᠳᠤ᠎ᠵᠢᠨ ᠰᠣᠶᠣᠯ᠎ᠤ᠋ᠨ ᠬᠠᠮᠳᠤ᠎ᠵᠢᠨ ᠲᠠᠨᠢᠯᠲᠡ ᠪᠣᠯᠣᠨ᠎ᠠ᠃ 2023 ᠣᠨ᠎ᠤ 7 ᠰᠠᠷ᠎ᠠ᠎ᠵᠢᠨ 31᠎ᠤ᠋ ᠡᠳᠣᠷ᠂ ᠥᠪᠥᠷ ᠮᠣᠩᠭᠤᠯ᠎ᠤᠨ ᠥᠪᠡᠷᠳᠡᠭᠡᠨ ᠵᠠᠰᠠᠬᠤ ᠣᠷᠣᠨ᠎ᠤ ᠠᠷᠪᠠᠨ ᠲᠥᠷᠪᠡᠳᠣᠭᠡᠷ ᠬᠤᠭᠤᠴᠠᠭᠠᠨ᠎ᠤ ᠠᠷᠠᠳ᠎ᠤᠨ ᠲᠥᠯᠥᠭᠡᠯᠡᠭᠴᠢᠳ᠎ᠤᠨ ᠶᠡᠭᠡ ᠬᠤᠷᠠᠯ᠎ᠤᠨ ᠪᠠᠢᠨᠭᠭᠤ᠎ᠵᠢᠨ ᠬᠤᠷᠢᠶ᠎ᠠ᠎ᠵᠢᠨ ᠲᠠᠪᠣᠳᠣᠭᠠᠷ ᠣᠳᠠᠭᠠᠨ᠎ᠤ ᠬᠤᠷᠠᠯ ᠡᠴᠡ︽ᠥᠪᠥᠷ ᠮᠣᠩᠭᠤᠯ᠎ᠤᠨ ᠥᠪᠡᠷᠳᠡᠭᠡᠨ ᠵᠠᠰᠠᠬᠤ ᠣᠷᠣᠨ᠎ᠤ ᠵᠢᠱᠶ᠋ᠶᠡᠴᠢ ᠥᠪᠡᠷᠳᠡᠭᠡᠨ ᠵᠠᠰᠠᠬᠤ ᠣᠷᠣᠨ᠎ᠢ ᠪᠥᠬᠦ ᠲᠠᠯ᠎ᠠ ᠪᠡᠷ ᠪᠥᠳᠣᠭᠡᠨ ᠪᠠᠢᠭᠤᠯᠬᠤ᠎ᠵᠢ ᠠᠬᠢᠭᠤᠯᠬᠤ ᠲᠥᠷᠢᠮ︾ᠢ᠋ ᠪᠠᠳᠣᠯᠠᠵᠤ᠂ ᠲᠣᠰ ᠵᠢᠯ᠎ᠤᠨ 9 ᠰᠠᠷ᠎ᠠ᠎ᠵᠢᠨ 1᠎ᠤ᠋ ᠡᠳᠣᠷ ᠡᠴᠡ ᠡᠬᠢᠯᠡᠨ ᠬᠡᠷᠡᠭᠵᠢᠭᠦᠯᠦᠭᠰᠡᠨ ᠶᠤᠮ᠂ ᠲᠣᠰ ᠲᠥᠷᠢᠮ᠎ᠤᠨ ᠲᠥᠷᠪᠡᠳᠣᠭᠡᠷ ᠪᠥᠯᠥᠭ ᠎ᠲᠦ ᠪᠣᠶᠤ 25 ᠳ᠋ᠣᠭᠠᠷ ᠵᠣᠷᠪᠣᠰ ᠲᠤ᠌︽ᠥᠪᠡᠷᠳᠡᠭᠡᠨ ᠵᠠᠰᠠᠬᠤ ᠣᠷᠣᠨ ᠡᠴᠡ ᠮᠠᠷᠺᠰ᠎ᠤᠨ ᠥᠵᠡᠯ᠎ᠤᠨ ᠥᠨᠳᠣᠰᠣᠨ ᠤᠭ ᠶᠤᠰᠤ᠎ᠵᠢ ᠲᠣᠮᠳᠠᠳᠤ᠎ᠵᠢᠨ ᠰᠢᠯᠢᠳᠡᠭ ᠣᠯᠠᠮᠵᠢᠯᠠᠯᠳᠤ ᠰᠣᠶᠣᠯ ᠲᠠᠢ ᠣᠶᠠᠯᠳᠣᠭᠤᠯᠬᠤ᠎ᠵᠢ ᠪᠠᠷᠢᠮᠳᠠᠯᠠᠵᠤ᠂ ᠲᠣᠮᠳᠠᠳᠤ᠎ᠵᠢᠨ ᠰᠢᠯᠢᠳᠡᠭ ᠣᠯᠠᠮᠵᠢᠯᠠᠯᠳᠤ ᠰᠣᠶᠣᠯ᠎ᠤᠨ ᠪᠥᠳᠣᠭᠡᠯᠴᠢ ᠴᠢᠨᠠᠷᠲᠠᠢ ᠤᠨᠳᠤᠤᠰᠢᠭᠤᠯᠤᠯᠳᠠ᠂ ᠰᠢᠨ᠎ᠡ᠎ᠵᠢ ᠡᠬᠦᠳᠬᠦ ᠴᠢᠨᠠᠷᠲᠠᠢ ᠬᠥᠭᠵᠢᠯᠲᠡ᠎ᠵᠢ ᠠᠬᠢᠭᠤᠯᠵᠤ᠂ ᠲᠣᠮᠳᠠᠳᠤ᠎ᠵᠢᠨ ᠣᠨᠴᠠᠯᠢᠭ ᠪᠦᠬᠦᠢ ᠨᠡᠢᠭᠡᠮ ᠵᠢᠷᠣᠮ᠎ᠤᠨ ᠰᠣᠶᠣᠯ᠎ᠤᠨ ᠪᠥᠳᠣᠭᠡᠨ ᠪᠠᠢᠭᠤᠯᠤᠯᠲᠠ᠎ᠵᠢ ᠠᠬᠢᠭᠤᠯᠵᠤ᠂ ᠲᠣᠮᠳᠠᠳᠤ᠎ᠵᠢᠨ ᠥᠨᠳᠣᠰᠣᠳᠡᠨ᠎ᠤ ᠬᠠᠮᠳᠤ᠎ᠵᠢᠨ ᠣᠶᠣᠨ ᠰᠠᠨᠠᠭᠠᠨ᠎ᠤ ᠭᠡᠷ ᠣᠷᠣᠨ᠎ᠤ ᠪᠠᠢᠭᠤᠯᠤᠯᠲᠠ᠎ᠵᠢ ᠠᠬᠢᠭᠤᠯᠵᠤ᠂ ᠥᠨᠳᠣᠰᠣᠳᠡᠨ ᠨᠤᠭᠦᠳ᠎ᠤᠨ ᠣᠯᠡᠨ ᠲᠥᠮᠡᠨ᠎ᠤ ᠲᠣᠮᠳᠠᠳᠤ᠎ᠵᠢᠨ ᠰᠣᠶᠣᠯ᠎ᠤᠨ ᠬᠠᠮᠳᠤ᠎ᠵᠢᠨ ᠲᠠᠨᠢᠯᠲᠡ᠎ᠵᠢ ᠴᠢᠩᠭᠠᠳᠬᠠᠨ᠎ᠠ︾ᠭᠡᠵᠤ ᠵᠢᠭᠠᠨ ᠭᠠᠷᠭᠠᠭᠰᠠᠨ ᠶᠤᠮ᠃ ᠡᠨᠡ ᠨᠢ ᠮᠠᠨ᠎ᠤ ᠣᠯᠣᠰ᠎ᠤᠨ ᠡᠯ᠎ᠡ ᠭᠠᠵᠠᠷ ᠣᠷᠣᠨ᠎ᠤ ᠬᠢᠨ ᠲᠣᠮᠳᠠᠳᠤ᠎ᠵᠢᠨ ᠰᠣᠶᠣᠯ᠎ᠢ ᠣᠯᠠᠮᠵᠢᠯᠠᠨ ᠬᠦᠭᠵᠢᠭᠦᠯᠵᠦ᠂ ᠲᠣᠮᠳᠠᠳᠤ᠎ᠵᠢᠨ ᠰᠣᠶᠣᠯ᠎ᠤᠨ ᠬᠠᠮᠳᠤ᠎ᠵᠢᠨ ᠲᠠᠨᠢᠯᠲᠠ᠎ᠵᠢ ᠴᠢᠩᠭᠠᠳᠬᠠᠵᠤ ᠪᠠᠢᠭ᠎ᠠ᠎ᠵᠢᠨ ᠪᠣᠳᠠᠳᠠᠢ ᠢᠯᠡᠷᠡᠯ ᠮᠦᠨ᠃

ᠲᠣᠮᠳᠠᠳᠤ᠎ᠵᠢᠨ ᠰᠣᠶᠣᠯ᠎ᠤᠨ ᠬᠠᠮᠳᠤ᠎ᠵᠢᠨ ᠲᠠᠨᠢᠯᠲᠠ᠎ᠵᠢᠨ ᠥᠨᠳᠣᠰᠣ᠎ᠵᠢ ᠪᠠᠬᠢᠵᠢᠬᠦᠯᠥᠨ᠂ ᠰᠠᠭᠤᠷᠢ᠎ᠵᠢ ᠴᠢᠩᠭᠠᠳᠬᠠᠬᠤ ᠪᠣᠯ ᠲᠣᠮᠳᠠᠳᠤ᠎ᠵᠢᠨ ᠥᠨᠳᠣᠰᠣᠳᠡᠨ᠎ᠤ ᠲᠡᠣᠬᠡ᠎ᠵᠢᠨ ᠬᠦᠭᠵᠢᠯᠳᠡ ᠵᠢᠨ ᠲᠥᠷᠰᠤ ᠪᠠᠢᠳᠠᠯ᠎ᠢ ᠱᠣᠭᠤᠬᠤ᠎ᠵᠢᠨ ᠵᠥᠢ ᠶᠣᠰᠣᠨ᠎ᠤ ᠶᠠᠪᠣᠳᠡᠯ ᠪᠣᠯᠬᠤ ᠪᠥᠭᠡᠳ ᠲᠣᠮᠳᠠᠳᠤ ᠣᠯᠣᠰ᠎ᠤᠨ ᠣᠨᠴᠠᠯᠢᠭ ᠪᠦᠬᠦᠢ ᠨᠡᠢᠭᠡᠮ ᠵᠢᠷᠣᠮ᠎ᠤᠨ ᠴᠠᠭ ᠦᠶ᠎ᠡ᠎ᠵᠢᠨ ᠬᠥᠭᠵᠢᠯᠲᠡ᠎ᠵᠢᠨ ᠵᠠᠢᠯᠠᠰᠢ ᠦᠭᠡᠢ ᠴᠢᠭᠯᠡᠯ ᠪᠠᠢᠵᠤ᠂ ᠡᠭᠦᠨ᠎ᠤ ᠤᠯᠠᠮ᠎ᠢᠶᠠᠷ ᠲᠣᠮᠳᠠᠳᠤ᠎ᠵᠢᠨ ᠦᠨᠳᠣᠰᠣᠳᠡᠨ᠎ᠤ ᠬᠠᠮᠳᠤ᠎ᠵᠢᠨ ᠴᠣᠭᠴᠠ᠎ᠵᠢᠨ ᠣᠬᠠᠮᠰᠡᠷ᠎ᠢ ᠪᠠᠲᠤ ᠴᠣᠭᠴᠠᠯᠠᠬᠤ᠎ᠵᠢᠨ ᠴᠢᠬᠤᠯᠠ ᠠᠷᠭ᠎ᠠ ᠵᠠᠮ ᠮᠥᠨ᠃ ᠲᠠᠷᠣᠢ ᠲᠣᠮᠳᠠᠳᠤ᠎ᠵᠢᠨ ᠰᠣᠶᠣᠯ᠎ᠤᠨ ᠬᠠᠮᠳᠤ᠎ᠵᠢᠨ ᠲᠠᠨᠢᠯᠲᠡ᠎ᠡᠴᠡ ᠲᠣᠮᠳᠠᠳᠣ᠎ᠵᠢᠨ ᠥᠨᠳᠣᠰᠣᠳᠡᠨ᠎ᠤ ᠬᠠᠮᠳᠣ᠎ᠵᠢᠨ ᠴᠣᠭᠴᠠ᠎ᠵᠢᠨ ᠣᠬᠠᠮᠰᠡᠷ᠎ᠢ ᠪᠠᠲᠤ ᠴᠣᠭᠴᠠᠯᠠᠬᠤ ᠳ᠋ᠤ ᠥᠵᠡᠬᠦᠯᠬᠦ ᠠᠴᠢ ᠬᠤᠯᠪᠣᠭᠳᠠᠯ ᠣᠯᠡᠮ ᠶᠡᠬᠡ ᠪᠣᠯᠵᠤ ᠪᠠᠢᠭ᠎ᠠ ᠶᠤᠮ᠃ ᠵᠢᠱᠶ᠋ᠶᠡᠯᠡᠪᠡᠯ᠂ ᠰᠣᠨᠢᠨ ᠮᠡᠳᠡᠭᠡᠨ᠎ᠤ ᠵᠠᠭᠣᠴᠢᠯᠠᠭᠣᠷ᠎ᠤᠳ ᠬᠢᠭᠡᠳ ᠣᠳᠬ᠎ᠠ ᠣᠷᠠᠯᠢᠭ᠎ᠤᠨ ᠵᠣᠬᠢᠶᠠᠨ ᠪᠥᠳᠣᠭᠡᠯᠭᠡ ᠳ᠋ᠤ ᠲᠣᠮᠳᠠᠳᠤ᠎ᠵᠢᠨ ᠰᠣᠶᠣᠯ᠎ᠤᠨ ᠬᠠᠮᠳᠤ᠎ᠵᠢᠨ ᠲᠠᠨᠢᠯᠲᠡ ᠡᠴᠡ ᠡᠬᠢ ᠰᠣᠷᠪᠣᠯᠵᠢ᠂ ᠥᠯᠢᠭᠡᠷ ᠵᠢᠱᠶ᠋ᠶ᠎ᠡ ᠠᠪᠴᠤ᠂ ᠭᠤᠸ᠎ᠠ ᠵᠥᠢ᠎ᠵᠢᠨ ᠥᠨᠳᠣᠷ ᠲᠥᠪᠰᠢᠨ ᠳ᠋ᠤ ᠲᠣᠮᠳᠠᠳᠤ᠎ᠵᠢᠨ ᠰᠣᠶᠣᠯ᠎ᠢ ᠵᠥᠪ ᠵᠢᠷᠣᠭᠯᠠᠵᠤ ᠤᠬᠠᠭᠤᠯᠬᠤ᠎ᠵᠢ ᠪᠡᠶᠡᠯᠡᠬᠦᠯᠵᠤ ᠴᠢᠳᠠᠪᠠᠯ᠂ ᠲᠣᠬᠠᠢ᠎ᠵᠢᠨ ᠨᠡᠢᠳᠡᠯᠡᠯ ᠪᠣᠶᠤ ᠨᠡᠪᠳᠡᠷᠡᠭᠦᠯᠭᠡ ᠨᠢ ᠲᠣᠮᠳᠠᠳᠣ᠎ᠵᠢᠨ ᠥᠨᠳᠣᠰᠣᠳᠡᠨ᠎ᠤ ᠬᠠᠮᠳᠣ᠎ᠵᠢᠨ ᠴᠣᠭᠴᠠ᠎ᠵᠢᠨ ᠣᠬᠠᠮᠰᠡᠷ᠎ᠢ ᠪᠠᠲᠤ ᠴᠣᠭᠴᠠᠯᠠᠬᠤ ᠥᠨ᠎ᠡ ᠴᠠᠨ᠎ᠠ ᠲᠠᠢ ᠪᠦᠳᠣᠭᠡᠯ ᠪᠣᠯᠵᠤ ᠴᠢᠳᠠᠨ᠎ᠠ᠃ ᠲᠣᠮᠳᠠᠳᠤ᠎ᠵᠢᠨ ᠥᠨᠳᠣᠰᠣᠳᠡᠨ᠎ᠤ ᠬᠠᠮᠳᠤ᠎ᠵᠢᠨ ᠴᠣᠭᠴᠠ ᠪᠣᠯ ᠣᠯᠣᠰ ᠲᠥᠷᠥ᠎ᠵᠢᠨ ᠬᠠᠮᠳᠤ᠎ᠵᠢᠨ ᠴᠣᠭᠴᠠ ᠪᠥᠭᠡᠳ ᠰᠣᠶᠣᠯ᠎ᠤᠨ ᠬᠠᠮᠳᠤ᠎ᠵᠢᠨ ᠴᠣᠭᠴᠠ ᠮᠥᠨ᠃ ᠰᠢᠨ᠎ᠡ ᠴᠠᠭ ᠦᠶ᠎ᠡ᠎ᠵᠢᠨ ᠲᠣᠮᠳᠠᠳᠣ᠎ᠵᠢᠨ ᠰᠣᠶᠣᠯ᠎ᠤᠨ ᠪᠥᠳᠣᠭᠡᠨ ᠪᠠᠢᠭᠤᠯᠤᠯᠲᠠ᠎ᠵᠢ ᠠᠬᠢᠭᠤᠯᠬᠤ ᠳ᠋ᠤ ᠲᠣᠮᠳᠠᠳᠤ᠎ᠵᠢᠨ ᠰᠣᠶᠣᠯ ᠪᠣᠯ ᠭᠤᠣᠯ ᠡᠰᠢ ᠪᠠᠢᠵᠤ᠂ ᠡᠯ᠎ᠡ ᠥᠨᠳᠣᠰᠣᠳᠡᠨ᠎ᠤ ᠰᠣᠶᠣᠯ ᠨᠢ ᠰᠠᠯᠠᠭ᠎ᠠ ᠨᠠᠮᠠᠭ᠎ᠠ ᠪᠣᠯᠵᠤ ᠪᠠᠢᠭ᠎ᠠ ᠪᠣᠳᠠᠳᠤ ᠪᠠᠢᠳᠠᠯ᠎ᠢ ᠣᠨᠣᠪᠴᠢᠳᠠᠢ ᠲᠠᠨᠢᠨ ᠡᠵᠡᠮᠰᠢᠵᠤ᠂ ᠡᠯ᠎ᠡ ᠥᠨᠳᠣᠰᠣᠳᠡᠨ᠎ᠤ ᠬᠠᠮᠳᠤ ᠪᠡᠷ ᠥᠪᠯᠡᠵᠤ᠂ ᠬᠠᠮᠳᠤ ᠪᠡᠷ ᠡᠳ᠋ᠯᠡᠬᠥ ᠲᠣᠮᠳᠠᠳᠤ᠎ᠵᠢᠨ ᠰᠣᠶᠣᠯ᠎ᠤᠨ ᠲᠡᠮᠳᠡᠭ᠎ᠢ ᠡᠭᠦᠳᠴᠦ᠂ ᠲᠣᠮᠳᠠᠳᠤ᠎ᠵᠢᠨ ᠥᠨᠳᠣᠰᠣᠳᠡᠨ᠎ᠤ ᠲᠥᠷᠢ ᠲᠥᠷᠬᠦ᠎ᠵᠢ ᠰᠠᠢᠲᠤᠷ ᠰᠣᠷᠲᠠᠯᠴᠢᠯᠠᠬᠤ ᠨᠢ ᠲᠣᠮᠳᠠᠳᠤ᠎ᠵᠢᠨ ᠥᠨᠳᠣᠰᠣᠳᠡᠨ᠎ᠤ ᠣᠯᠡᠨ ᠲᠥᠮᠡᠨ᠎ᠤ ᠰᠡᠳᠬᠢᠯ᠎ᠢ ᠨᠢᠭᠳᠠᠷᠠᠭᠤᠯᠵᠤ᠂ ᠣᠶᠣᠨ ᠰᠠᠨᠠᠭᠠᠨ᠎ᠤ ᠶᠡᠭᠡ ᠨᠢᠭᠡᠳᠣᠯ᠎ᠤᠨ ᠪᠣᠢ ᠪᠣᠯᠬᠤ ᠳ᠋ᠤ ᠬᠤᠪᠢ ᠨᠡᠮᠡᠷᠢ ᠣᠷᠣᠭᠤᠯᠵᠤ ᠪᠠᠢᠭ᠎ᠠ ᠪᠥᠳᠣᠭᠡᠯᠴᠢ ᠠᠵᠢᠯᠯᠠᠭ᠎ᠠ ᠮᠥᠨ᠃ ᠲᠣᠮᠳᠠᠳᠤ᠎ᠵᠢᠨ ᠰᠣᠶᠣᠯ ᠪᠣᠯ ᠮᠠᠨ᠎ᠤ ᠤᠯᠤᠰ᠎ᠤᠨ ᠥᠨᠳᠣᠰᠣᠳᠡᠨ ᠨᠤᠭᠦᠳ᠎ᠤᠨ ᠰᠣᠶᠣᠯ᠎ᠤᠨ ᠨᠡᠢᠯᠡᠯ᠎ᠤᠨ ᠥᠷ᠎ᠡ ᠎ᠳ᠋ᠦᠩ ᠪᠠᠢᠵᠤ᠂ ᠲᠣᠮᠳᠠᠳᠤ᠎ᠵᠢᠨ ᠰᠣᠶᠣᠯ᠎ᠤᠨ ᠬᠠᠮᠳᠤ᠎ᠵᠢᠨ ᠲᠠᠨᠢᠯᠲᠠ ᠪᠣᠯ ᠥᠨᠳᠣᠰᠣᠳᠡᠨ ᠨᠤᠭᠦᠳ ᠤ᠋ᠨ ᠬᠠᠮᠳᠤ᠎ᠵᠢᠨ ᠣᠶᠣᠨ ᠰᠠᠨᠠᠭᠠᠨ᠎ᠤ ᠭᠡᠷ ᠣᠷᠣᠨ᠎ᠢ ᠪᠣᠢ ᠪᠣᠯᠭᠠᠬᠤ᠎ᠵᠢᠨ ᠴᠢᠬᠤᠯᠠ ᠬᠤᠯᠪᠣᠭᠠᠰᠤ ᠮᠥᠨ᠃ ᠢᠢᠮᠤ ᠡᠴᠡ ᠲᠣᠮᠳᠠᠳᠤ᠎ᠵᠢᠨ ᠰᠣᠶᠣᠯ᠎ᠤᠨ ᠬᠠᠮᠳᠤ᠎ᠵᠢᠨ ᠲᠠᠨᠢᠯᠲᠠ ᠪᠣᠯ ᠲᠣᠮᠳᠠᠳᠣ᠎ᠵᠢᠨ ᠥᠨᠳᠣᠰᠣᠳᠡᠨ᠎ᠤ ᠬᠠᠮᠳᠣ᠎ᠵᠢᠨ ᠴᠣᠭᠴᠠ᠎ᠵᠢᠨ ᠣᠬᠠᠮᠰᠡᠷ᠎ᠢ ᠪᠠᠲᠤ ᠴᠣᠭᠴᠠᠯᠠᠬᠤ ᠳ᠋ᠤ ᠬᠠᠮᠣᠭ᠎ᠤᠨ ᠡᠷᠴᠢ ᠬᠦᠴᠦᠨ ᠲᠠᠢ ᠠᠬᠢᠭᠤᠯᠬᠤ ᠬᠦᠴᠦᠨ ᠪᠣᠯᠵᠤ ᠪᠠᠢᠭ᠎ᠠ ᠶᠤᠮ᠃

ᠪᠢᠳᠡ ᠶᠡᠷᠦᠩᠬᠡᠢ ᠱᠦᠵᠢ ᠰᠢ ᠵᠢᠨ ᠫᠢᠩ᠎ᠦᠨ ᠰᠣᠶᠣᠯ᠎ᠤᠨ ᠦᠵᠡᠯ ᠰᠠᠨᠠᠭ᠎ᠠ᠎ᠪᠠᠷ ᠵᠢᠯᠣᠭᠣᠳᠤᠯᠭ᠎ᠠ ᠪᠣᠯᠭᠠᠨ᠂ ᠥᠪᠥᠷ ᠮᠣᠩᠭᠣᠯ᠎ᠤᠨ ᠡᠯ᠎ᠡ ᠱᠠᠲᠤᠨ᠎ᠤ ᠰᠣᠨᠢᠨ ᠮᠡᠳᠡᠭᠡᠨ᠎ᠦ ᠵᠠᠭᠤᠴᠢᠯᠠᠭᠤᠷ᠂ ᠰᠣᠶᠣᠯ ᠤᠷᠠᠯᠢᠭ᠋᠎ᠤᠨ ᠡᠯ᠎ᠡ ᠡᠲᠡᠭᠡᠳ᠎ᠢ ᠵᠣᠬᠢᠶᠠᠨ ᠪᠠᠢᠭᠤᠯᠤᠨ ᠳᠤᠮᠳᠠᠳᠤ᠎ᠶᠢᠨ ᠰᠣᠶᠣᠯ᠎ᠤᠨ ᠤᠬᠢ ᠰᠤᠳᠤᠨ ᠪᠦᠳᠦᠭᠡᠯ᠎ᠢ ᠵᠣᠬᠢᠶᠠᠨ ᠪᠦᠲᠦᠭᠡᠬᠦ ᠪᠠ ᠤᠬᠠᠭᠤᠯᠬᠤ ᠠᠵᠢᠯ᠎ᠢ ᠥᠷᠨᠢᠭᠦᠯᠵᠦ᠂ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠳᠤᠮᠳᠠᠳᠤ᠎ᠶᠢᠨ ᠰᠣᠶᠣᠯ᠎ᠤᠨ ᠬᠠᠮᠳᠤ ᠵᠢᠨ ᠲᠠᠨᠢᠯᠳᠠ᠎ᠶᠢ ᠦᠷᠭᠦᠯᠵᠢᠯᠡᠨ ᠴᠢᠩᠭᠠᠳᠬᠠᠵᠤ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠦᠵᠡᠯ ᠤᠬᠠᠮᠰᠠᠷ᠎ᠢ ᠯᠠᠪᠳᠠᠭᠤᠨ ᠪᠠᠲᠤᠲᠠᠢ ᠪᠤᠢ ᠪᠤᠯᠭᠠᠬᠤ ᠬᠡᠷᠡᠭᠲᠡᠢ᠃ 2023 ᠣᠨ᠎ᠤ 10 ᠰᠠᠷ᠎ᠠ ᠳ᠋ᠤ ᠪᠥᠬᠦ ᠣᠯᠣᠰ᠎ᠤᠨ ᠰᠣᠷᠳᠠᠯ ᠣᠬᠠᠭᠤᠯᠭ᠎ᠠ ᠥᠵᠡᠯ ᠰᠠᠨᠠᠭ᠎ᠠ ᠰᠣᠶᠣᠯ᠎ᠤᠨ ᠠᠵᠢᠯ᠎ᠤᠨ ᠬᠤᠷᠠᠯ ᠠᠮᠵᠢᠯᠲᠡ ᠲᠠᠢ ᠬᠤᠷᠠᠯᠳᠤᠵᠦ᠂ 《ᠰᠢ᠎ᠵᠢᠨ ᠫᠢᠩ᠎ᠤᠨ ᠰᠣᠶᠣᠯ᠎ᠤᠨ ᠥᠵᠡᠯ ᠰᠠᠨᠠᠭ᠎ᠠ》 ᠵᠢ ᠵᠢᠡᠭᠬᠢᠨᠢ ᠪᠡᠷ ᠳᠤᠷᠡᠳᠤᠭᠰᠠᠨ ᠪᠦᠭᠡᠳ ᠱᠢᠰᠲᠸᠮ ᠳᠠᠢ ᠲᠤᠲᠤᠷᠬᠠᠢᠯᠠᠨ ᠦᠭᠦᠯᠡᠵᠦ᠂ ᠰᠢᠨ᠎ᠡ ᠴᠠᠭ ᠦᠶ᠎ᠡ᠎ᠵᠢᠨ ᠰᠣᠶᠣᠯ᠎ᠤᠨ ᠪᠠᠢᠭᠤᠯᠤᠯᠲᠠ᠎ᠵᠢᠨ ᠬᠢᠯᠠᠯᠵᠠᠬᠰᠠᠨ ᠠᠮᠵᠢᠯᠲᠡ᠎ᠪᠦᠳᠦᠮᠵᠢ ᠵᠢᠨ ᠪᠡᠯᠭᠡ ᠲᠡᠮᠳᠡᠭ ᠪᠣᠯᠵᠡᠢ᠃ ᠮᠥᠨ ᠲᠣᠰ ᠬᠤᠷᠠᠯ ᠡᠴᠡ︽ᠰᠢ᠎ᠵᠢᠨ ᠫᠢᠩ᠎ᠤᠨ ᠰᠣᠶᠣᠯ᠎ᠤᠨ ᠥᠵᠡᠯ ᠰᠠᠨᠠᠭ᠎ᠠ ᠪᠣᠯ ᠲᠠᠰᠣᠷᠠᠯᠲᠡ ᠦᠭᠡᠢ ᠥᠷᠨᠢᠵᠤ ᠪᠠᠢᠭ᠎ᠠ᠂ ᠨᠡᠭᠡᠭᠡᠯᠳᠡᠳᠤ ᠬᠡᠯᠪᠡᠷᠢ ᠲᠠᠢ ᠥᠵᠡᠯ ᠰᠠᠨᠠᠭ᠎ᠠ᠎ᠵᠢᠨ ᠰᠢᠰᠲᠸᠮ ᠮᠥᠨ᠂ ᠥᠢᠯᠡᠳᠣᠯᠭᠡ᠎ᠵᠢᠨ ᠬᠥᠨᠵᠡᠭᠡᠢᠷᠡᠬᠦ᠎ᠵᠢ ᠲᠠᠭᠠᠯᠳᠣᠨ ᠲᠠᠰᠣᠷᠠᠯᠲᠡ ᠦᠭᠡᠢ ᠪᠠᠶᠠᠯᠢᠭᠵᠢᠨ ᠬᠥᠭᠵᠢᠬᠦ ᠨᠢ ᠯᠠᠪᠲᠠᠢ ᠶᠤᠮ︾ᠭᠡᠵᠤ ᠵᠢᠭᠠᠨ ᠭᠠᠷᠭᠠᠭᠰᠠᠨ ᠨᠢ ᠮᠠᠨ᠎ᠤ ᠣᠯᠣᠰ᠎ᠤᠨ ᠡᠯ᠎ᠡ ᠬᠦᠷᠢᠶ᠎ᠡ ᠴᠠᠷᠠᠭᠠᠨ᠎ᠤ᠋ ᠬᠢᠨ ᠲᠣᠮᠳᠠᠳᠤ᠎ᠵᠢᠨ ᠰᠣᠶᠣᠯ ᠡᠴᠡ ᠡᠬᠢ ᠰᠣᠷᠪᠣᠯᠵᠢ ᠠᠪᠴᠤ ᠪᠥᠳᠣᠭᠡᠯᠴᠢ ᠴᠢᠨᠠᠷᠲᠠᠢ ᠤᠨᠳᠤᠤᠰᠢᠭᠤᠯᠤᠯᠳᠠ᠂ ᠰᠢᠨ᠎ᠡ᠎ᠵᠢ ᠡᠬᠦᠳᠬᠦ ᠴᠢᠨᠠᠷᠲᠠᠢ ᠬᠥᠭᠵᠢᠯᠲᠡ᠎ᠵᠢ ᠪᠡᠶᠡᠯᠡᠬᠦᠯᠬᠦ᠎ᠵᠢ ᠲᠠᠮᠵᠢᠵᠤ ᠪᠠᠢᠭ᠎ᠠ ᠬᠡᠷᠡᠭ ᠶᠤᠮ᠃ ᠶᠡᠷᠦᠩᠬᠡᠢ ᠱᠦᠵᠢ ᠰᠢ᠎ᠵᠢᠨ ᠫᠢᠩ᠎ᠤᠨ ᠰᠣᠶᠣᠯ᠎ᠤᠨ ᠥᠵᠡᠯ ᠰᠠᠨᠠᠭ᠎ᠠ ᠨᠢ ᠮᠠᠷᠺᠰ᠎ᠤᠨ ᠥᠵᠡᠯ᠎ᠤᠨ ᠦᠨᠳᠦᠰᠦᠨ ᠣᠨᠣᠯ ᠪᠣᠯᠣᠨ ᠲᠣᠮᠳᠠᠳᠤ ᠣᠯᠣᠰ᠎ᠤᠨ ᠪᠣᠳᠠᠳᠤ ᠪᠠᠢᠳᠠᠯ᠂ ᠲᠣᠮᠳᠠᠳᠤ᠎ᠵᠢᠨ ᠰᠢᠯᠢᠳᠡᠭ ᠣᠯᠠᠮᠵᠢᠯᠠᠯᠳᠤ ᠰᠣᠶᠣᠯ᠎ᠢ ᠬᠠᠷᠢᠯᠴᠠᠨ ᠤᠶᠠᠯᠳᠤᠭᠤᠯᠤᠬᠰᠠᠨ ᠬᠡᠷᠡᠯ ᠰᠠᠴᠤᠷᠠᠩᠭᠤᠢ ᠨᠡᠢᠳᠡᠯᠢᠭ ᠵᠢᠱ᠌ᠢᠶ᠎ᠠ ᠪᠠᠢᠵᠤ᠂ ᠡᠭᠦᠳᠦᠨ ᠪᠦᠳᠦᠭᠡᠯᠴᠢ ᠴᠢᠨᠠᠷᠳᠠᠢ ᠪᠡᠷ ︽ᠬᠤᠶᠠᠷ᠎ᠢ ᠣᠶᠠᠯᠳᠣᠭᠤᠯᠬᠤ︾ᠵᠢᠨ ᠦᠨᠳᠦᠰᠦᠨ ᠱᠠᠭᠠᠷᠳᠠᠯᠭ᠎ᠠ ᠵᠢ ᠲᠤᠷᠠᠳᠴᠠᠢ᠃ ᠶᠡᠷᠦᠩᠬᠡᠢ ᠱᠦᠵᠢ ᠰᠢ᠎ᠵᠢᠨ ᠫᠢᠩ᠎ᠤᠨ ᠰᠣᠶᠣᠯ᠎ᠤᠨ ᠥᠵᠡᠯ ᠰᠠᠨᠠᠭ᠎ᠠ ᠪᠣᠯ ᠰᠢᠨ᠎ᠡ ᠴᠠᠭ ᠦᠶ᠎ᠡ᠎ᠳᠦ ᠨᠠᠮ ᠡᠴᠡ ᠰᠤᠶᠤᠯ᠎ᠤᠨ ᠪᠠᠢᠭᠤᠯᠤᠯᠳᠠ ᠵᠢ ᠤᠳᠤᠷᠢᠳᠤᠬᠰᠠᠨ ᠦᠢᠯᠡᠳᠦᠯᠭᠡ ᠲᠤᠷᠰᠢᠯᠭ᠎ᠠ ᠵᠢᠨ ᠤᠨᠤᠯ᠎ᠤᠨ᠎ᠳ᠋ᠦᠩᠨᠡᠯᠳᠡ ᠪᠠᠢᠵᠤ᠂ ᠲᠣᠮᠳᠠᠳᠤ ᠣᠯᠣᠰ᠎ᠤᠨ ᠣᠨᠴᠠᠯᠢᠭ ᠪᠦᠬᠦᠢ ᠨᠡᠢᠭᠡᠮ ᠵᠢᠷᠣᠮ ᠤ᠋ᠨ ᠰᠣᠶᠣᠯ᠎ᠤᠨ  ᠪᠠᠢᠭᠤᠯᠤᠯᠲᠠ᠎ᠵᠢᠨ ᠪᠥᠬᠦ ᠲᠠᠯ᠎ᠠ᠎ᠵᠢ ᠬᠠᠮᠣᠷᠣᠭᠰᠠᠨ᠂ ᠣᠳᠬ᠎ᠠ ᠠᠭᠤᠯᠬᠤᠨ ᠵᠢᠡᠷ ᠪᠠᠶᠠᠯᠢᠭ᠂ ᠦᠭᠦᠯᠡᠯᠳᠡ ᠬᠦᠨ ᠭᠦᠨᠵᠡᠭᠡᠢ᠂ ᠦᠷᠭᠡᠨ ᠲᠡᠯᠭᠡᠷ ᠭᠦᠨ ᠭᠦᠨᠵᠡᠭᠡᠢ ᠰᠢᠨᠵᠢᠯᠡᠬᠦ ᠣᠬᠠᠭᠠᠨᠴᠢ ᠣᠨᠣᠯ᠎ᠤᠨ ᠰᠢᠰᠲ᠋ᠧᠮ ᠪᠤᠯᠤᠨ᠎ᠠ᠃ ᠰᠢ ᠵᠢᠨ ᠫᠢᠩ᠎ᠤᠨ ᠰᠤᠶᠤᠯ᠎ᠤᠨ ᠦᠵᠡᠯ ᠰᠠᠨᠠᠭ᠎ᠠ  ᠨᠢ ᠰᠢᠨ᠎ᠡ ᠴᠠᠭ ᠦᠶ᠎ᠡ ᠳ᠋ᠤ ᠲᠣᠮᠳᠠᠳᠤ᠎ᠵᠢᠨ ᠰᠣᠶᠣᠯ᠎ᠤᠨ  ᠪᠠᠢᠭᠤᠯᠤᠯᠲᠠ ᠨᠢ ᠶᠠᠭᠤ ᠪᠡᠷ ᠵᠢᠯᠣᠭᠤᠳᠣᠯᠭ᠎ᠠ ᠪᠣᠯᠭᠠᠬᠤ᠂ ᠶᠠᠮᠠᠷ ᠵᠠᠮ᠎ᠢᠶᠠᠷ ᠵᠠᠮᠨᠠᠬᠤ᠂ ᠶᠠᠮᠠᠷ ᠵᠠᠷᠴᠢᠮ᠎ᠢ ᠪᠠᠷᠢᠮᠲᠠᠯᠠᠬᠤ᠂ ᠶᠠᠮᠠᠷ ᠵᠣᠷᠢᠯᠭ᠎ᠠ᠎ᠵᠢ ᠪᠡᠶᠡᠯᠡᠬᠦᠯᠬᠦ ᠵᠡᠷᠭᠡ ᠥᠨᠳᠣᠰᠣᠨ ᠠᠰᠠᠭᠤᠳᠡᠯ᠎ᠤᠳ ᠲᠤ᠌ ᠬᠠᠷᠢᠭᠤᠯᠲᠡ ᠥᠭᠴᠦ᠂ ᠢᠯᠡ ᠲᠣᠳᠣᠷᠬᠠᠢ ᠥᠷᠳᠡᠭ᠎ᠤᠨ ᠥᠵᠡᠯᠲᠡ᠎ᠵᠢ ᠬᠠᠷᠠᠭᠤᠯᠵᠤ᠂ ᠰᠢᠨ᠎ᠡ ᠴᠠᠭ ᠦᠶ᠎ᠡ ᠪᠣᠶᠤ ᠰᠢᠨ᠎ᠡ ᠠᠶᠠᠨ᠎ᠤ ᠰᠣᠷᠲᠠᠯ ᠣᠬᠠᠭᠤᠯᠭ᠎ᠠ ᠥᠵᠡᠯ ᠰᠠᠨᠠᠭ᠎ᠠ ᠰᠣᠶᠣᠯ᠎ᠤᠨ ᠠᠵᠢᠯ᠎ᠢ ᠰᠠᠢᠲᠤᠷ ᠬᠢᠬᠦ ᠳ᠋ᠤ ᠬᠥᠴᠥᠷᠬᠡᠭ ᠶᠡᠬᠡ ᠥᠵᠡᠯ ᠰᠠᠨᠠᠭᠠᠨ᠎ᠤ ᠵᠡᠪᠰᠡᠭ ᠪᠣᠯᠣᠨ ᠰᠢᠨᠵᠢᠯᠡᠬᠦ ᠣᠬᠠᠭᠠᠨᠴᠢ ᠣᠢᠯᠡ ᠠᠵᠢᠯᠯᠠᠭᠠᠨ᠎ᠤ ᠵᠥᠭᠯᠡᠬᠦᠷ ᠬᠠᠩᠭᠠᠵᠠᠢ᠃

ᠲᠣᠮᠳᠠᠳᠤ᠎ᠵᠢᠨ ᠰᠣᠶᠣᠯ᠎ᠤᠨ ᠬᠠᠮᠳᠤ᠎ᠵᠢᠨ ᠲᠠᠨᠢᠯᠲᠡ᠎ᠵᠢ ᠴᠢᠩᠭᠠᠳᠬᠠᠵᠤ᠂ ᠲᠣᠮᠳᠠᠳᠣ᠎ᠵᠢᠨ ᠥᠨᠳᠣᠰᠣᠳᠡᠨ᠎ᠤ ᠬᠠᠮᠳᠣ᠎ᠵᠢᠨ ᠴᠣᠭᠴᠠ᠎ᠵᠢᠨ ᠣᠬᠠᠮᠰᠡᠷ᠎ᠢ ᠪᠠᠲᠤ ᠴᠣᠭᠴᠠᠯᠠᠬᠤ ᠪᠣᠯ ᠬᠠᠷᠢᠯᠴᠠᠨ ᠨᠦᠬᠦᠴᠡᠯᠳᠦᠬᠦ ᠬᠠᠷᠢᠯᠴᠠᠨ ᠠᠬᠢᠭᠣᠯᠬᠤ ᠠᠴᠢ ᠬᠣᠯᠪᠣᠭᠳᠠᠯ ᠦᠢᠯᠡᠳᠦᠯ ᠲᠠᠢ ᠶᠤᠮ᠃ ᠲᠣᠮᠳᠠᠳᠤ᠎ᠵᠢᠨ ᠰᠣᠶᠣᠯ᠎ᠤᠨ ᠬᠠᠮᠳᠤ᠎ᠵᠢᠨ ᠲᠠᠨᠢᠯᠲᠡ ᠪᠤᠯ ᠦᠨᠳᠦᠰᠦᠳᠡᠨ᠎ᠤ ᠪᠦᠯᠬᠦᠮᠳᠡᠯ᠎ᠤᠨ ᠦᠨᠳᠦᠰᠦ ᠰᠠᠭᠤᠷᠢ᠂ ᠦᠨᠳᠦᠰᠦᠳᠡᠨ᠎ᠤ ᠡᠶ᠎ᠡ ᠵᠤᠬᠢᠴᠠᠩᠭᠤᠢ ᠵᠢᠨ ᠰᠦᠭ ᠰᠦᠨᠡᠰᠦ ᠮᠦᠨ᠃ ᠲᠣᠮᠳᠠᠳᠣ᠎ᠵᠢᠨ ᠥᠨᠳᠣᠰᠣᠳᠡᠨ᠎ᠤ ᠬᠠᠮᠳᠣ᠎ᠵᠢᠨ ᠴᠣᠭᠴᠠ᠎ᠵᠢᠨ ᠣᠬᠠᠮᠰᠡᠷ᠎ᠢ ᠪᠠᠲᠤ ᠴᠣᠭᠴᠠᠯᠠᠬᠤ᠎ᠳᠦ ᠰᠤᠶᠤᠯ᠎ᠤᠨ ᠬᠦᠴᠦᠨ᠎ᠢ ᠴᠢᠳᠠᠮᠠᠭᠠᠢ ᠠᠰᠢᠬᠯᠠᠵᠤ᠂ ᠦᠨᠳᠦᠰᠦᠳᠡᠨ ᠨᠤᠭᠦᠳ᠎ᠤᠨ ᠠᠷᠠᠳ ᠲᠦᠮᠡᠨ᠎ᠢ ᠵᠢᠯᠤᠭᠤᠳᠤᠨ ᠤᠷᠢᠬᠠᠨ ᠰᠠᠯᠬᠢ ᠦᠭᠬᠢᠶᠡᠮᠦᠷ ᠬᠤᠷ᠎ᠠ ᠲᠦᠮᠡᠨ ᠪᠤᠳᠠᠰ᠎ᠢ ᠤᠮᠳᠠᠯᠠᠬᠤ ᠮᠡᠳᠦ ᠶᠠᠪᠤᠴᠠ᠎ᠳᠦ ᠲᠤᠮᠳᠠᠳᠤ ᠵᠢᠨ ᠰᠤᠶᠤᠯ᠎ᠤᠨ ᠬᠠᠮᠳᠤ ᠵᠢᠨ ᠲᠠᠨᠢᠯᠳᠠ ᠵᠢ ᠴᠢᠨᠠᠬᠰᠢᠳᠠ ᠨᠡᠮᠡᠭᠳᠡᠭᠦᠯᠵᠦ᠂ ᠵᠢᠷᠭᠠᠯ ᠵᠤᠪᠠᠯᠠᠩ ᠵᠢᠡᠨ ᠬᠠᠮᠳᠤᠳᠬᠠᠬᠤ᠂ ᠠᠯᠳᠠᠷ ᠭᠤᠳᠤᠮᠰᠢᠭ ᠵᠢᠡᠨ ᠬᠠᠮᠳᠤᠳᠬᠠᠬᠤ᠂ ᠦᠬᠦᠵᠦ ᠰᠡᠬᠡᠬᠦ ᠪᠠᠨ ᠬᠠᠮᠳᠤᠳᠬᠠᠬᠤ᠂ ᠬᠤᠪᠢ ᠵᠠᠶᠠᠭ᠎ᠠ ᠪᠠᠨ ᠬᠠᠮᠳᠤᠳᠬᠠᠬᠤ ᠬᠠᠮᠳᠤ ᠵᠢᠨ ᠴᠤᠬᠴᠠ ᠵᠢᠨ ᠤᠢᠯᠠᠭᠠᠬᠳᠠᠬᠤᠨ᠎ᠢ ᠪᠠᠳᠤ ᠪᠤᠢ ᠪᠤᠯᠭᠠᠵᠤ᠂ ᠪᠤᠳᠠᠳᠠᠢ ᠵᠢ ᠪᠠᠷᠢᠮᠳᠠᠯᠠᠬᠰᠠᠨ ᠠᠷᠭ᠎ᠠ ᠬᠡᠮᠵᠢᠶ᠎ᠡ᠂ ᠦᠷ᠎ᠡ ᠪᠦᠳᠦᠮᠵᠢᠳᠠᠢ ᠠᠵᠢᠯᠯᠠᠭ᠎ᠠ ᠪᠡᠷ ᠦᠨᠳᠦᠰᠦᠳᠡᠨ᠎ᠤ ᠪᠦᠯᠬᠦᠮᠳᠡᠯ᠎ᠤᠨ ᠦᠨᠳᠦᠰᠦ ᠰᠠᠭᠤᠷᠢ ᠵᠢ ᠪᠡᠬᠢᠵᠢᠭᠦᠯᠵᠦ᠂ ᠰᠤᠶᠤᠯ᠎ᠤᠨ ᠢᠳᠡᠭᠡᠯ᠎ᠢ ᠴᠢᠩᠭᠠᠷᠠᠭᠤᠯᠬᠤ ᠬᠡᠷᠡᠭᠳᠡᠢ᠃

(ᠥ᠋ ᠲᠢᠶᠠᠨᠪᠤᠤ᠄ ᠥᠪᠥᠷ ᠮᠣᠩᠭᠣᠯ᠎ᠤᠨ ᠡᠳ᠋᠎ᠤᠨ ᠵᠠᠰᠠᠭ ᠠᠵᠤ ᠠᠬᠣᠢ᠎ᠵᠢᠨ ᠶᠡᠬᠡ ᠰᠣᠷᠭᠠᠭᠣᠯᠢ; ᠲᠡᠷᠭᠡᠯᠬᠡᠨ᠄ ᠦᠢᠯᠡᠳᠣᠯᠭᠡ ᠰᠡᠳᠬᠦᠯ᠎ᠤᠨ ᠬᠣᠷᠢᠶ᠎ᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号