5᠎ᠤ ᠡᠳᠦᠷ᠂ ᠪᠥᠬᠥ ᠤᠯᠤᠰ᠎ᠤᠨ ᠠᠩᠬᠠᠳᠠᠭ᠍ᠴᠢ 《ᠨᠡᠢᠲᠡ ᠵᠢᠨ ᠳᠠᠯᠠᠢ ᠪᠡᠷ
ᠴᠢᠯᠦᠭᠡᠲᠡᠢ ᠠᠶᠠᠯᠠᠬᠤ ᠵᠢᠭᠤᠯᠴᠢᠯᠠᠯ》᠎ᠤᠨ ᠬᠢᠯᠢ᠎ᠪᠡᠷ ᠣᠷᠣᠵᠤ ᠭᠠᠷᠬᠤ ᠦᠨᠡᠮᠯᠡᠯ᠎ᠢ ᠱᠠᠩᠬᠠᠢ᠎ᠳᠤ ᠤᠯᠭᠤᠪᠠ᠃ ᠲᠣᠰ ᠭᠡᠷᠡᠴᠢ ᠦᠨᠡᠮᠯᠡᠯ᠎ᠢ
ᠭᠠᠷᠳᠠᠭᠰᠠᠨᠤ ᠳᠠᠷᠠᠭ᠎ᠠ᠂ ᠵᠢᠭᠤᠯᠴᠢᠯᠠᠬᠰᠠᠳ ᠬᠠᠮᠢᠶ᠎ᠠ ᠪᠦᠬᠦᠢ ᠲᠥᠷᠥ᠎ᠶᠢᠨ ᠪᠣᠳᠣᠯᠭ᠎ᠠ᠎ᠳᠤ ᠲᠦᠰᠢᠭᠯᠡᠨ ᠸᠢᠰᠠ
ᠡᠴᠡ ᠬᠡᠯᠲᠦᠷᠢᠭᠦᠯᠵᠤ᠂ ᠣᠢᠷ᠎ᠠ ᠵᠠᠮ᠎ᠢᠶᠠᠷ ᠲᠡᠯᠡᠶ᠎ᠳᠦ ᠭᠠᠷᠴᠤ ᠰᠡᠯᠡᠭᠦᠴᠡᠵᠦ᠂ ᠤᠯᠤᠰ᠎ᠤᠨ ᠳᠣᠲᠣᠭᠠᠳᠤ᠎ᠶᠢᠨ
ᠰᠢᠤᠳᠠᠨ᠎ᠤ ᠬᠥᠯᠭᠡ ᠣᠩᠭᠣᠴᠠ᠎ᠶᠢᠨ ᠭᠠᠳᠠᠭ᠍ᠰᠢ ᠭᠠᠷᠴᠤ ᠵᠢᠭᠤᠯᠴᠢᠯᠠᠬᠤ ᠰᠣᠩᠭᠣᠯᠲᠠ᠎ᠶᠢ ᠤᠯᠠᠮ ᠨᠢᠭᠡ ᠠᠯᠬᠤᠮ
ᠪᠠᠶᠠᠯᠢᠭ᠍ᠵᠢᠭᠤᠯᠵᠤ ᠪᠣᠯᠣᠨ᠎ᠠ᠃

ᠠᠩᠬᠠᠳᠠᠭ᠍ᠴᠢ 《ᠨᠡᠢᠲᠡ ᠵᠢᠨ ᠳᠠᠯᠠᠢ ᠪᠡᠷ
ᠴᠢᠯᠦᠭᠡᠲᠡᠢ ᠠᠶᠠᠯᠠᠬᠤ ᠵᠢᠭᠤᠯᠴᠢᠯᠠᠯ》᠎ᠤᠨ ᠬᠢᠯᠢ᠎ᠪᠡᠷ ᠣᠷᠣᠵᠤ ᠭᠠᠷᠬᠤ ᠦᠨᠡᠮᠯᠡᠯ ᠨᠢ ᠦᠵᠡᠬᠦ᠎ᠳᠦ ᠳᠥᠭᠥᠮᠬᠡᠨ ᠨᠢᠭᠡ ᠬᠠᠭᠤᠳᠠᠰᠤ
《ᠴᠠᠭᠠᠰᠤ》 ᠰᠢᠭ᠋ ᠪᠣᠯᠪᠠᠴᠤ ᠦᠨᠡᠨ᠎ᠳᠡᠭᠡᠨ ᠤᠯᠤᠰ᠎ᠤᠨ
ᠨᠡᠭᠦᠳᠡᠯ ᠠᠷᠠᠳ᠎ᠤᠨ ᠬᠠᠮᠢᠶᠠᠷᠤᠯᠲᠠ᠎ᠶᠢᠨ ᠰᠠᠯᠠᠭ᠎ᠠ ᠮᠥᠴᠢᠷ᠎ᠦᠨ ᠳᠦᠷᠢᠮ᠎ᠦᠨ ᠰᠢᠨ᠎ᠡ ᠡᠭᠦᠳᠦᠯᠲᠡ ᠪᠣᠯᠣᠨ᠎ᠠ᠃
ᠨᠡᠢᠲᠡ ᠵᠢᠨ ᠳᠠᠯᠠᠢ ᠪᠡᠷ ᠴᠢᠯᠦᠭᠡᠲᠡᠢ ᠠᠶᠠᠯᠠᠬᠤ ᠵᠢᠭᠤᠯᠴᠢᠯᠠᠯ᠎ᠤᠨ 《ᠭᠠᠷᠠᠮ᠎ᠳᠤ ᠵᠣᠭ᠍ᠰᠣᠬᠤ ᠥᠬᠡᠶ᠂
ᠨᠡᠶ᠋ᠢᠲᠡ᠎ᠶᠢᠨ ᠲᠡᠯᠡᠶ᠎ᠪᠡᠷ ᠨᠠᠭᠠᠰᠢ ᠴᠠᠭᠠᠰᠢ ᠵᠣᠷᠴᠢᠬᠤ》 ᠣᠨᠴᠠᠭᠠᠶ ᠰᠢᠨᠵᠢ ᠴᠢᠨᠠᠷ᠎ᠢ ᠦᠨᠳᠦᠰᠦᠯᠡᠨ᠂ ᠱᠠᠩᠬᠠᠢ᠎ᠶᠢᠨ ᠳᠣᠲᠣᠭᠠᠳᠤ᠎ᠶᠢ ᠬᠠᠮᠠᠭᠠᠯᠠᠬᠤ
ᠬᠢᠯᠢ᠎ᠪᠡᠷ ᠣᠷᠣᠵᠤ ᠭᠠᠷᠬᠤ ᠬᠠᠮᠢᠶᠠᠷᠤᠯᠲᠠ᠎ᠶᠢᠨ ᠰᠠᠯᠠᠭ᠎ᠠ ᠮᠥᠴᠢᠷ ᠤᠯᠤᠰ᠎ᠤᠨ ᠨᠡᠭᠦᠳᠡᠯ ᠠᠷᠠᠳ᠎ᠤᠨ ᠬᠠᠮᠢᠶᠠᠷᠤᠯᠲᠠ᠎ᠶᠢᠨ
ᠲᠣᠪᠴᠢᠶ᠎ᠠ᠎ᠳᠤ ᠮᠡᠳᠡᠭᠦᠯᠦᠨ ᠵᠥᠪᠰᠢᠶᠡᠷᠡᠭᠦᠯᠦᠭᠡᠳ᠂ ᠰᠢᠤᠳᠠᠨ᠎ᠤ ᠣᠩᠭᠣᠴᠠ᠎ᠶᠢᠨ ᠬᠢᠯᠢ᠎ᠪᠡᠷ ᠣᠷᠣᠵᠤ ᠭᠠᠷᠬᠤ
ᠦᠨᠡᠮᠯᠡᠯ ᠭᠦᠢᠴᠡᠳᠬᠡᠬᠦ᠎ᠳᠦ ᠲᠥᠬᠥᠮ ᠦᠵᠡᠭᠦᠯᠬᠦ ᠡᠨᠡ ᠬᠦ᠌ ᠰᠢᠨ᠎ᠡ ᠲᠥᠷᠥ᠎ᠶᠢᠨ ᠪᠣᠳᠣᠯᠭ᠎ᠠ᠎ᠶᠢ ᠪᠦᠬᠦ
ᠤᠯᠤᠰ᠎ᠲᠦ ᠡᠩ ᠲᠡᠷᠢᠭᠦᠨ᠎ᠳᠦ ᠭᠠᠷᠭᠠᠪᠠ᠃ ᠬᠣᠢᠰᠢᠳᠠ᠂ ᠵᠢᠭᠤᠯᠴᠢᠯᠠᠭ᠍ᠴᠢ ᠡᠩ᠎ᠦᠨ ᠫᠠᠰᠫᠣᠷᠲᠢ ᠬᠡᠷᠡᠭᠯᠡᠬᠦ᠎ᠡᠴᠡ
ᠭᠠᠳᠠᠨ᠎ᠠ᠂ ᠪᠡᠶ᠎ᠡ᠎ᠶᠢᠨ ᠦᠨᠡᠮᠯᠡᠯ᠎ᠢᠶᠡᠷ᠎ᠢᠶᠡᠨ ᠬᠢᠯᠢ᠎ᠪᠡᠷ ᠭᠠᠷᠴᠤ ᠣᠷᠣᠬᠤ ᠲᠤᠰᠬᠠᠢ ᠦᠨᠡᠮᠯᠡᠯ ᠭᠤᠶᠤᠴᠢᠯᠠᠨ
ᠠᠪᠴᠤ ᠪᠣᠯᠣᠨ᠎ᠠ᠃
ᠬᠢᠯᠢ᠎ᠪᠡᠷ ᠣᠷᠣᠵᠤ ᠭᠠᠷᠬᠤ ᠳ᠋ᠤ ᠨᠢᠭᠡ
ᠯᠡ ᠤᠳᠠᠭ᠎ᠠ ᠳ᠋ᠤ ᠬᠦᠴᠦᠨ ᠲᠠᠢ ᠭᠡᠷᠡᠴᠢ ᠦᠨᠡᠮᠯᠡᠯ ᠪᠣᠯᠤᠭᠰᠠᠨ᠎ᠤ ᠬᠤᠪᠢ᠎ᠳᠤ᠂ ᠬᠢᠯᠢ᠎ᠪᠡᠷ ᠣᠷᠣᠵᠤ ᠭᠠᠷᠬᠤ
ᠦᠨᠡᠮᠯᠡᠯ ᠳᠡᠭᠡᠷ᠎ᠡ 《ᠨᠡᠢᠲᠡ ᠵᠢᠨ ᠳᠠᠯᠠᠢ ᠪᠡᠷ
ᠴᠢᠯᠦᠭᠡᠲᠡᠢ ᠠᠶᠠᠯᠠᠬᠤ ᠵᠢᠭᠤᠯᠴᠢᠯᠠᠯ》 ᠭᠡᠵᠦ ᠣᠨᠴᠠᠭᠠᠢᠯᠠᠨ ᠲᠣᠳᠣᠷᠬᠠᠢᠯᠠᠵᠤ᠂ ᠭᠣᠣᠯᠳᠠᠭᠤ ᠫᠠᠰᠫᠣᠷᠲ ᠪᠤᠶᠤ ᠨᠡᠪᠲᠡᠷᠡᠬᠦ ᠦᠨᠡᠮᠯᠡᠯ
ᠭᠦᠢᠴᠡᠳᠬᠡᠵᠦ ᠠᠮᠵᠢᠬᠤ ᠦᠭᠡᠢ ᠠᠶᠠᠨᠴᠢᠳ᠎ᠲᠤ ᠴᠢᠭᠯᠡᠭᠦᠯᠦᠭᠰᠡᠨ ᠪᠠᠢᠳᠠᠭ᠃ ᠵᠢᠭᠤᠯᠴᠢᠯᠠᠭ᠍ᠴᠢ ᠪᠡᠶ᠎ᠡ᠎ᠶᠢᠨ
ᠦᠨᠡᠮᠯᠡᠯ᠎ᠢᠶᠡᠨ ᠠᠪᠴᠤ ᠮᠢᠨ ᠱᠸᠩ ᠯᠤ᠌ ᠵᠠᠮ᠎ᠤᠨ ᠬᠢᠯᠢ᠎ᠪᠡᠷ ᠣᠷᠣᠵᠤ ᠭᠠᠷᠬᠤ᠎ᠶᠢ ᠭᠥᠯᠢᠶᠡᠨ ᠠᠪᠬᠤ ᠲᠢᠩᠬᠢᠮ᠎ᠳᠦ
ᠬᠦᠷᠴᠦ 《ᠨᠡᠢᠲᠡ ᠵᠢᠨ ᠳᠠᠯᠠᠢ ᠪᠡᠷ
ᠴᠢᠯᠦᠭᠡᠲᠡᠢ ᠠᠶᠠᠯᠠᠬᠤ ᠵᠢᠭᠤᠯᠴᠢᠯᠠᠯ》᠎ᠤᠨ ᠬᠢᠯᠢ᠎ᠪᠡᠷ ᠣᠷᠣᠵᠤ ᠭᠠᠷᠬᠤ ᠦᠨᠡᠮᠯᠡᠯ᠎ᠢ ᠭᠤᠶᠤᠴᠢᠯᠠᠨ ᠠᠪᠴᠤ ᠪᠣᠯᠣᠨ᠎ᠠ᠂
ᠠᠶᠠᠯᠠᠬᠤ ᠡᠴᠠ ᠡᠮᠦᠨᠡᠬᠢ ᠴᠠᠭ ᠨᠢ ᠪᠠᠴᠢᠮ ᠪᠠᠢᠪᠠᠯ᠂ ᠰᠠᠭᠠᠳ ᠦᠭᠡᠢ ᠨᠡᠪᠲᠡᠷᠡᠬᠦ ᠵᠠᠮ᠎ᠢ ᠨᠡᠭᠡᠭᠡᠵᠦ ᠲᠦᠷᠭᠡᠨ
ᠭᠦᠢᠴᠡᠳᠬᠡᠯᠭᠡᠨ᠎ᠡ᠃
《ᠲᠡᠯᠡᠶ ᠳᠡᠭᠡᠷᠡᠬᠢ ᠵᠢᠭᠤᠯᠴᠢᠯᠠᠯ》᠎ᠤᠨ ᠰᠢᠨ᠎ᠡ ᠦᠢᠯᠡᠳᠬᠦᠨ᠎ᠢ ᠨᠡᠭᠡᠭᠡᠬᠦ᠎ᠶᠢᠨ ᠵᠣᠷᠢᠯᠭ᠎ᠠ ᠨᠢ ᠰᠢᠨ᠎ᠡ ᠬᠠᠩᠭᠠᠯᠭ᠎ᠠ᠎ᠪᠠᠷ
ᠰᠢᠨ᠎ᠡ ᠬᠡᠷᠡᠭᠴᠡᠭᠡ᠎ᠶᠢ ᠡᠭᠦᠳᠴᠦ᠂ ᠳᠡᠭᠡᠳᠦ ᠲᠠᠰ᠎ᠤᠨ ᠣᠢᠷ᠎ᠠ ᠵᠠᠮ᠎ᠤᠨ ᠵᠢᠭᠤᠯᠴᠢᠯᠠᠯ᠎ᠤᠨ ᠦᠢᠯᠡᠳᠬᠦᠨ᠎ᠦ ᠬᠣᠭᠣᠰᠤᠨ᠎ᠢ
ᠨᠥᠬᠥᠪᠦᠷᠢᠯᠡᠵᠦ᠂ ᠣᠯᠠᠨ ᠲᠦᠮᠡᠨ᠎ᠳᠦ ᠭᠠᠷᠠᠭ᠎ᠤᠨ ᠰᠡᠭᠦᠯᠴᠢ᠎ᠪᠡᠷ 《ᠪᠤᠬᠴᠤ ᠪᠡᠨ ᠡᠬᠦᠷᠪᠡᠯ
ᠶᠠᠪᠤᠴᠢᠬᠠᠮᠠᠷ》 ᠳᠦᠬᠦᠮ ᠳᠦᠳᠡ ᠰᠡᠯᠡᠭᠦᠴᠡᠯ᠎ᠦᠨ ᠰᠣᠩᠭᠣᠯᠲᠠ
ᠬᠠᠩᠭᠠᠬᠤ᠎ᠶᠢᠨ ᠲᠥᠯᠥᠭᠡ ᠶᠤᠮ᠃
ᠠᠩᠬᠠᠳᠠᠭ᠍ᠴᠢ 《ᠨᠡᠪᠲᠡᠷᠡᠬᠦ ᠦᠨᠡᠮᠯᠡᠯ》᠎ᠦᠨ ᠬᠡᠷᠡᠭᠯᠡᠭᠳᠡᠬᠦ᠎ᠶᠢ ᠳᠠᠭᠠᠯᠳᠤᠨ᠂ ᠲᠣᠰ ᠤᠳᠠᠭᠠᠨ᠎ᠤ ᠡᠭᠦᠷᠭᠡ᠎ᠶᠢ
ᠡᠭᠦᠷᠭᠡᠯᠡᠭᠰᠡᠨ ᠤᠯᠤᠰ᠎ᠲᠠᠭᠠᠨ ᠦᠢᠯᠡᠳᠪᠦᠷᠢᠯᠡᠭᠰᠡᠨ ᠲᠣᠮᠣ᠌ ᠬᠡᠯᠪᠡᠷᠢ᠎ᠶᠢᠨ ᠰᠢᠤᠳᠠᠨ᠎ᠤ ᠬᠥᠯᠭᠡ ᠣᠩᠭᠣᠴᠠ
《ᠠᠢ᠊ ᠳ᠋ᠠ· ᠮᠥᠸᠸ ᠳ᠋ᠦ᠋ ᠨᠡᠷᠡᠮᠵᠢᠲᠦ》 6᠎ᠤ
ᠡᠳᠦᠷ ᠱᠠᠩᠬᠠᠢ᠎ᠶᠢᠨ ᠦ᠋ ᠰᠥᠩ ᠺᠸᠦ᠎ᠶᠢᠨ ᠣᠯᠠᠨ ᠤᠯᠤᠰ᠎ᠤᠨ ᠰᠢᠤᠳᠠᠨ᠎ᠤ ᠬᠥᠯᠭᠡ ᠣᠩᠭᠣᠴᠠ᠎ᠶᠢᠨ ᠭᠠᠷᠠᠮ᠎ᠠᠴᠠ
ᠮᠣᠷᠳᠠᠵᠤ᠂ ᠨᠡᠶ᠋ᠢᠲᠡ᠎ᠶᠢᠨ ᠲᠡᠯᠡᠶ᠎ᠪᠡᠷ ᠭᠤᠷᠪᠠᠨ ᠡᠳᠦᠷ ᠬᠣᠶᠠᠷ ᠰᠥᠨᠢ ᠠᠶᠠᠯᠠᠪᠠ᠃
ᠢᠷᠡᠯᠲᠡ᠄ ᠲᠥᠪ ᠲᠧᠯᠸᠢᠰ᠎ᠦᠨ ᠰᠣᠨᠢᠨ ᠮᠡᠳᠡᠭᠡ