6 ᠰᠠᠷ᠎ᠠ ᠵᠢᠨ 6ᠤ ᠡᠳᠦᠷ᠂ ᠦᠪᠦᠷ ᠮᠤᠩᠭᠤᠯᠤᠨ
ᠤᠳᠤ ᠦᠶ᠎ᠡ ᠵᠢᠨ ᠳᠠᠭᠤᠤ ᠬᠥᠭᠵᠢᠮᠤᠨ ᠮᠦᠽᠸᠢ ᠬᠥᠬᠡᠬᠤᠲᠠ ᠵᠢᠨ ᠬᠤᠷᠢᠨᠭᠡᠷ ᠰᠢᠶᠠᠨᠤ ᠳᠠᠢᠴᠢᠳ ᠳᠤᠰᠬᠤᠨᠳᠤ
ᠡᠷᠦᠬᠡ ᠪᠠᠨ ᠰᠡᠬᠦᠪᠡ᠃ ᠡᠨᠡᠬᠦ ᠤᠷᠴᠢᠨ ᠤᠳᠤ ᠦᠶ᠎ᠡ ᠵᠢᠨ ᠤᠷᠤᠨ ᠨᠤᠲᠤᠭᠤᠨ ᠳᠠᠭᠤᠤ ᠬᠥᠭᠵᠢᠮᠤᠨ
ᠰᠤᠷᠪᠤᠯᠵᠢ ᠪᠢᠴᠢᠭᠤᠨ 《ᠬᠠᠳᠠᠭᠠᠯᠠᠯᠲᠠ — ᠰᠤᠳᠤᠯᠭᠠᠨ — ᠳᠡᠯᠭᠡᠨ
ᠦᠵᠡᠭᠦᠯᠭᠡ — ᠰᠤᠷᠭᠠᠨ ᠬᠦᠮᠦᠵᠢᠭᠦᠯᠦᠯ》ᠳᠤ ᠠᠩᠬᠠᠷᠤᠯ ᠲᠦᠪᠯᠡᠷᠡᠭᠦᠯᠦᠭᠰᠡᠨ ᠳᠤᠰᠬᠠᠢ
ᠰᠡᠳᠦᠪᠲᠦ ᠮᠦᠽᠸᠢ ᠨᠢ᠂ ᠦᠪᠦᠷ ᠮᠤᠩᠭᠤᠯᠤᠨ ᠳᠠᠭᠤᠤ ᠭᠦᠭᠵᠢᠮᠤᠨ ᠳᠦᠷᠦᠯᠤᠨ ᠮᠦᠽᠸᠢ ᠵᠢᠨ ᠬᠤᠭᠤᠰᠤᠨᠢ
ᠨᠥᠬᠦᠭᠰᠡᠨ ᠪᠠᠢᠨ᠎ᠠ᠃

ᠦᠵᠡᠭᠦᠯᠭᠡ ᠵᠢᠨ ᠤᠷᠳᠤᠨ ᠨᠢ ᠨᠡᠢᠲᠡ 4 ᠶᠡᠬᠡ
ᠭᠡᠰᠡᠭ ᠬᠤᠪᠢᠶᠠᠭᠳᠠᠵᠤ᠂ 1935 ᠤᠨ ᠡᠴᠡ 1995 ᠤᠨ ᠬᠦᠷᠲᠡᠯᠡᠬᠢ ᠦᠪᠦᠷ ᠮᠤᠩᠭᠤᠯᠤᠨ ᠳᠠᠭᠤᠤ ᠬᠥᠭᠵᠢᠮᠤᠨ
ᠲᠡᠦᠬᠡ ᠵᠢᠨ ᠳᠤᠷᠠᠰᠬᠠᠯᠲᠤ ᠵᠦᠢᠯᠡᠰ ᠪᠠ ᠰᠤᠷᠪᠤᠯᠵᠢ ᠪᠢᠴᠢᠭ 3 ᠲᠦᠮᠡᠨ ᠵᠦᠢᠯᠢ ᠳᠡᠯᠭᠡᠨ ᠦᠵᠡᠭᠦᠯᠵᠦ᠂
ᠳᠠᠭᠤᠨᠤ ᠨᠤᠲ᠂ ᠭᠠᠷ ᠪᠢᠴᠢᠮᠡᠯ᠂ ᠬᠠᠭᠤᠴᠢᠨ ᠭᠡᠷᠡᠯ ᠵᠢᠷᠤᠭ᠂ ᠬᠥᠭᠵᠢᠮᠤᠨ ᠪᠠᠭᠠᠵᠢ᠂ ᠳᠠᠭᠤ ᠳᠦᠷᠰᠦ
ᠰᠢᠩᠭᠡᠭᠡᠯᠲᠡ ᠵᠢᠨ ᠮᠠᠲᠸᠷᠢᠶᠠᠯ᠂ ᠲᠤᠭᠯᠠᠯᠲᠠ ᠵᠢᠨ ᠬᠤᠪᠴᠠᠰᠤ ᠵᠠᠰᠠᠯ᠂ ᠤᠳᠬ᠎ᠠ ᠤᠷᠠᠯᠢᠭᠤᠨ ᠪᠦᠯᠬᠦᠮ
ᠨᠡᠢᠲᠡ ᠵᠢᠨ ᠳᠠᠩᠰᠠ ᠡᠪᠬᠡᠮᠡᠯ ᠵᠡᠷᠭᠡ ᠬᠤᠪᠤᠷ ᠨᠠᠨᠳᠢᠨ ᠲᠡᠦᠬᠡᠨ ᠮᠠᠲᠸᠷᠢᠶᠠᠯᠤᠳ ᠨᠢ ᠦᠪᠦᠷ
ᠮᠤᠩᠭᠤᠯᠤᠨ ᠤᠷᠴᠢᠨ ᠤᠳᠤ ᠦᠶ᠎ᠡ ᠵᠢᠨ ᠳᠠᠭᠤᠤ ᠬᠥᠭᠵᠢᠮᠤᠨ ᠬᠥᠭᠵᠢᠯᠲᠡ ᠵᠢᠨ ᠲᠡᠦᠬᠡ ᠵᠢ ᠡᠮᠬᠢᠯᠡᠨ
ᠳᠡᠯᠭᠡᠵᠡᠢ᠃
2025 ᠤᠨᠤ 6 ᠰᠠᠷ᠎ᠠ ᠳ᠋ᠤ᠂ ᠦᠪᠦᠷ ᠮᠤᠩᠭᠤᠯᠤᠨ
ᠤᠳᠤ ᠦᠶ᠎ᠡ ᠵᠢᠨ ᠳᠠᠭᠤᠤ ᠬᠥᠭᠵᠢᠮᠤᠨ ᠮᠦᠽᠸᠢ ᠵᠢ ᠦᠪᠦᠷ ᠮᠤᠩᠭᠤᠯᠤᠨ ᠦᠪᠠᠷᠳᠡᠭᠡᠨ ᠵᠠᠰᠠᠬᠤ ᠤᠷᠤᠨᠤ
ᠠᠷᠠᠳᠤᠨ ᠶᠠᠪᠤᠳᠠᠯᠤᠨ ᠲᠢᠩᠭᠢᠮ ᠬᠠᠤᠯᠢ ᠶᠤᠰᠤᠭᠠᠷ ᠵᠥᠪᠰᠢᠶᠠᠷᠠᠨ ᠪᠠᠢᠭᠤᠯᠵᠤ᠂ ᠦᠪᠦᠷ ᠮᠤᠩᠭᠤᠯᠤᠨ
ᠦᠪᠠᠷᠳᠡᠭᠡᠨ ᠵᠠᠰᠠᠬᠤ ᠤᠷᠤᠨᠤ ᠤᠳᠬ᠎ᠠ ᠤᠷᠠᠯᠢᠭᠤᠨ ᠬᠢᠨᠤ ᠬᠤᠯᠪᠤᠭ᠎ᠠ ᠪᠤᠯ ᠳᠤᠬᠠᠢᠯᠠᠭᠰᠠᠨ ᠠᠵᠢᠯᠤᠨ
ᠬᠢᠨᠢ ᠭᠤᠤᠯᠯᠠᠨ ᠬᠠᠮᠢᠶᠠᠷᠬᠤ ᠪᠠᠢᠭᠤᠯᠭ᠎ᠠ ᠪᠤᠯᠤᠨ᠎ᠠ᠃ ᠦᠪᠤᠷ ᠮᠤᠩᠭᠤᠯᠤᠨ ᠤᠳᠤ ᠦᠶ᠎ᠡ ᠵᠢᠨ ᠳᠠᠭᠤᠤ
ᠬᠥᠭᠵᠢᠮᠤᠨ ᠮᠦᠽᠸᠢ ᠵᠢᠨ ᠳᠠᠷᠤᠭ᠎ᠠ ᠯᠢᠦ ᠿᠢ ᠰᠢᠤᠢ ᠵᠢᠨ ᠲᠠᠨᠢᠯᠴᠠᠭᠤᠯᠤᠭᠰᠠᠨ ᠵᠢᠠᠷ᠂ ᠲᠡᠳᠡ ᠦᠪᠦᠷ
ᠮᠤᠩᠭᠤᠯᠤᠨ ᠳᠠᠭᠤᠤ ᠬᠥᠭᠵᠢᠮᠤᠨ ᠰᠤᠶᠤᠯᠳ᠋ᠠᠭᠠᠨ ᠭᠡᠰᠡᠨ ᠬᠠᠢᠷ᠎ᠠ ᠰᠡᠳᠬᠢᠯᠭᠡ ᠪᠠ ᠡᠭᠦᠷᠭᠡ
ᠬᠠᠷᠢᠭᠤᠴᠠᠯᠭ᠎ᠠ ᠳ᠋ᠠᠭᠠᠨ ᠬᠦᠲᠦᠯᠦᠭᠳᠡᠨ᠂ 10 ᠭᠠᠷᠤᠢ ᠵᠢᠯᠤᠨ ᠳᠤᠷᠰᠢ ᠠᠯᠢ ᠤᠯᠠᠨ ᠬᠦᠴᠢᠷᠳᠡᠯᠢ
ᠲᠤᠭᠤᠯᠵᠤ᠂ ᠪᠦᠬᠦ ᠤᠯᠤᠰᠤᠨ ᠡᠯ᠎ᠡ ᠭᠠᠵᠠᠷ ᠡᠴᠡ ᠠᠪᠤᠷᠠᠨ ᠬᠠᠮᠠᠭᠠᠯᠠᠬᠤ ᠴᠢᠨᠠᠷᠲᠠᠢ ᠪᠠᠷ 3 ᠲᠦᠮᠡᠨ
ᠵᠦᠢᠯᠤᠨ ᠦᠪᠦᠷ ᠮᠤᠩᠭᠤᠯᠤᠨ ᠳᠠᠭᠤᠤ ᠬᠥᠭᠵᠢᠮᠤᠨ ᠲᠡᠦᠬᠡ ᠵᠢᠨ ᠳᠤᠷᠠᠰᠠᠬᠠᠯᠲᠤ ᠵᠦᠢᠯᠡᠰ ᠪᠠ ᠰᠤᠷᠪᠤᠯᠵᠢ
ᠪᠢᠴᠢᠭᠢ ᠡᠷᠢᠵᠤ ᠴᠤᠭᠯᠠᠭᠤᠯᠵᠠᠢ᠃ ᠡᠳᠡᠭᠡᠷ ᠬᠠᠳᠠᠭᠠᠯᠠᠯᠲᠠ ᠵᠢᠨ ᠪᠤᠳᠠᠰ ᠨᠢ ᠲᠦᠷᠦᠯ ᠵᠦᠢᠯ ᠵᠢᠠᠷ
ᠪᠠᠶᠠᠯᠢᠭ᠂ ᠤᠨᠴᠠᠯᠢᠭ ᠢᠯᠡ ᠳᠤᠪᠤᠭᠤᠷ᠂ ᠳᠤᠰᠬᠠᠢ ᠰᠡᠳᠦᠪ ᠨᠢ ᠳᠤᠪᠤᠢᠮ᠎ᠠ ᠪᠠᠢᠵᠤ᠂ ᠲᠤᠭ᠎ᠠ ᠬᠡᠮᠵᠢᠶ᠎ᠡ
ᠪᠠᠷ ᠬᠡᠪᠴᠢᠶᠡᠵᠢᠨ᠂ ᠠᠭᠤᠯᠭ᠎ᠠ ᠪᠠᠷ ᠵᠢᠠᠨ ᠰᠢᠰᠲᠸᠮᠵᠢᠵᠤ᠂ ᠢᠯᠡ ᠳᠤᠳᠤ ᠰᠤᠶᠤᠯᠤᠨ ᠴᠡᠭᠡᠵᠢᠯᠡᠭᠦᠢ ᠪᠠᠷ
ᠵᠢᠠᠨ ᠦᠪᠦᠷ ᠮᠤᠩᠭᠤᠯᠤᠨ ᠰᠤᠶᠤᠯᠤᠨ ᠦᠯᠢᠭᠡᠷᠢ ᠨᠡᠩ ᠲᠡᠦᠬᠡᠨ ᠪᠠᠷᠢᠮᠲᠡ ᠲᠠᠢ᠂ ᠨᠠᠷᠢᠨ ᠵᠦᠢᠯᠡᠰ ᠲᠡᠢ᠂
ᠰᠡᠳᠬᠢᠯᠳᠤ ᠰᠠᠭᠤᠭᠳᠠᠲᠠᠯᠠ ᠶᠠᠷᠢᠵᠤ ᠴᠢᠳᠠᠬᠤ ᠪᠤᠯᠤᠨ᠎ᠡ ᠭᠡᠵᠦ ᠪᠠᠢᠯ᠎ᠠ᠃
ᠳᠤᠬᠠᠢ ᠵᠢᠨ ᠡᠳᠦᠷ ᠪᠠᠰᠠ 《ᠦᠪᠦᠷ ᠮᠤᠩᠭᠤᠯᠤᠨ ᠦᠪᠠᠷᠳᠡᠭᠡᠨ ᠵᠠᠰᠠᠬᠤ ᠤᠷᠤᠨᠤ
ᠤᠳᠤ ᠦᠶ᠎ᠡ ᠵᠢᠨ ᠳᠠᠭᠤᠤ ᠬᠥᠭᠵᠢᠮᠤᠨ ᠮᠦᠽᠸᠢ》 ᠬᠢᠭᠡᠳ 《ᠦᠪᠦᠷ ᠮᠤᠩᠭᠤᠯᠤᠨ ᠪᠠᠭᠰᠢ ᠵᠢᠨ ᠶᠡᠬᠡ
ᠰᠤᠷᠭᠠᠭᠤᠯᠢ ᠵᠢᠨ ᠳᠠᠭᠤᠤ ᠬᠥᠭᠵᠢᠮᠤᠨ ᠳᠡᠭᠡᠳᠦ ᠰᠤᠷᠭᠠᠭᠤᠯᠢ ᠵᠢᠨ ᠤᠶᠤᠲᠠᠳᠤᠨ ᠦᠢᠯᠡᠳᠦᠯᠭᠡ ᠵᠢᠨ
ᠰᠠᠭᠤᠷᠢᠨ》ᠤ ᠫᠠᠢᠰᠠ ᠰᠡᠬᠦᠬᠦ ᠶᠤᠰᠤᠯᠠᠯ ᠶᠠᠪᠤᠭᠳᠠᠵᠠᠢ᠃
ᠢᠷᠠᠯᠲᠠ᠄ ᠲᠠᠯ᠎ᠠ ᠨᠤᠲᠤᠭᠤᠨ ᠡᠭᠦᠯᠡ ᠰᠢᠯᠵᠢᠶ᠎ᠡ